ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠡᠶ᠋ᠢᠭᠡᠮ ᠰᠡᠳᠬᠦᠯ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠢᠨ ᠮᠡᠳᠡᠭᠡ   -   ᠰᠣᠨᠢᠨ ᠮᠡᠳᠡᠭᠡ
ᠯᠠᠨ ᠠ᠋ᠸᠨ ᠬᠤᠸᠠ ᠵᠢᠨ ᠪᠦᠭᠦ ᠤᠷᠤᠨ᠎ᠤ ᠠᠷᠠᠳ᠎ᠤᠨ ᠶᠠᠪᠤᠳᠠᠯ᠎ᠤᠨ ᠲᠦᠷᠦ ᠵᠢᠨ ᠪᠤᠳᠤᠯᠭ᠎ᠠ ᠤᠨᠤᠯ ᠰᠤᠳᠤᠯᠤᠯ᠎ᠤᠨ ᠰᠤᠯᠢᠯᠴᠠᠭ᠋ᠠᠨ᠎ᠤ ᠬᠤᠷᠠᠯ ᠳᠡᠭᠡᠷᠡᠬᠢ ᠶᠡᠷᠢᠶ᠎ᠠ (ᠲᠤᠪᠴᠢᠯᠠᠯ)
ᠨᠡᠶᠢᠲᠡᠯᠡᠭᠰᠡᠨ ᠴᠠᠭ᠄ 2015-09-06

ᠨᠦᠭᠦᠳ ᠡ᠄
     ᠮᠠᠨ᠎ᠤ ᠤᠷᠤᠨ᠎ᠤ ᠠᠷᠠᠳ᠎ᠤᠨ ᠶᠠᠪᠤᠳᠠᠯ᠎ᠤᠨ ᠲᠦᠷᠦ ᠵᠢᠨ ᠪᠤᠳᠤᠯᠭ᠎ᠠ ᠤᠨᠤᠯ ᠰᠤᠳᠤᠯᠤᠯ᠎ᠤᠨ ᠠᠵᠢᠯ 2012 ᠣᠨ᠎ᠳᠤ ᠠ᠋ᠬᠢᠯᠡᠭᠰᠡᠨ᠎ᠠᠴᠠ ᠨᠠᠭ᠋ᠠᠰᠢᠬᠢ ᠭᠤᠷᠪᠠᠨ ᠵᠢᠯ᠎ᠤᠨ ᠲᠤᠷᠰᠢ ᠣᠨᠣᠯ ᠰᠤᠳᠤᠯᠤᠯ᠎ᠤᠨ ᠬᠦᠷᠢᠶ᠎ᠡ ᠬᠡᠪᠴᠢᠶ᠎ᠡ ᠤᠯᠠᠮ ᠦᠷᠭᠡᠳᠴᠦ᠂ ᠣᠨᠣᠯ ᠰᠤᠳᠤᠯᠤᠯ᠎ᠤᠨ ᠭᠦᠴᠤᠯᠡᠴᠡ ᠤᠯᠠᠮ ᠭᠦᠨᠵᠡᠭᠡᠢ᠌ᠷᠡᠨ᠂ ᠪᠠᠶᠠᠷᠯᠠᠭᠤᠰᠢᠲᠠᠢ ᠣᠨᠣᠯ ᠰᠤᠳᠤᠯᠤᠯ᠎ᠤᠨ ᠪᠦᠲᠦᠭᠡᠯ ᠭᠠᠷᠭ᠋ᠠᠵᠤ᠂ ᠵᠠᠷᠢᠮ ᠦᠭᠦᠯᠡᠯ᠎ᠨᠢ ᠠᠷᠠᠳ᠎ᠤᠨ ᠶᠠᠪᠤᠳᠠᠯ᠎ᠤᠨ ᠶᠠᠮᠤᠨ᠎ᠤ ᠱᠠᠩᠨᠠᠯ᠎ᠢ ᠭᠦᠷᠲᠡᠭᠡᠳ᠂ ᠮᠠᠨ᠎ᠤ ᠤᠷᠤᠨ᠎ᠤ ᠠᠷᠠᠳ᠎ᠤᠨ ᠶᠠᠪᠤᠳᠠᠯ᠎ᠤᠨ ᠲᠦᠷᠦ ᠵᠢᠨ ᠪᠤᠳᠤᠯᠭ᠎ᠠ ᠤᠨᠤᠯ ᠰᠤᠳᠤᠯᠤᠯ᠎ᠤᠨ ᠬᠤᠭᠤᠰᠤᠨ᠎ᠢ ᠨᠦᠭᠦᠪᠦᠷᠢᠯᠡᠭᠰᠡᠨ ᠪᠠᠢ᠌ᠨ᠎ᠠ᠃
     ᠲᠤᠤᠷ᠎ᠠ ᠪᠢ ᠠᠷᠠᠳ᠎ᠤᠨ ᠶᠠᠪᠤᠳᠠᠯ᠎ᠤᠨ ᠲᠦᠷᠦ ᠵᠢᠨ ᠪᠤᠳᠤᠯᠭ᠎ᠠ ᠤᠨᠤᠯ ᠰᠤᠳᠤᠯᠤᠯ᠎ᠢ ᠤᠯᠠᠮ ᠨᠢᠭᠡ ᠠᠯᠬᠤᠮ ᠴᠢᠩᠭ᠋ᠠᠳᠬᠠᠬᠤ ᠲᠤᠬᠠᠢ ᠬᠡᠳᠦᠨ ᠰᠠᠨᠠᠯ ᠵᠶ᠋ᠠᠨ ᠶᠠᠷᠢᠶ᠎ᠠ᠃
     ᠨᠢᠭᠡ᠂ ᠦᠵᠡᠯ ᠰᠠᠨᠠᠭ᠎ᠠ᠎ᠪᠠᠨ ᠨᠢᠭᠡᠳᠭᠡᠨ᠂ ᠳᠡᠭᠡᠳᠦ ᠬᠡᠮᠵᠢᠶ᠎ᠡ᠎ᠪᠠᠷ ᠴᠢᠬᠤᠯᠠᠴᠢᠯᠠᠵᠤ᠂ ᠠᠷᠠᠳ᠎ᠤᠨ ᠶᠠᠪᠤᠳᠠᠯ᠎ᠤᠨ ᠲᠦᠷᠦ ᠵᠢᠨ ᠪᠤᠳᠤᠯᠭ᠎ᠠ ᠤᠨᠤᠯ ᠰᠤᠳᠤᠯᠤᠯ᠎ᠤᠨ ᠲᠤᠬᠠᠢ ᠵᠤᠬᠢᠶᠠᠨ ᠪᠠᠢ᠌ᠭᠤᠯᠤᠯᠲᠠ ᠵᠢᠨ ᠤᠳᠤᠷᠢᠳᠤᠯᠭ᠎ᠠ᠎ᠪᠠᠨ ᠴᠢᠩᠭ᠋ᠠᠳᠬᠠᠬᠤ ᠬᠡᠷᠡᠭᠲᠡᠢ
     ᠲᠦᠷᠦ ᠵᠢᠨ ᠪᠤᠳᠤᠯᠭ᠎ᠠ ᠤᠨᠤᠯ ᠰᠤᠳᠤᠯᠤᠯ᠎ᠤᠨ ᠠᠵᠢᠯ᠎ᠢ ᠴᠢᠩᠭ᠋ᠠᠳᠬᠠᠬᠤ ᠪᠤᠯ ᠰᠢᠨᠵᠢᠯᠡᠬᠦ ᠤᠬᠠᠭ᠋ᠠᠨᠴᠢ ᠰᠢᠢ᠍ᠳᠪᠤᠷᠢᠲᠦ ᠪᠤᠳᠤᠯᠭ᠎ᠠ ᠲᠤᠭᠲᠠᠭ᠋ᠠᠬᠤ ᠵᠢ ᠪᠠᠲᠤᠯᠠᠬᠤ ᠵᠢᠨ ᠦᠨᠳᠦᠰᠦᠨ ᠤᠷᠢᠳᠠᠯ ᠮᠦᠨ᠃ ᠡᠯ᠎ᠡ ᠱᠠᠲᠤᠨ᠎ᠤ ᠠᠷᠠᠳ᠎ᠤᠨ ᠶᠠᠪᠤᠳᠠᠯ᠎ᠤᠨ ᠰᠠᠯᠠᠭ᠎ᠠ ᠮᠦᠴᠢᠷ ᠠ᠋ᠷᠬᠡᠪᠰᠢ ᠲᠦᠷᠦ ᠵᠢᠨ ᠪᠤᠳᠤᠯᠭ᠎ᠠ ᠤᠨᠤᠯ ᠰᠤᠳᠤᠯᠤᠯ᠎ᠤᠨ ᠠᠵᠢᠯ᠎ᠢ ᠴᠢᠩᠭ᠋ᠠᠳᠬᠠᠬᠤ ᠵᠢᠨ ᠴᠢᠬᠤᠯᠠ ᠴᠢᠨᠠᠷ᠎ᠢ ᠬᠦᠢ᠍ᠴᠡᠳ ᠲᠠᠨᠢᠵᠤ᠂ ᠠᠷᠠᠳ᠎ᠤᠨ ᠶᠠᠪᠤᠳᠠᠯ᠎ᠤᠨ ᠲᠦᠷᠦ ᠵᠢᠨ ᠪᠤᠳᠤᠯᠭ᠎ᠠ ᠤᠨᠤᠯ ᠰᠤᠳᠤᠯᠤᠯ᠎ᠤᠨ ᠠᠵᠢᠯ ᠠᠷᠠᠳ᠎ᠤᠨ ᠶᠠᠪᠤᠳᠠᠯ᠎ᠤᠨ ᠠᠵᠢᠯ᠎ᠤᠨ ᠬᠦᠭᠵᠢᠯᠲᠡ ᠵᠢ ᠵᠢᠯᠤᠭᠤᠳᠤᠨ ᠠᠬᠢᠭᠤᠯᠬᠤ᠂ ᠠᠷᠠᠳ᠎ᠤᠨ ᠶᠠᠪᠤᠳᠠᠯ᠎ᠤᠨ ᠠᠵᠢᠯ᠎ᠤᠨ ᠦᠭᠡᠷᠡᠴᠢᠯᠡᠯᠲᠡ ᠵᠢ ᠪᠦᠭᠦ ᠲᠠᠯ᠎ᠠ᠎ᠪᠠᠷ ᠬᠦᠨᠵᠡᠭᠡᠢ᠌ᠷᠡᠭᠦᠯᠬᠦ᠂ ᠺᠠᠳ᠋ᠷ᠎ᠤᠨ ᠠ᠋ᠩᠨᠡᠭᠡᠨ᠎ᠤ ᠴᠢᠨᠠᠷ ᠴᠢᠨᠰᠠᠭ᠎ᠠ ᠪᠤᠯᠤᠨ ᠠᠷᠠᠳ᠎ᠤᠨ ᠶᠠᠪᠤᠳᠠᠯ᠎ᠤᠨ ᠠᠵᠢᠯ᠎ᠤᠨ ᠬᠢᠷᠢ ᠲᠦᠪᠰᠢᠨ᠎ᠢ ᠳᠡᠭᠡᠭᠰᠢᠯᠡᠭᠦᠯᠬᠦ ᠵᠡᠷᠭᠡ ᠲᠠᠯ᠎ᠠ᠎ᠪᠠᠷ᠎ᠬᠢ ᠴᠢᠬᠤᠯᠠ ᠦᠢ᠍ᠯᠡᠳᠦᠯ᠎ᠢ ᠬᠦᠢ᠍ᠴᠡᠳ ᠤᠢ᠌ᠯᠠᠭ᠋ᠠᠨ᠂ ᠵᠤᠬᠢᠶᠠᠨ ᠪᠠᠢ᠌ᠭᠤᠯᠤᠯᠲᠠ ᠵᠢᠨ ᠤᠳᠤᠷᠢᠳᠤᠯᠭ᠎ᠠ᠎ᠪᠠᠨ ᠦᠨᠡᠨᠬᠦ ᠴᠢᠩᠭ᠋ᠠᠳᠬᠠᠵᠤ᠂ ᠠᠷᠠᠳ᠎ᠤᠨ ᠶᠠᠪᠤᠳᠠᠯ᠎ᠤᠨ ᠲᠦᠷᠦ ᠵᠢᠨ ᠪᠤᠳᠤᠯᠭ᠎ᠠ ᠤᠨᠤᠯ ᠰᠤᠳᠤᠯᠤᠯ᠎ᠤᠨ ᠠᠵᠢᠯ ᠵᠶ᠋ᠠᠨ 《ᠭᠤᠤᠯ ᠤᠳᠤᠷᠢᠳᠤᠯᠭ᠎ᠠ ᠵᠢᠨ ᠢᠨᠵᠸᠨ᠋ᠸᠷᠢᠩ》 ᠪᠣᠯᠭ᠋ᠠᠨ ᠪᠠᠷᠢᠮᠲᠡᠯᠡᠨ᠂ ᠠᠷᠠᠳ᠎ᠤᠨ ᠶᠠᠪᠤᠳᠠᠯ᠎ᠤᠨ ᠠᠵᠢᠯ᠎ᠤᠨ ᠶᠡᠷᠦᠩᠬᠡᠢ ᠲᠤᠬᠢᠷᠠᠭᠤᠯᠤᠯᠲᠠ ᠪᠠ ᠠ᠋ᠳᠦᠷ ᠲᠤᠳᠤᠮ᠎ᠤᠨ ᠭᠤᠤᠯ ᠵᠦᠪᠯᠡᠬᠦ ᠵᠦᠢ᠍ᠯ᠎ᠳᠤ᠎ᠪᠠᠨ ᠤᠷᠤᠭᠤᠯᠵᠤ᠂ ᠲᠤᠬᠠᠢ᠌ᠯᠠᠭᠰᠠᠨ ᠠᠵᠢᠯ᠎ᠲᠠᠢ᠎ᠪᠠᠨ ᠴᠤᠭ ᠲᠦᠯᠦᠪᠵᠢᠭᠦᠯᠦᠨ᠂ ᠴᠤᠭ ᠪᠠᠢ᠌ᠷᠢᠯᠠᠭᠤᠯᠵᠤ᠂ ᠴᠤᠭ ᠨᠠᠢ᠌ᠲᠠᠪᠤᠷᠢᠵᠢᠭᠤᠯᠬᠤ ᠬᠡᠷᠡᠭᠲᠡᠢ᠃
     ᠬᠤᠶᠠᠷ᠂ ᠶᠡᠬᠡ ᠲᠠᠯ᠎ᠠ ᠵᠢ ᠡᠵᠡᠮᠳᠡᠨ᠂ ᠭᠤᠤᠯᠳᠠᠯᠭ᠎ᠠ ᠵᠢ ᠲᠤᠪᠤᠢ᠌ᠯᠭ᠋ᠠᠵᠤ᠂ ᠰᠢᠨ᠎ᠡ ᠬᠡᠪ ᠪᠠᠢ᠌ᠳᠠᠯ ᠲᠤᠤᠷᠠᠬᠢ ᠠᠷᠠᠳ᠎ᠤᠨ ᠶᠠᠪᠤᠳᠠᠯ᠎ᠤᠨ ᠲᠦᠷᠦ ᠵᠢᠨ ᠪᠤᠳᠤᠯᠭ᠎ᠠ ᠤᠨᠤᠯ ᠰᠤᠳᠤᠯᠤᠯ᠎ᠤᠨ ᠠᠵᠢᠯ ᠵᠶ᠋ᠠᠨ ᠦᠨᠡᠨᠬᠦ ᠴᠢᠩᠭ᠋ᠠᠳᠬᠠᠬᠤ ᠬᠡᠷᠡᠭᠲᠡᠢ
     (ᠨᠢᠭᠡ) ᠠᠷᠠᠳ᠎ᠤᠨ ᠶᠠᠪᠤᠳᠠᠯ᠎ᠤᠨ ᠠᠵᠢᠯ᠎ᠤᠨ ᠶᠡᠭᠡ ᠲᠠᠯ᠎ᠠ᠎ᠳᠤ ᠣᠢ᠌ᠯᠡᠴᠢᠯᠡᠭᠦᠯᠬᠦ ᠬᠡᠷᠡᠭᠲᠡᠢ᠃ ᠤᠨᠤᠯ᠎ᠤᠨ ᠲᠠᠯ᠎ᠠ᠎ᠪᠠᠷ ᠰᠢᠨ᠎ᠡ ᠵᠢ ᠰᠡᠲᠦᠨ᠂ ᠲᠦᠷᠦ ᠵᠢᠨ ᠪᠤᠳᠤᠯᠭ᠎ᠠ ᠵᠢᠨ ᠲᠠᠯ᠎ᠠ᠎ᠪᠠᠷ ᠰᠢᠨᠡᠴᠢᠯᠡᠯᠲᠡ ᠬᠢᠵᠤ᠂ ᠰᠡᠳᠬᠢᠴᠡ ᠵᠢᠨ ᠲᠠᠯ᠎ᠠ᠎ᠪᠠᠷ ᠰᠢᠨ᠎ᠡ ᠲᠡᠯᠡᠯᠲᠡ᠎ᠲᠠᠢ ᠪᠠᠢ᠌ᠮᠠᠨᠵᠢᠨ ᠦᠢ᠍ᠯᠡᠰ ᠰᠠᠶᠢ ᠰᠢᠨ᠎ᠡ ᠳᠠᠪᠰᠢᠯᠲᠠ᠎ᠲᠠᠢ ᠪᠤᠯᠵᠤ ᠴᠢᠳᠠᠳᠠᠭ᠃ 《ᠭᠠᠴᠢᠭᠳᠠᠯ᠎ᠠᠴᠠ ᠠᠪᠤᠷᠠᠬᠤ》 ᠲᠤᠭᠲᠠᠴᠠ᠎ᠪᠠᠨ ᠪᠠᠢ᠌ᠭᠤᠯᠤᠨ᠂ ᠠᠷᠠᠳ᠎ᠤᠨ ᠶᠠᠪᠤᠳᠠᠯ᠎ᠤᠨ ᠠᠷᠠᠳ᠎ᠤᠨ ᠠᠮᠢᠳᠤᠷᠠᠯ᠎ᠤᠨ 《ᠨᠠᠭ᠋ᠠᠳᠤ ᠵᠠᠬ᠎ᠠ ᠵᠢ ᠪᠠᠲᠤᠯᠠᠬᠤ》 ᠦᠢ᠍ᠯᠡᠳᠦᠯ ᠵᠶ᠋ᠠᠨ ᠪᠠᠳᠠᠷᠠᠭᠤᠯᠬᠤ ᠶᠠᠪᠤᠳᠠᠯ᠎ᠢ ᠭᠦᠴᠦ ᠲᠠᠯᠪᠢᠨ ᠰᠤᠳᠤᠯᠬᠤ ᠬᠡᠷᠡᠭᠲᠡᠢ᠃ ᠠᠷᠠᠳ᠎ᠤᠨ ᠶᠠᠪᠤᠳᠠᠯ᠎ᠤᠨ ᠠᠵᠢᠯ ᠦᠢ᠍ᠯᠡᠰ᠎ᠤᠨ ᠭᠦᠭᠵᠢᠯᠲᠡ ᠵᠢ ᠲᠤᠭ᠎ᠠ ᠬᠡᠮᠵᠢᠶᠡᠨ᠎ᠤ ᠬᠡᠯᠪᠡᠷᠢ᠎ᠠᠴᠠ ᠶᠠᠰᠤ ᠴᠢᠨᠠᠷ᠎ᠤᠨ ᠬᠡᠯᠪᠡᠷᠢ ᠲᠡᠰᠢ᠂ ᠪᠦᠳᠦᠭᠦᠯᠢᠭ ᠬᠡᠯᠪᠡᠷᠢ᠎ᠠᠴᠠ ᠨᠠᠷᠢᠯᠢᠭ ᠲᠡᠰᠢ ᠤᠯᠠᠷᠢᠨ ᠬᠤᠪᠢᠷᠠᠭᠤᠯᠬᠤ ᠵᠢ ᠭᠦᠴᠦ ᠲᠠᠯᠪᠢᠨ ᠰᠤᠳᠤᠯᠵᠤ᠂ ᠨᠡᠢ᠌ᠬᠡᠮ ᠲᠤᠭᠤᠷᠢᠭ᠎ᠤᠨ ᠵᠠᠰᠠᠯᠲᠠ᠂ ᠨᠡᠢ᠌ᠬᠡᠮ᠎ᠤᠨ ᠠᠪᠤᠷᠠᠨ ᠲᠤᠰᠠᠯᠠᠯᠲᠠ᠂ ᠨᠡᠢ᠌ᠬᠡᠮ᠎ᠤᠨ ᠨᠠᠰᠤᠲᠠᠨ᠎ᠤ ᠠᠰᠠᠷᠠᠯᠲᠠ᠂ ᠨᠡᠢ᠌ᠬᠡᠮ᠎ᠤᠨ ᠬᠡᠷᠡᠭ ᠶᠠᠪᠤᠳᠠᠯ ᠵᠡᠷᠭᠡ ᠠᠷᠠᠳ᠎ᠤᠨ ᠶᠠᠪᠤᠳᠠᠯ᠎ᠤᠨ ᠦᠨᠳᠦᠰᠦᠨ ᠤᠯᠠᠨ ᠨᠡᠢ᠌ᠳ᠋ᠨ ᠵᠢᠨ ᠦᠢ᠍ᠯᠡᠴᠢᠯᠡᠭᠡᠨ᠎ᠳᠤ ᠨᠡᠩ ᠠᠷᠪᠢᠨ᠂ ᠨᠡᠩ ᠰᠢᠯᠢᠳᠡᠭ ᠵᠠᠬ᠎ᠠ ᠳᠡᠯᠭᠡᠭᠦᠷ᠎ᠤᠨ ᠠ᠋ᠬᠢ ᠪᠠᠶᠠᠯᠢᠭ ᠬᠠᠩᠭ᠋ᠠᠬᠤ ᠵᠢ ᠰᠤᠳᠤᠯᠤᠨ᠂ ᠨᠡᠩ ᠠᠷᠪᠢᠨ ᠨᠡᠢ᠌ᠬᠡᠮ᠎ᠤᠨ ᠬᠦᠴᠦᠨ᠎ᠢ ᠠᠷᠠᠳ᠎ᠤᠨ ᠶᠠᠪᠤᠳᠠᠯ᠎ᠤᠨ ᠦᠢ᠍ᠯᠡᠰ᠎ᠤᠨ ᠭᠦᠭᠵᠢᠯᠲᠡ᠎ᠳᠤ ᠤᠷᠤᠯᠴᠠᠭᠤᠯᠬᠤ ᠬᠡᠷᠡᠭᠲᠡᠢ᠃ ᠠᠵᠢᠯ᠎ᠤᠨ ᠴᠢᠳᠠᠪᠤᠷᠢ ᠪᠠ ᠦᠷ᠎ᠡ ᠠᠰᠢᠭ᠎ᠢ ᠳᠡᠭᠡᠭᠰᠢᠯᠡᠭᠦᠯᠬᠦ᠎ᠳᠤ ᠵᠤᠷᠢᠭᠤᠯᠤᠨ᠂ ᠠᠷᠠᠳ᠎ᠤᠨ ᠶᠠᠪᠤᠳᠠᠯ᠎ᠤᠨ ᠶᠡᠷᠦᠩᠬᠡᠢ᠌ᠯᠡᠨ ᠵᠤᠬᠢᠴᠠᠭᠤᠯᠬᠤ ᠲᠤᠭᠲᠠᠴᠠ ᠵᠢᠨ ᠰᠢᠨᠡᠴᠢᠯᠡᠯᠲᠡ ᠪᠠ ᠠᠷᠠᠳ᠎ᠤᠨ ᠶᠠᠪᠤᠳᠠᠯ᠎ᠤᠨ ᠬᠠᠤᠯᠢ᠎ᠪᠠᠷ ᠵᠠᠰᠠᠬᠤ ᠵᠡᠷᠭᠡ ᠲᠠᠯ᠎ᠠ ᠵᠢᠨ ᠰᠡᠳᠦᠪ᠎ᠢ ᠬᠦᠴᠦ ᠲᠠᠯᠪᠢᠨ ᠰᠤᠳᠤᠯᠬᠤ ᠬᠡᠷᠡᠭᠲᠡᠢ᠃ ᠠᠰᠠᠭᠤᠳᠠᠯ᠎ᠤᠨ ᠬᠦᠲᠤᠯᠣᠮᠵᠢ᠎ᠪᠠᠨ ᠪᠤᠢ ᠪᠣᠯᠭ᠋ᠠᠨ ᠴᠢᠩᠭ᠋ᠠᠳᠬᠠᠵᠤ᠂ ᠠᠰᠠᠭᠤᠳᠠᠯ᠎ᠢ ᠰᠢᠢ᠍ᠳᠪᠤᠷᠢᠯᠡᠬᠦ ᠠᠷᠭ᠎ᠠ ᠵᠠᠮ ᠬᠠᠩᠭ᠋ᠠᠨ᠂ ᠠᠷᠠᠳ᠎ᠤᠨ ᠶᠠᠪᠤᠳᠠᠯ᠎ᠤᠨ ᠦᠢ᠍ᠯᠡᠰ᠎ᠤᠨ ᠭᠦᠭᠵᠢᠯᠲᠡ ᠵᠢᠨ ᠪᠠᠢ᠌ᠳᠠᠯ᠂ ᠦᠭᠡᠷᠡᠴᠢᠯᠡᠯᠲᠡ ᠵᠢᠨ ᠱᠠᠭ᠋ᠠᠷᠳᠠᠯᠭ᠎ᠠ ᠪᠤᠯᠤᠨ ᠰᠡᠳᠬᠢᠴᠡ ᠠᠷᠭ᠎ᠠ ᠬᠡᠮᠵᠢᠶ᠎ᠡ ᠵᠢ ᠬᠦᠨᠵᠡᠭᠡᠢ ᠰᠤᠳᠤᠯᠬᠤ ᠵᠢᠨ ᠤᠯᠠᠮ ᠵᠶ᠋ᠠᠷ ᠴᠢᠨᠡᠭᠡᠯᠢᠭ ᠨᠡᠢ᠌ᠬᠡᠮ᠎ᠢ ᠪᠠᠢ᠌ᠭᠤᠯᠬᠤ ᠶᠡᠬᠡ ᠲᠠᠯ᠎ᠠ᠎ᠳᠤ ᠦᠢ᠍ᠯᠡᠴᠢᠯᠡᠬᠦ ᠬᠡᠷᠡᠭᠲᠡᠢ᠃
     (ᠬᠤᠶᠠᠷ) ᠪᠠᠢ᠌ᠴᠠᠭ᠋ᠠᠨ ᠰᠤᠳᠤᠯᠤᠯᠲᠠ ᠵᠢᠨ ᠲᠠᠯ᠎ᠠ᠎ᠪᠠᠷ ᠠᠮᠵᠢᠯᠲᠠ ᠪᠦᠲᠦᠮᠵᠢ᠎ᠲᠠᠢ ᠪᠠᠢ᠌ᠬᠤ ᠬᠡᠷᠡᠭᠲᠡᠢ᠃ ᠶᠠᠮᠠᠷᠪᠡ ᠲᠦᠷᠦ ᠵᠢᠨ ᠪᠤᠳᠤᠯᠭ᠎ᠠ ᠵᠢᠨ ᠲᠤᠭᠲᠠᠭ᠋ᠠᠯᠲᠠ᠂ ᠶᠠᠮᠠᠷᠪᠠ ᠤᠨᠤᠯ ᠰᠤᠳᠤᠯᠤᠯ᠎ᠤᠨ ᠪᠦᠲᠦᠭᠡᠯ ᠬᠡᠰᠡᠨ ᠦᠭᠡᠢ ᠴᠦᠮ ᠦᠨᠳᠦᠰᠦᠨ ᠱᠠᠲᠤ ᠪᠠ ᠦᠢ᠍ᠯᠡᠳᠦᠯᠭᠡ᠎ᠠᠴᠠ ᠢᠷᠡᠯᠲᠡ᠎ᠲᠠᠢ ᠪᠠᠢ᠌ᠳᠠᠭ᠃ ᠡᠯ᠎ᠡ ᠱᠠᠲᠤᠨ᠎ᠤ ᠠᠷᠠᠳ᠎ᠤᠨ ᠶᠠᠪᠤᠳᠠᠯ᠎ᠤᠨ ᠰᠠᠯᠠᠭ᠎ᠠ ᠮᠦᠴᠢᠷ᠎ᠨᠢ ᠪᠠᠢ᠌ᠴᠠᠭ᠋ᠠᠨ ᠰᠤᠳᠤᠯᠤᠯᠲᠠ᠎ᠪᠠᠨ ᠤᠯᠠᠮ ᠨᠢᠭᠡ ᠠᠯᠬᠤᠮ ᠴᠢᠩᠭ᠋ᠠᠳᠬᠠᠵᠤ᠂ ᠪᠣᠷᠤ ᠮᠠᠲᠸᠷᠢᠶᠠᠯ ᠠᠩᠬᠠᠨ᠎ᠤ ᠲᠤᠭ᠎ᠠ ᠪᠠᠷᠢᠮᠲᠠ ᠵᠢ ᠡᠵᠡᠮᠰᠢᠨ᠂ ᠦᠨᠳᠦᠰᠦᠨ ᠱᠠᠲᠤ ᠪᠤᠯᠤᠨ ᠤᠯᠠᠨ ᠲᠦᠮᠡᠨ᠎ᠤ ᠠ᠋ᠭᠦᠳᠦᠨ ᠪᠦᠲᠦᠭᠡᠭᠰᠡᠨ ᠠ᠋ᠯᠪᠡᠭ ᠪᠠᠶᠠᠯᠢᠭ ᠦᠢ᠍ᠯᠡᠳᠦᠯᠭᠡ ᠵᠢ ᠤᠢ᠌ᠯᠠᠭ᠋ᠠᠵᠤ ᠢᠯᠡᠷᠡᠭᠦᠯᠦᠨ᠂ ᠰᠢᠰᠲᠸᠮ᠎ᠲᠠᠢ ᠬᠦᠨᠵᠡᠭᠡᠢ ᠰᠤᠳᠤᠯᠵᠤ᠂ ᠴᠠᠭ ᠦᠶ᠎ᠡ᠎ᠲᠠᠢ ᠴᠤᠭ ᠤᠷᠤᠭᠰᠢᠯᠠᠭᠰᠠᠨ ᠣᠨᠣᠯ ᠰᠤᠳᠤᠯᠤᠯ᠎ᠤᠨ ᠪᠦᠲᠦᠭᠡᠯ ᠭᠠᠷᠭ᠋ᠠᠬᠤ ᠬᠡᠷᠡᠭᠲᠡᠢ᠃ ᠶᠠᠭ᠋ᠠᠬᠢᠭᠰᠠᠨ ᠴᠤ᠌ ᠠ᠋ᠭᠦᠳᠡ᠎ᠪᠠᠨ ᠲᠦᠭᠵᠢᠭᠡᠳ ᠰᠤᠳᠤᠯᠵᠤ ᠪᠤᠯᠬᠤ ᠦᠭᠡᠢ ᠪᠦᠭᠡᠳ ᠪᠤᠰᠤᠳ᠎ᠢ ᠪᠤᠷᠪᠢᠳᠠᠨ ᠳᠠᠭ᠋ᠠᠭ᠋ᠠᠳ ᠰᠤᠳᠤᠯᠤᠯᠲᠠ ᠬᠢᠵᠤ ᠪᠤᠯᠬᠤ ᠦᠭᠡᠢ᠃ ᠪᠠᠢ᠌ᠴᠠᠭ᠋ᠠᠨ ᠰᠤᠳᠤᠯᠤᠯᠲᠠ ᠵᠢᠨ ᠠᠷᠭ᠎ᠠ ᠮᠠᠶᠢᠭ ᠵᠶ᠋ᠠᠨ ᠠᠩᠬᠠᠷᠴᠤ᠂ ᠦᠨᠳᠦᠰᠦᠨ ᠴᠢᠨᠠᠷ᠎ᠲᠠᠢ ᠪᠠᠢ᠌ᠴᠠᠭ᠋ᠠᠨ ᠰᠤᠳᠤᠯᠤᠯᠲᠠ ᠵᠢ ᠦᠷᠭᠡᠨ ᠲᠡᠯᠭᠡᠷᠡᠩᠬᠦᠢ ᠦᠷᠨᠢᠭᠦᠯᠦᠨ᠂ ᠮᠦᠷᠳᠡᠨ ᠪᠠᠢ᠌ᠴᠠᠭ᠋ᠠᠵᠤ ᠬᠢᠨᠠᠠ ᠪᠠᠢ᠌ᠴᠠᠭ᠋ᠠᠬᠤ᠎ᠲᠠᠢ ᠤᠶᠠᠯᠳᠤᠭᠤᠯᠵᠤ ᠴᠢᠭᠯᠡᠭᠦᠯᠬᠦ ᠴᠢᠨᠠᠷᠲᠠᠢ᠎ᠪᠠᠷ ᠪᠠᠢ᠌ᠴᠠᠭ᠋ᠠᠨ ᠰᠤᠳᠤᠯᠤᠯᠲᠠ ᠬᠢᠬᠦ ᠬᠡᠷᠡᠭᠲᠡᠢ᠃ ᠠᠷᠠᠳ᠎ᠤᠨ ᠶᠠᠪᠤᠳᠠᠯ᠎ᠤᠨ ᠠᠵᠢᠯ᠎ᠤᠨ ᠦᠭᠡᠷᠡᠴᠢᠯᠡᠯᠲᠡ ᠭᠦᠭᠵᠢᠯᠲᠡ ᠲᠤᠮᠳᠠᠬᠢ ᠰᠢᠨ᠎ᠡ ᠪᠠᠢ᠌ᠳᠠᠯ ᠰᠢᠨ᠎ᠡ ᠠᠰᠠᠭᠤᠳᠠᠯ ᠴᠠᠭ ᠦᠷᠭᠦᠯᠵᠢᠲᠠ ᠠᠩᠬᠠᠷᠴᠤ ᠪᠠᠢ᠌ᠴᠠᠭ᠋ᠠᠨ ᠰᠤᠳᠤᠯᠤᠭᠰᠠᠨ ᠤᠨᠤᠯ ᠰᠤᠳᠤᠯᠤᠯ᠎ᠤᠨ ᠦᠷ᠎ᠡ ᠪᠦᠲᠦᠭᠡᠯ ᠭᠠᠷᠭ᠋ᠠᠬᠤ ᠵᠢ ᠪᠠᠲᠤᠯᠠᠬᠤ ᠬᠡᠷᠡᠭᠲᠡᠢ᠃
     (ᠭᠤᠷᠪᠠ) ᠰᠢᠨᠡᠴᠢᠯᠡᠯᠲᠡ ᠵᠢᠨ ᠭᠦᠴᠤᠨ ᠵᠶ᠋ᠠᠷ ᠬᠦᠭᠵᠢᠯᠲᠡ᠎ᠪᠠᠨ ᠠᠬᠢᠭᠤᠯᠬᠤ ᠬᠡᠷᠡᠭᠲᠡᠢ᠃ ᠨᠢᠭᠡ᠎ᠳᠤ ᠬᠦᠭᠵᠢᠯᠲᠡ ᠵᠢᠨ ᠱᠠᠭ᠋ᠠᠷᠳᠠᠯᠭ᠎ᠠ᠎ᠲᠠᠢ ᠤᠶᠠᠯᠳᠤᠭᠤᠯᠤᠨ᠂ ᠣᠨᠣᠯ ᠰᠤᠳᠤᠯᠤᠯ᠎ᠤᠨ ᠠᠷᠭ᠎ᠠ ᠬᠡᠯᠪᠡᠷᠢ᠎ᠪᠠᠨ ᠰᠢᠨᠡᠴᠢᠯᠡᠵᠤ᠂ ᠡᠯ᠎ᠡ ᠲᠠᠯ᠎ᠠ ᠵᠢᠨ᠎ᠬᠢᠨ᠎ᠢ ᠳᠠᠲᠠᠨ ᠤᠷᠤᠯᠴᠠᠭᠤᠯᠵᠤ᠂ ᠠᠷᠠᠳ᠎ᠤᠨ ᠶᠠᠪᠤᠳᠠᠯ᠎ᠤᠨ ᠦᠢ᠍ᠯᠡᠰ᠎ᠤᠨ ᠭᠦᠭᠵᠢᠯᠲᠡ᠎ᠳᠤ ᠨᠡᠩ ᠠᠷᠪᠢᠨ ᠦᠨᠳᠤᠷ ᠲᠦᠪᠰᠢᠨ᠎ᠲᠠᠢ᠂ ᠦᠪᠡᠷᠮᠢᠴᠡ ᠦᠵᠡᠯᠲᠡ᠎ᠲᠠᠢ᠂ ᠦᠨ᠎ᠡ ᠦᠷᠲᠡᠭ᠎ᠲᠠᠢ ᠪᠦᠲᠦᠭᠡᠯ᠎ᠢ ᠬᠠᠩᠭ᠋ᠠᠬᠤ ᠬᠡᠷᠡᠭᠲᠡᠢ᠃ ᠬᠤᠶᠠᠷ᠎ᠲᠤ ᠣᠨᠣᠯ ᠰᠤᠳᠤᠯᠤᠯ᠎ᠤᠨ ᠪᠦᠲᠦᠭᠡᠯ ᠵᠶ᠋ᠠᠨ ᠦᠨ᠎ᠡ ᠦᠷᠲᠡᠭ ᠪᠣᠯᠭ᠋ᠠᠨ ᠬᠣᠪᠢᠷᠠᠭᠤᠯᠬᠤ ᠬᠡᠷᠡᠭᠲᠡᠢ᠃ ᠤᠯᠤᠰ᠎ᠤᠨ ᠲᠤᠳᠤᠭ᠋ᠠᠳᠤᠬᠢ ᠲᠡᠷᠢᠭᠦᠨ᠎ᠤ ᠭᠠᠵᠠᠷ ᠤᠷᠤᠨ᠎ᠤ ᠤᠨᠤᠯ ᠰᠤᠳᠤᠯᠤᠯ᠎ᠤᠨ ᠳᠤᠷᠰᠢᠯᠭ᠎ᠠ ᠪᠠ ᠠᠷᠭ᠎ᠠ ᠪᠠᠷᠢᠯ᠎ᠢ ᠰᠤᠷᠤᠯᠴᠠᠨ ᠲᠣᠯᠢᠳᠠᠵᠤ᠂ ᠬᠠᠮᠢᠶ᠎ᠠ ᠪᠦᠭᠦᠢ ᠪᠦᠲᠦᠭᠡᠯ᠎ᠢ ᠴᠠᠭ ᠲᠤᠬᠠᠢ᠎ᠳᠤ᠎ᠨᠢ ᠰᠢᠩᠭᠡᠭᠡᠨ ᠠᠪᠴᠤ ᠣᠷᠤᠨ᠎ᠤ᠎ᠪᠠᠨ ᠠᠷᠠᠳ᠎ᠤᠨ ᠶᠠᠪᠤᠳᠠᠯ᠎ᠤᠨ ᠠᠵᠢᠯ᠎ᠤᠨ ᠭᠦᠭᠵᠢᠯᠲᠡ ᠵᠢᠨ ᠰᠡᠳᠬᠢᠴᠡ᠂ ᠠᠷᠭ᠎ᠠ ᠵᠠᠮ ᠪᠤᠯᠭ᠋ᠠᠨ ᠬᠣᠪᠢᠷᠠᠭᠤᠯᠬᠤ ᠬᠡᠷᠡᠭᠲᠠᠢ᠃ ᠢᠯᠠᠩᠭᠤᠶ᠎ᠠ ᠬᠠᠤᠯᠢ ᠲᠤᠭᠲᠠᠭ᠋ᠠᠬᠤ ᠠ᠋ᠰᠢ ᠪᠠᠷᠢᠮᠲᠠ ᠪᠣᠯᠭ᠋ᠠᠬᠤ᠂ ᠲᠦᠯᠦᠪᠵᠢᠭᠦᠯᠬᠡ ᠬᠢᠬᠦ ᠪᠠ ᠲᠦᠷᠦ ᠵᠢᠨ ᠪᠤᠳᠤᠯᠭ᠎ᠠ ᠲᠤᠭᠲᠠᠭ᠋ᠠᠬᠤ ᠶᠠᠪᠤᠴᠠ᠎ᠳᠤ᠎ᠪᠠᠨ ᠣᠨᠤᠯ ᠰᠤᠳᠤᠯᠤᠯ᠎ᠤᠨ ᠦᠷ᠎ᠡ ᠪᠦᠲᠦᠭᠡᠯ᠎ᠤᠨ ᠠᠰᠢᠭᠯᠠᠬᠤ ᠭᠦᠴᠤᠯᠡᠴᠡ᠎ᠪᠠᠨ ᠴᠢᠩᠭ᠋ᠠᠷᠠᠭᠤᠯᠵᠤ᠂ ᠤᠨᠤᠯ ᠰᠤᠳᠤᠯᠤᠯ᠎ᠤᠨ ᠪᠦᠲᠦᠭᠡᠯ ᠵᠶ᠋ᠠᠨ ᠰᠢᠢ᠍ᠳᠪᠦᠷᠢᠲᠦ ᠪᠤᠳᠤᠯᠭ᠎ᠠ᠎ᠳᠤ᠎ᠪᠠᠨ ᠢᠯᠡᠷᠡᠭᠦᠯᠦᠨ᠂ ᠡᠯ᠎ᠡ ᠵᠦᠢ᠍ᠯ᠎ᠤᠨ ᠪᠤᠳᠠᠲᠠᠢ ᠠᠵᠢᠯ ᠳᠡᠭᠡᠷ᠎ᠡ᠎ᠪᠠᠨ ᠨᠠᠢ᠌ᠲᠠᠪᠤᠷᠢᠵᠢᠭᠤᠯᠵᠤ᠂ ᠤᠨᠤᠯ ᠰᠤᠳᠤᠯᠤᠯ᠎ᠤᠨ ᠪᠦᠲᠦᠭᠡᠯ᠎ᠤᠨ ᠬᠡᠷᠡᠭᠯᠡᠭᠡᠨ᠎ᠤ ᠦᠨ᠎ᠡ ᠦᠷᠲᠡᠭ᠎ᠢ ᠬᠦᠢ᠍ᠴᠡᠳ ᠪᠠᠳᠠᠷᠠᠭᠤᠯᠬᠤ ᠬᠡᠷᠡᠭᠲᠡᠢ᠃
     ᠭᠤᠷᠪᠠ᠂ 2015 ᠣᠨ᠎ᠤ ᠠᠷᠠᠳ᠎ᠤᠨ ᠶᠠᠪᠤᠳᠠᠯ᠎ᠤᠨ ᠲᠦᠷᠦ ᠵᠢᠨ ᠪᠤᠳᠤᠯᠭ᠎ᠠ ᠤᠨᠤᠯ ᠰᠤᠳᠤᠯᠤᠯ᠎ᠤᠨ ᠠᠵᠢᠯ᠎ᠢ ᠨᠠᠷᠢᠨ ᠬᠢᠨᠠᠮᠠᠭ᠋ᠠᠢ ᠰᠠᠢ᠌ᠨ ᠬᠢᠵᠤ᠂ ᠠᠷᠠᠳ᠎ᠤᠨ ᠶᠠᠪᠤᠳᠠᠯ᠎ᠤᠨ ᠤᠨᠤᠯ ᠰᠤᠳᠤᠯᠤᠯ᠎ᠤᠨ ᠠᠵᠢᠯ᠎ᠢ ᠰᠢᠨ᠎ᠡ ᠲᠦᠪᠰᠢᠨ᠎ᠳᠤ ᠭᠠᠷᠭ᠋ᠠᠬᠤ ᠬᠡᠷᠡᠭᠲᠡᠢ
     (ᠨᠢᠭᠡ) ᠠᠷᠠᠳ᠎ᠤᠨ ᠶᠠᠪᠤᠳᠠᠯ᠎ᠤᠨ ᠲᠦᠷᠦ ᠵᠢᠨ ᠪᠤᠳᠤᠯᠭ᠎ᠠ ᠤᠨᠤᠯ ᠰᠤᠳᠤᠯᠤᠯ᠎ᠤᠨ ᠭᠤᠤᠯ ᠰᠡᠲᠦᠪ ᠵᠶ᠋ᠠᠨ ᠲᠤᠭᠲᠠᠭ᠋ᠠᠬᠤ ᠬᠡᠷᠡᠭᠲᠡᠢ᠃ ᠠ᠋ᠨᠡ ᠵᠢᠯ 《ᠦᠭᠡᠷᠡᠴᠢᠯᠡᠯᠲᠡ ᠵᠢ ᠭᠦᠨᠵᠡᠭᠡᠢ᠌ᠷᠡᠭᠦᠯᠬᠦ ᠪᠠ ᠬᠠᠤᠯᠢ ᠶᠤᠰᠤᠭ᠋ᠠᠷ ᠵᠠᠰᠠᠭ ᠶᠠᠪᠤᠭᠤᠯᠬᠤ ᠵᠢ ᠪᠠᠷᠢᠮᠲᠠᠯᠠᠨ᠂ ᠠᠷᠠᠳ᠎ᠤᠨ ᠶᠠᠪᠤᠳᠠᠯ᠎ᠤᠨ ᠦᠢ᠍ᠯᠡᠰ᠎ᠤᠨ ᠭᠦᠭᠵᠢᠯᠲᠡ ᠵᠢ ᠪᠦᠭᠦ ᠲᠠᠯ᠎ᠠ᠎ᠪᠠᠷ ᠲᠦᠯᠬᠢᠨ ᠠᠬᠢᠭᠤᠯᠬᠤ》 ᠶᠠᠪᠤᠳᠠᠯ᠎ᠢ ᠠᠷᠠᠳ᠎ᠤᠨ ᠶᠠᠪᠤᠳᠠᠯ᠎ᠤᠨ ᠲᠦᠷᠦ ᠵᠢᠨ ᠪᠤᠳᠤᠯᠭ᠎ᠠ ᠤᠨᠤᠯ ᠰᠤᠳᠤᠯᠤᠯ᠎ᠤᠨ ᠭᠤᠤᠯ ᠰᠡᠲᠦᠪ ᠵᠶ᠋ᠠᠷ ᠲᠤᠭᠲᠠᠭ᠋ᠠᠪᠠ᠃ ᠡᠯ᠎ᠡ ᠠᠢ᠌ᠮᠠᠭ ᠬᠤᠲᠠ᠎ᠨᠢ ᠠᠷᠠᠳ᠎ᠤᠨ ᠶᠠᠪᠤᠳᠠᠯ᠎ᠤᠨ ᠠᠵᠢᠯ᠎ᠤᠨ ᠪᠤᠳᠠᠲᠠᠢ᠎ᠠᠴᠠ᠎ᠪᠠᠨ ᠠ᠋ᠭᠦᠰᠦᠨ᠂ ᠭᠤᠤᠯ ᠰᠡᠲᠦᠪ᠎ᠤᠨ ᠲᠤᠭᠤᠷᠢᠨ᠎ᠳᠤ ᠠᠷᠠᠳ᠎ᠤᠨ ᠶᠠᠪᠤᠳᠠᠯ᠎ᠤᠨ ᠦᠢ᠍ᠯᠡᠰ᠎ᠤᠨ ᠭᠦᠭᠵᠢᠯᠲᠡ ᠵᠢᠨ ᠴᠢᠭ᠍ᠯᠠᠯᠲᠦ ᠴᠢᠨᠠᠷ ᠪᠠ ᠤᠷᠢᠳᠠᠴᠢ ᠴᠢᠨᠠᠷ᠎ᠤᠨ ᠲᠤᠬᠠᠢ ᠰᠤᠳᠤᠯᠤᠯᠭ᠎ᠠ᠎ᠪᠠᠨ ᠦᠷᠨᠢᠭᠦᠯᠬᠦ ᠬᠡᠷᠡᠭᠲᠡᠢ᠃
     (ᠬᠤᠶᠠᠷ) ᠠᠷᠠᠳ᠎ᠤᠨ ᠶᠠᠪᠤᠳᠠᠯ᠎ᠤᠨ ᠲᠦᠷᠦ ᠵᠢᠨ ᠪᠤᠳᠤᠯᠭ᠎ᠠ ᠤᠨᠤᠯ ᠰᠤᠳᠤᠯᠤᠯ᠎ᠤᠨ ᠲᠤᠭᠲᠠᠴᠠ ᠵᠢ ᠪᠠᠢ᠌ᠭᠤᠯᠤᠨ ᠲᠡᠭᠦᠯᠳᠡᠷᠵᠢᠭᠦᠯᠬᠦ ᠬᠡᠷᠡᠭᠲᠡᠢ᠃ ᠨᠢᠭᠡ᠎ᠳᠤ ᠡᠯ᠎ᠡ ᠱᠠᠲᠤᠨ᠎ᠤ ᠠᠷᠠᠳ᠎ᠤᠨ ᠶᠠᠪᠤᠳᠠᠯ᠎ᠤᠨ ᠰᠠᠯᠠᠭ᠎ᠠ ᠮᠦᠴᠢᠷ ᠠ᠋ᠷᠬᠡᠪᠰᠢ 《2015 ᠤᠨ᠎ᠤ ᠠᠷᠠᠳ᠎ᠤᠨ ᠶᠠᠪᠤᠳᠠᠯ᠎ᠤᠨ ᠲᠦᠷᠦ ᠵᠢᠨ ᠪᠤᠳᠤᠯᠭ᠎ᠠ ᠤᠨᠤᠯ ᠰᠤᠳᠤᠯᠤᠯ᠎ᠤᠨ ᠰᠡᠲᠦᠪ᠎ᠤᠨ ᠴᠢᠭᠯᠡᠯ》 ᠵᠶ᠋ᠠᠷ᠂ ᠪᠤᠳᠠᠲᠠᠢ᠎ᠲᠠᠢ᠎ᠪᠠᠨ ᠤᠶᠠᠯᠳᠤᠭᠤᠯᠤᠨ ᠰᠤᠳᠤᠯᠭ᠋ᠠᠨ᠎ᠤ ᠰᠡᠲᠦᠪ ᠵᠶ᠋ᠠᠨ ᠨᠠᠷᠢᠨ ᠬᠤᠪᠢᠶᠠᠵᠤ ᠨᠡᠢ᠌ᠲᠡᠪᠤᠷᠢᠵᠢᠭᠤᠯᠬᠤ ᠠᠵᠢᠯ᠎ᠢ ᠰᠠᠢ᠌ᠲᠤᠷ ᠠᠳᠬᠤᠬᠤ ᠬᠡᠷᠡᠭᠲᠡᠢ᠃ ᠱᠠᠲᠤᠴᠢ ᠴᠢᠨᠠᠷᠲᠠᠢ ᠰᠤᠳᠤᠯᠤᠯ᠎ᠤᠨ ᠪᠦᠲᠦᠭᠡᠯ᠎ᠤᠨ ᠵᠠᠳᠠᠯᠤᠯᠲᠠ ᠪᠠ ᠲᠤᠰᠬᠠᠢ ᠮᠡᠷᠭᠡᠵᠢᠯᠲᠡᠨ ᠵᠶ᠋ᠠᠷ ᠬᠢᠨᠠᠨ ᠦᠨᠡᠯᠡᠭᠦᠯᠬᠦ ᠵᠡᠷᠭᠡ ᠠᠵᠢᠯ ᠵᠶ᠋ᠠᠨ ᠰᠠᠢ᠌ᠲᠤᠷ ᠵᠤᠬᠢᠶᠠᠨ ᠪᠠᠢ᠌ᠭᠤᠯᠤᠨ ᠬᠢᠬᠦ ᠬᠡᠷᠡᠭᠲᠡᠢ᠃ ᠬᠤᠶᠠᠷ᠎ᠲᠤ ᠲᠢᠩᠬᠢᠮ᠎ᠤᠨ ᠲᠦᠷᠦ ᠵᠢᠨ ᠪᠤᠳᠤᠯᠭ᠎ᠠ ᠤᠨᠤᠯ ᠰᠤᠳᠤᠯᠤᠯ᠎ᠤᠨ ᠠᠵᠢᠯ ᠵᠶ᠋ᠠᠨ ᠵᠤᠬᠢᠴᠠᠭᠤᠯᠬᠤ ᠲᠤᠭᠤᠢ᠌ᠯᠠᠩ ᠪᠠᠢ᠌ᠭᠤᠯᠵᠤ᠂ ᠰᠡᠲᠦᠪ ᠲᠤᠭᠲᠠᠭ᠋ᠠᠬᠤ᠂ ᠰᠡᠲᠦᠪ ᠨᠡᠢ᠌ᠲᠡᠯᠡᠬᠦ᠂ ᠲᠤᠮᠳᠠ ᠬᠤᠭᠤᠴᠠᠭ᠋ᠠᠨ᠎ᠤ ᠬᠢᠨᠠᠨ ᠮᠠᠭ᠋ᠠᠳᠯᠠᠬᠤ᠂ ᠰᠡᠲᠦᠪ᠎ᠢ ᠬᠢᠨᠠᠨ ᠲᠤᠭᠲᠠᠭ᠋ᠠᠬᠤ ᠵᠡᠷᠭᠡ ᠵᠢ ᠨᠢᠭᠡᠳᠦᠯᠲᠡᠢ ᠵᠤᠬᠢᠴᠠᠭᠤᠯᠤᠨ᠂ ᠠᠵᠢᠯ᠎ᠤᠨ ᠲᠤᠮᠳᠠ ᠤᠷᠤᠰᠢᠵᠤ ᠪᠠᠢ᠌ᠭ᠎ᠠ ᠬᠦᠴᠢᠷᠲᠡᠯ᠎ᠢ ᠴᠠᠭ ᠲᠤᠬᠠᠢ᠎ᠳᠤ᠎ᠨᠢ ᠰᠢᠢ᠍ᠳᠪᠦᠷᠢᠯᠡᠬᠦ ᠬᠡᠷᠡᠭᠲᠡᠢ᠃ ᠭᠤᠷᠪᠠ᠎ᠳᠤ ᠦᠨᠡᠯᠡᠨ ᠮᠠᠭ᠋ᠠᠳᠯᠠᠬᠤ ᠪᠠ ᠬᠢᠨᠠᠨ ᠰᠢᠯᠭ᠋ᠠᠬᠤ ᠲᠤᠭᠲᠠᠴᠠ ᠵᠢ ᠲᠡᠭᠦᠯᠳᠡᠷᠵᠢᠭᠦᠯᠬᠦ ᠬᠡᠷᠡᠭᠲᠡᠢ᠃ ᠡᠯ᠎ᠡ ᠠᠢ᠌ᠮᠠᠭ ᠬᠤᠲᠠ᠂ ᠡᠯ᠎ᠡ ᠠᠯᠪᠠᠨ ᠭᠡᠷ ᠨᠢᠭᠡᠴᠢ᠎ᠨᠢ ᠳᠡᠪᠰᠢᠭᠦᠯᠦᠭᠰᠡᠨ ᠰᠤᠳᠤᠯᠤᠯ᠎ᠤᠨ ᠪᠦᠲᠦᠭᠡᠯ᠎ᠳᠤ ᠦᠨᠡᠯᠡᠯᠲᠡ ᠬᠢᠵᠤ ᠬᠤᠪᠢ ᠬᠢᠨᠠᠨ ᠵᠢᠬᠰᠠᠭ᠋ᠠᠵᠤ᠂ ᠰᠤᠳᠤᠯᠤᠯ᠎ᠤᠨ ᠠᠵᠢᠯ᠎ᠤᠨ ᠢᠯᠭᠤᠮ ᠰᠢᠯᠤᠭᠤᠨ ᠦᠷᠨᠢᠭᠦ ᠵᠢ ᠠᠬᠢᠭᠤᠯᠬᠤ ᠬᠡᠷᠡᠭᠲᠡᠢ᠃ ᠲᠦᠷᠪᠡ᠎ᠳᠤ ᠤᠷᠮᠠᠰᠢᠭᠤᠯᠬᠤ ᠲᠤᠭᠲᠠᠴᠠ ᠵᠢ ᠪᠠᠢ᠌ᠭᠤᠯᠬᠤ ᠬᠡᠷᠡᠭᠲᠡᠢ᠃ ᠰᠢᠯᠢᠳᠡᠭ ᠪᠦᠲᠦᠭᠡᠯ᠎ᠢ ᠢᠳᠡᠪᠬᠢᠲᠡᠢ ᠰᠤᠩᠭᠤᠨ ᠲᠡᠪᠰᠢᠭᠦᠯᠵᠤ ᠠᠷᠠᠳ᠎ᠤᠨ ᠶᠠᠪᠤᠳᠠᠯ᠎ᠤᠨ ᠶᠠᠮᠤᠨ᠎ᠤ ᠣᠨ᠎ᠤ 《ᠦᠭᠦᠯᠡᠯ᠎ᠤᠨ ᠳᠠᠪᠴᠠᠩ》 ᠪᠠ ᠦᠪᠡᠷᠲᠡᠭᠡᠨ ᠵᠠᠰᠠᠬᠤ ᠤᠷᠤᠨ᠎ᠤ ᠨᠠᠮ᠎ᠤᠨ ᠬᠤᠷᠢᠶ᠎ᠡ ᠵᠠᠰᠠᠭ᠎ᠤᠨ ᠤᠷᠳᠤᠨ᠎ᠤ ᠣᠨᠤᠯ ᠰᠤᠳᠤᠯᠤᠯ᠎ᠤᠨ ᠰᠡᠲᠦᠪ᠎ᠲᠤ ᠤᠷᠤᠭᠤᠯᠬᠤ ᠵᠢᠨ ᠬᠠᠮᠲᠤ ᠢᠳᠡᠪᠬᠢᠲᠡᠢ ᠵᠤᠬᠢᠴᠠᠭᠤᠯᠤᠨ 《ᠳᠤᠮᠳᠠᠳᠤ ᠤᠯᠤᠰ᠎ᠤᠨ ᠠᠷᠠᠳ᠎ᠤᠨ ᠶᠠᠪᠤᠳᠠᠯ》 ᠵᠡᠷᠭᠡ ᠶᠠᠮᠤᠨ᠎ᠤ ᠳᠡᠰ᠎ᠤᠨ ᠵᠠᠭᠤᠴᠢᠯᠠᠭᠤᠷ ᠳᠡᠭᠡᠷ᠎ᠡ ᠨᠡᠢ᠌ᠲᠡᠯᠡᠭᠦᠯᠬᠦ ᠪᠠ 《ᠦᠪᠦᠷ ᠮᠤᠩᠭᠤᠯ᠎ᠤᠨ ᠠᠷᠠᠳ᠎ᠤᠨ ᠶᠠᠪᠤᠳᠠᠯ》᠂ ᠲᠢᠩᠬᠢᠮ᠎ᠤᠨ ᠪᠠᠢ᠌ᠭᠤᠯᠭ᠎ᠠ ᠵᠢᠨ ᠰᠦᠯᠵᠢᠶᠡᠨ ᠳᠡᠭᠡᠷ᠎ᠡ ᠨᠡᠢ᠌ᠲᠡᠯᠡᠨ᠂ ᠨᠡᠩ ᠠᠷᠪᠢᠨ ᠨᠡᠩ ᠰᠠᠢ᠌ᠨ ᠪᠦᠲᠦᠭᠡᠯ ᠭᠠᠷᠭ᠋ᠠᠬᠤ ᠵᠢ ᠤᠷᠮᠠᠰᠢᠭᠤᠯᠬᠤ ᠵᠢᠨ ᠳᠠᠭ᠋ᠠᠤ ᠰᠢᠯᠢᠳᠡᠭ ᠣᠨᠣᠯ ᠰᠤᠳᠤᠯᠤᠯ᠎ᠤᠨ ᠪᠦᠲᠦᠭᠡᠯ᠎ᠢ ᠱᠠᠩᠨᠠᠨ ᠬᠦᠬᠢᠭᠦᠯᠬᠦ ᠲᠦᠷᠢᠮ ᠪᠤᠯᠤᠨ ᠲᠦᠷᠦ ᠵᠢᠨ ᠪᠤᠳᠤᠯᠭ᠎ᠠ ᠤᠨᠤᠯ ᠰᠤᠳᠤᠯᠤᠯ᠎ᠤᠨ ᠵᠠᠷᠤᠳᠠᠯ᠎ᠢ ᠪᠠᠲᠤᠯᠠᠬᠤ ᠲᠦᠷᠢᠮ᠎ᠢ ᠪᠠᠢ᠌ᠭᠤᠯᠬᠤ ᠬᠡᠷᠡᠭᠲᠡᠢ᠃
     (ᠭᠤᠷᠪᠠ) ᠠᠷᠠᠳ᠎ᠤᠨ ᠶᠠᠪᠤᠳᠠᠯ᠎ᠤᠨ ᠲᠦᠷᠦ ᠵᠢᠨ ᠪᠤᠳᠤᠯᠭ᠎ᠠ ᠤᠨᠤᠯ ᠰᠤᠳᠤᠯᠤᠯ᠎ᠤᠨ ᠬᠦᠴᠦᠨ᠎ᠢ ᠭᠦᠭᠵᠢᠭᠦᠯᠦᠨ ᠪᠤᠵᠠᠭ᠋ᠠᠢ᠌ᠷᠠᠭᠤᠯᠬᠤ ᠬᠡᠷᠡᠭᠲᠡᠢ᠃ ᠨᠢᠭᠡ᠎ᠳᠤ ᠰᠡᠲᠦᠪ᠎ᠤᠨ ᠳᠠᠭ᠋ᠠᠭ᠋ᠠᠴᠢᠯᠠᠯᠲᠠ ᠵᠠᠷᠯᠠᠬᠤ᠂ ᠬᠠᠮᠲᠤᠷᠠᠨ ᠪᠠᠢ᠌ᠴᠠᠭ᠋ᠠᠨ ᠰᠤᠳᠤᠯᠬᠤ᠂ ᠲᠤᠰᠬᠠᠢ ᠲᠦᠷᠦᠯ᠎ᠤᠨ ᠲᠤᠬᠠᠢ᠌ᠯᠠᠭᠰᠠᠨ ᠠᠵᠢᠯ᠎ᠤᠨ ᠤᠨᠤᠯ ᠰᠤᠳᠤᠯᠤᠯ᠎ᠤᠨ ᠨᠡᠢ᠌ᠬᠡᠮᠯᠢᠭ ᠪᠠᠢ᠌ᠭᠤᠯᠬᠤ ᠵᠡᠷᠭᠡ ᠤᠯᠠᠨ ᠵᠦᠢ᠍ᠯ᠎ᠤᠨ ᠠᠷᠭ᠎ᠠ ᠬᠡᠯᠪᠡᠷᠢ ᠵᠢ ᠬᠠᠢ᠌ᠨ ᠰᠦᠪᠡᠭᠴᠢᠯᠡᠬᠦ᠎ᠪᠠᠷ ᠳᠠᠮᠵᠢᠭᠤᠯᠤᠨ᠂ ᠠᠷᠠᠳ᠎ᠤᠨ ᠶᠠᠪᠤᠳᠠᠯ᠎ᠤᠨ ᠲᠦᠷᠦ ᠵᠢᠨ ᠪᠤᠳᠤᠯᠭ᠎ᠠ ᠤᠨᠤᠯ ᠰᠤᠳᠤᠯᠤᠯ᠎ᠤᠨ ᠠᠴᠢᠶᠠᠯᠠᠪᠤᠷᠢ ᠵᠢ ᠠᠷᠪᠢᠨ ᠪᠤᠯᠭ᠋ᠠᠬᠤ ᠬᠡᠷᠡᠭᠲᠡᠢ᠃ ᠬᠤᠶᠠᠷ᠎ᠲᠤ 《ᠭᠠᠳᠠᠭ᠋ᠠᠳᠤ ᠲᠠᠷᠢᠬᠢ》 ᠵᠢ ᠴᠢᠳᠠᠮᠠᠭ᠋ᠠᠢ ᠠᠰᠢᠭᠯᠠᠨ᠂ ᠠᠷᠠᠳ᠎ᠤᠨ ᠶᠠᠪᠤᠳᠠᠯ᠎ᠤᠨ 《ᠤᠶᠤᠨ᠎ᠤ ᠬᠦᠮᠦᠷᠭᠡ》 ᠵᠢ ᠪᠠᠢ᠌ᠭᠤᠯᠬᠤ ᠬᠡᠷᠡᠭᠲᠡᠢ᠃ ᠬᠠᠮᠢᠶ᠎ᠠ ᠪᠦᠭᠦᠢ ᠰᠠᠯᠠᠭ᠎ᠠ ᠮᠦᠴᠢᠷ᠂ ᠰᠢᠨᠵᠢᠯᠡᠬᠦ ᠤᠬᠠᠭ᠋ᠠᠨ᠎ᠤ ᠰᠤᠳᠤᠯᠤᠯ᠎ᠤᠨ ᠪᠠᠢ᠌ᠭᠤᠯᠤᠮᠵᠢ᠂ ᠶᠡᠭᠡ ᠳᠡᠭᠡᠳᠦ ᠰᠤᠷᠭ᠋ᠠᠭᠤᠯᠢ᠂ ᠨᠡᠢ᠌ᠬᠡᠮ᠎ᠤᠨ ᠵᠤᠬᠢᠶᠠᠨ ᠪᠠᠢ᠌ᠭᠤᠯᠤᠯᠲᠠ᠎ᠯᠤᠭ᠎ᠠ ᠵᠢᠨ ᠬᠤᠷᠰᠢᠯᠴᠠᠭ᠎ᠠ᠎ᠪᠠᠨ ᠴᠢᠩᠭ᠋ᠠᠳᠬᠠᠵᠤ᠂ ᠡᠯ᠎ᠡ ᠲᠠᠯ᠎ᠠ ᠵᠢᠨ ᠲᠤᠰᠬᠠᠢ ᠮᠡᠷᠭᠡᠵᠢᠯᠲᠡᠨ ᠪᠠ ᠠ᠋ᠷᠳᠡᠮᠲᠡᠳ᠎ᠢ ᠤᠷᠤᠯᠴᠠᠭᠤᠯᠤᠨ᠂ ᠰᠤᠳᠤᠯᠤᠯ᠎ᠤᠨ ᠠ᠋ᠩᠨᠡᠭᠡ᠎ᠪᠠᠨ ᠪᠤᠵᠠᠭ᠋ᠠᠢ᠌ᠷᠠᠭᠤᠯᠬᠤ ᠬᠡᠷᠡᠭᠲᠡᠢ᠃ ᠭᠤᠷᠪᠠ᠎ᠳᠤ ᠭᠤᠤᠯᠳᠠᠯᠭ᠎ᠠ᠎ᠪᠠᠨ ᠲᠤᠪᠤᠢ᠌ᠯᠭ᠋ᠠᠨ᠂ ᠬᠦᠴᠦᠨ ᠵᠶ᠋ᠠᠨ ᠲᠦᠪᠯᠡᠷᠡᠭᠦᠯᠦᠨ ᠪᠤᠭᠤᠮᠲᠠ ᠵᠢ ᠰᠢᠪᠲᠤᠯᠵᠤ᠂ ᠤᠨᠤᠯ ᠰᠤᠳᠤᠯᠤᠯ᠎ᠤᠨ ᠲᠠᠯ᠎ᠠ᠎ᠪᠠᠷ ᠰᠢᠨ᠎ᠡ ᠠᠮᠵᠢᠯᠲᠠ ᠪᠦᠲᠦᠭᠡᠯ ᠭᠠᠷᠭ᠋ᠠᠬᠤ ᠬᠡᠷᠡᠭᠲᠡᠢ᠃

ᠢᠷᠡᠯᠲᠡ᠄ ᠦᠪᠤᠷ ᠮᠤᠩᠭᠤᠯ᠎ᠤᠨ ᠠᠷᠠᠤᠨ᠎ᠤᠨ ᠶᠠᠪᠤᠳᠠᠯ᠎ᠤᠨ ᠲᠢᠩᠭᠢᠮ᠎ᠤᠨ ᠭᠢᠳᠠᠤᠨ ᠰᠦᠯᠵᠢᠶ᠎ᠡ
          
ᠬᠠᠮᠢᠶ᠎ᠡ ᠪᠦᠬᠦᠢ ᠰᠣᠨᠢᠨ
ᠯᠠᠨ ᠠ᠋ᠸᠨ ᠬᠤᠸᠠ ᠵᠢᠨ ᠠᠷᠠᠳ᠎ᠤᠨ ᠶᠠᠪᠤᠳᠠᠯ᠎ᠤᠨ ᠲᠢᠩᠬᠢᠮ᠎ᠤᠨ 2014 ᠣᠨ᠎ᠤ ᠳ᠋ᠦᠩᠨᠡᠯᠲᠡ ᠪᠠ ᠰᠠᠢ᠌ᠰᠢᠶᠠᠨ ᠬᠦᠬᠢᠭᠦᠯᠬᠦ ᠶᠡᠬᠡ ᠬᠤᠷᠠᠯ ᠳᠡᠭᠡᠷᠡᠬᠢ ᠶᠠᠷᠢᠶ᠎ᠠ (ᠲᠤᠪᠴᠢᠯᠠᠯ)
ᠲᠢᠩᠬᠢᠮ᠎ᠤᠨ ᠳᠠᠷᠤᠭ᠎ᠠ ᠯᠠᠨ ᠠ᠋ᠸᠨ ᠬᠤᠸᠠ ᠵᠢᠨ ᠪᠦᠭᠦ ᠤᠷᠤᠨ᠎ᠤ ᠠᠷᠠᠳ᠎ᠤᠨ ᠶᠠᠪᠤᠳᠠᠯ᠎ᠤᠨ ᠤᠬᠠᠭᠤᠯᠭ᠎ᠠ ᠪᠤᠯᠤᠨ ᠮᠡᠳᠡᠭᠡ ᠵᠠᠩᠭᠢᠵᠢᠯᠲᠠ ᠵᠢᠨ ᠠᠵᠢᠯ᠎ᠤᠨ ᠬᠤᠷᠠᠯ ᠳᠡᠭᠡᠷᠡᠬᠢ ᠶᠠᠷᠢᠶ᠎ᠠ (ᠲᠤᠪᠴᠢᠯᠠᠯ)
ᠯᠠᠨ ᠠ᠋ᠸᠨ ᠬᠤᠸᠠ ᠪᠦᠬᠦ ᠣᠷᠣᠨ᠎ᠤ ᠨᠠᠰᠣᠲᠠᠢ᠌ᠴᠣᠳ᠎ᠤᠨ ᠠᠵᠢᠯ᠎ᠤᠨ ᠬᠤᠷᠠᠯ ᠳᠡᠭᠡᠷ᠎ᠡ ᠠᠵᠢᠯ᠎ᠤᠨ ᠮᠡᠳᠡᠭᠦᠯᠦᠯᠲᠡ ᠬᠢᠪᠡ
ᠯᠢ ᠫᠸᠩ ᠰᠢᠨ ᠪᠦᠬᠦ ᠣᠷᠣᠨ᠎ᠤ ᠨᠠᠰᠤᠲᠠᠢ᠌ᠴᠤᠳ᠎ᠤᠨ ᠠᠵᠢᠯ᠎ᠤᠨ ᠬᠤᠷᠠᠯ᠎ᠳᠤ ᠤᠷᠤᠯᠴᠠᠵᠤ ᠴᠢᠬᠤᠯᠠ ᠶᠠᠷᠢᠶ᠎ᠠ ᠲᠠᠯᠪᠢᠪᠠ
ᠲᠢᠩᠬᠢᠮ᠎ᠤᠨ ᠳᠠᠷᠤᠭ᠎ᠠ ᠯᠠᠠ ᠡᠸᠨ ᠬᠤᠸᠠ ᠵᠢᠨ ᠪᠦᠬᠦ ᠤᠷᠤᠨ᠎ᠤ 《ᠨᠡᠢ᠌ᠬᠡᠮ᠎ᠤᠨ ᠠᠪᠤᠷᠠᠨ ᠳᠤᠰᠠᠯᠠᠯᠳᠠ ᠵᠢᠨ ᠲᠦᠷ ᠬᠡᠷᠡᠭᠵᠢᠭᠦᠯᠬᠦ ᠠᠷᠭ᠎ᠠ》 ᠵᠢ ᠨᠠᠢ᠌ᠲᠠᠪᠤᠷᠢᠵᠢᠭᠤᠯᠤᠨ ᠬᠡᠷᠡᠭᠵᠢᠭᠦᠯᠬᠦ ᠲᠧᠯᠸᠢᠰ ᠤᠲᠠᠰᠤᠲᠤ ᠬᠤᠷᠠᠯ ᠳᠡᠭᠡᠷᠡᠬᠢ ᠶᠠᠷᠢᠶ᠎ᠠ
 
            