ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠡᠶ᠋ᠢᠭᠡᠮ ᠰᠡᠳᠬᠦᠯ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠢᠨ ᠮᠡᠳᠡᠭᠡ   -   ᠰᠣᠨᠢᠨ ᠮᠡᠳᠡᠭᠡ
11 ᠳ᠋ᠤᠭᠡᠷ ᠰᠠᠷ᠎ᠠ ᠵᠢᠨ 9᠎ᠤ ᠠ᠋ᠳᠤᠷ ᠬᠤᠷᠠᠯᠳᠤᠭᠰᠠᠨ ᠳᠦᠷᠦ ᠵᠢᠨ ᠶᠠᠪᠤᠳᠠᠯ᠎ᠤᠨ ᠬᠤᠷᠢᠶᠠᠨ᠎ᠤ ᠪᠠᠢ᠌ᠩᠭᠤ ᠵᠢᠨ ᠬᠤᠷᠠᠯ ᠳᠡᠭᠡᠷ᠎ᠠ ᠭᠤᠷᠪᠠᠨ ᠵᠦᠢ᠍ᠯ᠎ᠤᠨ ᠤᠴᠢᠷ ᠶᠠᠪᠤᠳᠠᠯ᠎ᠢ ᠶᠠᠷᠢᠯᠴᠠᠨ ᠳᠤᠭᠳᠠᠪᠠ
ᠨᠡᠶᠢᠲᠡᠯᠡᠭᠰᠡᠨ ᠴᠠᠭ᠄ 2018-11-14

               
      ᠨᠢᠭᠡ᠂ ᠮᠦᠩᠬᠦᠨ ᠬᠦᠢ᠍ᠯᠭᠡᠭᠡᠨ᠎ᠤ ᠳᠡᠮᠵᠢᠯᠭᠡ᠎ᠪᠠᠨ ᠨᠡᠮᠡᠭᠳᠡᠬᠦᠯᠵᠤ ᠠᠷᠠᠳ᠎ᠤᠨ ᠡᠵᠡᠩᠨᠡᠯᠳᠡ ᠵᠢᠨ ᠠᠵᠤ ᠠᠬᠤᠢ᠌ᠯᠠᠯ ᠤᠨᠴᠠᠭ᠋ᠠᠢ᠌ᠯᠠᠨ ᠪᠠᠭ᠎ᠠ ᠵᠢᠵᠢᠭ ᠠᠵᠤ ᠠᠬᠤᠢ᠌ᠯᠠᠯ᠎ᠤᠨ ᠪᠡᠯᠡ ᠴᠤᠭᠯᠠᠭᠤᠯᠬᠤ᠎ᠳᠤ ᠬᠦᠴᠢᠷᠳᠡᠬᠦ ᠠᠰᠠᠭᠤᠳᠠᠯ᠎ᠢ ᠰᠢᠢ᠍ᠳᠪᠤᠷᠢᠡᠯᠬᠦ ᠭᠡᠷᠡᠭᠳᠡᠢ᠃
      ᠠᠷᠠᠳ᠎ᠤᠨ ᠡᠵᠡᠩᠨᠡᠯᠳᠡ ᠵᠢᠨ ᠠᠵᠤ ᠠᠬᠤᠢ᠌ᠯᠠᠯ᠂ ᠪᠠᠭ᠎ᠠ ᠵᠢᠵᠢᠭ ᠠᠵᠤ ᠠᠬᠤᠢ᠌ᠯᠠᠯ᠎ᠢ ᠳᠡᠮᠵᠢᠬᠦ ᠠ᠋ᠷᠴᠢᠮ ᠵᠶ᠋ᠡᠨ ᠴᠢᠩᠭ᠋ᠠᠷᠠᠭᠤᠯᠤᠨ᠂ ᠤᠯᠤᠰ᠎ᠤᠨ ᠦᠮᠴᠢᠯᠠᠯ᠎ᠤᠨ ᠠᠵᠤ ᠠᠬᠤᠢ᠌ᠯᠠᠯ᠂ ᠠᠷᠠᠳ᠎ᠤᠨ ᠡᠵᠡᠩᠨᠡᠯᠳᠡ ᠵᠢᠨ ᠠᠵᠤ ᠠᠬᠤᠢ᠌ᠯᠠᠯ ᠵᠡᠷᠭᠡ ᠡᠯ᠎ᠡ ᠵᠦᠢ᠍ᠯ᠎ᠤᠨ ᠦᠮᠴᠢᠯᠡᠯ᠎ᠤᠨ ᠠᠵᠤ ᠠᠬᠤᠢ᠌ᠯᠠᠯ᠎ᠳᠤ ᠠᠳᠠᠯᠢ ᠳᠡᠭᠰᠢ᠎ᠪᠠᠷ ᠬᠠᠨᠳᠤᠬᠤ ᠵᠢ ᠦᠨᠡᠨᠬᠦ ᠪᠡᠶᠡᠯᠡᠬᠦᠯᠬᠦ ᠭᠡᠷᠡᠭᠳᠡᠢ᠃
     1. ᠪᠡᠯᠡ ᠴᠤᠭᠯᠠᠭᠤᠯᠬᠤ ᠠᠷᠭ᠎ᠠ ᠵᠠᠮ ᠵᠶ᠋ᠠᠨ ᠦᠷᠭᠡᠳᠭᠡᠬᠦ ᠭᠡᠷᠡᠭᠳᠡᠢ᠃ ᠳᠠᠭ᠋ᠠᠭ᠋ᠠᠴᠢᠯᠠᠯᠳᠠ ᠪᠠᠳᠤᠯᠠᠯᠳᠠ᠎ᠲᠠᠢ ᠪᠠᠭ᠎ᠠ ᠵᠢᠵᠢᠭ ᠠᠵᠤ ᠠᠬᠤᠢ᠌ᠯᠠᠯ᠎ᠤᠨ ᠳᠤᠮᠳᠠ ᠬᠤᠭᠤᠴᠠᠭ᠋ᠠᠨ᠎ᠤ ᠵᠢᠭᠡᠯᠡᠯᠭᠡ ᠵᠢ 500 ᠳᠦᠮᠡᠨ ᠳᠦᠬᠦᠷᠢᠭ᠎ᠠᠴᠠ 1000 ᠳᠦᠮᠡᠨ ᠳᠦᠬᠦᠷᠢᠭ ᠪᠤᠯᠭ᠋ᠠᠨ ᠨᠡᠮᠡᠭᠳᠡᠬᠦᠯᠵᠤ᠂ ᠪᠡᠯᠡ ᠴᠤᠭᠯᠠᠭᠤᠯᠬᠤ ᠰᠢᠨ᠎ᠠ ᠵᠠᠮ᠎ᠢ ᠨᠡᠭᠡᠭᠡᠨ᠂ ᠤᠯᠠᠨ ᠳᠠᠪᠬᠤᠷᠭ᠎ᠠ ᠵᠢᠨ ᠬᠦᠷᠦᠩᠭᠡ ᠵᠢᠨ ᠵᠠᠬ᠎ᠠ ᠳᠡᠯᠭᠡᠬᠦᠷ᠎ᠤᠨ ᠦᠭᠡᠷᠡᠴᠢᠯᠡᠯᠳᠡ ᠵᠢ ᠬᠦᠨᠵᠡᠭᠡᠢ᠌ᠷᠡᠬᠦᠯᠵᠤ᠂ ᠨᠡᠩ ᠤᠯᠠᠨ ᠪᠠᠭ᠎ᠠ ᠵᠢᠵᠢᠭ ᠠᠵᠤ ᠠᠬᠤᠢ᠌ᠯᠠᠯ᠎ᠤᠨ ᠬᠤᠪᠢ ᠡᠵᠡᠮᠳᠡᠬᠦ᠂ ᠵᠢᠭᠡᠯᠡᠯᠭᠡ ᠵᠢᠨ ᠳᠡᠮᠳᠡᠭᠳᠤ᠎ᠪᠠᠷ ᠪᠡᠯᠡ ᠴᠤᠭᠯᠠᠭᠤᠯᠬᠤ ᠵᠢ ᠳᠡᠮᠵᠢᠬᠦ ᠭᠡᠷᠡᠭᠳᠡᠢ᠃
     2. ᠮᠦᠩᠬᠦᠨ ᠬᠦᠢ᠍ᠯᠭᠡᠭᠡᠨ᠎ᠤ ᠪᠠᠢ᠌ᠭᠤᠯᠤᠮᠵᠢ ᠵᠢᠨ ᠳᠤᠳᠤᠭ᠋ᠠᠳᠤ ᠵᠢᠨ ᠬᠦᠳᠡᠯᠭᠡᠬᠦ ᠬᠦᠴᠦᠨ᠎ᠢ ᠠᠮᠢᠳᠤᠯᠢᠭᠵᠢᠭᠤᠯᠵᠤ᠂ ᠵᠢᠭᠡᠯᠡᠯᠭᠡ ᠦᠭᠬᠦ ᠳᠤᠷ᠎ᠠ ᠦᠭᠡᠢ᠂ ᠵᠢᠭᠡᠯᠡᠯᠭᠡ ᠦᠭᠬᠦ ᠵᠤᠷᠢᠭ ᠦᠭᠡᠢ ᠠᠰᠠᠭᠤᠳᠠᠯ᠎ᠢ ᠰᠢᠢ᠍ᠳᠪᠤᠷᠢᠡᠯᠬᠦ ᠭᠡᠷᠡᠭᠳᠡᠢ᠃ ᠮᠦᠩᠬᠦᠨ ᠬᠦᠢ᠍ᠯᠭᠡᠭᠡᠨ᠎ᠤ ᠪᠠᠢ᠌ᠭᠤᠯᠤᠮᠵᠢ ᠵᠢ ᠵᠢᠯᠤᠭᠤᠳᠤᠨ ᠢᠳᠡᠭᠡᠮᠵᠢ ᠤᠯᠭᠤᠬᠤ ᠵᠢ ᠬᠢᠨᠠᠨ ᠵᠦᠪᠰᠢᠶᠡᠷᠡᠬᠦ ᠠ᠋ᠷᠭᠡ ᠵᠢ ᠵᠤᠬᠢᠬᠤ ᠭᠡᠮᠵᠢᠶ᠎ᠡ᠎ᠪᠠᠷ ᠳᠤᠷᠤᠭᠰᠢ ᠳᠠᠯᠪᠢᠵᠤ᠂ ᠪᠠᠭ᠎ᠠ ᠵᠢᠵᠢᠭ ᠠᠵᠤ ᠠᠬᠤᠢ᠌ᠯᠠᠯ᠎ᠤᠨ ᠵᠢᠭᠡᠯᠡᠯᠭᠡ ᠠᠪᠬᠤ ᠳᠤᠬᠠᠢ᠌ᠯᠠᠭᠰᠠᠨ ᠠᠵᠢᠯ ᠬᠢᠭᠡᠳ ᠳᠤᠳᠤᠭ᠋ᠠᠳᠤ ᠵᠢᠨ ᠬᠢᠨᠠᠨ ᠰᠢᠯᠭ᠋ᠠᠯᠳᠠ᠂ ᠬᠦᠯᠦᠰᠤ ᠤᠯᠭᠤᠮᠵᠢ ᠵᠡᠷᠭᠡ ᠵᠢ ᠬᠤᠯᠪᠤᠨ᠂ ᠪᠠᠭ᠎ᠠ ᠵᠢᠵᠢᠭ ᠠᠵᠤ ᠠᠬᠤᠢ᠌ᠯᠠᠯ᠎ᠳᠤ ᠵᠢᠭᠡᠯᠡᠯᠭᠡ ᠳᠠᠯᠪᠢᠭᠰᠠᠨ ᠰᠠᠭᠤᠷᠢ ᠳᠤᠭ᠎ᠠ᠎ᠨᠢ ᠶᠡᠭᠡ᠂ ᠡᠵᠡᠯᠡᠬᠦ ᠬᠠᠷᠢᠴᠠᠯ᠎ᠨᠢ ᠦᠨᠳᠦᠷ ᠮᠦᠩᠬᠦᠨ ᠬᠦᠢ᠍ᠯᠭᠡᠭᠡᠨ᠎ᠤ ᠪᠠᠢ᠌ᠭᠤᠯᠤᠮᠵᠢ ᠵᠢ ᠬᠢᠨᠠᠨ ᠬᠠᠮᠢᠶᠠᠷᠤᠯᠳᠠ ᠵᠢᠨ ᠳᠠᠯ᠎ᠠ᠎ᠪᠠᠷ ᠵᠤᠷᠢᠭᠵᠢᠭᠤᠯᠬᠤ ᠭᠡᠷᠡᠭᠳᠡᠢ᠃
     3. ᠭᠤᠤᠯᠳᠠᠯᠭ᠎ᠠ᠎ᠲᠠᠢ ᠬᠤᠳᠠᠯᠳᠤᠭ᠋ᠠᠨ᠎ᠤ ᠪᠠᠩᠬᠢ᠎ᠠᠴᠠ ᠪᠠᠭ᠎ᠠ ᠵᠢᠵᠢᠭ ᠠᠵᠤ ᠠᠬᠤᠢ᠌ᠯᠠᠯ᠎ᠳᠤ ᠳᠠᠯᠪᠢᠬᠤ ᠵᠢᠭᠡᠯᠡᠯᠭᠡ ᠵᠢᠨ ᠳᠡᠭᠰᠢᠳᠭᠡᠭᠰᠡᠨ ᠬᠦᠤ ᠮᠦᠩᠬᠦ ᠵᠢᠨ ᠳᠦᠷᠪᠡᠳᠤᠭᠡᠷ ᠤᠯᠠᠷᠢᠯ᠎ᠤᠨ᠎ᠬᠢ ᠵᠢ ᠨᠢᠭᠡᠳᠤᠭᠡᠷ ᠤᠯᠠᠷᠢᠯ᠎ᠤᠨ᠎ᠬᠢ᠎ᠠᠴᠠ ᠵᠠᠭᠤᠨ᠎ᠤ ᠬᠠᠷᠢᠴᠠᠯ ᠵᠶ᠋ᠡᠷ ᠨᠢᠭᠡ ᠬᠤᠪᠢ ᠳᠤᠤᠷ᠎ᠠ ᠪᠠᠢ᠌ᠯᠭ᠋ᠠᠵᠤ᠂ ᠵᠦᠢ ᠵᠤᠬᠢᠰ ᠦᠭᠡᠢ᠎ᠪᠠᠷ ᠵᠢᠭᠡᠯᠡᠯᠭᠡ᠎ᠪᠠᠨ ᠬᠤᠷᠢᠶᠠᠨ ᠠᠪᠬᠤ ᠪᠠ ᠳᠠᠰᠤᠯᠳᠠᠭᠤᠯᠬᠤ ᠵᠢ ᠵᠠᠰᠠᠨ ᠴᠡᠭᠴᠡᠯᠡᠵᠤ᠂ ᠪᠡᠯᠡ ᠴᠤᠭᠯᠠᠭᠤᠯᠬᠤ᠎ᠳᠤ ᠵᠤᠬᠢᠴᠠᠬᠤ ᠦᠭᠡᠢ ᠭᠤᠭᠴᠤᠭ᠎ᠠ ᠪᠤᠶᠤ ᠨᠡᠮᠡᠯᠳᠡ ᠵᠠᠷᠤᠳᠠᠯ᠎ᠢ ᠦᠭᠡᠢ᠌ᠰᠭᠡᠨ᠂ ᠬᠠᠳᠠᠭ᠋ᠠᠯᠠᠮᠵᠢ ᠪᠤᠯᠤᠨ ᠵᠢᠭᠡᠯᠡᠯᠭᠡ ᠵᠢ ᠬᠤᠯᠪᠤᠬᠤ ᠵᠡᠷᠭᠡ ᠵᠢ ᠴᠢᠩᠭ᠎ᠠ ᠪᠠᠢ᠌ᠴᠠᠭ᠋ᠠᠨ ᠰᠢᠢ᠍ᠳᠪᠤᠷᠢᠯᠡᠬᠦ ᠵᠢᠨ ᠬᠠᠮᠳᠤ ᠪᠦᠳᠦᠮᠵᠢᠳᠡᠢ ᠠᠷᠭ᠎ᠠ ᠭᠡᠮᠵᠢᠶ᠎ᠡ᠎ᠪᠠᠷ ᠢᠳᠡᠭᠡᠮᠵᠢᠳᠤ ᠵᠢᠭᠡᠯᠡᠯᠭᠡ ᠵᠢᠨ ᠠᠶᠤᠯ ᠳᠦᠭᠰᠢᠬᠦᠷᠢ ᠵᠢ ᠰᠡᠷᠭᠡᠢ᠌ᠯᠡᠬᠦ ᠭᠡᠷᠡᠭᠳᠡᠢ᠃
      ᠬᠤᠶᠠᠷ᠂ ᠠᠷᠠᠳ᠎ᠤᠨ ᠡᠵᠡᠩᠨᠡᠯᠳᠡ ᠵᠢᠨ ᠠᠵᠤ ᠠᠬᠤᠢ᠌ᠯᠠᠯ᠎ᠳᠤ ᠦᠷᠢᠳᠦᠵᠤ ᠪᠠᠢ᠌ᠭ᠎ᠠ ᠦᠷᠢ ᠦᠭᠴᠡᠭᠡ ᠵᠢ ᠰᠢᠢ᠍ᠳᠪᠤᠷᠢᠯᠡᠬᠦ ᠳᠤᠰᠬᠠᠢ ᠠᠵᠢᠯᠯᠠᠭ᠎ᠠ ᠦᠷᠨᠢᠬᠦᠯᠬᠦ᠎ᠪᠠᠷ ᠳᠤᠭᠳᠠᠪᠠ
      ᠬᠤᠷᠠᠯ᠎ᠠᠴᠠ ᠵᠠᠰᠠᠭ᠎ᠤᠨ ᠤᠷᠳᠤᠨ᠎ᠤ ᠰᠠᠯᠠᠭ᠎ᠠ ᠮᠦᠴᠢᠷ ᠪᠤᠯᠤᠨ ᠤᠯᠤᠰ᠎ᠤᠨ ᠦᠮᠴᠢᠯᠠᠯ᠎ᠤᠨ ᠠᠵᠤ ᠠᠬᠤᠢ᠌ᠯᠠᠯ᠎ᠤᠨ ᠠᠷᠠᠳ᠎ᠤᠨ ᠡᠵᠡᠩᠨᠡᠯᠳᠡ ᠵᠢᠨ ᠠᠵᠤ ᠠᠬᠤᠢ᠌ᠯᠠᠯ᠎ᠳᠤ ᠦᠷᠢᠳᠦᠵᠤ ᠪᠠᠢ᠌ᠭ᠎ᠠ ᠦᠷᠢ ᠦᠭᠴᠡᠭᠡ ᠵᠢ ᠴᠡᠪᠡᠷᠯᠡᠬᠦ ᠵᠢᠨ ᠳᠤᠯᠠᠳᠠ᠂ ᠦᠷᠢ ᠦᠭᠴᠡᠭᠡ ᠵᠢ ᠴᠡᠪᠡᠷᠯᠡᠬᠦ ᠳᠤᠰᠬᠠᠢ ᠠᠵᠢᠯᠯᠠᠭ᠎ᠠ ᠦᠷᠨᠢᠬᠦᠯᠦᠨ᠂ ᠳᠦᠷᠦ ᠵᠢᠨ ᠶᠠᠪᠤᠳᠠᠯ᠎ᠤᠨ ᠬᠤᠷᠢᠶᠠᠨ᠎ᠤ ᠠᠯᠪᠠᠨ ᠳᠢᠩᠬᠢᠮ ᠳᠦᠷᠦᠬᠦᠯᠡᠨ ᠰᠢᠪᠠᠳᠠᠵᠤ᠂ ᠬᠤᠯᠪᠤᠭᠳᠠᠯ ᠪᠦᠬᠦᠢ ᠰᠠᠯᠠᠭ᠎ᠠ ᠮᠦᠴᠢᠷ ᠦᠪᠡᠷ ᠦᠪᠡᠷ᠎ᠤᠨ ᠬᠠᠷᠢᠭᠤᠴᠠᠯᠭ᠎ᠠ᠎ᠪᠠᠨ ᠬᠠᠷᠢᠭᠤᠴᠠᠨ᠂ ᠬᠢᠨᠠᠨ ᠪᠤᠳᠤᠬᠤ ᠰᠠᠯᠠᠭ᠎ᠠ ᠮᠦᠴᠢᠷ ᠴᠤ᠌ ᠤᠷᠤᠯᠴᠠᠬᠤ ᠭᠡᠷᠡᠭᠳᠡᠢ ᠭᠡᠵᠤ ᠳᠤᠭᠳᠠᠭ᠋ᠠᠵᠠᠢ;
      ᠬᠤᠷᠠᠯ᠎ᠠᠴᠠ ᠦᠷᠢ ᠦᠭᠴᠡᠭᠡᠨ᠎ᠤ ᠠ᠋ᠭᠡ ᠳᠠᠩᠰᠠ ᠪᠠᠢ᠌ᠭᠤᠯᠵᠤ᠂ ᠦᠷᠢᠳᠦᠵᠤ ᠪᠠᠢ᠌ᠭ᠎ᠠ ᠵᠤᠭᠤᠰ ᠮᠦᠩᠬᠦ ᠵᠢ ᠬᠤᠭᠤᠴᠠᠭ᠎ᠠ ᠳᠤᠭᠳᠠᠭ᠋ᠠᠨ ᠪᠤᠴᠠᠭ᠋ᠠᠬᠤ ᠭᠡᠷᠡᠭᠳᠡᠢ; ᠶᠡᠭᠡ ᠦᠷᠢᠳᠦᠭᠡᠳ ᠦᠯᠦ ᠳᠦᠯᠦᠭᠰᠡᠳ᠎ᠢ ᠢᠳᠡᠭᠡᠯ ᠠᠯᠳᠠᠭᠰᠠᠳ᠎ᠤᠨ 《ᠬᠠᠷ᠎ᠠ ᠳᠠᠩᠰᠠᠨ》᠎ᠳᠤ ᠤᠷᠤᠭᠤᠯᠤᠨ᠂ ᠴᠢᠩᠭ᠎ᠠ᠎ᠪᠠᠷ ᠵᠠᠯᠬᠠᠭ᠋ᠠᠨ ᠴᠡᠭᠡᠷᠯᠡᠬᠦᠯᠵᠤ ᠬᠠᠷᠢᠭᠤᠴᠠᠯᠭ᠎ᠠ ᠨᠡᠭᠡᠮᠵᠢᠯᠡᠬᠦ ᠭᠡᠷᠡᠭᠳᠡᠢ᠃ ᠤᠷᠤᠨ ᠨᠤᠳᠤᠭ ᠪᠤᠯᠤᠨ ᠰᠠᠯᠠᠭ᠎ᠠ ᠮᠦᠴᠢᠷ ᠦᠷᠢ ᠦᠭᠴᠡᠭᠡ᠎ᠪᠠᠨ ᠠ᠋ᠰᠡ ᠳᠦᠯᠦᠪᠡᠯ ᠳᠦᠪ᠎ᠤᠨ ᠠ᠋ᠳ᠋᠎ᠤᠨ ᠵᠠᠰᠠᠭ᠎ᠠᠴᠠ ᠳᠡᠳᠡᠨ᠎ᠤ ᠤᠯᠤᠰ᠎ᠤᠨ ᠬᠦᠮᠦᠷᠭᠡ᠎ᠳᠠᠬᠢ ᠬᠠᠳᠠᠭ᠋ᠠᠯᠠᠮᠵᠢ᠎ᠪᠠᠷ ᠦᠷᠢ ᠵᠢ᠎ᠨᠢ ᠳᠦᠯᠦᠬᠦᠯᠬᠦ ᠪᠤᠶᠤ ᠵᠤᠭᠤᠰ ᠪᠠᠭᠤᠯᠭ᠋ᠠᠵᠤ ᠦᠭᠬᠦ᠎ᠪᠠᠨ ᠵᠤᠬᠢᠬᠤ ᠭᠡᠮᠵᠢᠶ᠎ᠡ᠎ᠪᠠᠷ ᠬᠠᠰᠤᠬᠤ ᠵᠡᠷᠭᠡ ᠠᠷᠭ᠎ᠠ᠎ᠪᠠᠷ ᠦᠷᠢ ᠵᠢ᠎ᠨᠢ ᠳᠦᠯᠦᠬᠦᠯᠬᠦ ᠭᠡᠷᠡᠭᠳᠡᠢ ᠭᠡᠵᠤ ᠱᠠᠭ᠋ᠠᠷᠳᠠᠵᠠᠢ᠃
      ᠭᠤᠷᠪᠠ᠂ ᠵᠠᠰᠠᠭ᠎ᠤᠨ ᠤᠷᠳᠤᠨ᠎ᠤ ᠴᠢᠨᠠᠷ᠎ᠲᠠᠢ ᠭᠦᠢ᠍ᠯᠭᠡᠭᠡᠨ᠎ᠤ ᠪᠡᠯᠡ ᠮᠦᠩᠭᠦ ᠵᠢ ᠳᠣᠬᠢᠷᠠᠭᠤᠯᠬᠤ᠎ᠳᠠᠭᠠᠨ ᠳᠠᠭ᠋ᠠᠭ᠋ᠠᠴᠢᠯᠠᠨ ᠪᠠᠳᠤᠯᠠᠯᠳᠠ ᠬᠢᠬᠦ ᠦᠢ᠍ᠯᠡᠳᠤᠯ ᠵᠶ᠋ᠠᠨ ᠪᠠᠳᠠᠷᠠᠭᠤᠯᠤᠨ᠂ ᠪᠠᠭ᠎ᠠ ᠵᠢᠵᠢᠭ ᠠᠵᠤ ᠠᠬᠤᠢ᠌ᠯᠠᠯ ᠪᠤᠯᠤᠨ ᠬᠦᠳᠡᠭᠡ ᠠᠵᠤ ᠠᠬᠤᠢ᠂ ᠬᠦᠳᠡᠭᠡ ᠳᠤᠰᠬᠤᠨ᠂ ᠳᠠᠷᠢᠶᠠᠴᠢᠨ᠎ᠤ ᠬᠦᠭᠵᠢᠯᠳᠡ ᠵᠢ ᠳᠡᠮᠵᠢᠬᠦ ᠬᠡᠷᠡᠭᠲᠠᠢ᠃
      ᠵᠠᠰᠠᠭ᠎ᠤᠨ ᠤᠷᠳᠤᠨ᠎ᠤ ᠴᠢᠨᠠᠷ᠎ᠲᠠᠢ ᠪᠡᠯᠡ ᠮᠦᠩᠭᠦ ᠵᠢ ᠳᠣᠬᠢᠷᠠᠭᠤᠯᠬᠤ᠎ᠳᠠᠭᠠᠨ ᠳᠠᠭ᠋ᠠᠭ᠋ᠠᠴᠢᠯᠠᠨ ᠪᠠᠳᠤᠯᠠᠯᠳᠠ ᠬᠢᠬᠦ ᠦᠢ᠍ᠯᠡᠳᠤᠯ ᠵᠶ᠋ᠠᠨ ᠤᠯᠠᠮ ᠰᠠᠢ᠌ᠨ ᠪᠠᠳᠠᠷᠠᠭᠤᠯᠵᠤ᠂ ᠮᠦᠩᠬᠦᠨ ᠬᠦᠢ᠍ᠯᠭᠡᠭᠡ᠎ᠪᠠᠷ ᠪᠠᠭ᠎ᠠ ᠵᠢᠵᠢᠭ ᠠᠵᠤ ᠠᠬᠤᠢ᠌ᠯᠠᠯ ᠪᠤᠯᠤᠨ ᠬᠦᠳᠡᠭᠡ ᠠᠵᠤ ᠠᠬᠤᠢ᠂ ᠬᠦᠳᠡᠭᠡ ᠳᠤᠰᠬᠤᠨ᠂ ᠳᠠᠷᠢᠶᠠᠴᠢᠨ᠎ᠢ ᠨᠡᠩ ᠰᠠᠢ᠌ᠨ ᠳᠡᠮᠵᠢᠬᠦ ᠵᠢᠨ ᠳᠦᠯᠦᠭᠡ ᠬᠤᠷᠠᠯ᠎ᠠᠴᠠ ᠳᠣᠣᠷᠠᠬᠢ ᠮᠠᠳᠤ ᠳᠤᠭᠳᠠᠭ᠋ᠠᠯ ᠳᠤᠭᠳᠠᠭ᠋ᠠᠪᠠ᠄
     1. ᠡᠯ᠎ᠡ ᠱᠠᠲᠤᠨ᠎ᠤ ᠵᠠᠰᠠᠭ᠎ᠤᠨ ᠤᠷᠳᠤᠨ᠎ᠤ ᠴᠢᠨᠠᠷ᠎ᠲᠠᠢ ᠪᠡᠯᠡ ᠮᠦᠩᠭᠦ ᠵᠢᠨ ᠳᠠᠭ᠋ᠠᠭ᠋ᠠᠴᠢᠯᠠᠨ ᠪᠠᠳᠤᠯᠠᠯᠳᠠ ᠬᠢᠬᠦ᠂ ᠳᠠᠬᠢᠨ ᠳᠠᠭ᠋ᠠᠭ᠋ᠠᠴᠢᠯᠠᠨ ᠪᠠᠳᠤᠯᠠᠯᠳᠠ ᠬᠢᠬᠦ ᠪᠠᠢ᠌ᠭᠤᠯᠤᠮᠵᠢ᠎ᠨᠢ ᠳᠠᠷᠢᠶᠠᠯᠠᠩ᠎ᠢ ᠳᠡᠮᠵᠢᠬᠦ᠎ᠪᠠᠷ ᠭᠤᠤᠯ ᠪᠤᠯᠭ᠋ᠠᠵᠤ᠂ ᠪᠠᠭ᠎ᠠ ᠵᠢᠵᠢᠭ ᠠᠵᠤ ᠠᠬᠤᠢ᠌ᠯᠠᠯ ᠪᠤᠯᠤᠨ ᠬᠦᠳᠡᠭᠡ ᠠᠵᠤ ᠠᠬᠤᠢ᠂ ᠬᠦᠳᠡᠭᠡ ᠳᠤᠰᠬᠤᠨ᠂ ᠳᠠᠷᠢᠶᠠᠴᠢᠨ᠎ᠢ ᠭᠤᠤᠯᠳᠠᠯᠭ᠎ᠠ᠎ᠲᠠᠢ ᠳᠡᠮᠵᠢᠬᠦ ᠭᠡᠷᠡᠭᠳᠡᠢ᠃
     2. ᠭᠦᠢ᠍ᠯᠭᠡᠭᠡᠨ᠎ᠤ ᠪᠡᠯᠨ ᠮᠦᠩᠭᠦ ᠵᠢᠨ ᠦᠪᠡᠷ᠎ᠤᠨ ᠦᠷᠳᠡᠭ᠎ᠢ᠎ᠨᠢ ᠪᠠᠭᠤᠷᠠᠭᠤᠯᠬᠤ ᠭᠡᠷᠡᠭᠳᠡᠢ᠃ ᠤᠯᠤᠰ᠎ᠤᠨ ᠭᠦᠢ᠍ᠯᠭᠡᠭᠡᠨ᠎ᠤ ᠪᠡᠯᠨ ᠮᠦᠩᠭᠦ ᠵᠢᠨ ᠳᠠᠭ᠋ᠠᠭ᠋ᠠᠴᠢᠯᠠᠨ ᠪᠠᠳᠤᠯᠠᠬᠤ ᠰᠠᠭᠤᠷᠢ ᠮᠦᠩᠬᠦᠨ᠎ᠤ ᠳᠠᠭ᠋ᠠᠭ᠋ᠠᠴᠢᠯᠠᠨ ᠪᠠᠳᠤᠯᠠᠬᠤ ᠵᠠᠷᠤᠳᠠᠯ᠎ᠤᠨ ᠨᠤᠷᠮ᠎ᠠ ᠵᠢ ᠮᠤᠵᠢ ᠵᠢᠨ ᠳᠡᠰ᠎ᠤᠨ ᠪᠠᠢ᠌ᠭᠤᠯᠤᠮᠵᠢ ᠵᠢᠨ ᠵᠠᠷᠤᠳᠠᠯ᠎ᠤᠨ ᠬᠠᠷᠢᠴᠠᠯ᠎ᠠᠴᠠ ᠳᠡᠭᠡᠷ᠎ᠠ ᠪᠠᠢ᠌ᠯᠭ᠋ᠠᠵᠤ ᠪᠤᠯᠬᠤ ᠦᠭᠡᠢ᠃ ᠪᠠᠭ᠎ᠠ ᠵᠢᠵᠢᠭ ᠠᠵᠤ ᠠᠬᠤᠢ᠌ᠯᠠᠯ᠎ᠤᠨ ᠭᠦᠢ᠍ᠯᠭᠡᠭᠡᠨ᠎ᠤ ᠪᠡᠯᠨ ᠮᠦᠩᠭᠦ ᠵᠢ ᠳᠠᠭ᠋ᠠᠭ᠋ᠠᠴᠢᠯᠠᠨ ᠪᠠᠳᠤᠯᠠᠬᠤ ᠭᠡᠪᠴᠢᠶ᠎ᠠ᠎ᠪᠠᠨ ᠦᠷᠭᠡᠳᠭᠡᠵᠤ᠂ ᠳᠠᠭ᠋ᠠᠭ᠋ᠠᠴᠢᠯᠠᠨ ᠪᠠᠳᠤᠯᠠᠬᠤ ᠵᠠᠷᠤᠳᠠᠯ᠎ᠢ ᠪᠠᠭᠤᠷᠠᠭᠤᠯᠤᠨ ᠪᠦᠳᠦᠮᠵᠢᠳᠡᠢ ᠠᠮᠵᠢᠯᠳᠠ ᠤᠯᠤᠭᠰᠠᠳ᠎ᠢ ᠳᠦᠪ᠎ᠤᠨ ᠠ᠋ᠳ᠋᠎ᠤᠨ ᠵᠠᠰᠠᠭ᠎ᠠᠴᠠ ᠱᠠᠩᠨᠠᠵᠤ ᠨᠦᠬᠦᠪᠦᠷᠢᠯᠡᠬᠦ ᠭᠡᠷᠡᠭᠳᠡᠢ᠃
     3. ᠠᠶᠤᠯ ᠳᠦᠭᠰᠢᠬᠦᠷᠢ ᠵᠢ ᠬᠤᠪᠢᠶᠠᠨ ᠬᠠᠷᠢᠭᠤᠴᠠᠬᠤ ᠵᠢ ᠭᠡᠷᠡᠭᠵᠢᠬᠦᠯᠵᠤ᠂ ᠤᠯᠤᠰ᠎ᠤᠨ ᠭᠦᠢ᠍ᠯᠭᠡᠭᠡᠨ᠎ᠤ ᠪᠡᠯᠨ ᠮᠦᠩᠭᠦ ᠵᠢ ᠳᠠᠭ᠋ᠠᠭ᠋ᠠᠴᠢᠯᠠᠨ ᠪᠠᠳᠤᠯᠠᠬᠤ ᠰᠠᠭᠤᠷᠢ ᠮᠦᠩᠬᠦ ᠪᠤᠯᠤᠨ ᠮᠦᠩᠬᠦᠨ ᠬᠦᠢ᠍ᠯᠭᠡᠭᠡᠨ᠎ᠤ ᠪᠠᠢ᠌ᠭᠤᠯᠤᠮᠵᠢ ᠵᠢᠨ ᠳᠠᠭ᠋ᠠᠭ᠋ᠠᠴᠢᠯᠠᠨ ᠬᠠᠷᠢᠭᠤᠴᠠᠬᠤ ᠠᠶᠤᠯ ᠳᠦᠭᠰᠢᠬᠦᠷᠢ ᠵᠢᠨ ᠬᠠᠷᠢᠭᠤᠴᠠᠯᠭ᠎ᠠ ᠵᠢᠨ ᠬᠠᠷᠢᠴᠠᠯ᠎ᠢ ᠵᠠᠷᠴᠢᠮ ᠳᠡᠭᠡᠷ᠎ᠠ᠎ᠪᠠᠨ 20%᠎ᠠᠴᠠ ᠳᠤᠤᠷ᠎ᠠ ᠪᠠᠢ᠌ᠯᠭ᠋ᠠᠵᠤ ᠪᠤᠯᠬᠤ ᠦᠭᠡᠢ ᠪᠦᠭᠡᠳ ᠪᠠᠩᠬᠢ ᠵᠢᠨ᠎ᠬᠢᠨ ᠠ᠋ᠬᠦᠨ᠎ᠳᠤ ᠰᠢᠯᠳᠠᠭ᠋ᠠᠯᠠᠨ ᠪᠤᠳᠠᠳᠠᠢ ᠵᠢᠭᠡᠯᠡᠯᠭᠡ ᠳᠠᠯᠪᠢᠬᠤ ᠳᠤᠭ᠎ᠠ ᠨᠤᠷᠮ᠎ᠠ᠎ᠪᠠᠨ ᠬᠠᠰᠤᠵᠤ ᠪᠤᠯᠬᠤ ᠦᠭᠡᠢ᠃ ᠡᠯ᠎ᠡ ᠭᠠᠵᠠᠷ᠎ᠤᠨ ᠳᠠᠷᠢᠶᠠᠯᠠᠩ ᠪᠤᠯᠤᠨ ᠪᠠᠭ᠎ᠠ ᠵᠢᠵᠢᠭ ᠠᠵᠤ ᠠᠬᠤᠢ᠌ᠯᠠᠯ᠎ᠤᠨ ᠭᠦᠢ᠍ᠯᠭᠡᠭᠡᠨ᠎ᠤ ᠪᠡᠯᠨ ᠮᠦᠩᠭᠦ ᠳᠠᠭ᠋ᠠᠭ᠋ᠠᠴᠢᠯᠠᠨ ᠪᠠᠳᠤᠯᠠᠯᠳᠠ ᠬᠢᠭᠰᠡᠨ ᠨᠤᠷᠮ᠎ᠠ᠎ᠨᠢ ᠦᠨᠳᠦᠷ᠂ ᠨᠡᠮᠡᠭᠳᠡᠯ᠎ᠨᠢ ᠳᠦᠷᠭᠡᠨ ᠪᠠᠢ᠌ᠭᠤᠯᠤᠮᠵᠢ᠎ᠳᠤ ᠠᠶᠤᠯ ᠳᠦᠭᠰᠢᠬᠦᠷᠢ ᠵᠢᠨ ᠨᠦᠬᠦᠪᠤᠷᠢ ᠦᠭᠬᠦᠨ ᠵᠤᠷᠢᠭᠵᠢᠭᠤᠯᠬᠤ ᠭᠡᠷᠡᠭᠳᠡᠢ᠃ ᠠ᠋ᠳ᠋᠎ᠤᠨ ᠵᠠᠰᠠᠭ᠎ᠠᠴᠠ ᠪᠡᠯᠡ ᠭᠠᠷᠭ᠋ᠠᠬᠤ᠎ᠪᠠᠷ ᠭᠤᠤᠯ ᠪᠤᠯᠭ᠋ᠠᠭᠰᠠᠨ ᠤᠯᠠᠨ ᠠ᠋ᠰᠢᠵᠢᠭ᠌ᠰᠡᠨ ᠪᠡᠯᠡ ᠮᠦᠩᠬᠦᠨ᠎ᠤ ᠨᠦᠬᠦᠪᠤᠷᠢ ᠵᠢᠨ ᠳᠤᠭᠳᠠᠴᠠ ᠵᠢ ᠰᠦᠪᠡᠭᠴᠢᠯᠠᠨ᠂ ᠵᠠᠰᠠᠭ᠎ᠤᠨ ᠤᠷᠳᠤᠨ᠎ᠤ ᠴᠢᠨᠠᠷ᠎ᠲᠠᠢ ᠭᠦᠢ᠍ᠯᠭᠡᠭᠡᠨ᠎ᠤ ᠪᠡᠯᠡᠨ ᠮᠦᠩᠭᠦ ᠵᠢᠨ ᠳᠠᠭ᠋ᠠᠭ᠋ᠠᠴᠢᠯᠠᠨ ᠪᠠᠳᠤᠯᠠᠯᠳᠠ ᠵᠢᠨ ᠦᠷᠬᠦᠯᠵᠢᠯᠡᠨ ᠬᠦᠭᠵᠢᠬᠦ ᠵᠢ ᠪᠠᠳᠤᠯᠠᠬᠤ ᠭᠡᠷᠡᠭᠳᠡᠢ᠃

ᠢᠷᠡᠯᠲᠡ᠄
          
ᠬᠠᠮᠢᠶ᠎ᠡ ᠪᠦᠬᠦᠢ ᠰᠣᠨᠢᠨ
ᠯᠢ ᠺᠸ ᠴᠢᠶᠠᠩ ᠶᠠᠭᠤᠨ᠎ᠳᠤ ᠠ᠋ᠨᠡ ᠠᠷᠠᠳ᠎ᠤᠨ ᠡᠵᠡᠩᠨᠡᠯᠳᠡ ᠵᠢᠨ ᠠᠵᠤ ᠠᠬᠤᠢ᠌ᠯᠠᠯ᠎ᠤᠨ ᠬᠠᠷᠢᠭᠤᠴᠠᠯᠭ᠋ᠠᠳᠠᠨ᠎ᠢ ᠵᠦᠩ ᠨᠠᠨ ᠬᠠᠢ᠎ᠳᠤ ᠤᠷᠢᠭᠰᠠᠨ ᠪᠤᠢ?
ᠯᠢᠦ ᠠ᠋ᠾᠸ ᠠᠮᠸᠷᠢᠺᠠ ᠵᠢᠨ ᠤᠤᠯ᠎ᠤᠨ ᠳᠦᠷᠦ ᠵᠢᠨ ᠶᠠᠪᠤᠳᠠᠯ᠎ᠤᠨ ᠰᠠᠢ᠌ᠳ ᠵᠢᠰᠢᠨᠭᠸ᠎ᠲᠠᠢ ᠠᠭᠤᠯᠵᠠᠪᠠ
ᠸᠸᠢ ᠹᠸᠩ ᠠ᠋ᠾᠸ ᠠᠮᠸᠷᠢᠺᠠ ᠵᠢᠨ ᠤᠯᠤᠰ᠎ᠤᠨ ᠪᠠᠳᠤᠯᠠᠨ ᠬᠠᠮᠠᠭ᠋ᠠᠯᠠᠯᠳᠠ ᠵᠢᠨ ᠶᠠᠮᠤᠨ᠎ᠤ ᠰᠠᠢ᠌ᠳ ᠮᠠᠲ᠋ᠢᠰ᠎ᠲᠠᠢ ᠠᠭᠤᠯᠵᠠᠨ ᠶᠠᠷᠢᠯᠴᠠᠪᠠ
ᠯᠢ ᠺᠸ ᠴᠢᠶᠠᠩ ᠠᠵᠤ ᠠᠬᠤᠢ ᠵᠢᠨ ᠪᠠᠢ᠌ᠳᠠᠯ᠎ᠤᠨ ᠳᠤᠬᠠᠢ ᠳᠤᠰᠬᠠᠢ ᠮᠡᠷᠭᠡᠵᠢᠯᠳᠡᠨ ᠪᠤᠯᠤᠨ ᠠᠵᠤ ᠠᠬᠤᠢ᠌ᠯᠠᠯᠳᠠᠨ᠎ᠤ ᠶᠠᠷᠢᠯᠴᠠᠬᠤ ᠬᠤᠷᠠᠯ᠎ᠢ ᠠ᠋ᠷᠬᠢᠯᠡᠨ ᠭᠡᠪᠡ
ᠸᠠᠩ ᠢ ᠪᠸᠩᠭ᠋ᠠᠯ ᠤᠯᠤᠰ᠎ᠤᠨ ᠭᠠᠳᠠᠭ᠋ᠠᠳᠤ ᠶᠠᠪᠤᠳᠠᠯ᠎ᠤᠨ ᠶᠠᠮᠤᠨ᠎ᠤ ᠪᠠᠢ᠌ᠩᠭᠤ ᠵᠢᠨ ᠨᠠᠷᠢᠨ ᠪᠢᠴᠢᠭᠡᠴᠢ ᠬᠠᠺᠸ᠎ᠲᠠᠢ ᠠᠭᠤᠯᠵᠠᠪᠠ
 
            