3 ᠳ᠋ᠤᠭ᠋ᠠᠷ ᠰᠠᠷ᠎ᠠ ᠵᠢᠨ 18᠎ᠤ ᠠ᠋ᠳᠤᠷ᠂ ᠲᠦᠷᠤ ᠵᠢᠨ ᠶᠠᠪᠤᠳᠠᠯ᠎ᠤᠨ ᠬᠣᠷᠢᠶᠠᠨ᠎ᠤ ᠭᠡᠰᠢᠭᠦᠨ ᠪᠦᠭᠡᠳ ᠭᠠᠳᠠᠭ᠋ᠠᠳᠤ ᠶᠠᠪᠤᠳᠠᠯ᠎ᠤᠨ ᠶᠠᠮᠤᠨ᠎ᠤ ᠰᠠᠢ᠌ᠳ ᠸᠠᠩ ᠢ ᠠ᠋ᠸᠣᠢ᠍ᠷᠣᠫᠠ ᠵᠢᠨ ᠬᠣᠯᠪᠣᠭ᠋ᠠᠨ᠎ᠤ ᠭᠠᠳᠠᠭ᠋ᠠᠳᠤ ᠬᠠᠷᠢᠯᠴᠠᠭ᠎ᠠ ᠬᠢᠭᠡᠳ ᠠᠮᠤᠷ᠎ᠢ ᠬᠠᠮᠠᠭ᠋ᠠᠯᠠᠬᠤ ᠲᠦᠷᠤ ᠵᠢᠨ ᠪᠣᠳᠤᠯᠭ᠎ᠠ ᠵᠢᠨ ᠳᠡᠭᠡᠳᠤ ᠳᠡᠰ᠎ᠤᠨ ᠲᠦᠯᠣᠭᠡᠯᠡᠭᠴᠢ ᠮᠦᠭᠸᠢᠢ᠍ᠯᠢᠨᠢᠲᠠᠢ ᠬᠠᠮᠲᠤ ᠰᠣᠷᠪᠣᠯᠵᠢᠯᠠᠭᠴᠢ᠎ᠲᠠᠢ ᠠᠭᠤᠯᠵᠠᠭ᠋ᠠᠳ᠂ ᠳᠤᠮᠳᠠᠳᠤ ᠠ᠋ᠸᠣᠢ᠍ᠷᠣᠫᠠ ᠪᠣᠯ ᠪᠦᠬᠦ ᠲᠠᠯ᠎ᠠ ᠵᠢᠨ ᠪᠠᠢ᠌ᠯᠳᠤᠬᠤ ᠪᠣᠳᠤᠯᠭ᠎ᠠ ᠵᠢᠨ ᠬᠠᠨᠢᠲᠠᠨ ᠮᠦᠨ᠂ ᠳᠤᠮᠳᠠᠳᠤ ᠠ᠋ᠸᠣᠢ᠍ᠷᠣᠫᠠ ᠵᠢᠨ ᠬᠣᠭᠤᠷᠤᠨᠳᠤᠬᠢ ᠬᠠᠷᠢᠴᠠᠭ᠎ᠠ ᠵᠢᠨ ᠬᠠᠮᠲᠤᠷᠠᠯᠴᠠᠭ᠎ᠠ ᠪᠣᠯᠣᠨ ᠦᠷᠢᠰᠣᠯᠳᠤᠭᠡᠨᠢ ᠬᠡᠷᠬᠢᠨ ᠦᠵᠡᠬᠦ ᠪᠣᠯ ᠣᠳᠣᠬᠠᠨ᠎ᠤ ᠡᠯ᠎ᠡ ᠲᠠᠯ᠎ᠠ ᠵᠢᠨ ᠠᠩᠬᠠᠷᠤᠯ᠎ᠤᠨ ᠭᠣᠣᠯᠳᠠᠯᠠᠭᠠ ᠪᠣᠯᠵᠤ ᠪᠣᠢ᠃ ᠲᠤᠰ ᠤᠳᠠᠭ᠋ᠠᠨ᠎ᠤ ᠳᠡᠭᠡᠳᠤ ᠳᠡᠰ᠎ᠤᠨ ᠪᠠᠢ᠌ᠯᠳᠤᠬᠤ ᠪᠣᠳᠣᠯᠭ᠎ᠠ ᠵᠢᠨ ᠶᠠᠷᠢᠯᠴᠠᠭ᠋ᠠᠨ᠎ᠳᠤ ᠬᠣᠶᠠᠷ ᠲᠠᠯ᠎ᠠ ᠵᠢᠨ ᠦᠵᠡᠯᠲᠡ ᠨᠢᠭᠡᠳᠪᠡ᠃ ᠲᠡᠷᠨ᠎ᠨᠢ ᠳᠠᠷᠤᠢ ᠳᠤᠮᠳᠠᠳᠤ ᠠ᠋ᠸᠣᠢ᠍ᠷᠣᠫᠠ ᠵᠢᠨ ᠬᠤᠭᠤᠷᠤᠨᠳᠤᠬᠢ ᠬᠠᠮᠲᠤᠷᠠᠯᠴᠠᠭ᠎ᠠ᠎ᠨᠢ ᠦᠷᠢᠰᠤᠯᠳᠤᠭᠡᠨᠠᠴᠠᠪᠠᠨ ᠬᠤᠯᠨ ᠶᠡᠬᠡ᠂ ᠬᠠᠮᠲᠤ ᠵᠢᠨ ᠲᠠᠨᠢᠯᠲᠠ᠎ᠨᠢ ᠵᠦᠷᠢᠶᠡᠨᠠᠴᠠᠪᠠᠨ ᠬᠣᠯᠨ ᠢᠯᠡᠭᠦᠤ ᠪᠠᠢ᠌ᠨ᠎ᠠ᠃ ᠬᠤᠷᠢᠶᠠᠩᠭᠤᠢ᠌ᠯᠠᠪᠠᠯ᠂ ᠳᠤᠮᠳᠠᠳᠤ ᠠ᠋ᠸᠣᠢ᠍ᠷᠣᠫᠠ ᠠᠷᠪᠠᠨ ᠲᠠᠯ᠎ᠠ᠎ᠪᠠᠷ ᠴᠢᠬᠤᠯᠨ ᠬᠠᠮᠲᠤ ᠵᠢᠨ ᠲᠠᠨᠢᠯᠲᠠ᠎ᠲᠠᠢ ᠪᠣᠯᠪᠠ᠄
ᠨᠢᠭᠡ᠎ᠳᠤ ᠪᠦᠷ ᠣᠯᠠᠨ ᠲᠠᠯᠠᠲᠤ ᠦᠵᠡᠯ᠎ᠢ ᠳᠡᠮᠵᠢᠵᠤ᠂ ᠭᠠᠭᠴᠠ ᠲᠠᠯ᠎ᠠ ᠵᠢᠨ ᠠᠵᠢᠯᠯᠠᠭ᠎ᠠ ᠵᠢ ᠠ᠋ᠰᠡᠷᠭᠦᠴᠡᠨᠡ; ᠬᠣᠶᠠᠷ᠎ᠲᠤ ᠣᠯᠠᠨ ᠤᠯᠤᠰ᠎ᠤᠨ ᠬᠣᠯᠪᠣᠭ᠋ᠠᠲᠤ ᠪᠠᠢ᠌ᠭᠤᠯᠭ᠎ᠠ᠎ᠨᠢ ᠣᠯᠠᠨ ᠤᠯᠤᠰ᠎ᠤᠨ ᠬᠡᠷᠡᠭ ᠶᠠᠪᠤᠳᠠᠯ᠎ᠳᠤ ᠭᠣᠣᠯᠯᠠᠬᠤ ᠦᠢ᠍ᠯᠡᠳᠤᠯ ᠦᠵᠡᠭᠦᠯᠵᠤ᠂ ᠦᠨᠳᠤᠰᠤᠨ ᠲᠦᠷᠢᠮ ᠵᠣᠷᠢᠯᠲᠠ᠎ᠪᠠᠷ ᠰᠠᠭᠤᠷᠢ ᠪᠣᠯᠭ᠋ᠠᠭᠰᠠᠨ ᠣᠯᠠᠨ ᠤᠯᠤᠰ᠎ᠤᠨ ᠬᠠᠷᠢᠯᠴᠠᠭ᠋ᠠᠨ᠎ᠤ ᠦᠨᠳᠤᠰᠤᠨ ᠵᠠᠷᠴᠢᠮ᠎ᠢ ᠪᠦᠷ ᠳᠡᠮᠵᠢᠨ᠎ᠡ; ᠭᠤᠷᠪᠠ᠎ᠳᠤ ᠪᠦᠷ ᠴᠢᠯᠣᠭᠡᠲᠠᠢ ᠶᠠᠪᠤᠯᠴᠠᠬᠤ ᠳᠡᠯᠡᠬᠡᠢ ᠵᠢᠨ ᠠᠵᠤ ᠠᠬᠤᠢ ᠵᠢ ᠪᠠᠢ᠌ᠭᠤᠯᠬᠤ ᠵᠢ ᠳᠡᠮᠵᠢᠵᠤ᠂ ᠬᠠᠮᠠᠭ᠋ᠠᠯᠠᠬᠤ ᠦᠵᠡᠯ᠎ᠢ ᠠ᠋ᠰᠡᠷᠭᠦᠴᠡᠨᠡ; ᠳᠦᠷᠪᠡ᠎ᠳᠤ ᠪᠦᠷ ᠲᠦᠷᠢᠮ ᠵᠶ᠋ᠠᠷ ᠰᠠᠭᠤᠷᠢᠯᠠᠭᠰᠠᠨ ᠣᠯᠠᠨ ᠲᠠᠯᠠᠲᠤ ᠠᠷᠠᠯᠵᠢᠶᠠᠨ᠎ᠤ ᠪᠠᠢ᠌ᠭᠤᠯᠤᠯ᠎ᠢ ᠳᠡᠮᠵᠢᠵᠤ᠂ ᠳᠡᠯᠡᠬᠡᠢ ᠵᠢᠨ ᠠᠷᠠᠯᠵᠢᠶᠠᠨ᠎ᠤ ᠵᠣᠬᠢᠶᠠᠨ ᠪᠠᠢ᠌ᠭᠤᠯᠤᠯᠲᠠ ᠵᠢ ᠦᠭᠡᠷᠡᠴᠢᠯᠡᠨ ᠲᠡᠭᠦᠯᠳᠡᠷᠵᠢᠭᠦᠯᠣᠨᠡ; ᠲᠠᠪᠤ᠎ᠳᠤ ᠪᠦᠷ ᠡᠯ᠎ᠡ ᠵᠦᠢ᠍ᠯ᠎ᠤᠨ ᠬᠠᠯᠠᠮᠰᠢᠯ ᠠᠰᠠᠭᠤᠳᠠᠯ ᠪᠠ ᠭᠠᠵᠠᠷ ᠣᠷᠣᠨ᠎ᠤ ᠵᠦᠷᠢᠴᠡᠯ᠎ᠢ ᠨᠠᠢ᠌ᠷᠠᠮᠳᠠᠯ᠎ᠤᠨ ᠠᠷᠭ᠎ᠠ᠎ᠪᠠᠷ᠂ ᠶᠠᠷᠢᠯᠴᠠᠭ᠎ᠠ᠎ᠪᠠᠷ ᠵᠦᠪᠳᠡᠯᠴᠡᠨ ᠰᠢᠢ᠍ᠳᠪᠤᠷᠢᠯᠡᠬᠦ ᠵᠢ ᠳᠡᠮᠵᠢᠨ᠎ᠡ; ᠵᠢᠷᠭᠤᠭ᠎ᠠ᠎ᠳᠤ ᠪᠦᠷ ᠣᠯᠠᠨ ᠤᠯᠤᠰ᠎ᠤᠨ ᠬᠠᠮᠲᠤᠷᠠᠯᠴᠠᠭ᠎ᠠ ᠵᠢ ᠴᠢᠩᠭ᠋ᠠᠳᠬᠠᠨ᠂ ᠴᠠᠭ ᠠᠭᠤᠷ᠎ᠤᠨ ᠬᠤᠪᠢᠷᠠᠯᠲᠠ ᠵᠡᠷᠭᠡ ᠪᠦᠬᠦ ᠪᠦᠮᠪᠦᠷᠴᠡᠭ᠎ᠤᠨ ᠴᠢᠨᠠᠷᠲᠠᠢ ᠦᠷᠢᠰᠤᠯᠳᠤᠭᠡᠨ᠎ᠢ ᠬᠦᠯᠢᠶᠡᠨ᠎ᠡ; ᠳᠣᠯᠤᠭ᠎ᠠ᠎ᠳᠤ ᠪᠦᠷ ᠤᠯᠠᠨ ᠤᠯᠤᠰ᠎ᠤᠨ ᠠᠶᠤᠯᠲᠤ ᠵᠡᠪᠰᠡᠭ᠎ᠤᠨ ᠰᠠᠷᠨᠢᠬᠤ ᠵᠢ ᠰᠡᠷᠭᠡᠢ᠌ᠯᠡᠬᠦ ᠳᠣᠭᠲᠠᠴᠠ ᠵᠢ ᠪᠠᠷᠢᠮᠲᠠᠯᠠᠬᠤ ᠵᠢ ᠳᠡᠮᠵᠢᠵᠤ᠂ ᠪᠦᠬᠦ ᠪᠦᠮᠪᠦᠷᠴᠡᠭ᠎ᠤᠨ ᠪᠠᠢ᠌ᠯᠳᠤᠬᠤ ᠪᠣᠳᠣᠯᠭ᠎ᠠ ᠵᠢᠨ ᠳᠣᠭᠲᠠᠭᠤᠨᠢ ᠬᠠᠮᠠᠭ᠋ᠠᠯᠠᠨ᠎ᠠ; ᠨᠠᠢ᠍ᠮᠨ᠎ᠳᠤ ᠪᠦᠷ 2030 ᠣᠨ᠎ᠤ ᠦᠷᠭᠦᠯᠵᠢᠯᠡᠡ ᠬᠦᠭᠵᠢᠬᠦ ᠲᠦᠯᠣᠪᠵᠢᠭᠦᠯᠭᠡ ᠵᠢᠨ ᠨᠠᠢ᠌ᠲᠠᠪᠦᠷᠢᠵᠢᠯᠲᠠ ᠵᠢ ᠳᠡᠮᠵᠢᠵᠤ᠂ ᠪᠠᠶᠠᠨ ᠶᠠᠳᠠᠭᠤ ᠵᠢᠨ ᠪᠠ ᠠ᠋ᠮᠤᠨᠡᠲᠤ ᠤᠮᠠᠷᠠᠲᠤ ᠵᠢᠨ ᠵᠦᠷᠢᠶ᠎ᠡ ᠵᠢ ᠪᠠᠭ᠋ᠠᠰᠬᠠᠬᠤ᠎ᠪᠠᠷ ᠴᠢᠷᠮᠠᠢ᠌ᠨ᠎ᠠ; ᠶᠢᠰᠤ᠎ᠳᠤ ᠪᠦᠷ ᠵᠦᠢ᠍ᠯ ᠪᠦᠷᠢ ᠵᠢᠨ ᠰᠦᠷᠳᠡᠭᠦᠯᠤᠯ᠎ᠤᠨ ᠦᠵᠡᠯ᠎ᠳᠤ ᠴᠣᠬᠢᠯᠲᠠ ᠦᠭᠬᠦ ᠵᠢ ᠳᠡᠮᠵᠢᠵᠤ᠂ ᠦᠨᠳᠤᠰᠤ ᠵᠢ᠎ᠨᠢ ᠵᠡᠷᠭᠡ᠎ᠪᠡᠷ ᠵᠠᠰᠠᠨ᠂ ᠭᠡᠲᠤᠷᠡᠭᠦᠤ ᠦᠵᠡᠯ ᠰᠠᠨᠠᠭ᠋ᠠᠨ᠎ᠤ ᠤᠷᠤᠰᠬᠠᠯ᠎ᠤᠨ ᠶᠡᠬᠡᠳᠭᠦ ᠵᠢ ᠬᠣᠷᠢᠭᠯᠠᠨᠡ; ᠠᠷᠪᠠ᠎ᠳᠤ ᠪᠦᠷ ᠳᠡᠯᠡᠬᠡᠢ ᠵᠢᠨ ᠬᠣᠶᠠᠳᠤᠭ᠋ᠠᠷ ᠶᠡᠬᠡ ᠳᠠᠢ᠌ᠨ᠎ᠠᠴᠠ ᠨᠠᠭ᠋ᠠᠰᠢ ᠪᠣᠢ ᠪᠣᠯᠤᠭᠰᠠᠨ ᠳᠡᠯᠡᠬᠡᠢ ᠨᠡᠢ᠌ᠲᠡ ᠵᠢᠨ ᠳᠣᠭᠲᠠᠯᠴᠠᠭ᠎ᠠ ᠪᠣᠯᠤᠨ ᠠ᠋ᠮᠬᠢ ᠵᠢᠷᠤᠮ᠎ᠢ ᠬᠠᠮᠠᠭ᠋ᠠᠯᠠᠬᠤ ᠵᠢ ᠳᠡᠮᠵᠢᠵᠤ᠂ ᠬᠣᠪᠢ᠎ᠪᠠᠷ ᠵᠶ᠋ᠠᠨ ᠳᠤᠰᠠᠭ᠋ᠠᠷᠯᠠᠬᠤ ᠦᠭᠡᠢ ᠪᠠᠢ᠌ᠬᠤ ᠵᠡᠷᠭᠡ ᠪᠣᠯᠤᠨ᠎ᠠ᠃
ᠮᠦᠭᠸᠢᠢ᠍ᠯᠢᠨᠢ ᠠ᠋ᠭᠦᠨ᠎ᠢ ᠪᠦᠷᠢᠮᠤᠰᠤᠨ ᠵᠦᠪᠰᠢᠶᠡᠷᠡᠬᠦ ᠮᠦᠷᠲᠡᠭᠡᠨ ᠳᠤᠮᠳᠠᠳᠤ ᠠ᠋ᠸᠣᠢ᠍ᠷᠤᠫᠠ ᠵᠢᠨ ᠬᠠᠮᠲᠤᠷᠠᠯᠴᠠᠭ᠋ᠠᠨ᠎ᠤ ᠭᠦᠨᠵᠡᠭᠡᠢ᠌ᠷᠡᠬᠦ ᠵᠢ ᠳᠠᠭ᠋ᠠᠯᠳᠤᠨ᠂ ᠮᠠᠨ᠎ᠤ ᠬᠣᠭᠣᠷᠤᠨᠳᠤᠬᠢ ᠳᠠᠨᠢᠯᠲᠠ ᠤᠯᠠᠮ ᠨᠢᠭᠡ ᠠᠯᠬᠤᠮ ᠳᠡᠭᠡᠭᠰᠢᠯᠡᠬᠦ ᠶᠤᠮ ᠭᠡᠵᠡᠢ᠃