ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠡᠶ᠋ᠢᠭᠡᠮ ᠰᠡᠳᠬᠦᠯ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠢᠨ ᠮᠡᠳᠡᠭᠡ   -   ᠰᠣᠨᠢᠨ ᠮᠡᠳᠡᠭᠡ
ᠤᠯᠠᠭ᠋ᠠᠨᠴᠠᠪ ᠬᠤᠲᠠ ᠨᠠᠰᠤᠲᠠᠳ᠎ᠢ ᠠᠰᠠᠷᠠᠬᠤ ᠦᠢ᠍ᠯᠡᠴᠢᠯᠡᠭᠡ ᠵᠢᠨ ᠴᠢᠨᠠᠷ ᠴᠢᠨᠰᠠᠭ᠎ᠠ ᠵᠢ ᠰᠠᠢ᠌ᠵᠢᠷᠠᠭᠤᠯᠬᠤ ᠶᠠᠪᠤᠳᠠᠯ᠎ᠢ ᠢᠲᠡᠪᠬᠢᠲᠠᠢ ᠠᠬᠢᠭᠤᠯᠪᠠ
ᠨᠡᠶᠢᠲᠡᠯᠡᠭᠰᠡᠨ ᠴᠠᠭ᠄ 2019-03-14

                   
     2018 ᠤᠨ᠎ᠳᠤ ᠤᠯᠠᠭ᠋ᠠᠨᠴᠠᠪ ᠬᠤᠲᠠ ᠵᠢᠨ ᠠᠷᠠᠳ᠎ᠤᠨ ᠶᠠᠪᠤᠳᠠᠯ᠎ᠤᠨ ᠲᠤᠪᠴᠢᠶ᠎ᠠ ᠲᠦᠷᠢᠮ ᠲᠤᠭᠲᠠᠭ᠋ᠠᠠᠯ᠎ᠢ ᠵᠢᠷᠤᠮᠵᠢᠭᠤᠯᠬᠤ ᠪᠠ ᠠᠷᠭ᠎ᠠ ᠬᠡᠮᠵᠢᠶ᠎ᠡ᠎ᠪᠠᠨ ᠴᠢᠩᠭ᠋ᠠᠳᠬᠠᠵᠦ᠂ ᠭᠠᠵᠠᠷ ᠤᠷᠤᠨ᠎ᠤ᠎ᠪᠠᠨ ᠡᠯ᠎ᠡ ᠵᠦᠢ᠍ᠯ᠎ᠤᠨ ᠠ᠋ᠬᠢ ᠪᠠᠶᠠᠯᠢᠭ᠎ᠢ ᠨᠢᠭᠡᠳᠦᠯᠲᠠᠢ ᠲᠦᠯᠦᠪᠯᠡᠨ᠂ ᠭᠤᠤᠯᠳᠠᠯᠭ᠎ᠠ ᠵᠢ ᠠᠳᠬᠤᠵᠦ᠂ ᠲᠤᠲᠠᠭᠤᠳᠠᠯ ᠵᠶ᠋ᠠᠨ ᠨᠦᠬᠦᠪᠤᠷᠢᠯᠡᠨ᠂ ᠪᠠᠭᠤᠷᠠᠢ ᠲᠠᠯ᠎ᠠ᠎ᠪᠠᠨ ᠴᠢᠩᠭ᠋ᠠᠳᠬᠠᠵᠤ᠂ ᠨᠠᠰᠤᠲᠠᠳ᠎ᠢ ᠠᠰᠠᠷᠠᠬᠤ ᠦᠢ᠍ᠯᠡᠴᠢᠯᠡᠭᠡ ᠵᠢᠨ ᠴᠢᠨᠠᠷ ᠴᠢᠨᠰᠠᠭ᠎ᠠ᠎ᠪᠠᠨ ᠰᠠᠢ᠌ᠵᠢᠷᠠᠭᠤᠯᠤᠨ ᠦᠷ᠎ᠡ ᠠᠰᠢᠭ ᠵᠶ᠋ᠠᠨ ᠨᠡᠮᠡᠭᠳᠡᠭᠦᠯᠵᠠᠢ᠃
      ᠨᠠᠰᠤᠲᠠᠳ᠎ᠢ ᠠᠰᠠᠷᠠᠬᠤ ᠦᠢ᠍ᠯᠡᠴᠢᠯᠡᠭᠡ ᠬᠠᠮᠢᠶᠠᠷᠤᠯᠲᠠ ᠵᠢᠨ ᠲᠦᠷᠢᠮ ᠵᠶ᠋ᠠᠨ ᠨᠢᠭᠡᠳᠬᠡᠵᠤ᠂ ᠦᠢ᠍ᠯᠡᠴᠢᠯᠡᠭᠡᠨ᠎ᠤ ᠴᠢᠨᠠᠷ ᠴᠢᠨᠰᠠᠭ᠎ᠠ᠎ᠪᠠᠨ ᠰᠠᠢ᠌ᠵᠢᠷᠠᠭᠤᠯᠪᠠ
     2018 ᠤᠨ᠎ᠳᠤ ᠤᠯᠠᠭ᠋ᠠᠨᠴᠠᠪ ᠬᠤᠲᠠ ᠵᠢᠨ ᠠᠷᠠᠳ᠎ᠤᠨ ᠶᠠᠪᠤᠳᠠᠯ᠎ᠤᠨ ᠲᠤᠪᠴᠢᠶ᠎ᠠ 《ᠤᠯᠠᠭ᠋ᠠᠨᠴᠠᠪ ᠬᠤᠲᠠ ᠵᠢᠨ 2018 ᠤᠨ᠎ᠤ ᠨᠠᠰᠤᠲᠠᠳ᠎ᠢ ᠠᠰᠠᠷᠠᠬᠤ ᠬᠦᠷᠢᠶᠡᠯᠡᠩ᠎ᠤᠨ ᠦᠢ᠍ᠯᠡᠴᠢᠯᠡᠭᠡᠨ᠎ᠤ ᠴᠢᠨᠠᠷ ᠴᠢᠨᠰᠠᠭ᠎ᠠ ᠵᠢ ᠳᠡᠭᠡᠭᠰᠢᠯᠡᠭᠦᠯᠬᠦ ᠲᠤᠰᠬᠠᠢ ᠠᠵᠢᠯᠯᠠᠭ᠎ᠠ ᠦᠷᠨᠢᠭᠦᠯᠬᠦ ᠲᠦᠰᠦᠪ》 ᠲᠠᠷᠬᠠᠭ᠋ᠠᠵᠦ᠂ ᠪᠦᠬᠦ ᠬᠤᠲᠠ ᠵᠢᠨ ᠨᠠᠰᠤᠲᠠᠳ᠎ᠢ ᠠᠰᠠᠷᠠᠬᠤ ᠬᠦᠷᠢᠶᠡᠯᠡᠩ᠎ᠤᠨ ᠦᠢ᠍ᠯᠡᠴᠢᠯᠡᠭᠡᠨ᠎ᠤ ᠴᠢᠨᠠᠷ ᠴᠢᠨᠰᠠᠭ᠎ᠠ ᠵᠢ ᠰᠠᠢ᠌ᠵᠢᠷᠠᠭᠤᠯᠬᠤ ᠠᠵᠢᠯ᠎ᠤᠨ ᠬᠤᠷᠠᠯ ᠬᠤᠷᠠᠯᠳᠤᠭᠤᠯᠤᠭᠰᠠᠨ ᠪᠦᠭᠡᠳ ᠵᠢᠱ᠌ᠢᠶ᠎ᠡ ᠦᠵᠡᠭᠦᠯᠦᠭᠴᠢ ᠨᠠᠰᠤᠲᠠᠳ᠎ᠢ ᠠᠰᠠᠷᠠᠬᠤ ᠪᠠᠢ᠌ᠭᠤᠯᠤᠮᠵᠢ ᠵᠢ ᠲᠤᠭᠤᠷᠢᠨ᠂ ᠦᠢ᠍ᠯᠡᠴᠢᠯᠡᠭᠡᠨ᠎ᠤ ᠳᠦᠷᠢᠮ᠂ ᠬᠠᠮᠢᠶᠠᠷᠤᠯᠲᠠ ᠵᠢᠨ ᠵᠢᠷᠤᠮᠵᠢᠯ ᠵᠡᠷᠭᠡ ᠠᠷᠭ᠎ᠠ ᠲᠤᠷᠰᠢᠯᠭ᠎ᠠ ᠵᠢ ᠰᠤᠷᠤᠯᠴᠠᠪᠠ᠃ ᠨᠠᠰᠤᠲᠠᠳ᠎ᠢ ᠠᠰᠠᠷᠠᠬᠤ ᠦᠢ᠍ᠯᠡᠴᠢᠯᠡᠭᠡᠨ᠎ᠤ ᠴᠢᠨᠠᠷ ᠴᠢᠨᠰᠠᠭ᠎ᠠ ᠵᠢ ᠳᠡᠭᠡᠭᠰᠢᠯᠡᠭᠦᠯᠬᠦ ᠨᠠᠷᠢᠨ ᠲᠠᠩᠰᠠᠨ᠎ᠳᠠᠬᠢ 115 ᠵᠦᠢ᠍ᠯ᠎ᠤᠨ ᠠᠭᠤᠯᠭ᠎ᠠ᠎ᠳᠤ ᠰᠠᠭᠤᠷᠢᠯᠠᠨ᠂ 《ᠨᠠᠰᠤᠲᠠᠳ᠎ᠢ ᠠᠰᠠᠷᠠᠬᠤ ᠪᠠᠢ᠌ᠭᠤᠯᠤᠮᠵᠢ ᠵᠢᠨ ᠬᠠᠮᠢᠶᠠᠷᠤᠯᠲᠠ ᠵᠢᠨ ᠳᠦᠷᠢᠮ᠎ᠤᠨ ᠬᠦᠲᠦᠯᠪᠤᠷᠢ》 ᠵᠢ ᠲᠠᠷᠤᠮᠠᠯᠯᠠᠨ ᠲᠠᠷᠬᠠᠭ᠋ᠠᠵᠦ᠂ ᠨᠠᠰᠤᠲᠠᠳ᠎ᠢ ᠠᠰᠠᠷᠠᠬᠤ ᠪᠠᠢ᠌ᠭᠤᠯᠤᠮᠵᠢ ᠵᠢᠨ ᠦᠢ᠍ᠯᠡᠴᠢᠯᠡᠭᠡ ᠬᠠᠮᠢᠶᠠᠷᠤᠯᠲᠠ᠂ ᠠᠮᠤᠷ ᠲᠦᠪᠰᠢᠨ ᠵᠡᠷᠭᠡ ᠠᠵᠢᠯ᠎ᠤᠨ ᠨᠠᠷᠢᠨ ᠲᠦᠷᠢᠮᠵᠢᠯ᠎ᠢ ᠭᠠᠷᠭ᠋ᠠᠵᠠᠢ᠃ ᠬᠤᠲᠠ ᠵᠢᠨ ᠡᠯ᠎ᠡ ᠭᠠᠵᠠᠷ᠎ᠤᠨ ᠪᠤᠳᠠᠲᠠᠢ ᠪᠠᠢ᠌ᠳᠠᠯ᠎ᠳᠤ ᠰᠠᠭᠤᠷᠢᠯᠠᠨ᠂ ᠨᠠᠰᠤᠲᠠᠳ᠎ᠢ ᠠᠰᠠᠷᠠᠬᠤ ᠪᠠᠢ᠌ᠭᠤᠯᠤᠮᠵᠢ᠎ᠨᠤᠭᠤᠳ 《ᠨᠠᠰᠤᠲᠠᠳ᠎ᠢ ᠠᠰᠠᠷᠠᠬᠤ ᠪᠠᠢ᠌ᠭᠤᠯᠤᠮᠵᠢ ᠵᠢᠨ ᠬᠠᠮᠢᠶᠠᠷᠤᠯᠲᠠ ᠵᠢᠨ ᠳᠦᠷᠢᠮ᠎ᠤᠨ ᠬᠦᠲᠦᠯᠪᠤᠷᠢ》 ᠵᠢᠨ ᠳᠠᠭ᠋ᠠᠤ ᠬᠠᠮᠢᠶᠠᠷᠤᠯᠲᠠ ᠪᠠ ᠦᠢ᠍ᠯᠡᠴᠢᠯᠡᠭᠡᠨ᠎ᠤ ᠳᠦᠷᠢᠮ ᠵᠢᠷᠤᠮ᠎ᠢ ᠲᠤᠭᠲᠠᠭ᠋ᠠᠨ ᠨᠠᠢ᠌ᠳᠠᠪᠤᠷᠢᠵᠢᠭᠤᠯᠤᠭᠰᠠᠨ ᠪᠠᠢ᠌ᠨ᠎ᠠ᠃
      ᠲᠠᠷᠢᠶᠠᠯᠠᠬᠤ ᠮᠠᠯᠵᠢᠬᠤ ᠤᠷᠤᠨ᠎ᠤ ᠨᠠᠰᠤᠲᠠᠳ᠎ᠢ ᠠᠰᠠᠷᠠᠬᠤ ᠦᠢ᠍ᠯᠡᠴᠢᠯᠡᠭᠡᠨ᠎ᠤ ᠠᠷᠭ᠎ᠠ ᠪᠠᠷᠢᠯ ᠵᠶ᠋ᠠᠨ ᠲᠡᠭᠦᠯᠳᠡᠷᠵᠢᠭᠦᠯᠦᠨ᠂ ᠬᠡᠷ᠎ᠲᠡᠭᠡᠨ ᠬᠤᠴᠤᠷᠤᠭᠰᠠᠨ ᠨᠠᠰᠤᠲᠠᠳ᠂ ᠭᠣᠣᠨᠢ ᠨᠠᠰᠤᠲᠠᠳ᠎ᠢ ᠬᠠᠯᠠᠮᠵᠢᠯᠠᠨ ᠬᠠᠢ᠌ᠷᠠᠯᠠᠬᠤ ᠦᠢ᠍ᠯᠡᠴᠢᠯᠡᠭᠡ ᠵᠢ ᠴᠢᠩᠭ᠋ᠠᠳᠬᠠᠪᠠ
2018 ᠤᠨ᠎ᠳᠤ ᠤᠯᠠᠭ᠋ᠠᠨᠴᠠᠪ ᠬᠤᠲᠠ ᠵᠢᠨ ᠠᠷᠠᠳ᠎ᠤᠨ ᠶᠠᠪᠤᠳᠠᠯ᠎ᠤᠨ ᠲᠤᠪᠴᠢᠶ᠎ᠠ᠎ᠨᠢ ᠲᠤᠲᠤᠭ᠋ᠠᠳᠦ ᠵᠢ ᠬᠠᠮᠠᠭ᠋ᠠᠯᠠᠬᠤ ᠬᠠᠤᠯᠢ ᠴᠠᠭ᠋ᠠᠵᠠ᠂ ᠠ᠋ᠳ᠋᠎ᠤᠨ ᠵᠠᠰᠠᠭ᠂ ᠬᠦᠮᠦᠨ᠎ᠤ ᠬᠦᠴᠦᠨ᠎ᠤ ᠠ᠋ᠬᠢ ᠪᠠᠶᠠᠯᠢᠭ ᠪᠤᠯᠤᠨ ᠨᠡᠢ᠌ᠭᠡᠮ᠎ᠤᠨ ᠪᠠᠲᠤᠯᠠᠭ᠎ᠠ ᠵᠡᠷᠭᠡ ᠰᠠᠯᠠᠭ᠎ᠠ ᠮᠥᠴᠢᠷ᠎ᠲᠠᠢ ᠬᠠᠮᠲᠤᠷᠠᠨ 《ᠤᠯᠠᠭ᠋ᠠᠨᠴᠠᠪ ᠬᠤᠲᠠ ᠵᠢᠨ ᠲᠠᠷᠢᠶᠠᠯᠠᠬᠤ ᠮᠠᠯᠵᠢᠬᠤ ᠤᠷᠤᠨ᠎ᠤ ᠭᠡᠷ᠎ᠲᠡᠭᠡᠨ ᠬᠤᠴᠤᠷᠤᠭᠰᠠᠨ ᠨᠠᠰᠤᠲᠠᠳ᠂ ᠭᠣᠣᠨᠢ ᠨᠠᠰᠤᠲᠠᠳ᠎ᠢ ᠬᠠᠯᠠᠮᠵᠢᠯᠠᠨ ᠬᠠᠢ᠌ᠷᠠᠯᠠᠬᠤ ᠦᠢ᠍ᠯᠡᠴᠢᠯᠡᠭᠡᠨ᠎ᠤ ᠠᠵᠢᠯ᠎ᠤᠨ ᠲᠦᠰᠦᠪ》᠎ᠢ ᠲᠠᠷᠬᠠᠭ᠋ᠠᠵᠦ᠂ ᠲᠠᠷᠢᠶᠠᠯᠠᠬᠤ ᠮᠠᠯᠵᠢᠬᠤ ᠤᠷᠤᠨ᠎ᠤ ᠭᠡᠷ᠎ᠲᠡᠭᠡᠨ ᠬᠤᠴᠤᠷᠤᠭᠰᠠᠨ ᠨᠠᠰᠤᠲᠠᠳ᠂ ᠭᠣᠣᠨᠢ ᠨᠠᠰᠤᠲᠠᠳ᠎ᠢ ᠲᠤᠭᠲᠠᠮᠠᠯ ᠬᠤᠭᠤᠴᠠᠭ᠎ᠠ᠎ᠲᠠᠢ᠎ᠪᠠᠷ ᠠ᠋ᠷᠬᠢᠵᠦ ᠦᠵᠡᠬᠦ ᠲᠦᠷᠢᠮ ᠲᠤᠭᠲᠠᠭ᠋ᠠᠨ᠂ ᠨᠠᠷᠢᠨ ᠣᠨᠣᠴᠠᠲᠠᠢ ᠲᠠᠩᠰᠠ ᠡᠪᠬᠡᠮᠡᠯ ᠪᠠᠢ᠌ᠭᠤᠯᠤᠨ ᠤᠯᠠᠷᠢᠯ ᠪᠦᠷᠢ᠎ᠳᠤ ᠲᠤᠭ᠎ᠠ ᠪᠠᠷᠢᠮᠲᠠ ᠵᠢ ᠰᠢᠨᠡᠳᠭᠡᠬᠦ ᠪᠤᠯᠪᠠ᠃ ᠡᠯ᠎ᠡ ᠭᠠᠵᠠᠷ ᠠ᠋ᠬᠦᠷᠭᠡ ᠵᠢᠨ ᠬᠤᠪᠢᠶᠠᠷᠢᠯᠠᠯ ᠵᠶ᠋ᠠᠨ ᠲᠤᠲᠤᠷᠬᠠᠢ ᠲᠤᠭᠲᠠᠭ᠋ᠠᠵᠦ᠂ ᠠᠵᠢᠯ᠎ᠤᠨ ᠬᠠᠷᠢᠭᠤᠴᠠᠯᠭ᠎ᠠ ᠵᠢ ᠨᠠᠢ᠌ᠲᠠᠪᠤᠷᠢᠵᠢᠭᠤᠯᠤᠨ᠂ ᠤᠬᠠᠭᠤᠯᠭ᠎ᠠ᠎ᠪᠠᠷ ᠬᠦᠲᠦᠯᠬᠦ ᠠᠵᠢᠯ᠎ᠢ ᠰᠠᠢ᠌ᠲᠤᠷ ᠬᠢᠵᠦ᠂ ᠨᠡᠢ᠌ᠭᠡᠮ᠎ᠤᠨ ᠰᠠᠢ᠌ᠨ ᠰᠠᠢ᠌ᠬᠠᠨ ᠤᠷᠴᠢᠨ ᠠᠬᠤᠢ ᠵᠢ ᠪᠤᠢ ᠪᠤᠯᠭ᠋ᠠᠵᠦ᠂ ᠭᠡᠷ᠎ᠲᠡᠭᠡᠨ ᠬᠤᠴᠤᠷᠤᠭᠰᠠᠨ ᠨᠠᠰᠤᠲᠠᠳ᠂ ᠭᠣᠣᠨᠢ ᠨᠠᠰᠤᠲᠠᠳ᠎ᠢ ᠬᠠᠯᠠᠮᠵᠢᠯᠠᠨ ᠬᠠᠢ᠌ᠷᠠᠯᠠᠬᠤ ᠦᠢ᠍ᠯᠡᠴᠢᠯᠡᠬᠡ ᠵᠢ ᠲᠠᠰᠤᠷᠠᠯᠲᠠ ᠦᠭᠡᠢ ᠴᠢᠩᠭ᠋ᠠᠳᠬᠠᠵᠦ ᠪᠣᠢ᠃
      ᠤᠯᠠᠭ᠋ᠠᠨᠴᠠᠪ ᠬᠣᠲᠠ ᠪᠡᠭᠡᠵᠢᠩ ᠲᠢᠶᠠᠨᠵᠢᠨ ᠾᠸᠪᠸᠢ ᠤᠷᠤᠨ᠎ᠲᠠᠢ ᠬᠠᠮᠲᠤᠷᠠᠯᠴᠠᠭ᠎ᠠ᠎ᠪᠠᠨ ᠴᠢᠩᠭ᠋ᠠᠳᠬᠠᠨ᠂ ᠨᠠᠰᠤᠲᠠᠢ᠌ᠴᠤᠳ᠎ᠤᠨ ᠠ᠋ᠷᠡᠭᠦᠯᠵᠢᠯ ᠰᠡᠯᠡᠭᠦᠴᠡᠯ᠎ᠳᠤ ᠳᠣᠬᠢᠷᠠᠮᠵᠢᠲᠠᠢ ᠰᠤᠪᠢᠯᠠᠯᠲᠠ ᠵᠢᠨ ᠭᠠᠵᠠᠷ᠎ᠢ ᠰᠤᠩᠭᠤᠪᠠ
     《ᠪᠡᠭᠡᠵᠢᠩ ᠲᠢᠶᠠᠨᠵᠢᠨ ᠾᠸᠪᠸᠢ ᠤᠷᠤᠨ᠎ᠲᠠᠢ ᠨᠠᠰᠤᠲᠠᠳ᠎ᠢ ᠠᠰᠠᠷᠠᠬᠤ ᠦᠢ᠍ᠯᠡᠴᠢᠯᠡᠭᠡ ᠵᠢ ᠬᠠᠮᠵᠢᠯᠴᠠᠨ ᠬᠦᠭᠵᠢᠭᠦᠯᠬᠦ ᠳᠤᠬᠠᠢ ᠲᠦᠰᠦᠪ》᠎ᠳᠤ ᠤᠯᠠᠭ᠋ᠠᠨᠴᠠᠪ ᠬᠤᠲᠠ ᠵᠢᠨ ᠨᠠᠰᠤᠲᠠᠳ᠎ᠢ ᠠᠰᠠᠷᠠᠬᠤ ᠪᠠᠢ᠌ᠭᠤᠯᠤᠮᠵᠢ ᠵᠢ ᠴᠦᠮ ᠨᠠᠰᠤᠲᠠᠳ᠎ᠢ ᠠᠰᠠᠷᠠᠬᠤ ᠦᠢ᠍ᠯᠡᠴᠢᠯᠡᠭᠡᠨ᠎ᠤ ᠬᠠᠮᠵᠢᠯᠴᠠᠨ ᠬᠦᠭᠵᠢᠭᠦᠯᠬᠦ ᠲᠦᠷᠦ ᠵᠢᠨ ᠪᠤᠳᠤᠯᠭ᠎ᠠ ᠵᠢᠨ ᠲᠡᠮᠵᠢᠯᠭᠡ ᠦᠵᠡᠭᠦᠯᠬᠦ ᠬᠡᠪᠴᠢᠶᠡᠨ᠎ᠳᠤ ᠤᠷᠤᠭᠤᠯᠪᠠ᠃ ᠤᠯᠠᠭ᠋ᠠᠨᠴᠠᠪ ᠬᠤᠲᠠ ᠡᠯ᠎ᠡ ᠭᠠᠵᠠᠷ᠎ᠢ ᠢᠲᠡᠪᠬᠢᠲᠠᠢ ᠳᠠᠢ᠌ᠴᠢᠯᠠᠨ ᠦᠢ᠍ᠯᠡᠴᠢᠯᠡᠭᠡ ᠬᠤᠳᠠᠯᠳᠤᠨ ᠠᠪᠬᠤ᠂ ᠲᠤᠷᠰᠢᠯᠭ᠎ᠠ ᠰᠤᠯᠢᠯᠴᠠᠬᠤ᠂ ᠲᠦᠷᠦᠯ ᠲᠡᠮᠳᠡᠭ᠎ᠢ ᠬᠠᠮᠲᠦᠪᠡᠷ ᠠ᠋ᠳ᠋ᠯᠡᠬᠦ᠂ ᠬᠠᠮᠲᠦᠪᠡᠷ ᠪᠠᠢ᠌ᠭᠤᠯᠬᠤ᠂ ᠠᠵᠦ ᠦᠢ᠍ᠯᠡᠰ᠎ᠢ ᠵᠤᠯᠭ᠋ᠠᠭᠤᠯᠬᠤ ᠵᠡᠷᠭᠡ ᠠᠷᠭ᠎ᠠ ᠮᠠᠶᠢᠭ ᠵᠢᠡᠷ ᠨᠤᠲᠤᠭ ᠤᠷᠤᠨ᠎ᠤ᠎ᠪᠠᠨ ᠨᠠᠰᠤᠲᠠᠳ᠎ᠢ ᠠᠰᠠᠷᠠᠬᠤ ᠦᠢ᠍ᠯᠡᠴᠢᠯᠡᠭᠡᠨ᠎ᠤ ᠦᠢ᠍ᠯᠡᠰ᠎ᠤᠨ ᠬᠦᠭᠵᠢᠯᠲᠡ ᠵᠢᠨ ᠲᠦᠪᠰᠢᠨ᠎ᠢ ᠲᠠᠰᠤᠷᠠᠯᠲᠠ ᠦᠭᠡᠢ ᠲᠡᠭᠡᠭᠰᠢᠯᠡᠭᠦᠯᠵᠦ᠂ ᠪᠡᠭᠡᠵᠢᠩ ᠲᠢᠶᠠᠨᠵᠢᠨ ᠾᠸᠪᠸᠢ ᠥᠪᠤᠷ ᠮᠤᠩᠭᠤᠯ ᠤᠷᠤᠨ᠎ᠤ ᠨᠠᠰᠤᠲᠠᠳ᠎ᠢ ᠠᠰᠠᠷᠠᠬᠤ ᠳᠤᠬᠠᠢ᠌ᠯᠠᠭᠰᠠᠨ ᠠᠵᠢᠯ᠎ᠤᠨ ᠬᠡᠪᠴᠢᠶᠡᠨ᠎ᠳᠤ ᠵᠤᠷᠢᠯᠭ᠎ᠠ ᠨᠢᠭᠡᠲᠠᠢ ᠪᠠ ᠠᠷᠭ᠎ᠠ ᠬᠡᠮᠵᠢᠶ᠎ᠡ ᠠᠳᠠᠯᠢ᠂ ᠲᠠᠪᠠᠭᠤᠯᠢᠭ ᠵᠢᠡᠨ ᠨᠦᠬᠦᠪᠤᠷᠢᠯᠡᠬᠦ᠂ ᠬᠠᠮᠲᠤᠪᠡᠷ ᠠᠰᠢᠭ ᠬᠦᠷᠲᠡᠬᠦ ᠬᠦᠭᠵᠢᠯᠲᠡ ᠵᠢᠨ ᠰᠢᠨ᠎ᠡ ᠵᠠᠭᠪᠤᠷ᠎ᠢ ᠪᠤᠢ ᠪᠤᠯᠭ᠋ᠠᠪᠠ᠃ 2018 ᠤᠨ᠎ᠤ 11 ᠳ᠋ᠤᠭᠡᠷ ᠰᠠᠷ᠎ᠠ᠎ᠳᠤ ᠤᠯᠠᠭ᠋ᠠᠨᠴᠠᠪ ᠬᠤᠲᠠ᠎ᠨᠢ ᠬᠤᠶᠠᠳᠤᠭ᠋ᠠᠷ ᠬᠤᠭᠤᠴᠠᠭ᠋ᠠᠨ᠎ᠤ ᠪᠡᠭᠡᠵᠢᠩ ᠲᠢᠶᠠᠨᠵᠢᠨ ᠾᠸᠪᠸᠢ ᠥᠪᠤᠷ ᠮᠤᠩᠭᠤᠯ᠎ᠤᠨ ᠨᠠᠰᠤᠲᠠᠳ᠎ᠢ ᠠᠰᠠᠷᠠᠬᠤ ᠠᠵᠢᠯ᠎ᠤᠨ ᠬᠠᠮᠵᠢᠯᠴᠠᠨ ᠬᠦᠭᠵᠢᠬᠦ ᠬᠤᠷᠠᠯ᠎ᠳᠤ ᠤᠷᠤᠯᠴᠠᠨ᠂ ᠭᠠᠵᠠᠷ ᠤᠷᠤᠨ᠎ᠤ᠎ᠪᠠᠨ ᠨᠠᠰᠤᠲᠠᠳ᠎ᠢ ᠠᠰᠠᠷᠠᠬᠤ ᠦᠢ᠍ᠯᠡᠴᠢᠯᠡᠭᠡᠨ᠎ᠤ ᠠᠵᠦ ᠦᠢ᠍ᠯᠡᠰ᠎ᠤᠨ ᠬᠦᠭᠵᠢᠯᠲᠡ ᠪᠠ ᠰᠤᠪᠢᠯᠠᠯᠲᠠ᠎ᠳᠤ ᠲᠤᠬᠢᠷᠠᠮᠵᠢᠲᠠᠢ 《ᠨᠡᠭᠦᠳᠡᠯ ᠰᠢᠪᠠᠭᠤ》 ᠮᠠᠶᠢᠭ᠎ᠤᠨ ᠨᠠᠰᠤᠲᠠᠳ᠎ᠢ ᠠᠰᠠᠷᠠᠬᠤ ᠦᠢ᠍ᠯᠡᠴᠢᠯᠡᠭᠡᠨ᠎ᠤ ᠵᠠᠭᠪᠤᠷ᠎ᠢ ᠪᠦᠬᠦ ᠲᠠᠯ᠎ᠠ᠎ᠪᠠᠷ ᠤᠬᠠᠭᠤᠯᠤᠭᠰᠠᠨ ᠪᠦᠭᠡᠳ ᠬᠤᠸᠠᠳ᠋ᠸ ᠰᠢᠶᠠᠨ᠎ᠤ ᠯᠢᠶᠠᠨ ᠳ᠋ᠸ ᠨᠠᠰᠤᠲᠠᠳ᠎ᠢ ᠠᠰᠠᠷᠠᠬᠤ ᠦᠢ᠍ᠯᠡᠴᠢᠯᠡᠭᠡ ᠵᠢᠨ ᠲᠦᠪ᠂ ᠰᠢᠩ ᠾᠸ ᠰᠢᠶᠠᠨ᠎ᠤ ᠹᠸᠢ ᠢᠦᠢ ᠨᠠᠰᠤᠲᠠᠢ᠌ᠴᠤᠳ᠎ᠤᠨ ᠰᠤᠪᠢᠯᠠᠯᠲᠠ ᠵᠢᠨ ᠲᠦᠪ᠎ᠢ ᠰᠤᠩᠭᠤᠨ᠂ 2018 ᠤᠨ᠎ᠤ ᠪᠡᠭᠡᠵᠢᠩ᠎ᠠᠴᠠ ᠠ᠋ᠷᠬᠢᠯᠡᠭᠰᠡᠨ ᠤᠯᠠᠨ ᠤᠯᠤᠰ᠎ᠤᠨ ᠦᠲᠡᠭᠦᠰ᠎ᠤᠨ ᠠᠵᠦ ᠦᠢ᠍ᠯᠡᠰ᠎ᠤᠨ ᠦᠵᠡᠰᠭᠦᠯᠡᠩ᠎ᠤᠨ ᠴᠤᠭᠯᠠᠭ᠋ᠠᠨ᠎ᠳᠤ ᠤᠷᠤᠯᠴᠠᠭᠤᠯᠤᠨ᠂ ᠪᠡᠭᠡᠵᠢᠩ ᠲᠢᠶᠠᠨᠵᠢᠨ ᠾᠸᠪᠸᠢ ᠤᠷᠤᠨ᠎ᠲᠠᠢ ᠨᠠᠰᠤᠲᠠᠳ᠎ᠢ ᠠᠰᠠᠷᠠᠬᠤ ᠦᠢ᠍ᠯᠡᠴᠢᠯᠡᠭᠡ ᠵᠢᠨ ᠬᠠᠮᠲᠤᠷᠠᠯᠴᠠᠭ᠎ᠠ᠎ᠪᠠᠨ ᠢᠲᠡᠪᠬᠢᠲᠠᠢ ᠴᠢᠩᠭ᠋ᠠᠳᠬᠠᠭᠰᠠᠨ ᠪᠠᠢ᠌ᠨ᠎ᠠ᠃

ᠢᠷᠡᠯᠲᠡ᠄
          
ᠬᠠᠮᠢᠶ᠎ᠡ ᠪᠦᠬᠦᠢ ᠰᠣᠨᠢᠨ
ᠪᠤᠭᠤᠲᠦ ᠬᠤᠲᠠ ᠵᠢᠨ ᠠᠷᠠᠳ᠎ᠤᠨ ᠶᠠᠪᠤᠳᠠᠯ᠎ᠤᠨ ᠲᠤᠪᠴᠢᠶ᠎ᠠ᠎ᠨᠢ ᠲᠦᠪ᠎ᠤᠨ ᠶᠠᠳᠠᠭᠤ᠎ᠠᠴᠠ ᠠᠩᠭᠢᠵᠢᠷᠠᠭᠤᠯᠬᠤ ᠪᠤᠭᠤᠮᠲᠠ ᠰᠢᠪᠲᠤᠯᠤᠯᠲᠠ ᠵᠢᠨ ᠠᠵᠢᠯ᠎ᠢ ᠲᠤᠰᠬᠠᠢ ᠲᠤᠭᠤᠷᠢᠨ ᠪᠠᠢ᠌ᠴᠠᠭ᠋ᠠᠬᠤ ᠳᠤᠭᠤᠢ᠌ᠯᠠᠩ᠎ᠤᠨ ᠬᠠᠷᠢᠭᠤ ᠲᠤᠰᠬᠠᠬᠰᠠᠨ ᠰᠠᠨᠠᠯ᠎ᠢ ᠨᠠᠢ᠌ᠳᠠᠪᠤᠷᠢᠵᠢᠭᠤᠯᠬᠤ ᠬᠤᠷᠠᠯ ᠬᠤᠷᠠᠯᠳᠤᠭᠤᠯᠵᠠᠢ
ᠲᠦᠩᠯᠢᠶᠤᠤ ᠬᠤᠲᠠ ᠪᠦᠬᠦ ᠬᠤᠲᠠ ᠵᠢᠨ ᠠᠷᠠᠳ᠎ᠤᠨ ᠶᠠᠪᠤᠳᠠᠯ ᠪᠤᠯᠤᠨ ᠨᠠᠮ᠎ᠤᠨ ᠰᠤᠷᠲᠠᠯ ᠴᠢᠭᠡᠴᠢ ᠵᠠᠰᠠᠭ᠎ᠤᠨ ᠪᠠᠢ᠌ᠭᠤᠯᠤᠯᠲᠠ ᠵᠢᠨ ᠠᠵᠢᠯ᠎ᠤᠨ ᠬᠤᠷᠠᠯ ᠬᠤᠷᠠᠯᠳᠤᠭᠤᠯᠪᠠ
ᠬᠢᠩᠭ᠋ᠠᠨ ᠠᠢ᠌ᠮᠠᠭ᠎ᠤᠨ ᠠᠷᠠᠳ᠎ᠤᠨ ᠶᠠᠪᠤᠳᠠᠯ᠎ᠤᠨ ᠲᠤᠪᠴᠢᠶ᠎ᠠ 2019 ᠤᠨ᠎ᠤ ᠪᠦᠬᠦ ᠠᠢ᠌ᠮᠠᠭ᠎ᠤᠨ ᠠᠷᠠᠳ᠎ᠤᠨ ᠶᠠᠪᠤᠳᠠᠯ᠎ᠤᠨ ᠠᠵᠢᠯ᠎ᠤᠨ ᠬᠤᠷᠠᠯ ᠬᠢᠵᠠᠢ
ᠪᠠᠶᠠᠨᠨᠠᠭᠤᠷ ᠬᠣᠲᠠ ᠵᠢᠨ᠎ᠬᠢᠨ ᠪᠦᠬᠦ ᠬᠣᠲᠠ ᠵᠢᠨ ᠠᠷᠠᠳ᠎ᠤᠨ ᠶᠠᠪᠤᠳᠠᠯ᠎ᠤᠨ ᠠᠵᠢᠯ ᠵᠢᠴᠢ ᠨᠠᠮ᠎ᠤᠨ ᠰᠤᠷᠲᠠᠯ ᠴᠢᠭᠡᠴᠢ ᠵᠠᠰᠠᠭ᠎ᠤᠨ ᠪᠠᠢ᠌ᠭᠤᠯᠤᠯᠲᠠ ᠵᠢᠨ ᠠᠵᠢᠯ᠎ᠤᠨ ᠬᠤᠷᠠᠯ ᠬᠢᠪᠡ
ᠬᠦᠯᠤᠨ ᠪᠣᠢ᠌ᠷ ᠬᠣᠲᠠ ᠵᠢᠨ ᠠᠷᠠᠳ᠎ᠤᠨ ᠶᠠᠪᠤᠳᠠᠯ᠎ᠤᠨ ᠳᠣᠪᠴᠢᠶ᠎ᠠ ᠪᠦᠬᠦ ᠬᠣᠲᠠ ᠵᠢᠨ 2019 ᠣᠨ᠎ᠤ ᠨᠠᠰᠤᠲᠠᠳ᠎ᠢ ᠠᠰᠠᠷᠠᠬᠤ ᠦᠢ᠍ᠯᠡᠴᠢᠯᠡᠭᠡᠨ᠎ᠤ ᠠᠵᠢᠯ᠎ᠤᠨ ᠠᠵᠢᠯ᠎ᠤᠨ ᠪᠠᠢ᠌ᠷᠢ ᠵᠢᠨ ᠬᠤᠷᠠᠯ ᠬᠢᠪᠡ
 
            