ᠣᠷᠴᠢᠮᠬᠠᠨ ᠤᠯᠠᠭ᠋ᠠᠨᠬᠠᠳᠠ ᠬᠣᠲᠠ ᠵᠢᠨ ᠵᠠᠰᠠᠭᠤᠨ ᠤᠷᠳᠤᠨᠤ ᠳᠡᠳ᠋ ᠬᠣᠲᠠ ᠵᠢᠨ ᠳᠠᠷᠤᠭᠠ ᠱᠸᠩ ᠰᠢᠶᠣᠣ ᠶᠢᠤ ᠳᠤᠰᠬᠠᠢ ᠬᠤᠷᠠᠯᠢ ᠵᠣᠬᠢᠶᠠᠨ ᠪᠠᠢ᠌ᠭᠤᠯᠤᠨ ᠠ᠋ᠷᠬᠢᠯᠡᠵᠤ᠂ ᠬᠣᠲᠠ ᠵᠢᠨ ᠲᠦᠪᠲᠠᠬᠢ ᠭᠡᠰᠡᠭ ᠵᠡᠭᠡᠯᠢ ᠭᠤᠲᠤᠮᠵᠢ ᠵᠠᠮᠤᠨ ᠨᠡᠷᠡ ᠵᠢ ᠬᠠᠯᠠᠨ ᠨᠡᠷᠡᠢ᠌ᠳᠬᠦ ᠳᠤᠬᠠᠢ ᠶᠠᠪᠤᠳᠠᠯᠢ ᠶᠠᠷᠢᠯᠴᠠᠨ ᠰᠤᠳᠤᠯᠤᠭᠰᠠᠨ ᠪᠠᠢ᠌ᠨᠠ᠃ ᠬᠤᠷᠠᠯ ᠳᠡᠭᠡᠷᠡ 〈〈ᠤᠯᠠᠭ᠋ᠠᠨᠬᠠᠳᠠ ᠬᠣᠲᠠ ᠵᠢᠨ ᠲᠦᠪᠲᠠᠬᠢ ᠭᠡᠰᠡᠭ ᠵᠠᠭᠡᠯᠢ ᠭᠣᠲᠤᠮᠵᠢ ᠵᠠᠮᠤᠨ ᠨᠡᠷᠡ ᠵᠢ ᠬᠠᠯᠠᠨ ᠨᠡᠷᠡᠢ᠌ᠳᠬᠦ ᠳᠦᠰᠤᠪ〉〉ᠢ ᠬᠢᠨᠠᠨ ᠶᠠᠷᠢᠯᠴᠠᠭ᠋ᠠᠳ ᠵᠠᠷᠴᠢᠮ ᠳᠡᠭᠡᠷᠡᠪᠠᠨ ᠪᠠᠲᠤᠯᠠᠪᠠ᠃
ᠬᠤᠷᠠᠯᠠᠴᠠ ᠭᠠᠵᠠᠷᠤᠨ ᠨᠡᠷᠡ ᠪᠣᠯ ᠨᠡᠢ᠌ᠬᠡᠮ ᠨᠡᠢ᠌ᠲᠡ ᠵᠢᠨ ᠦᠨᠳᠤᠰᠤᠨ ᠮᠡᠳᠡᠭᠡ ᠵᠠᠩᠭᠢ ᠪᠣᠯᠬᠤ ᠮᠦᠷᠳᠡᠭᠡᠨ ᠪᠠᠰᠠ ᠰᠤᠶᠤᠯᠤᠨ ᠤᠯᠠᠮᠵᠢᠯᠠᠨ ᠳᠠᠮᠵᠢᠭᠤᠯᠬᠤ ᠠᠴᠢᠶᠠᠯᠠᠪᠤᠷᠢ ᠪᠣᠯᠤᠨᠠ᠃ ᠭᠠᠵᠠᠷᠤᠨ ᠨᠡᠷᠡ ᠵᠢ ᠴᠢᠩᠭᠠ ᠳᠦᠷᠢᠮᠵᠢᠭᠦᠯᠤᠨ ᠬᠠᠮᠢᠶᠠᠷᠬᠤᠨᠢ ᠣᠯᠠᠨ ᠲᠦᠮᠡᠨᠤ ᠠᠵᠤ ᠠᠮᠢᠳᠤᠷᠠᠯᠳᠤ ᠳᠦᠭᠦᠮ ᠦᠵᠡᠭᠦᠯᠤᠨ᠂ ᠠᠵᠤ ᠠᠬᠤᠢ ᠨᠡᠢ᠌ᠬᠡᠮᠤᠨ ᠵᠣᠬᠢᠴᠠᠨ ᠬᠦᠭᠵᠢᠬᠦ ᠵᠢ ᠠᠬᠢᠭᠤᠯᠬᠤᠳᠤ ᠴᠢᠬᠤᠯᠠ ᠠᠴᠢ ᠬᠣᠯᠪᠣᠭᠳᠠᠯᠲᠠᠢ ᠶᠤᠮ᠃ ᠡᠯᠡ ᠭᠠᠵᠠᠷ ᠣᠷᠣᠨ᠂ ᠡᠯᠡ ᠬᠠᠮᠢᠶᠠ ᠪᠦᠬᠦᠢ ᠰᠠᠯᠠᠭᠠ ᠮᠦᠴᠢᠷ 〈〈ᠭᠠᠵᠠᠷᠤᠨ ᠨᠠᠷᠡ ᠵᠢᠨ ᠬᠠᠮᠢᠶᠠᠷᠤᠯᠲᠠ ᠵᠢᠨ ᠳᠦᠷᠢᠮ ᠳᠣᠭᠲᠠᠭ᠋ᠠᠯ〉〉᠂ 〈〈ᠭᠠᠵᠠᠷᠤᠨ ᠨᠡᠷᠡ ᠵᠢᠨ ᠬᠠᠮᠢᠶᠠᠷᠤᠯᠲᠠ ᠵᠢᠨ ᠳᠦᠷᠢᠮ ᠳᠣᠭᠲᠠᠭ᠋ᠠᠯᠢ ᠬᠡᠷᠡᠭᠵᠢᠭᠦᠯᠬᠦ ᠨᠠᠷᠢᠨ ᠳᠦᠷᠢᠮ〉〉᠂ 〈〈ᠦᠪᠣᠷ ᠮᠣᠩᠭᠣᠯᠤᠨ ᠦᠪᠡᠷᠳᠡᠭᠡᠨ ᠵᠠᠰᠠᠬᠤ ᠣᠷᠣᠨᠤ ᠭᠠᠵᠠᠷᠤᠨ ᠨᠡᠷᠡ ᠵᠢᠨ ᠬᠠᠮᠢᠶᠠᠷᠤᠯᠲᠠ ᠵᠢᠨ ᠳᠦᠷᠢᠮ〉〉 ᠪᠣᠯᠤᠨ 〈〈ᠤᠯᠠᠭ᠋ᠠᠨᠬᠠᠳᠠ ᠬᠣᠲᠠ ᠵᠢᠨ ᠭᠠᠵᠠᠷᠤᠨ ᠨᠡᠷᠡ ᠵᠢᠨ ᠬᠠᠮᠢᠶᠠᠷᠤᠯᠲᠠ ᠵᠢᠨ ᠠᠷᠭᠠ〉〉 ᠵᠢᠨ ᠱᠠᠭ᠋ᠠᠷᠳᠠᠯᠭᠠ ᠵᠢ ᠴᠢᠩᠭᠠ ᠵᠢᠷᠤᠮᠯᠡᠨ᠂ ᠭᠠᠵᠠᠷᠤᠨ ᠨᠡᠷᠡ ᠵᠢ ᠳᠦᠷᠢᠮᠵᠢᠭᠦᠯᠤᠨ ᠬᠠᠮᠢᠶᠠᠷᠬᠤ ᠠᠵᠢᠯᠢ ᠤᠯᠠᠮ ᠨᠢᠭᠡ ᠠᠯᠬᠤᠮ ᠴᠢᠩᠭ᠋ᠠᠳᠬᠠᠵᠤ᠂ ᠮᠠᠨᠤ ᠬᠣᠲᠠ ᠵᠢᠨ ᠦᠪᠡᠷᠮᠢᠴᠡ ᠬᠦᠮᠤᠨ ᠨᠡᠢ᠌ᠬᠡᠮ ᠰᠤᠶᠤᠯ ᠲᠡᠤᠬᠡ ᠪᠣᠯᠤᠨ ᠭᠠᠵᠠᠷ ᠵᠦᠢ ᠵᠢᠨ ᠮᠡᠳᠡᠭᠡ ᠵᠠᠩᠬᠢ ᠵᠢ ᠭᠠᠵᠠᠷᠤᠨ ᠨᠡᠷᠡᠪᠠᠷ ᠳᠠᠮᠵᠢᠨ ᠳᠡᠯᠭᠡᠷᠡᠭᠦᠯᠵᠤ᠂ ᠨᠡᠢ᠌ᠲᠡ ᠵᠢᠨ ᠦᠢ᠍ᠯᠡᠴᠢᠯᠡᠭᠡᠨ ᠪᠠ ᠨᠡᠢ᠌ᠬᠡᠮᠤᠨ ᠵᠠᠰᠠᠯᠲᠠ ᠵᠢᠨ ᠬᠢᠷᠢ ᠳᠦᠪᠰᠢᠨᠢ ᠳᠡᠪᠰᠢᠭᠦᠯᠬᠦ᠂ ᠤᠯᠠᠮᠵᠢᠯᠠᠯᠲᠤ ᠰᠤᠶᠤᠯ ᠪᠠ ᠭᠠᠵᠠᠷᠤᠨ ᠨᠡᠷᠡ ᠵᠢᠨ ᠰᠤᠶᠤᠯᠢ ᠵᠠᠯᠭ᠋ᠠᠮᠵᠢᠯᠠᠨ ᠮᠠᠨᠳᠤᠭᠤᠯᠬᠤ᠂ ᠠᠵᠤ ᠠᠬᠤᠢ ᠨᠡᠢ᠌ᠬᠡᠮᠢ ᠬᠦᠭᠵᠢᠭᠦᠯᠬᠦ ᠵᠡᠷᠭᠡ ᠲᠠᠯᠠᠪᠠᠷ ᠢᠳᠡᠪᠬᠢ ᠦᠢ᠍ᠯᠡᠳᠤᠯ ᠦᠵᠡᠭᠦᠯᠬᠦ ᠬᠡᠷᠡᠭᠲᠠᠢ ᠭᠡᠵᠠᠢ᠃
ᠬᠤᠷᠠᠯᠠᠴᠠ ᠪᠠᠰᠠ ᠬᠠᠮᠢᠶᠠ ᠪᠦᠬᠦᠢ ᠭᠠᠵᠠᠷ ᠣᠷᠣᠨ ᠪᠠ ᠨᠢᠭᠡᠴᠢ ᠵᠢᠨᠬᠢᠨ ᠭᠠᠵᠠᠷᠤᠨ ᠨᠡᠷᠡ ᠨᠡᠷᠡᠢ᠌ᠲᠤᠯ ᠪᠠ ᠬᠠᠯᠠᠨ ᠨᠡᠷᠡᠢ᠌ᠳᠬᠦ ᠶᠠᠪᠤᠴᠠᠪᠠᠷ ᠤᠯᠠᠭ᠋ᠠᠨᠬᠠᠳᠠ ᠬᠣᠲᠠ ᠵᠢᠨ ᠬᠣᠲᠠ ᠵᠢᠨ ᠲᠦᠪᠲᠠᠬᠢ ᠭᠡᠰᠡᠭ ᠵᠡᠭᠡᠯᠢ ᠭᠤᠲᠤᠮᠵᠢ ᠵᠠᠮᠤᠨ ᠨᠡᠷᠡ ᠵᠢ ᠬᠠᠯᠠᠨ ᠨᠡᠷᠡᠢ᠌ᠳᠬᠦ ᠠᠵᠢᠯᠢ ᠨᠠᠷᠢᠨ ᠬᠢᠨᠠᠮᠠᠭ᠋ᠠᠢ ᠰᠠᠢ᠌ᠨ ᠬᠢᠬᠦ ᠬᠡᠷᠡᠭᠲᠠᠢ᠃ ᠬᠣᠲᠠ ᠵᠢᠨ ᠠᠷᠠᠳᠤᠨ ᠶᠠᠪᠤᠳᠠᠯᠤᠨ ᠳᠣᠪᠴᠢᠶᠠ ᠲᠡᠷᠢᠭᠦᠯᠡᠨ 〈〈ᠤᠯᠠᠭ᠋ᠠᠨᠬᠠᠳᠠ ᠬᠣᠲᠠ ᠵᠢᠨ ᠬᠣᠲᠠ ᠵᠢᠨ ᠲᠦᠪᠲᠠᠬᠢ ᠭᠡᠰᠡᠭ ᠵᠡᠭᠡᠯᠢ ᠭᠣᠲᠤᠮᠵᠢ ᠵᠠᠮᠤᠨ ᠨᠡᠷᠡ ᠵᠢ ᠬᠠᠯᠠᠨ ᠨᠡᠷᠡᠢ᠌ᠳᠬᠦ ᠳᠤᠬᠠᠢ ᠮᠡᠳᠡᠭᠦᠯᠤᠯᠲᠡ〉〉 ᠵᠢ ᠳᠡᠭᠡᠭᠰᠢ ᠮᠡᠳᠡᠭᠦᠯᠵᠤ᠂ ᠬᠣᠲᠠ ᠵᠢᠨ ᠵᠠᠰᠠᠭᠤᠨ ᠤᠷᠳᠤᠨ ᠵᠦᠪᠰᠢᠶᠡᠷᠡᠭᠰᠡᠨᠤ ᠬᠣᠢ᠌ᠨᠠ ᠳᠦᠰᠤᠪᠢ ᠴᠠᠭ ᠳᠤᠬᠠᠢᠳᠤᠨᠢ ᠨᠡᠢ᠌ᠬᠡᠮ ᠨᠡᠢ᠌ᠲᠡᠳᠤ ᠵᠠᠷᠯᠠᠵᠤ ᠬᠡᠷᠡᠭᠵᠢᠭᠦᠯᠬᠦ ᠬᠡᠷᠡᠭᠲᠠᠢ ᠭᠡᠵᠤ ᠱᠠᠭ᠋ᠠᠷᠳᠠᠭᠰᠠᠨ ᠪᠠᠢ᠌ᠨᠠ᠃