5 ᠳ᠋ᠤᠭ᠋ᠠᠷ ᠰᠠᠷᠠ ᠵᠢᠨ 7ᠤ ᠠ᠋ᠳᠦᠷ ᠲᠦᠷᠦ ᠵᠢᠨ ᠶᠠᠪᠤᠳᠠᠯᠤᠨ ᠬᠤᠷᠢᠶᠠᠨᠤ ᠬᠤᠶᠠᠳᠤᠭ᠋ᠠᠷ ᠤᠳᠠᠭ᠋ᠠᠠᠤ ᠪᠦᠬᠦ ᠤᠯᠤᠰᠤᠨ ᠭᠠᠵᠠᠷᠤᠨ ᠨᠡᠷᠡ ᠵᠢ ᠨᠡᠢ᠌ᠲᠡᠮ ᠪᠠᠢ᠌ᠴᠠᠭ᠋ᠠᠬᠤ ᠠᠵᠢᠯᠤᠨ ᠤᠳᠤᠷᠢᠳᠬᠤ ᠲᠤᠭᠤᠢ᠌ᠯᠠᠩᠠᠴᠠ ᠪᠡᠭᠡᠵᠢᠩᠳᠤ ᠬᠤᠶᠠᠳᠤᠭ᠋ᠠᠷ ᠤᠳᠠᠭ᠋ᠠᠠᠤ ᠪᠦᠬᠦ ᠤᠯᠤᠰᠤᠨ ᠭᠠᠵᠠᠷᠤᠨ ᠨᠡᠷᠡ ᠵᠢ ᠨᠡᠢ᠌ᠲᠡᠮ ᠪᠠᠢ᠌ᠴᠠᠭ᠋ᠠᠬᠤ ᠠᠵᠢᠯᠤᠨ ᠳ᠋ᠦᠩᠨᠡᠯᠲᠡ ᠵᠢᠨ ᠲᠸᠯᠸᠢᠰ ᠤᠲᠠᠰᠤᠲᠤ ᠬᠤᠷᠠᠯ ᠬᠤᠷᠠᠯᠳᠤᠭᠤᠯᠪᠠ᠃ ᠥᠪᠡᠷᠳᠡᠭᠡᠨ ᠵᠠᠰᠠᠬᠤ ᠤᠷᠤᠨ ᠪᠤᠯᠤᠨ ᠡᠯᠡ ᠠᠢ᠌ᠮᠠᠭ ᠬᠤᠳ᠋ᠨ᠂ ᠬᠤᠰᠢᠭᠤ ᠰᠢᠶᠠᠨ (ᠬᠤᠲᠠ᠂ ᠲᠤᠭᠤᠷᠢᠭ)ᠤ ᠠᠷᠠᠳᠤᠨ ᠶᠠᠪᠤᠳᠠᠯᠤᠨ ᠰᠠᠯᠠᠭᠠ ᠮᠥᠴᠢᠷ ᠪᠦᠷ ᠬᠤᠪᠢᠶᠠᠷᠢ ᠬᠤᠷᠠᠯᠤᠨ ᠲᠠᠯᠠᠪᠠᠢ ᠭᠠᠷᠭ᠋ᠠᠵᠦ᠂ ᠬᠤᠯᠪᠤᠭᠳᠠᠯ ᠪᠦᠬᠦᠢ ᠬᠦᠮᠦᠰᠢ ᠵᠤᠬᠢᠶᠠᠨ ᠪᠠᠢ᠌ᠭᠤᠯᠵᠦ ᠬᠤᠷᠠᠯᠳᠤ ᠤᠷᠤᠯᠴᠠᠭᠤᠯᠵᠠᠢ᠃ ᠥᠪᠡᠷᠳᠡᠭᠡᠨ ᠵᠠᠰᠠᠬᠤ ᠤᠷᠤᠨᠤ ᠠᠷᠠᠳᠤᠨ ᠵᠠᠰᠠᠭᠤᠨ ᠤᠷᠳᠤᠨᠤ ᠳᠡᠳ᠋ ᠲᠡᠷᠢᠭᠦᠯᠡᠭᠴᠢ ᠠ᠋ᠸᠦ ᠶᠠᠩ ᠰᠢᠶᠤᠤ ᠬᠤᠢ ᠥᠪᠡᠷᠳᠡᠭᠡᠨ ᠵᠠᠰᠠᠬᠤ ᠤᠷᠤᠨᠤ ᠬᠤᠪᠢᠶᠠᠷᠢ ᠬᠤᠷᠠᠯᠤᠨ ᠲᠠᠯᠠᠪᠠᠢ ᠵᠢᠨ ᠬᠤᠷᠠᠯᠳᠤ ᠤᠷᠤᠯᠴᠠᠪᠠ᠃
ᠬᠤᠷᠠᠯ ᠳᠡᠭᠡᠷᠡ ᠬᠤᠶᠠᠳᠤᠭ᠋ᠠᠷ ᠤᠳᠠᠭ᠋ᠠᠠᠤ ᠪᠦᠬᠦ ᠤᠯᠤᠰᠤᠨ ᠭᠠᠵᠠᠷᠤᠨ ᠨᠡᠷᠡ ᠵᠢ ᠨᠡᠢ᠌ᠲᠡᠮ ᠪᠠᠢ᠌ᠴᠠᠭ᠋ᠠᠬᠤ ᠠᠵᠢᠯᠤᠨ ᠲᠡᠷᠢᠭᠦᠨᠤ ᠬᠠᠮᠲᠦ ᠪᠤᠯᠤᠨ ᠰᠠᠢ᠌ᠴᠤᠤᠯᠢ ᠰᠠᠢ᠌ᠰᠢᠶᠠᠨ ᠬᠥᠬᠢᠭᠦᠯᠵᠤ ᠱᠠᠩᠨᠠᠯ ᠤᠯᠭᠤᠵᠠᠢ᠃ ᠱᠠᠨᠳᠦᠢ᠍ᠩ᠂ ᠬᠤᠪᠸᠢ᠂ ᠴᠦᠩᠴᠢᠩ ᠭᠤᠷᠪᠠᠨ ᠮᠤᠵᠢ ᠬᠤᠲᠠ ᠵᠢᠨ ᠲᠥᠯᠥᠭᠡᠯᠡᠭᠴᠢ ᠭᠠᠵᠠᠷᠤᠨ ᠨᠡᠷᠡ ᠵᠢ ᠨᠡᠢ᠌ᠲᠡᠮ ᠪᠠᠢ᠌ᠴᠠᠭ᠋ᠠᠬᠤ ᠠᠵᠢᠯᠤᠨ ᠲᠡᠷᠢᠭᠦᠨᠤ ᠲᠤᠷᠰᠢᠯᠭᠠᠪᠠᠨ ᠲᠠᠨᠢᠯᠴᠠᠭᠤᠯᠪᠠ᠃ ᠬᠤᠷᠠᠯ ᠳᠡᠭᠡᠷᠡ ᠳᠤᠮᠳᠠᠳᠦ ᠤᠯᠤᠰᠤᠨ ᠤᠯᠤᠰᠤᠨ ᠭᠠᠵᠠᠷᠤᠨ ᠨᠡᠷᠡ ᠵᠢᠨ ᠮᠡᠳᠡᠭᠡ ᠵᠠᠩᠭᠢ ᠵᠢᠨ ᠬᠥᠮᠦᠷᠭᠡ ᠵᠢ ᠵᠢᠩᠬᠢᠨᠢᠪᠠᠷ ᠰᠦᠯᠵᠢᠶᠡᠨ ᠳᠡᠭᠡᠷᠡ ᠭᠠᠷᠭ᠋ᠠᠪᠠ᠃ ᠲᠦᠷᠦ ᠵᠢᠨ ᠶᠠᠪᠤᠳᠠᠯᠤᠨ ᠬᠡᠰᠢᠭᠦᠨ᠂ ᠬᠤᠶᠠᠳᠤᠭ᠋ᠠᠷ ᠤᠳᠠᠭ᠋ᠠᠠᠤ ᠪᠦᠬᠦ ᠤᠯᠤᠰᠤᠨ ᠭᠠᠵᠠᠷᠤᠨ ᠨᠡᠷᠡ ᠵᠢ ᠨᠡᠢ᠌ᠲᠡᠮ ᠪᠠᠢ᠌ᠴᠠᠭ᠋ᠠᠬᠤ ᠠᠵᠢᠯᠤᠨ ᠤᠳᠤᠷᠢᠳᠬᠤ ᠲᠤᠭᠤᠢ᠌ᠯᠠᠩᠤᠨ ᠳᠠᠷᠤᠭᠠ ᠸᠠᠩ ᠶᠦᠩ᠂ ᠬᠤᠶᠠᠳᠤᠭ᠋ᠠᠷ ᠤᠳᠠᠭ᠋ᠠᠠᠤ ᠪᠦᠬᠦ ᠤᠯᠤᠰᠤᠨ ᠭᠠᠵᠠᠷᠤᠨ ᠨᠡᠷᠡ ᠵᠢ ᠨᠡᠢ᠌ᠲᠡᠮ ᠪᠠᠢ᠌ᠴᠠᠭ᠋ᠠᠬᠤ ᠠᠵᠢᠯᠤᠨ ᠤᠳᠤᠷᠢᠳᠬᠤ ᠲᠤᠭᠤᠢ᠌ᠯᠠᠩᠤᠨ ᠳᠡᠳ᠋ ᠳᠠᠷᠤᠭᠠ᠂ ᠠᠷᠠᠳᠤᠨ ᠶᠠᠪᠤᠳᠠᠯᠤᠨ ᠶᠠᠮᠤᠨᠤ ᠰᠠᠢ᠌ᠳ ᠬᠤᠸᠠᠩ ᠱᠤ᠌ ᠰᠢᠶᠠᠨ ᠲᠤᠰ ᠲᠤᠰ ᠭᠠᠵᠠᠷᠤᠨ ᠨᠡᠷᠡ ᠵᠢ ᠨᠡᠢ᠌ᠲᠡᠮ ᠪᠠᠢ᠌ᠴᠠᠭ᠋ᠠᠬᠰᠠᠨ ᠦᠷᠡ ᠪᠦᠲᠦᠭᠡᠯᠢ ᠠᠰᠢᠭᠯᠠᠬᠤ ᠪᠠ ᠭᠠᠵᠠᠷᠤᠨ ᠨᠡᠷᠡ ᠵᠢᠨ ᠬᠠᠮᠢᠶᠠᠷᠤᠯᠲᠠ ᠵᠢᠨ ᠠᠵᠢᠯᠤᠨ ᠲᠤᠬᠠᠢ ᠶᠠᠷᠢᠶᠠ ᠲᠠᠯᠪᠢᠵᠠᠢ᠃
ᠸᠠᠩ ᠶᠦᠩᠠᠴᠠ ᠰᠢ ᠵᠢᠨ ᠫᠢᠩᠤᠨ ᠰᠢᠨᠡ ᠴᠠᠭ ᠦᠶᠡ ᠵᠢᠨ ᠳᠤᠮᠳᠠᠳᠦ ᠤᠯᠤᠰᠤᠨ ᠤᠨᠴᠠᠯᠢᠭᠲᠠᠢ ᠨᠡᠢ᠌ᠭᠡᠮ ᠵᠢᠷᠤᠮᠤᠨ ᠦᠵᠡᠯ ᠰᠠᠨᠠᠭᠠᠪᠠᠷ ᠵᠢᠯᠤᠭᠤᠳᠤᠯᠭᠠ ᠪᠤᠯᠭ᠋ᠠᠵᠦ᠂ ᠰᠢ ᠵᠢᠨ ᠫᠢᠩ ᠶᠡᠷᠦᠩᠬᠡᠢ ᠱᠦᠵᠢ ᠵᠢᠨ ᠭᠠᠵᠠᠷᠤᠨ ᠨᠡᠷᠡ ᠵᠢᠨ ᠬᠠᠮᠢᠶᠠᠷᠤᠯᠲᠠ ᠵᠢ ᠴᠢᠩᠭ᠋ᠠᠳᠬᠠᠬᠤ ᠲᠤᠬᠠᠢ ᠴᠢᠬᠤᠯᠠ ᠵᠢᠭ᠋ᠠᠪᠤᠷᠢ ᠵᠢᠨ ᠵᠤᠷᠢᠭ ᠰᠠᠨᠠᠭᠠ ᠵᠢ ᠭᠦᠨᠵᠡᠭᠡᠢ ᠲᠤᠤᠱᠯᠠᠭᠤᠯᠵᠦ᠂ ᠪᠦᠬᠦ ᠤᠯᠤᠰᠤᠨ ᠭᠠᠵᠠᠷᠤᠨ ᠨᠡᠷᠡ ᠵᠢ ᠨᠡᠢ᠌ᠲᠡᠮ ᠪᠠᠢ᠌ᠴᠠᠭ᠋ᠠᠬᠰᠠᠨ ᠦᠷᠡ ᠪᠦᠲᠦᠭᠡᠯᠢ ᠠᠰᠢᠭᠯᠠᠵᠤ ᠬᠡᠷᠡᠭᠯᠡᠬᠦ ᠶᠠᠪᠤᠳᠠᠯᠢ ᠲᠦᠷᠭᠡᠳᠭᠡᠨ᠂ ᠭᠠᠵᠠᠷᠤᠨ ᠨᠡᠷᠡ ᠵᠢᠨ ᠬᠠᠮᠢᠶᠠᠷᠤᠯᠲᠠ ᠪᠤᠯᠤᠨ ᠦᠢ᠍ᠯᠡᠴᠢᠯᠡᠭᠡ ᠵᠢᠨ ᠠᠵᠢᠯᠤᠨ ᠲᠥᠪᠰᠢᠨᠢ ᠪᠦᠬᠦ ᠲᠠᠯᠠᠪᠠᠷ ᠳᠡᠭᠡᠭᠰᠢᠯᠡᠭᠦᠯᠬᠦ ᠬᠡᠷᠡᠭᠲᠠᠢ ᠭᠡᠵᠦ ᠴᠢᠬᠤᠯᠠᠴᠢᠯᠠᠵᠠᠢ᠃
ᠸᠠᠩ ᠶᠦᠩ 2014 ᠤᠨᠳᠤ ᠬᠤᠶᠠᠳᠤᠭ᠋ᠠᠷ ᠤᠳᠠᠭ᠋ᠠᠠᠤ ᠪᠦᠬᠦ ᠤᠯᠤᠰᠤᠨ ᠭᠠᠵᠠᠷᠤᠨ ᠨᠡᠷᠡ ᠵᠢ ᠨᠡᠢ᠌ᠲᠡᠮ ᠪᠠᠢ᠌ᠴᠠᠭ᠋ᠠᠬᠤ ᠠᠵᠢᠯᠢ ᠥᠷᠨᠢᠬᠦᠯᠵᠦ ᠠ᠋ᠬᠢᠯᠡᠭᠰᠡᠨᠠᠴᠠ ᠨᠠᠰᠢ ᠨᠠᠮᠤᠨ ᠲᠥᠪ ᠬᠤᠷᠢᠶᠠ᠂ ᠲᠦᠷᠦ ᠵᠢᠨ ᠶᠠᠪᠤᠳᠠᠯᠤᠨ ᠬᠤᠷᠢᠶᠠᠨᠤ ᠪᠠᠢ᠌ᠷᠢᠯᠠᠭᠤᠯᠤᠯᠲᠠ ᠵᠢᠨ ᠱᠠᠭ᠋ᠠᠷᠳᠠᠯᠭᠠ ᠶᠤᠰᠤᠭ᠋ᠠᠷ ᠡᠯᠡ ᠭᠠᠵᠠᠷᠤᠨ ᠬᠤᠯᠪᠤᠭᠳᠠᠯ ᠪᠦᠬᠦᠢ ᠰᠠᠯᠠᠭᠠ ᠮᠥᠴᠢᠷ ᠪᠠ ᠡᠯᠡ ᠱᠠᠲᠤᠨᠤ ᠭᠠᠵᠠᠷᠤᠨ ᠨᠡᠷᠡ ᠵᠢ ᠨᠡᠢ᠌ᠲᠡᠮ ᠪᠠᠢ᠌ᠴᠠᠭ᠋ᠠᠬᠤ ᠪᠠᠢ᠌ᠭᠤᠯᠤᠮᠵᠢ ᠪᠣᠯᠤᠨ ᠭᠠᠵᠠᠷᠤᠨ ᠨᠡᠷᠡ ᠵᠢ ᠨᠡᠢ᠌ᠲᠡᠮ ᠪᠠᠢ᠌ᠴᠠᠭ᠋ᠠᠬᠤ ᠠᠵᠢᠯᠳᠤ ᠣᠷᠣᠯᠴᠠᠭᠰᠠᠨ ᠥᠷᠭᠡᠨ ᠤᠯᠠᠨ ᠠᠵᠢᠯᠲᠠᠨ ᠨᠠᠷ ᠯᠠᠪᠳᠠᠭᠤᠨ ᠪᠠᠲᠤᠲᠠᠢ ᠠᠵᠢᠯᠯᠠᠵᠦ᠂ ᠪᠦᠬᠦ ᠤᠯᠤᠰᠤᠨ ᠭᠠᠵᠠᠷᠤᠨ ᠨᠡᠷᠡ ᠵᠢ ᠨᠡᠢ᠌ᠲᠡᠮ ᠪᠠᠢ᠌ᠴᠠᠭ᠋ᠠᠬᠤ ᠠᠵᠢᠯᠢ ᠳᠦᠭᠦᠷᠡᠩ ᠠᠮᠵᠢᠯᠲᠠᠲᠠᠢ ᠪᠡᠶᠡᠯᠡᠭᠦᠯᠤᠭᠡᠳ ᠶᠡᠬᠡ ᠰᠠᠢ᠌ᠨ ᠦᠷᠡ ᠪᠦᠲᠦᠮᠵᠢ ᠤᠯᠵᠠᠢ᠃ ᠡᠯᠡ ᠭᠠᠵᠠᠷ ᠣᠷᠣᠨᠤ ᠬᠠᠮᠢᠶᠠ ᠪᠦᠬᠦᠢ ᠰᠠᠯᠠᠭᠠ ᠮᠥᠴᠢᠷᠤᠳ ᠭᠠᠵᠠᠷᠤᠨ ᠨᠡᠷᠡ ᠵᠢᠨ ᠠᠵᠢᠯᠢ ᠪᠦᠬᠦ ᠲᠠᠯᠠᠳᠤ ᠦᠢ᠍ᠯᠡᠴᠢᠯᠡᠭᠦᠯᠬᠦ ᠦᠵᠡᠯ ᠤᠬᠠᠮᠰᠠᠷ ᠵᠢᠡᠨ ᠤᠯᠠᠮ ᠴᠢᠩᠭ᠋ᠠᠳᠬᠠᠵᠤ᠂ ᠭᠠᠵᠠᠷᠤᠨ ᠨᠡᠷᠡ ᠵᠢ ᠨᠡᠢ᠌ᠲᠡᠮ ᠪᠠᠢ᠌ᠴᠠᠭ᠋ᠠᠬᠰᠠᠨ ᠦᠷᠡ ᠪᠦᠲᠦᠭᠡᠯᠢ ᠴᠠᠭ ᠲᠤᠬᠠᠢᠳᠤᠨᠢ ᠢᠯᠡ ᠨᠡᠢ᠌ᠲᠡᠯᠡᠵᠦ᠂ ᠤᠯᠠᠨ ᠲᠦᠮᠡᠨᠤ ᠬᠡᠷᠡᠭᠴᠡᠭᠡ ᠱᠠᠭ᠋ᠠᠷᠳᠠᠠᠯᠭᠠᠪᠠᠷ ᠬᠦᠲᠣᠯᠤᠮᠵᠢ ᠪᠤᠯᠭ᠋ᠠᠵᠦ᠂ ᠭᠠᠵᠠᠷᠤᠨ ᠨᠡᠷᠡ ᠵᠢᠨ ᠤᠯᠠᠨ ᠨᠡᠢ᠌ᠲᠡᠳᠤ ᠦᠢ᠍ᠯᠡᠴᠢᠯᠡᠬᠦ ᠴᠢᠳᠠᠮᠵᠢ ᠵᠢ ᠳᠠᠰᠤᠷᠠᠯ ᠦᠭᠡᠢ ᠲᠡᠭᠦᠯᠳᠡᠷᠵᠢᠭᠦᠯᠤᠨ᠂ ᠭᠠᠵᠠᠷᠤᠨ ᠨᠡᠷᠡ ᠵᠢᠨ ᠨᠡᠢ᠌ᠲᠡᠮ ᠪᠠᠢ᠌ᠴᠠᠭ᠋ᠠᠯᠲᠠ ᠵᠢᠨ ᠠᠵᠢᠯᠤᠨ ᠦᠨᠡ ᠥᠷᠲᠡᠭ ᠪᠤᠯᠤᠨ ᠦᠢ᠍ᠯᠡᠳᠦᠯᠢ ᠬᠠᠮᠤᠭᠤᠨ ᠶᠡᠬᠡᠪᠠᠷ ᠪᠠᠳᠠᠷᠠᠭᠤᠯᠬᠤ ᠬᠡᠷᠡᠭᠲᠠᠢ᠃ ᠭᠠᠵᠠᠷᠤᠨ ᠨᠡᠷᠡ ᠵᠢ ᠨᠡᠢ᠌ᠲᠡᠮ ᠪᠠᠢ᠌ᠴᠠᠭ᠋ᠠᠬᠰᠠᠨ ᠮᠠᠲᠸᠷᠢᠶᠠᠯᠢ ᠠᠭᠤᠳᠠᠯᠵᠦ ᠠᠰᠢᠬᠯᠠᠬᠤ ᠶᠠᠪᠤᠳᠠᠯᠢ ᠭᠦᠨᠵᠡᠭᠡᠢ᠌ᠷᠡᠭᠦᠯᠵᠦ᠂ ᠭᠠᠵᠠᠷᠤᠨ ᠨᠡᠷᠡ ᠵᠢᠨ ᠮᠡᠳᠡᠭᠡ ᠵᠠᠩᠭᠢᠵᠢᠯᠲᠠ᠂ ᠪᠠᠷᠢᠮᠵᠢᠶᠠᠵᠢᠯᠲᠠ ᠵᠢᠨ ᠪᠠᠢ᠌ᠭᠤᠯᠤᠯᠲᠠ ᠵᠢ ᠲᠦᠷᠭᠡᠳᠭᠡᠨ᠂ ᠭᠠᠵᠠᠷᠤᠨ ᠨᠡᠷᠡ ᠵᠢᠨ ᠨᠡᠷᠡᠢ᠌ᠳᠬᠦ ᠪᠠ ᠬᠠᠯᠠᠬᠤ ᠠᠵᠢᠯᠤᠨ ᠬᠠᠮᠢᠶᠠᠷᠤᠯᠲᠠ ᠵᠢ ᠴᠢᠩᠭᠠ ᠲᠦᠷᠢᠮᠵᠢᠭᠦᠯᠵᠦ᠂ ᠭᠠᠵᠠᠷᠤᠨ ᠨᠡᠷᠡ ᠵᠢᠨ ᠰᠠᠮᠠᠭᠤᠷᠠᠭᠰᠠᠨ ᠦᠵᠡᠭᠳᠡᠯᠢ ᠦᠷᠭᠦᠯᠵᠢᠯᠡᠨ ᠪᠠᠢ᠌ᠴᠠᠭ᠋ᠠᠨ ᠴᠡᠭᠴᠡᠯᠡᠵᠦ ᠵᠠᠰᠠᠵᠦ ᠵᠠᠯᠠᠷᠠᠭᠤᠯᠤᠨ᠂ ᠭᠠᠵᠠᠷᠤᠨ ᠨᠡᠷᠡ ᠵᠢᠨ ᠮᠡᠳᠡᠭᠡ ᠵᠠᠩᠭᠢ ᠵᠢ ᠰᠢᠨᠡᠳᠭᠡᠵᠤ ᠬᠠᠮᠠᠭ᠋ᠠᠯᠠᠬᠤ ᠪᠠ ᠬᠠᠮᠲᠦᠪᠡᠷ ᠠ᠋ᠳ᠋ᠯᠡᠬᠦ ᠦᠢ᠍ᠯᠡᠴᠢᠯᠡᠭᠡᠨᠢ ᠴᠢᠩᠭ᠋ᠠᠳᠬᠠᠵᠦ᠂ ᠭᠠᠵᠠᠷᠤᠨ ᠨᠡᠷᠡ ᠵᠢᠨ ᠠᠵᠢᠯᠤᠨ ᠲᠦᠰᠢᠭ ᠨᠠᠢ᠌ᠲᠠᠪᠤᠷᠢ ᠵᠢ ᠪᠠᠲᠤᠳᠬᠠᠠᠵᠦ᠂ ᠰᠢᠨᠡ ᠴᠠᠭ ᠦᠶᠡ ᠵᠢᠨ ᠭᠠᠵᠠᠷᠤᠨ ᠨᠡᠷᠡ ᠵᠢᠨ ᠬᠠᠮᠢᠶᠠᠷᠤᠯᠲᠠ ᠪᠠ ᠦᠢ᠍ᠯᠡᠴᠢᠯᠡᠭᠡᠨᠤ ᠠᠵᠢᠯᠤᠨ ᠰᠢᠨᠡ ᠪᠠᠢ᠌ᠳᠠᠯᠢ ᠪᠤᠢ ᠪᠤᠯᠭ᠋ᠠᠬᠤᠪᠠᠷ ᠴᠢᠷᠮᠠᠢ᠌ᠬᠤ ᠬᠡᠷᠡᠭᠲᠠᠢ ᠭᠡᠵᠦ ᠵᠢᠭ᠋ᠠᠵᠦ ᠭᠠᠷᠭ᠋ᠠᠵᠠᠢ᠃
