ᠣᠷᠴᠢᠮ᠎ᠳᠤ ᠬᠦᠯᠤᠨ ᠪᠣᠢ᠌ᠷ ᠬᠣᠲᠠ ᠵᠢᠨ ᠠᠷᠠᠳ᠎ᠤᠨ ᠶᠠᠪᠤᠳᠠᠯ᠎ᠤᠨ ᠳᠣᠪᠴᠢᠶ᠎ᠠ ᠵᠢᠨ᠎ᠬᠢᠨ ᠬᠣᠲᠠ ᠵᠢᠨ ᠠ᠋ᠷᠡᠭᠦᠯ ᠬᠠᠮᠠᠭ᠋ᠠᠯᠠᠯ ᠠ᠋ᠷᠡᠭᠦᠯᠵᠢᠯ᠎ᠤᠨ ᠵᠦᠪᠯᠡᠯ᠎ᠲᠠᠢ ᠬᠠᠮᠲᠤᠷᠠᠨ 〈〈ᠬᠦᠯᠣᠨ ᠪᠣᠢ᠌ᠷ ᠬᠣᠲᠠ ᠵᠢᠨ ᠬᠣᠲᠠ ᠬᠦᠳᠡᠭᠡ ᠵᠢᠨ ᠠᠮᠢᠳᠤᠷᠠᠯ᠎ᠨᠢ ᠬᠦᠴᠢᠷᠳᠡᠯ᠎ᠲᠠᠢ ᠠᠢ᠌ᠽ ᠡᠪᠡᠳᠴᠢᠲᠡᠨ ᠪᠣᠯᠤᠨ ᠬᠠᠯᠳᠠᠪᠤᠷᠢᠯᠠᠭᠳᠠᠭᠰᠠᠳ ᠬᠣᠲᠠ ᠬᠦᠳᠡᠭᠡ ᠵᠢᠨ ᠨᠠᠭ᠋ᠠᠳᠤ ᠵᠠᠬ᠎ᠠ ᠵᠢᠨ ᠠᠮᠢᠳᠤᠷᠠᠯ᠎ᠤᠨ ᠪᠠᠲᠤᠯᠠᠭ᠎ᠠ ᠵᠢ ᠭᠤᠶᠤᠴᠢᠯᠠᠬᠤ ᠳᠤᠬᠠᠢ ᠮᠡᠳᠡᠭᠳᠡᠯ〉〉᠎ᠢ ᠳᠠᠷᠤᠮᠠᠯᠯᠠᠨ ᠳᠠᠷᠬᠠᠭ᠋ᠠᠪᠠ᠃
《ᠮᠡᠳᠡᠭᠳᠡᠯ》᠎ᠳᠤ ᠬᠦᠯᠤᠨ ᠪᠣᠢ᠌ᠷ ᠬᠣᠲᠠ ᠵᠢᠨ ᠬᠣᠲᠠ ᠬᠦᠳᠡᠭᠡ ᠵᠢᠨ ᠬᠠᠮᠤᠭ᠎ᠤᠨ ᠨᠠᠭ᠋ᠠᠳᠤ ᠵᠠᠬ᠎ᠠ ᠵᠢᠨ ᠠᠮᠢᠳᠤᠷᠠᠯ᠎ᠤᠨ ᠪᠠᠲᠤᠯᠠᠭ᠎ᠠ ᠵᠢᠨ ᠨᠦᠬᠦᠴᠡᠯ᠎ᠳᠤ ᠨᠡᠢ᠌ᠴᠡᠭᠰᠡᠨ ᠮᠦᠷᠳᠡᠭᠡᠨ ᠠᠢ᠌ᠽ ᠡᠪᠡᠳᠴᠢᠲᠡᠨ ᠪᠠ ᠬᠠᠯᠳᠠᠪᠤᠷᠢᠯᠠᠭᠳᠠᠭᠰᠠᠳ ᠵᠶ᠋ᠠᠷ ᠲᠣᠳᠣᠯᠠᠭᠰᠠᠨ ᠬᠣᠲᠠ ᠬᠦᠳᠡᠭᠡ ᠵᠢᠨ ᠠᠮᠢᠳᠤᠷᠠᠯ᠎ᠨᠢ ᠬᠦᠴᠢᠷᠲᠡᠯ᠎ᠲᠠᠢ ᠠ᠋ᠲᠡᠭᠡᠳ ᠨᠠᠭ᠋ᠠᠳᠤ ᠵᠠᠬ᠎ᠠ ᠵᠢᠨ ᠠᠮᠢᠳᠤᠷᠠᠯ᠎ᠤᠨ ᠪᠠᠲᠤᠯᠠᠭ᠎ᠠ ᠵᠢ ᠭᠤᠶᠤᠴᠢᠯᠠᠵᠤ ᠪᠣᠯᠬᠤ ᠬᠠᠷᠠᠭ᠋ᠠᠯᠵᠠᠯ ᠦᠵᠡᠭᠦᠯᠤᠨ᠎ᠡ ᠭᠡᠵᠤ ᠲᠣᠳᠣᠷᠬᠠᠢ᠌ᠯᠠᠭᠰᠠᠨ ᠪᠠᠢ᠌ᠨ᠎ᠠ᠃ ᠡᠪᠡᠳᠴᠢᠳᠡᠨ᠎ᠤ ᠨᠢᠭᠤᠴᠠ ᠵᠢ ᠵᠠᠳᠠᠷᠠᠭᠤᠯᠬᠤ ᠦᠭᠡᠢ ᠵᠢᠨ ᠲᠦᠯᠣᠭᠡ᠂ ᠬᠦᠯᠤᠨ ᠪᠣᠢ᠌ᠷ ᠬᠣᠲᠠ ᠵᠢᠨ᠎ᠬᠢᠨ ᠪᠠᠰᠠ ᠠᠵᠢᠯᠯᠠᠭ᠎ᠠ᠎ᠪᠠᠨ ᠰᠢᠨᠡᠴᠢᠯᠡᠵᠤ᠂ ᠨᠠᠭ᠋ᠠᠳᠤ ᠵᠠᠬ᠎ᠠ ᠵᠢᠨ ᠠᠮᠢᠳᠤᠷᠠᠯ᠎ᠤᠨ ᠪᠠᠲᠤᠯᠠᠭ᠎ᠠ ᠵᠢ ᠭᠤᠶᠤᠴᠢᠯᠠᠬᠤ᠂ ᠬᠢᠨᠠᠨ ᠬᠠᠷᠭᠤᠭᠤᠯᠬᠤ᠂ ᠬᠢᠨᠠᠨ ᠵᠦᠪᠰᠢᠶᠡᠷᠡᠬᠦ᠂ ᠣᠯᠭᠣᠨ ᠦᠭᠬᠦ᠂ ᠬᠠᠮᠢᠶᠠᠷᠬᠤ ᠲᠠᠯ᠎ᠠ᠎ᠪᠠᠷ 《ᠬᠠᠷᠠᠭ᠋ᠠᠯᠵᠠᠯ》ᠦᠵᠡᠭᠦᠯᠬᠦ᠎ᠪᠠᠷ ᠪᠣᠢ᠃