ᠥᠨᠤ ᠵᠢᠯ᠎ᠤᠨ 9 ᠳ᠋ᠤᠬᠡᠷ ᠰᠠᠷ᠎ᠠ ᠵᠢᠨ 5᠎ᠤ ᠡᠳᠦᠷ ᠪᠣᠯ ᠨᠠᠢ᠍ᠮᠠᠳᠠᠭᠢ 《ᠳᠤᠮᠳᠠᠳᠤ ᠵᠢᠨ ᠨᠢᠭᠦᠯᠡᠰᠦᠩᠭᠦᠢ ᠵᠢᠨ ᠡᠳᠦᠷ》 ᠪᠣᠯᠣᠨ᠎ᠠ᠃ ᠪᠦᠬᠦ ᠣᠷᠣᠨ᠎ᠤ ᠡᠯ᠎ᠡ ᠭᠠᠵᠠᠷ᠎ᠤᠨ ᠠᠷᠠᠳ᠎ᠤᠨ ᠶᠠᠪᠤᠳᠠᠯ᠎ᠤᠨ ᠰᠠᠯᠠᠭ᠎ᠠ ᠮᠥᠴᠢᠷ᠎ᠤᠨ᠎ᠬᠢᠨ ᠤᠷᠴᠢᠮ᠎ᠤᠨ ᠡᠳᠤᠷ 《ᠭᠠᠷ ᠬᠣᠯᠪᠣᠨ ᠨᠢᠭᠦᠯᠡᠰᠦᠩᠭᠦᠢ ᠵᠢᠨ ᠦᠢ᠍ᠯᠡᠰ᠎ᠲᠤ ᠣᠷᠣᠯᠴᠠᠵᠤ᠂ ᠰᠠᠢ᠌ᠨ ᠰᠠᠢ᠌ᠬᠠᠨ ᠠᠮᠢᠳᠤᠷᠠᠯ᠎ᠢ ᠬᠠᠮᠲᠤ᠎ᠪᠠᠷ ᠴᠣᠭᠴᠠᠯᠠᠶ᠎ᠠ》 ᠭᠡᠬᠦ ᠭᠣᠣᠯ ᠰᠡᠳᠦᠪ᠎ᠤᠨ ᠲᠣᠭᠣᠷᠢᠨ᠎ᠳᠤ ᠬᠣᠲᠠ ᠬᠥᠳᠡᠭᠡ ᠵᠢᠨ ᠨᠡᠢ᠌ᠭᠡᠮ ᠲᠣᠭᠣᠷᠢᠭ᠂ ᠨᠡᠢ᠌ᠭᠡᠮ᠎ᠤᠨ ᠠᠵᠢᠯᠲᠠᠨ᠂ ᠨᠡᠢ᠌ᠭᠡᠮ ᠲᠣᠭᠣᠷᠢᠭ᠎ᠤᠨ ᠨᠡᠢ᠌ᠭᠡᠮ᠎ᠤᠨ ᠵᠣᠬᠢᠶᠠᠨ ᠪᠠᠢ᠌ᠭᠤᠯᠤᠯᠲᠠ᠂ ᠨᠡᠢ᠌ᠭᠡᠮ ᠲᠣᠭᠣᠷᠢᠭ᠎ᠤᠨ ᠰᠠᠢ᠌ᠨ ᠲᠤᠷᠠᠴᠤᠤᠯ᠂ ᠨᠡᠢ᠌ᠭᠡᠮ᠎ᠤᠨ ᠨᠢᠭᠦᠯᠡᠰᠦᠩᠭᠦᠢ ᠵᠢᠨ ᠡᠬᠢ ᠪᠠᠶᠠᠯᠢᠭ᠎ᠢ ᠳᠠᠶ᠋ᠢᠴᠢᠯᠠᠨ᠂ ᠡᠯᠪᠡᠭ ᠪᠠᠶᠠᠯᠢᠭ ᠭᠣᠣᠯ ᠰᠡᠳᠦᠪᠲᠦ ᠤᠬᠠᠭᠤᠯᠭ᠎ᠠ ᠵᠢᠨ ᠠᠵᠢᠯᠯᠠᠭ᠎ᠠ ᠵᠢ ᠥᠷᠨᠢᠭᠦᠯᠵᠦ᠂ ᠨᠢᠭᠦᠯᠡᠰᠦᠩᠭᠦᠢ ᠵᠢᠨ ᠰᠣᠶᠣᠯ᠎ᠢ ᠢᠳᠡᠪᠬᠢᠲᠡᠢ ᠪᠠᠳᠠᠷᠠᠭᠤᠯᠤᠨ᠂ ᠨᠢᠭᠦᠯᠡᠰᠦᠩᠭᠦᠢ ᠵᠢᠨ ᠤᠢ᠌ᠯᠠᠭ᠋ᠠᠬᠳᠠᠬᠤᠨ᠎ᠢ ᠳᠡᠯᠭᠡᠷᠡᠭᠦᠯᠵᠦ᠂ ᠬᠥᠮᠥᠨ ᠪᠦᠬᠦᠨ ᠪᠤᠶᠠᠨ ᠦᠢ᠍ᠯᠡᠳᠬᠦ ᠨᠡᠢ᠌ᠭᠡᠮ᠎ᠤᠨ ᠠᠭᠤᠷ ᠠᠮᠢᠰᠬᠤᠯ᠎ᠢ ᠵᠤᠵᠠᠭ᠋ᠠᠳᠬᠠᠪᠠ᠃
ᠲᠦᠩᠯᠢᠶᠣᠣ ᠵᠢᠨ ᠠᠵᠤ ᠠᠬᠤᠢ ᠮᠡᠷᠭᠡᠵᠢᠯ᠎ᠤᠨ ᠨᠡᠭᠡᠭᠡᠯᠲᠡ ᠵᠢᠨ ᠲᠣᠭᠣᠷᠢᠭ᠎ᠤᠨ ᠨᠢᠭᠦᠯᠡᠰᠦᠩᠭᠦᠢ ᠵᠢᠨ ᠦᠢ᠍ᠯᠡᠰ᠎ᠤᠨ ᠶᠡᠷᠦᠩᠬᠡᠢ ᠡᠪᠯᠡᠯ᠎ᠤᠨ᠎ᠬᠢᠨ ᠨᠠᠢ᠍ᠮᠠᠳᠠᠭᠢ 《ᠳᠤᠮᠳᠠᠳᠤ ᠵᠢᠨ ᠨᠢᠭᠦᠯᠡᠰᠦᠩᠭᠦᠢ ᠵᠢᠨ ᠡᠳᠦᠷ》᠎ᠤᠨ ᠤᠬᠠᠭᠤᠯᠭ᠎ᠠ ᠵᠢᠨ ᠮᠠᠲ᠋ᠧᠷᠢᠶᠠᠯ᠎ᠢ ᠨᠠᠢ᠌ᠷᠠᠭᠤᠯᠤᠨ ᠲᠠᠷᠬᠠᠭ᠋ᠠᠬᠤ᠎ᠪᠠᠷ ᠳᠠᠮᠵᠢᠭᠤᠯᠤᠨ᠂ ᠠᠷᠠᠳ ᠲᠦᠮᠡᠨ᠎ᠤ ᠰᠠᠢ᠌ᠨ ᠰᠠᠢ᠌ᠬᠠᠨ ᠠᠮᠢᠳᠤᠷᠠᠯ᠎ᠤᠨ ᠲᠤᠬᠠᠢ ᠬᠦᠰᠡᠯ ᠡᠷᠡᠮᠡᠯᠵᠡᠯ᠎ᠢ ᠪᠡᠶᠡᠯᠡᠭᠦᠯᠬᠦ ᠳᠤᠮᠳᠠᠬᠢ ᠨᠡᠶ᠋ᠢᠲᠡ ᠵᠢᠨ ᠠᠰᠠᠷᠠᠮᠵᠢ ᠵᠢᠨ ᠨᠢᠭᠦᠯᠡᠰᠦᠩᠭᠦᠢ ᠵᠢᠨ ᠦᠢ᠍ᠯᠡᠰ᠎ᠤᠨ ᠢᠳᠡᠪᠬᠢᠲᠡᠢ ᠦᠢ᠍ᠯᠡᠳᠦᠯ᠎ᠢ ᠲᠥᠪᠯᠡᠷᠡᠭᠦᠯᠦᠨ ᠳᠡᠯᠭᠡᠨ ᠦᠵᠡᠭᠦᠯᠦᠭᠰᠡᠨ᠎ᠤ ᠬᠠᠮᠲᠤ ᠨᠠᠭ᠋ᠠᠰᠢ ᠴᠠᠭ᠋ᠠᠰᠢ ᠶᠠᠪᠤᠬᠤ ᠣᠯᠠᠨ ᠲᠦᠮᠡᠨ᠎ᠳᠤ ᠲᠥᠷᠥ ᠵᠢᠨ ᠪᠣᠳᠣᠯᠭ᠎ᠠ᠂ ᠬᠠᠤᠯᠢ ᠲᠣᠭᠲᠠᠭ᠋ᠠᠯ᠎ᠢ ᠲᠠᠢ᠌ᠯᠪᠤᠷᠢᠯᠠᠭ᠋ᠠᠳ᠂ ᠮᠠᠰᠢ ᠰᠠᠢ᠌ᠨ ᠤᠬᠠᠭᠤᠯᠭ᠎ᠠ ᠵᠢᠨ ᠦᠷ᠎ᠡ ᠪᠦᠲᠦᠮᠵᠢ ᠣᠯᠣᠭᠰᠠᠨ ᠪᠠᠢ᠌ᠨ᠎ᠠ᠃

ᠰᠢᠯᠢ ᠵᠢᠨ ᠭᠣᠣᠯ ᠠᠢ᠌ᠮᠠᠭ᠎ᠤᠨ ᠦᠵᠦᠮᠦᠴᠢᠨ ᠵᠡᠬᠦᠨ ᠬᠣᠰᠢᠭᠤᠨ᠎ᠤ ᠠᠷᠠᠳ᠎ᠤᠨ ᠶᠠᠪᠤᠳᠠᠯ᠎ᠤᠨ ᠲᠣᠪᠴᠢᠶ᠎ᠠ ᠵᠢᠨ᠎ᠬᠢᠨ᠎ᠨᠢ ᠦᠵᠦᠮᠦᠴᠢᠨ ᠵᠡᠬᠦᠨ ᠬᠣᠰᠢᠭᠤᠨ᠎ᠤ ᠤᠯᠠᠭ᠋ᠠᠨ ᠵᠠᠭ᠋ᠠᠯᠮᠠᠶ᠋ᠢᠲᠠᠨ᠎ᠤ ᠨᠡᠢ᠌ᠭᠡᠮᠯᠢᠭ᠂ ᠦᠵᠦᠮᠦᠴᠢᠨ ᠵᠡᠬᠦᠨ ᠬᠣᠰᠢᠭᠤᠨ᠎ᠤ ᠡᠪᠯᠡᠯ᠎ᠤᠨ ᠬᠣᠷᠢᠶ᠎ᠠ᠂ ᠦᠵᠦᠮᠦᠴᠢᠨ ᠵᠡᠬᠦᠨ ᠬᠣᠰᠢᠭᠤᠨ᠎ᠤ ᠬᠠᠤᠯᠢ ᠴᠠᠭ᠋ᠠᠵᠠ ᠵᠢᠨ ᠲᠣᠪᠴᠢᠶ᠎ᠠ᠂ ᠦᠵᠦᠮᠦᠴᠢᠨ ᠵᠡᠬᠦᠨ ᠬᠤᠰᠢᠭᠤᠨ᠎ᠤ 《ᠠ ᠡ ᠢ》 ᠨᠡᠶ᠋ᠢᠲᠡ ᠵᠢᠨ ᠠᠰᠠᠷᠠᠮᠵᠢ ᠵᠢᠨ ᠣᠷᠴᠢᠨ ᠲᠣᠭᠣᠷᠢᠨ᠎ᠤ ᠬᠠᠮᠠᠭ᠋ᠠᠯᠠᠯᠲᠠ ᠵᠢᠨ ᠰᠠᠢ᠌ᠨ ᠲᠤᠷᠠᠴᠤᠤᠯ᠎ᠤᠨ ᠨᠡᠢ᠌ᠭᠡᠮᠯᠢᠭ᠎ᠤᠨ᠎ᠬᠢᠨ᠎ᠲᠠᠢ ᠬᠠᠮᠲᠤᠷᠠᠨ᠂ ᠬᠠᠤᠯᠢ ᠲᠦᠭᠡᠮᠡᠯᠵᠢᠭᠦᠯᠬᠦ ᠤᠬᠠᠭᠤᠯᠭ᠎ᠠ᠂ ᠮᠡᠳᠡᠯᠭᠡ ᠵᠢᠨ ᠤᠬᠠᠭᠤᠯᠭ᠎ᠠ᠂ ᠨᠢᠭᠦᠯᠡᠰᠦᠩᠭᠦᠢ ᠵᠢᠨ ᠬᠠᠨᠳᠢᠪᠯᠡᠯ ᠪᠠ ᠦᠷ᠎ᠡ ᠪᠦᠲᠦᠭᠡᠯ᠎ᠤᠨ ᠦᠵᠡᠭᠦᠯᠦᠯᠭᠡ ᠵᠡᠷᠭᠡ ᠬᠠᠮᠢᠶ᠎ᠠ ᠪᠦᠬᠦᠢ ᠠᠵᠢᠯᠯᠠᠭ᠎ᠠ ᠵᠢ ᠥᠷᠨᠢᠭᠦᠯᠵᠦ᠂ ᠨᠢᠭᠦᠯᠡᠰᠦᠩᠭᠦᠢ ᠵᠢᠨ ᠰᠣᠶᠣᠯ ᠪᠠ ᠨᠢᠭᠦᠯᠡᠰᠦᠩᠭᠦᠢ ᠵᠢᠨ ᠣᠢ᠌ᠯᠠᠭ᠋ᠠᠭᠳᠠᠬᠤᠨ᠎ᠢ ᠤᠬᠠᠭᠤᠯᠵᠤ᠂ ᠰᠠᠬᠢᠨ ᠪᠠᠷᠠᠯᠠᠵᠤ ᠬᠠᠷᠢᠯᠴᠠᠨ ᠬᠠᠪᠰᠤᠷᠤᠯᠴᠠᠬᠤ᠂ ᠪᠤᠶᠠᠨ ᠦᠢ᠍ᠯᠡᠳᠴᠦ ᠥᠭᠯᠢᠭᠡ ᠥᠭᠬᠦ ᠤᠯᠠᠮᠵᠢᠯᠠᠯᠲᠤ ᠰᠠᠢ᠌ᠬᠠᠨ ᠰᠤᠷᠲᠠᠯ᠎ᠢ ᠪᠠᠳᠠᠷᠠᠭᠤᠯᠵᠠᠢ᠃

ᠣᠷᠳᠣᠰ ᠬᠤᠳᠠ ᠵᠢᠨ ᠳᠠᠯᠠᠳ ᠬᠣᠰᠢᠭᠤᠨ᠎ᠤ ᠠᠷᠠᠳ᠎ᠤᠨ ᠶᠠᠪᠤᠳᠠᠯ᠎ᠤᠨ ᠲᠣᠪᠴᠢᠶ᠎ᠠ ᠵᠢᠨ᠎ᠬᠢᠨ ᠡᠯ᠎ᠡ ᠰᠤᠮᠤ ᠪᠠᠯᠭ᠋ᠠᠰᠤ ᠵᠢᠨ ᠨᠡᠢ᠌ᠭᠡᠮ᠎ᠤᠨ ᠠᠵᠢᠯ᠎ᠤᠨ ᠦᠷᠳᠡᠬᠡ ᠵᠢᠨ᠎ᠬᠢᠨ᠎ᠢ ᠲᠠᠢ᠍ᠢ᠍ᠴᠢᠯᠠᠨ ᠬᠠᠮᠢᠶ᠎ᠠ ᠪᠦᠬᠦᠢ ᠡᠬᠢ ᠪᠠᠶᠠᠯᠢᠭ᠎ᠢ ᠬᠣᠯᠪᠣᠵᠤ᠂ ᠨᠢᠭᠦᠯᠡᠰᠦᠩᠭᠦᠢ ᠵᠢᠨ ᠦᠢ᠍ᠯᠡᠰ᠎ᠤᠨ ᠬᠠᠨᠳᠢᠪᠯᠡᠯ᠂ ᠬᠦᠴᠢᠷᠳᠡᠯᠳᠡᠢ᠌ᠴᠤᠳᠢ ᠲᠡᠳᠬᠦᠬᠦ ᠪᠠ ᠬᠠᠢ᠌ᠷ᠎ᠠ ᠬᠠᠯᠠᠮᠵᠢ ᠵᠢᠨ ᠠᠯᠪᠠᠨ ᠵᠢᠷᠤᠮ᠎ᠤᠨ ᠡᠮᠴᠢᠯᠡᠭᠡ ᠵᠡᠷᠭᠡ ᠠᠵᠢᠯᠯᠠᠭ᠎ᠠ ᠵᠢ ᠥᠷᠨᠢᠭᠦᠯᠵᠦ᠂ ᠨᠡᠩ ᠤᠯᠠᠨ ᠨᠡᠢ᠌ᠭᠡᠮ᠎ᠤᠨ ᠬᠦᠴᠦᠨ᠎ᠢ ᠲᠠᠢ᠌ᠴᠢᠯᠠᠵᠤ ᠪᠠᠢ᠌ᠭ᠋ᠠᠳ ᠨᠢᠭᠦᠯᠡᠰᠦᠩᠭᠦᠢ ᠵᠢᠨ ᠦᠢ᠍ᠯᠡᠰ᠎ᠲᠤ ᠣᠷᠣᠯᠴᠠᠭᠤᠯᠵᠤ᠂ 《ᠬᠥᠮᠥᠨ ᠪᠦᠬᠦᠨ ᠨᠢᠭᠦᠯᠡᠰᠦᠩᠭᠦᠢ ᠵᠢᠨ ᠦᠢ᠍ᠯᠡᠰ᠎ᠲᠤ ᠣᠷᠣᠯᠴᠠᠬᠤ᠂ ᠨᠢᠭᠦᠯᠡᠰᠦᠩᠭᠦᠢ ᠵᠢᠨ ᠦᠢ᠍ᠯᠡᠰ ᠬᠥᠮᠥᠨ ᠪᠦᠬᠦᠨ᠎ᠳᠤ ᠦᠢ᠍ᠯᠡᠴᠢᠯᠡᠬᠦ》 ᠭᠦᠨ ᠵᠤᠵᠠᠭ᠋ᠠᠨ ᠠᠭᠤᠷ ᠠᠮᠢᠰᠬᠤᠯ᠎ᠢ ᠢᠳᠡᠪᠬᠢᠲᠡᠢ ᠪᠤᠢ ᠪᠣᠯᠭ᠋ᠠᠪᠠ᠃

ᠦᠬᠠᠢ ᠬᠤᠳᠠ ᠵᠢᠨ ᠠᠷᠠᠳ᠎ᠤᠨ ᠶᠠᠪᠤᠳᠠᠯ᠎ᠤᠨ ᠲᠣᠪᠴᠢᠶ᠎ᠠ ᠵᠢᠨ᠎ᠬᠢᠨ ᠦᠬᠠᠢ ᠬᠤᠳᠠ ᠵᠢᠨ ᠬᠠᠢ᠌ᠷᠤᠪ᠎ᠤᠨ ᠲᠣᠬᠣᠢ ᠲᠣᠭᠣᠷᠢᠭ᠎ᠤᠨ ᠠᠷᠠᠳ᠎ᠤᠨ ᠶᠠᠪᠤᠳᠠᠯ᠎ᠤᠨ ᠲᠣᠪᠴᠢᠶ᠎ᠠ ᠵᠢᠨ᠎ᠬᠢᠨ ᠪᠤᠯᠤᠨ ᠬᠥᠬᠡᠬᠣᠲᠠ ᠵᠢᠨ 《ᠮᠤ᠌ ᠰᠢᠨ》 ᠨᠡᠢ᠌ᠭᠡᠮ᠎ᠤᠨ ᠠᠵᠢᠯ᠎ᠤᠨ ᠦᠢ᠍ᠯᠡᠴᠢᠯᠡᠭᠡᠨ᠎ᠤ ᠲᠥᠪ᠎ᠤᠨ ᠬᠠᠢ᠍ᠢ᠍ᠪᠸᠢ ᠵᠡᠭᠡᠯᠢ ᠭᠤᠳᠤᠮᠵᠢ ᠵᠢᠨ ᠬᠡᠷᠡᠭ ᠡᠷᠬᠢᠯᠡᠬᠦ ᠭᠠᠵᠠᠷ᠎ᠲᠤ ᠰᠠᠭᠤᠭ᠎ᠠ ᠨᠡᠢ᠌ᠭᠡᠮ᠎ᠤᠨ ᠠᠵᠢᠯ᠎ᠤᠨ ᠦᠷᠳᠡᠬᠡ ᠵᠢᠨ᠎ᠬᠢᠨ᠎ᠲᠠᠢ ᠬᠠᠮᠲᠤᠷᠠᠨ ᠨᠠᠢ᠍ᠮᠠᠳᠡᠬᠢ 《ᠳᠤᠮᠳᠠᠳᠤ ᠵᠢᠨ ᠨᠢᠭᠦᠯᠡᠰᠦᠩᠭᠦᠢ ᠵᠢᠨ ᠡᠳᠦᠷ》 ᠤᠨ ᠭᠣᠣᠯ ᠰᠡᠳᠦᠪᠲᠦ ᠤᠬᠠᠭᠤᠯᠭ᠎ᠠ ᠵᠢᠨ ᠠᠵᠢᠯᠯᠠᠭ᠎ᠠ ᠦᠷᠨᠢᠬᠦᠯᠵᠤ᠂ ᠨᠡᠢ᠌ᠭᠡᠮ᠎ᠤᠨ ᠠᠵᠢᠯᠲᠠᠨ ᠪᠣᠯᠣᠨ ᠰᠠᠢ᠌ᠨ ᠲᠤᠷᠠᠴᠤᠤᠯ ᠲᠤᠬᠠᠢ ᠵᠢᠨ ᠭᠠᠵᠠᠷ᠎ᠤᠨ ᠣᠯᠠᠨ ᠲᠦᠮᠡᠨ᠎ᠳᠤ ᠬᠣᠯᠪᠣᠭᠳᠠᠯ ᠪᠦᠬᠦᠢ ᠤᠬᠠᠭᠤᠯᠭ᠎ᠠ ᠵᠢᠨ ᠮᠠᠲ᠋ᠧᠷᠢᠶᠠᠯ ᠲᠠᠷᠬᠠᠭ᠋ᠠᠵᠤ᠂ ᠨᠢᠭᠦᠯᠡᠰᠦᠩᠭᠦᠢ ᠵᠢᠨ ᠮᠡᠳᠡᠯᠭᠡ ᠪᠣᠯᠣᠨ ᠨᠡᠢ᠌ᠭᠡᠮ᠎ᠤᠨ ᠠᠵᠢᠯ᠎ᠤᠨ ᠮᠡᠳᠡᠯᠭᠡ ᠵᠢ ᠢᠳᠡᠪᠬᠢᠲᠡᠢ᠎ᠪᠠᠷ ᠲᠦᠬᠡᠮᠡᠯᠵᠢᠬᠦᠯᠤᠨ᠂ ᠨᠢᠭᠦᠯᠡᠰᠦᠩᠭᠦᠢ ᠵᠢᠨ ᠦᠢ᠍ᠯᠡᠰ ᠪᠣᠯᠣᠨ ᠨᠡᠢ᠌ᠭᠡᠮ᠎ᠤᠨ ᠠᠵᠢᠯ᠎ᠢ ᠰᠠᠭᠤᠭ᠋ᠠᠯᠢᠴᠢᠳᠲᠤ ᠤᠯᠠᠮ ᠰᠠᠢ᠌ᠨ ᠤᠢ᠌ᠯᠠᠭ᠋ᠠᠭᠤᠯᠤᠬᠰᠠᠨ ᠪᠠᠢ᠌ᠨ᠎ᠠ᠃