ᠦᠪᠤᠷ ᠮᠤᠡᠭᠭᠤᠯ᠎ᠤᠨ ᠥᠪᠡᠷᠲᠡᠭᠡᠨ ᠵᠠᠰᠠᠬᠤ ᠣᠷᠣᠨ᠎ᠤ ᠢᠳᠡᠭᠡᠨ ᠤᠮᠳᠠᠭ᠋ᠠᠨ ᠬᠢᠭᠡᠳ ᠵᠣᠴᠢᠳ᠎ᠤᠨ ᠪᠠᠭᠤᠳᠠᠯ᠎ᠤᠨ ᠠᠵᠢᠯ ᠲᠥᠷᠥᠯ᠎ᠤᠨ ᠨᠡᠢ᠌ᠭᠡᠮᠯᠢᠭ᠎ᠤᠨ᠎ᠬᠢᠨ 1 ᠳ᠋ᠤᠬᠡᠷ ᠰᠠᠷ᠎ᠠ ᠵᠢᠨ 5᠎ᠤ ᠦᠳᠡ ᠵᠢᠨ ᠬᠣᠢ᠌ᠨ᠎ᠠ 《ᠲᠥᠪ ᠭᠣᠣᠯᠴᠢ ᠵᠢ ᠰᠠᠬᠢᠵᠤ ᠰᠢᠨ᠎ᠡ ᠵᠢ ᠡᠬᠦᠳᠤᠨ᠂ ᠰᠠᠢ᠌ᠨ ᠰᠠᠢ᠌ᠬᠠᠨ ᠢ ᠬᠤᠪᠢᠶᠠᠯᠴᠠᠬᠤ》 ᠥᠪᠥᠷ ᠮᠣᠩᠭᠣᠯ᠎ᠤᠨ ᠢᠳᠡᠭᠡᠨ ᠤᠮᠳᠠᠭ᠋ᠠᠨ᠎ᠤ ᠴᠢᠨᠠᠷ ᠰᠠᠢ᠌ᠲᠠᠢ ᠬᠥᠭᠵᠢᠯᠲᠡ ᠵᠢ ᠠᠬᠢᠭᠤᠯᠬᠤ ᠬᠤᠷᠠᠯ ᠬᠤᠷᠠᠯᠳᠤᠭᠤᠯᠪᠠ᠃ ᠲᠤᠰ ᠬᠤᠷᠠᠯ ᠵᠢ ᠭᠤᠤᠯ ᠵᠣᠷᠢᠯᠭ᠎ᠠ᠎ᠨᠢ ᠲᠡᠷᠢᠭᠦᠨ᠎ᠤ ᠬᠠᠮᠢᠶᠠᠷᠤᠯᠲᠠ ᠵᠢᠨ ᠣᠢ᠌ᠯᠠᠭ᠋ᠠᠭᠳᠠᠬᠤᠨ ᠪᠣᠯᠣᠨ ᠰᠢᠨᠵᠢᠯᠡᠬᠦ ᠤᠬᠠᠭ᠋ᠠᠨ ᠮᠡᠷᠭᠡᠵᠢᠯ᠎ᠤᠨ ᠰᠢᠨ᠎ᠡ ᠡᠬᠦᠳᠤᠯᠳᠡ ᠠᠰᠢᠭᠯᠠᠵᠤ᠂ ᠨᠢᠭᠡᠳᠦᠭᠡᠷ᠂ ᠬᠣᠶᠠᠳᠤᠭ᠋ᠠᠷ᠂ ᠭᠤᠷᠪᠠᠳᠤᠭ᠋ᠠᠷ ᠠᠵᠤ ᠦᠢ᠍ᠯᠡᠰ᠎ᠢ ᠠᠭᠤᠰᠤᠯᠴᠠᠭᠤᠯᠤᠨ ᠬᠥᠭᠵᠢᠭᠦᠯᠬᠦ ᠴᠢᠨᠠᠷ ᠰᠠᠢ᠌ᠲᠠᠢ ᠠᠵᠤ ᠦᠢ᠍ᠯᠡᠰ᠎ᠤᠨ ᠬᠡᠯᠬᠢᠶ᠎ᠡ ᠵᠢ ᠪᠠᠢ᠌ᠭᠤᠯᠵᠤ᠂ ᠶᠠᠰᠤ ᠴᠢᠨᠠᠷ ᠰᠠᠢ᠌ᠨ᠂ ᠲᠦᠷᠦᠯ ᠵᠦᠢ᠍ᠯ ᠡᠯᠪᠡᠭ ᠪᠠᠶᠠᠯᠢᠭ᠂ ᠨᠡᠩ ᠪᠦᠷᠢᠨ ᠲᠡᠭᠦᠯᠳᠡᠷ ᠦᠢ᠍ᠯᠡᠴᠢᠯᠡᠭᠡ᠎ᠪᠠᠷ ᠠᠷᠠᠳ ᠤᠯᠠᠨ᠎ᠤ ᠰᠠᠢ᠌ᠨ ᠰᠠᠢ᠌ᠬᠠᠨ ᠠᠮᠢᠳᠤᠷᠠᠯ᠎ᠤᠨ ᠬᠥᠭᠡᠭᠡᠴᠡᠯᠳᠦᠯ᠎ᠢ ᠬᠠᠩᠭ᠋ᠠᠬᠤ ᠵᠢᠨ ᠲᠥᠯᠥᠭᠡ ᠶᠤᠮ᠃ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ ᠵᠢᠨ ᠤᠬᠠᠭᠤᠯᠬᠤ ᠬᠡᠯᠲᠡᠰ᠂ ᠬᠤᠳᠠᠯᠳᠤᠭ᠋ᠠᠨ᠎ᠤ ᠶᠠᠪᠤᠳᠠᠯ᠎ᠤᠨ ᠲᠢᠩᠬᠢᠮ᠂ ᠥᠪᠡᠷᠲᠡᠭᠡᠨ ᠵᠠᠰᠠᠬᠤ ᠣᠷᠣᠨ᠎ᠤ ᠦᠢ᠍ᠯᠡᠳᠪᠦᠷᠢ ᠬᠤᠳᠠᠯᠳᠤᠭ᠋ᠠᠨ᠎ᠤ ᠬᠣᠯᠪᠣᠭ᠎ᠠ᠂ ᠬᠥᠬᠡᠬᠣᠲᠠ ᠵᠢᠨ ᠠᠷᠠᠳ᠎ᠤᠨ ᠵᠠᠰᠠᠭ᠎ᠤᠨ ᠣᠷᠳᠣᠨ ᠵᠡᠷᠭᠡ ᠨᠢᠬᠡᠴᠢ ᠵᠢᠨ 150 ᠭᠠᠷᠤᠢ ᠬᠥᠮᠥᠨ ᠬᠤᠷᠠᠯ᠎ᠳᠤ ᠣᠷᠣᠯᠴᠠᠪᠠ᠃

ᠬᠤᠷᠠᠯ ᠲᠡᠬᠡᠷ᠎ᠡ᠂ ᠨᠡᠢ᠌ᠭᠡᠮᠯᠢᠭ᠎ᠤᠨ᠎ᠬᠢᠨ ᠠᠮᠲᠠᠲᠤ ᠢᠳᠡᠭᠡᠨ ᠵᠶ᠋ᠡᠷ ᠠᠴᠢᠶᠠᠯᠠᠪᠤᠷᠢ ᠪᠣᠯᠭ᠋ᠠᠵᠤ᠂ ᠰᠣᠶᠣᠯ ᠵᠶ᠋ᠠᠷ ᠵᠠᠭᠤᠴᠢ ᠪᠤᠯᠭ᠋ᠠᠨ᠂ ᠥᠪᠥᠷ ᠮᠣᠩᠭᠣᠯ᠎ᠤᠨ ᠢᠳᠡᠭᠡᠨ ᠤᠮᠳᠠᠭ᠋ᠠᠨ ᠨᠡᠡᠭ ᠠᠯᠳᠠᠷᠰᠢᠭᠤᠯᠤᠨ᠂ ᠠᠮᠲᠠᠲᠤ ᠢᠳᠡᠭᠡᠨ᠎ᠤ ᠰᠣᠶᠣᠯ᠎ᠳᠤ ᠲᠦᠰᠢᠭᠯᠡᠨ᠂ ᠰᠢᠨ᠎ᠡ ᠬᠡᠷᠡᠭᠯᠡᠭᠡ᠂ ᠰᠢᠨ᠎ᠡ ᠵᠠᠬ᠎ᠠ ᠳᠡᠯᠭᠡᠭᠦᠷ᠂ ᠰᠢᠨ᠎ᠡ ᠡᠵᠡᠩᠨᠡᠯᠲᠡ ᠵᠢᠨ ᠬᠡᠯᠪᠡᠷᠢ ᠵᠢ ᠪᠣᠢ᠌ᠵᠢᠭᠤᠯᠬᠤ ᠵᠢ ᠬᠦᠰᠡᠵᠦ ᠪᠠᠢ᠌ᠨ᠎ᠠ᠃ ᠪᠣᠬᠢᠷᠲᠤᠯ ᠦᠭᠡᠢ ᠲᠠᠷᠢᠶᠠᠯᠠᠩ ᠮᠠᠯ᠎ᠤᠨ ᠠᠰᠢᠭ ᠰᠢᠮ᠎ᠡ ᠵᠢᠨ ᠪᠦᠲᠦᠭᠡᠭᠳᠡᠬᠦᠨ᠎ᠤ ᠡᠬᠢ ᠪᠠᠶᠠᠯᠢᠭ᠎ᠤᠨ ᠳᠠᠪᠠᠭᠤᠯᠢᠭ᠎ᠢ ᠭᠦᠢ᠍ᠴᠡᠳ ᠪᠠᠳᠠᠷᠠᠭᠤᠯᠵᠤ᠂ ᠥᠪᠥᠷ ᠮᠣᠩᠭᠣᠯ᠎ᠤᠨ ᠢᠳᠡᠭᠡᠨ ᠤᠮᠳᠠᠭ᠋ᠠᠨ᠎ᠤ ᠰᠣᠶᠣᠯ᠎ᠤᠨ ᠠᠭᠤᠯᠤᠭᠳᠠᠬᠤᠨ᠎ᠢ ᠭᠦᠨ ᠠᠭᠤᠳᠠᠯᠵᠤ᠂ ᠪᠡᠯᠡᠨ ᠨᠣᠭᠣᠭ᠎ᠠ ᠵᠢᠨ ᠠᠵᠤ ᠦᠢ᠍ᠯᠡᠰ᠎ᠤᠨ ᠨᠠᠩ ᠴᠢᠨᠠᠷ ᠰᠠᠢ᠌ᠲᠠᠢ᠂ ᠨᠠᠩ ᠥᠨᠳᠥᠷ ᠲᠦᠪᠰᠢᠨ ᠲᠡᠢ᠌ᠰᠢ ᠬᠥᠭᠵᠢᠬᠦ ᠵᠢ ᠠᠬᠢᠭᠤᠯᠬᠤ ᠬᠡᠷᠡᠭᠲᠡᠢ᠃ 《ᠤᠷᠠᠨ ᠳᠠᠷᠬᠠᠨ᠎ᠤ ᠵᠣᠷᠢᠭ ᠰᠠᠨᠠᠭ᠎ᠠ》 ᠵᠢ ᠪᠠᠳᠠᠷᠠᠭᠤᠯᠵᠤ᠂ ᠨᠣᠭᠣᠭ᠎ᠠ ᠪᠣᠯᠭ᠋ᠠᠨ᠎ᠢ ᠨᠠᠷᠢᠯᠢᠭ ᠰᠠᠢ᠌ᠨ ᠬᠢᠵᠦ᠂ ᠬᠡᠷᠡᠭᠯᠡᠭᠡᠨ᠎ᠤ ᠣᠢ᠌ᠯᠠᠭ᠋ᠠᠯᠲᠠ᠎ᠪᠠᠨ ᠳᠡᠭᠡᠭᠰᠢᠯᠡᠭᠦᠯᠬᠦ ᠬᠡᠷᠡᠭᠲᠡᠢ ᠭᠡᠵᠤ ᠲᠤᠷᠠᠳᠴᠠᠢ᠃
ᠲᠣᠰ ᠬᠤᠷᠠᠯ ᠲᠡᠬᠡᠷ᠎ᠡ ᠪᠠᠰᠠ 《ᠮᠣᠩᠭᠣᠯ ᠬᠣᠭᠣᠯᠠᠨ᠎ᠤ ᠴᠢᠨᠠᠷ ᠰᠠᠢ᠌ᠲᠠᠢ ᠬᠥᠭᠵᠢᠯᠲᠡ ᠵᠢᠨ ᠲᠤᠬᠠᠢ》 ᠭᠡᠬᠦ ᠶᠠᠷᠢᠶᠠᠨ᠎ᠤ ᠲᠠᠪᠴᠠᠩ᠎ᠢ ᠡᠷᠬᠢᠯᠡᠵᠤ᠂ ᠬᠦᠬᠡᠬᠤᠳᠠ ᠵᠢᠨ 《ᠨᠢᠤᠢ ᠱᠸᠨ》 ᠢᠳᠡᠬᠡᠨ ᠤᠮᠳᠠᠭ᠋ᠠᠨ ᠵᠤᠭ᠎ᠠ ᠴᠡᠡᠭᠭᠡᠬᠦᠨ᠎ᠤ ᠬᠢᠵᠠᠭ᠋ᠠᠷᠳᠤ ᠺᠤᠮᠫᠠᠨᠢ ᠵᠢᠨ ᠲᠡᠳ᠋ ᠵᠠᠬᠢᠷᠤᠯ ᠫᠠᠨ ᠱᠸᠡᠭ ᠵᠢᠶᠦ᠋ᠨ᠂ ᠥᠪᠥᠷ ᠮᠣᠩᠭᠣᠯ᠎ᠤᠨ 《ᠰᠢᠶᠣᠣ ᠸᠧᠢ ᠶᠠᠩ》 ᠢᠳᠡᠭᠡᠨ ᠤᠮᠳᠠᠭ᠋ᠠᠨ᠎ᠤ ᠬᠤᠪᠢ ᠣᠷᠣᠭᠤᠯᠤᠭᠰᠠᠨ ᠬᠢᠵᠠᠭ᠋ᠠᠷᠲᠤ ᠺᠣᠮᠫᠠᠨᠢ ᠵᠢᠨ ᠶᠡᠷᠦᠩᠬᠡᠢ ᠵᠠᠬᠢᠷᠤᠯ ᠵᠧᠦ ᠰᠢᠦᠢ ᠳ᠋ᠦᠩ᠂ ᠥᠪᠡᠷᠲᠡᠭᠡᠨ ᠵᠠᠰᠠᠬᠤ ᠣᠷᠣᠨ᠎ᠤ ᠢᠳᠡᠭᠡᠨ ᠤᠮᠳᠠᠭ᠋ᠠᠨ ᠪᠠ ᠵᠣᠴᠢᠳ᠎ᠤᠨ ᠪᠠᠭᠤᠳᠠᠯ᠎ᠤᠨ ᠠᠵᠢᠯ ᠲᠥᠷᠥᠯ᠎ᠤᠨ ᠨᠡᠢ᠌ᠭᠡᠮᠯᠢᠭ᠎ᠤᠨ ᠨᠠᠷᠠᠲᠤ ᠲᠣᠭᠣᠭ᠋ᠠᠴᠢ ᠵᠢᠨ ᠵᠥᠪᠯᠡᠯ᠎ᠤᠨ ᠲᠡᠷᠢᠭᠦᠯᠡᠭᠴᠢ ᠰᠢᠦᠢ ᠹᠧᠩ ᠨᠠᠷ ᠠᠮᠵᠢᠯᠲᠠ᠎ᠲᠠᠢ ᠲᠤᠷᠰᠢᠯᠭ᠎ᠠ᠎ᠪᠠᠨ ᠬᠤᠪᠢᠶᠠᠯᠴᠠᠵᠤ᠂ ᠮᠠᠰᠢ ᠣᠯᠠᠨ ᠦᠨ᠎ᠡ ᠥᠷᠲᠡᠭ᠎ᠲᠠᠢ ᠰᠢᠨ᠎ᠡ ᠰᠡᠪᠡᠭᠦᠨ ᠦᠵᠡᠯᠲᠡ ᠵᠢ ᠲᠤᠷᠠᠳᠤᠬᠰᠠᠨ᠎ᠨᠢ ᠥᠪᠥᠷ ᠮᠣᠩᠭᠣᠯ᠎ᠤᠨ ᠮᠣᠩᠭᠣᠯ ᠬᠣᠭᠣᠯᠠᠨ᠎ᠤ ᠠᠵᠤ ᠠᠬᠤᠢ ᠵᠢᠨ ᠴᠢᠨᠠᠷ ᠰᠠᠢ᠌ᠲᠠᠢ ᠬᠥᠭᠵᠢᠯᠲᠡ᠎ᠳᠤ ᠰᠢᠨ᠎ᠡ ᠠᠮᠢᠵᠢᠷᠠᠯ᠎ᠤᠨ ᠬᠦᠴᠦᠨ ᠨᠡᠮᠡᠷᠢᠯᠡᠬᠦ ᠪᠤᠯᠤᠨ᠎ᠠ᠃