ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠡᠶ᠋ᠢᠭᠡᠮ ᠰᠡᠳᠬᠦᠯ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠢᠨ ᠮᠡᠳᠡᠭᠡ   -   ᠰᠣᠨᠢᠨ ᠮᠡᠳᠡᠭᠡ
ᠠᠷᠠᠳ᠎ᠤᠨ ᠶᠠᠪᠤᠳᠠᠯ᠎ᠤᠨ ᠰᠢᠭᠤᠷᠬᠠᠢ ᠮᠡᠳᠡᠬᠡ10.17
ᠨᠡᠶᠢᠲᠡᠯᠡᠭᠰᠡᠨ ᠴᠠᠭ᠄ 2024-10-21

  ᠠᠷᠠᠳ᠎ᠤᠨ ᠶᠠᠪᠤᠳᠠᠯ᠎ᠤᠨ ᠶᠠᠮᠤᠨ

     ᠠᠷᠠᠳ᠎ᠤᠨ ᠶᠠᠪᠤᠳᠠᠯ᠎ᠤᠨ ᠶᠠᠮᠤᠨ᠎ᠤ᠎ᠬᠢᠨ 10 ᠳ᠋ᠤᠭ᠋ᠠᠷ ᠰᠠᠷ᠎ᠠ ᠵᠢᠨ 14᠎ᠤ ᠡᠳᠦᠷ ᠬᠤᠪᠢ ᠬᠥᠮᠥᠨ᠎ᠤ ᠲᠤᠰᠠᠯᠠᠮᠵᠢ ᠭᠤᠶᠤᠴᠢᠯᠠᠬᠤ ᠰᠦᠯᠵᠢᠶᠡᠨ᠎ᠤ ᠦᠢ᠍ᠯᠡᠴᠢᠯᠡᠭᠡᠨ᠎ᠤ ᠲᠠᠪᠴᠠᠩ᠎ᠢ ᠰᠢᠯᠢᠨ ᠰᠣᠩᠭᠣᠬᠤ ᠲᠤᠬᠠᠢ ᠠᠯᠪᠠᠨ ᠵᠠᠷ ᠨᠡᠢ᠌ᠲᠡᠯᠡᠪᠡ᠃ ᠠᠯᠪᠠᠨ ᠵᠠᠷ᠎ᠲᠤ᠄ 《ᠰᠢᠯᠢᠨ ᠰᠣᠩᠭᠣᠬᠤ᠎ᠳᠤ 〈ᠰᠠᠢ᠌ᠨ ᠳᠤᠷ᠎ᠠ᠎ᠠᠴᠠ᠎ᠪᠠᠨ ᠭᠤᠶᠤᠴᠢᠯᠠᠬᠤ᠂ ᠬᠠᠤᠯᠢ ᠲᠣᠭᠲᠠᠭ᠋ᠠᠯ ᠶᠣᠰᠣᠭ᠋ᠠᠷ᠂ ᠡᠷᠬᠡ ᠲᠡᠭᠰᠢ ᠲᠥᠪ ᠭᠣᠣᠯᠴᠢ ᠪᠠᠢ᠌ᠬᠤ〉᠎ᠪᠠᠷ ᠵᠠᠷᠴᠢᠮ ᠪᠣᠯᠭ᠋ᠠᠨ᠎ᠠ᠃ ᠬᠤᠪᠢ ᠬᠥᠮᠥᠨ᠎ᠤ ᠲᠤᠰᠠᠯᠠᠮᠵᠢ ᠭᠤᠶᠤᠴᠢᠯᠠᠬᠤ ᠰᠦᠯᠵᠢᠶᠡᠨ᠎ᠤ ᠦᠢ᠍ᠯᠡᠴᠢᠯᠡᠭᠡᠨ᠎ᠤ ᠲᠠᠪᠴᠠᠩ ᠵᠶ᠋ᠠᠷ ᠵᠢᠭ᠋ᠠᠨ ᠲᠣᠭᠲᠠᠭ᠋ᠠᠬᠤ᠎ᠪᠠᠷ ᠭᠤᠶᠤᠴᠢᠯᠠᠬᠤ᠎ᠳᠤ 〈ᠬᠤᠪᠢ ᠬᠥᠮᠥᠨ᠎ᠤ ᠲᠤᠰᠠᠯᠠᠮᠵᠢ ᠭᠤᠶᠤᠴᠢᠯᠠᠬᠤ ᠰᠦᠯᠵᠢᠶᠡᠨ᠎ᠤ ᠦᠢ᠍ᠯᠡᠴᠢᠯᠡᠭᠡᠨ᠎ᠤ ᠲᠠᠪᠴᠠᠩ᠎ᠤᠨ ᠬᠠᠮᠢᠶᠠᠷᠤᠯᠲᠠ ᠵᠢᠨ ᠠᠷᠭ᠎ᠠ〉 ᠵᠢᠨ ᠬᠠᠮᠢᠶ᠎ᠠ ᠪᠦᠬᠦᠢ ᠲᠣᠭᠲᠠᠭ᠋ᠠᠯ᠎ᠤᠨ ᠨᠥᠬᠥᠴᠡᠯ᠎ᠳᠤ ᠨᠡᠢ᠌ᠴᠡᠭᠰᠡᠨ ᠪᠠᠢ᠌ᠬᠤ ᠬᠡᠷᠡᠭᠲᠡᠢ᠃ ᠭᠤᠶᠤᠴᠢᠯᠠᠯ᠎ᠢ ᠬᠦᠯᠢᠶᠡᠨ ᠠᠪᠴᠤ ᠰᠢᠢ᠍ᠳᠪᠦᠷᠢᠯᠡᠬᠦ ᠬᠤᠭᠤᠴᠠᠭ᠎ᠠ᠎ᠨᠢ 2024 ᠣᠨ᠎ᠤ 10 ᠰᠠᠷ᠎ᠠ ᠵᠢᠨ 31᠎ᠤ ᠡᠳᠦᠷ》 ᠬᠡᠵᠡᠢ᠃

ᠨᠠᠰᠤᠵᠢᠯ᠎ᠤᠨ ᠦᠢ᠍ᠯᠡᠴᠢᠯᠡᠭᠡ

    ᠤᠯᠤᠰ᠎ᠤᠨ ᠡᠮ ᠡᠮᠨᠡᠯᠭᠡ ᠵᠢᠨ ᠪᠠᠲᠤᠯᠠᠭ᠎ᠠ ᠵᠢᠨ ᠲᠣᠪᠴᠢᠶ᠎ᠠ ᠵᠢᠨ᠎ᠬᠢᠨ ᠤᠷᠴᠢᠮ᠎ᠳᠤ 《ᠣᠷᠳᠣ ᠬᠤᠭᠤᠴᠠᠭ᠋ᠠᠨ᠎ᠤ ᠰᠤᠪᠢᠯᠠᠯᠲᠠ ᠵᠢᠨ ᠳᠠᠭ᠋ᠠᠳᠬᠠᠯ᠎ᠤᠨ ᠰᠤᠪᠢᠯᠠᠯᠲᠠ ᠵᠢᠨ ᠦᠢ᠍ᠯᠡᠴᠢᠯᠡᠭᠡᠨ᠎ᠤ ᠪᠠᠢ᠌ᠭᠤᠯᠤᠮᠵᠢ ᠵᠢᠨ ᠴᠡᠭ ᠲᠣᠭᠲᠠᠭ᠋ᠠᠨ ᠬᠠᠮᠢᠶᠠᠷᠬᠤ ᠠᠷᠭ᠎ᠠ (ᠲᠤᠷᠰᠢᠨ ᠬᠡᠷᠡᠭᠵᠢᠭᠦᠯᠬᠦ)》 ᠵᠢ ᠳᠠᠷᠤᠮᠠᠯᠯᠠᠨ ᠲᠠᠷᠬᠠᠭ᠋ᠠᠪᠠ᠂ ᠡᠭᠦᠨ᠎ᠤ ᠵᠣᠷᠢᠯᠭ᠎ᠠ᠎ᠨᠢ ᠣᠷᠳᠣ ᠬᠤᠭᠤᠴᠠᠭ᠋ᠠᠨ᠎ᠤ ᠰᠤᠪᠢᠯᠠᠯᠲᠠ ᠵᠢᠨ ᠳᠠᠭ᠋ᠠᠳᠬᠠᠯ᠎ᠤᠨ ᠰᠤᠪᠢᠯᠠᠯᠲᠠ ᠵᠢᠨ ᠦᠢ᠍ᠯᠡᠴᠢᠯᠡᠭᠡᠨ᠎ᠤ ᠪᠠᠢ᠌ᠭᠤᠯᠤᠮᠵᠢ ᠵᠢᠨ ᠴᠡᠭ ᠲᠣᠭᠲᠠᠭ᠋ᠠᠨ ᠬᠠᠮᠢᠶᠠᠷᠬᠤ ᠠᠵᠢᠯ᠎ᠢ ᠴᠢᠡᠭᠭ᠋ᠠᠳᠬᠠᠬᠤ ᠵᠢᠨ ᠲᠦᠯᠤᠬᠡ ᠶᠤᠮ᠃ ᠦᠢ᠍ᠯᠡᠴᠢᠯᠡᠭᠡᠨ᠎ᠤ ᠦᠢᠯᠡ ᠠᠷᠭ᠎ᠠ᠎ᠳᠤ ᠲᠣᠳᠣᠷᠬᠠᠢ ᠲᠣᠭᠲᠠᠭ᠋ᠠᠭᠰᠠᠨ᠎ᠨᠢ᠂ ᠨᠥᠬᠥᠴᠡᠯ᠎ᠳᠤ ᠨᠡᠢ᠌ᠴᠡᠬᠦ ᠨᠠᠰᠤᠵᠢᠯ᠎ᠤᠨ ᠠᠰᠠᠷᠠᠮᠵᠢ ᠵᠢᠨ ᠪᠠᠢ᠌ᠭᠤᠯᠤᠮᠵᠢ᠂ ᠡᠮᠴᠢᠯᠡᠭᠡᠨ᠎ᠤ ᠪᠠᠢ᠌ᠭᠤᠯᠤᠮᠵᠢ ᠪᠤᠶᠤ ᠪᠤᠰᠤᠳ ᠦᠢ᠍ᠯᠡᠴᠢᠯᠡᠭᠡᠨ᠎ᠤ ᠪᠠᠢ᠌ᠭᠤᠯᠤᠮᠵᠢ᠎ᠨᠢ ᠰᠠᠢ᠌ᠨ ᠳᠤᠷ᠎ᠠ᠎ᠠᠴᠠ᠎ᠪᠠᠨ ᠨᠢᠭᠡᠳᠦᠯᠲᠡᠢ ᠲᠥᠯᠥᠪᠯᠡᠬᠦ ᠭᠠᠵᠠᠷ ᠣᠷᠣᠨ᠎ᠤ ᠡᠮᠴᠢᠯᠡᠭᠡᠨ᠎ᠤ ᠪᠠᠲᠤᠯᠠᠭ᠎ᠠ ᠵᠢᠨ ᠭᠠᠷᠲᠠᠨ ᠭᠦᠢ᠍ᠴᠡᠳᠬᠡᠬᠦ ᠪᠠᠢ᠌ᠭᠤᠯᠤᠮᠵᠢ᠎ᠳᠤ ᠲᠣᠭᠲᠠᠮᠠᠯ ᠴᠡᠭ᠎ᠤᠨ ᠣᠷᠳᠣ ᠬᠤᠭᠤᠴᠠᠭ᠋ᠠᠨ᠎ᠤ ᠰᠤᠪᠢᠯᠠᠯᠲᠠ ᠵᠢᠨ ᠦᠢ᠍ᠯᠡᠴᠢᠯᠡᠭᠡᠨ᠎ᠤ ᠪᠠᠢ᠌ᠭᠤᠯᠤᠮᠵᠢ ᠪᠣᠯᠬᠤ᠎ᠪᠠᠷ ᠭᠤᠶᠤᠴᠢᠯᠠᠵᠤ ᠪᠣᠯᠣᠨ᠎ᠠ᠃ ᠡᠭᠦᠨ᠎ᠳᠤ ᠨᠠᠰᠤᠵᠢᠯ᠎ᠤᠨ ᠠᠰᠠᠷᠠᠮᠵᠢ ᠵᠢᠨ ᠪᠠᠢ᠌ᠭᠤᠯᠤᠮᠵᠢ ᠭᠡᠳᠡᠭ᠎ᠨᠢ ᠬᠠᠤᠯᠢ ᠶᠣᠰᠣᠭ᠋ᠠᠷ ᠳᠡᠩᠰᠡᠯᠡᠨ ᠲᠡᠮᠳᠡᠭᠯᠡᠭᠦᠯᠦᠭᠰᠡᠨ᠂ ᠨᠠᠰᠤᠲᠠᠢ᠌ᠴᠤᠳ᠎ᠲᠤ ᠪᠦᠬᠦᠯᠢ ᠡᠳᠦᠷ ᠵᠶ᠋ᠡᠷ ᠲᠥᠪᠯᠡᠷᠡᠭᠦᠯᠦᠨ ᠬᠣᠨᠣᠭᠯᠠᠬᠤ ᠪᠠ ᠠᠰᠠᠷᠠᠨ ᠰᠤᠪᠢᠯᠠᠬᠤ ᠦᠢ᠍ᠯᠡᠴᠢᠯᠡᠭᠡ ᠬᠠᠩᠭ᠋ᠠᠭᠰᠠᠨ᠂ ᠣᠷᠣ ᠵᠢᠨ ᠲᠣᠭ᠎ᠠ᠎ᠨᠢ 10᠎ᠠᠴᠠ ᠳᠡᠭᠡᠭᠰᠢ ᠪᠠᠢ᠌ᠬᠤ ᠪᠠᠢ᠌ᠭᠤᠯᠤᠮᠵᠢ ᠵᠢ ᠵᠢᠭ᠋ᠠᠵᠤ ᠪᠣᠶ᠃
   ᠬᠥᠬᠡᠬᠣᠲᠠ ᠵᠢᠨ ᠠᠷᠠᠳ᠎ᠤᠨ ᠶᠠᠪᠤᠳᠠᠯ᠎ᠤᠨ ᠲᠣᠪᠴᠢᠶ᠎ᠠ ᠵᠢᠨ᠎ᠬᠢᠨ ᠨᠠᠰᠤᠵᠢᠯ᠎ᠤᠨ ᠠᠰᠠᠷᠠᠮᠵᠢ ᠵᠢᠨ ᠦᠢ᠍ᠯᠡᠴᠢᠯᠡᠭᠡᠨ᠎ᠤ ᠲᠥᠬᠦᠭᠡᠷᠦᠮᠵᠢ᠎ᠳᠤ ᠰᠢᠭᠢᠳᠦᠨ ᠣᠷᠣᠭᠤᠯᠬᠤ᠂ ᠰᠤᠯᠠ ᠪᠠᠢ᠌ᠭ᠎ᠠ ᠬᠠᠭᠤᠴᠢᠨ ᠭᠡᠷ ᠪᠠᠢ᠌ᠰᠢᠩ᠎ᠢ ᠥᠭᠡᠷᠡᠴᠢᠯᠡᠵᠦ ᠥᠷᠭᠡᠳᠬᠡᠨ ᠪᠠᠶ᠋ᠢᠭᠤᠯᠬᠤ᠂ ᠨᠡᠢ᠌ᠭᠡᠮ᠎ᠤᠨ ᠢᠳᠡᠭᠡᠨ ᠤᠮᠳᠠᠭ᠋ᠠᠨ᠎ᠤ ᠪᠠᠢ᠌ᠭᠤᠯᠤᠮᠵᠢ᠎ᠯᠤᠭ᠎ᠠ ᠭᠠᠷ ᠬᠣᠯᠪᠣᠨ᠂ ᠬᠥᠳᠡᠭᠡ ᠲᠣᠰᠬᠣᠨ᠎ᠤ ᠬᠠᠮᠲᠤ ᠵᠢᠨ ᠠᠵᠤ ᠠᠬᠤᠢ ᠵᠡᠷᠭᠡ ᠣᠯᠠᠨ ᠠᠷᠭ᠎ᠠ᠎ᠪᠠᠷ ᠬᠠᠭᠤᠴᠢᠨ ᠬᠣᠭᠣᠯᠠᠨ ᠭᠡᠷ᠎ᠢ ᠥᠷᠭᠡᠨ ᠵᠶ᠋ᠡᠷ ᠬᠠᠮᠤᠷᠬᠤ ᠵᠢ ᠠᠬᠢᠭᠤᠯᠵᠤ᠂ ᠪᠥᠬᠥ ᠬᠣᠲᠠ ᠵᠢᠨ ᠬᠡᠪᠴᠢᠶᠡᠨ᠎ᠳᠤ᠂ ᠪᠠᠯᠭ᠋ᠠᠰᠤ᠂ ᠵᠡᠭᠡᠯᠢ ᠭᠤᠳᠤᠮᠵᠢ ᠵᠢᠨ ᠬᠡᠷᠡᠭ ᠡᠷᠬᠢᠯᠡᠬᠦ ᠭᠠᠵᠠᠷ᠂ ᠨᠡᠢ᠌ᠭᠡᠮ ᠲᠣᠭᠣᠷᠢᠭ ᠵᠶ᠋ᠠᠷ ᠦᠨᠳᠦᠰᠦᠨ  ᠨᠢᠬᠡᠴᠢ ᠪᠣᠯᠭ᠋ᠠᠵᠤ᠂ ᠵᠡᠭᠡᠯᠢ ᠭᠤᠳᠤᠮᠵᠢ ᠵᠢᠨ ᠬᠡᠷᠡᠭ ᠡᠷᠬᠢᠯᠡᠬᠦ ᠭᠠᠵᠠᠷ (ᠰᠢᠶᠠᠩ ᠪᠠᠯᠭ᠋ᠠᠰᠤ)᠎ᠤᠨ ᠲᠠᠰ ᠵᠶ᠋ᠡᠷ ᠨᠢᠬᠡᠴᠢ ᠪᠤᠯᠭ᠋ᠠᠨ ᠨᠠᠰᠤᠳᠠᠢ᠌ᠴᠤᠳ᠎ᠤᠨ ᠬᠣᠭᠣᠯᠠᠨ ᠬᠡᠷ ᠭᠠᠷᠭ᠋ᠠᠬᠤ ᠲᠡᠢ᠌ᠰᠢ ᠳᠠᠭ᠋ᠠᠭᠤᠯᠵᠤ᠂ ᠨᠡᠢ᠌ᠭᠡᠮ ᠲᠣᠭᠣᠷᠢᠭ (ᠲᠣᠰᠬᠣᠨ)᠎ᠤᠨ ᠲᠠᠰ᠎ᠠᠴᠠ ᠨᠠᠰᠤᠳᠠᠢ᠌ᠴᠤᠳ᠎ᠤᠨ ᠬᠣᠭᠣᠯᠠᠨ ᠬᠡᠷ᠎ᠲᠤ ᠲᠤᠰᠠᠯᠠᠬᠤ ᠦᠢ᠍ᠯᠡᠴᠢᠯᠡᠭᠡ ᠬᠠᠩᠭ᠋ᠠᠨ᠎ᠠ᠃ ᠣᠳᠣᠬᠠᠨ᠎ᠳᠤ 《ᠨᠠᠰᠤᠳᠠᠢ᠌ᠴᠤᠳ᠎ᠤᠨ ᠬᠣᠭᠣᠯᠠᠨ ᠭᠡᠷ》᠎ᠢ ᠂ 426 ᠵᠢ ᠪᠠᠢ᠌ᠭᠤᠯᠤᠭᠰᠠᠨ ᠪᠠᠢ᠌ᠨ᠎ᠠ᠃
     ᠬᠥᠯᠥᠨ ᠪᠣᠶ᠋ᠢᠷ ᠬᠣᠲᠠ ᠵᠢᠨ᠎ᠬᠢᠨ ᠤᠷᠴᠢᠮ᠎ᠤᠨ ᠵᠢᠯ 《ᠬᠥᠯᠥᠨ ᠪᠣᠶ᠋ᠢᠷ ᠬᠣᠲᠠ ᠵᠢᠨ ᠦᠨᠳᠦᠰᠦᠨ ᠨᠠᠰᠤᠵᠢᠯ᠎ᠤᠨ ᠠᠰᠠᠷᠠᠮᠵᠢ ᠵᠢᠨ ᠦᠢ᠍ᠯᠡᠴᠢᠯᠡᠭᠡᠨ᠎ᠤ ᠲᠣᠳᠣᠷᠬᠠᠢ ᠬᠠᠭᠤᠳᠠᠰᠤ (2024 ᠳ᠋ᠤᠬᠡᠷ ᠨᠢᠭᠤᠷ)》 ᠵᠢ ᠰᠢᠨᠡᠳᠬᠡᠵᠦ᠂ ᠨᠠᠰᠤᠲᠠᠢ᠌ᠴᠤᠳ᠎ᠤᠨ ᠬᠣᠭᠣᠯᠠ ᠤᠮᠳᠠ᠎ᠳᠤ ᠲᠤᠰᠠᠯᠠᠬᠤ ᠦᠢ᠍ᠯᠡᠴᠢᠯᠡᠭᠡᠨ᠎ᠤ ᠲᠥᠷᠥᠯ ᠵᠦᠢ᠍ᠯ᠎ᠢ ᠰᠢᠨ᠎ᠡ᠎ᠪᠠᠷ ᠨᠡᠮᠡᠵᠦ᠂ ᠨᠠᠰᠤᠲᠠᠢ᠌ᠴᠤᠳ᠎ᠤᠨ ᠬᠣᠭᠣᠯᠠ ᠢᠳᠡᠬᠦ ᠪᠣᠳᠠᠲᠠᠢ ᠬᠦᠴᠢᠷᠳᠡᠯ᠎ᠳᠤ ᠠᠩᠬᠠᠷᠤᠯ ᠵᠶ᠋ᠠᠨ ᠲᠥᠪᠯᠡᠷᠡᠭᠦᠯᠦᠨ ᠨᠠᠰᠤᠲᠠᠢ᠌ᠴᠤᠳ᠎ᠤᠨ ᠬᠣᠭᠣᠯᠠ ᠢᠳᠡᠬᠦ ᠦᠢ᠍ᠯᠡᠴᠢᠯᠡᠭᠡᠨ᠎ᠤ ᠳᠥᠭᠥᠮ ᠳᠥᠲᠡ᠂ ᠬᠢᠮᠳᠠ ᠪᠥᠭᠡᠳ ᠠᠰᠢᠭᠲᠠᠢ᠂ ᠠᠮᠤᠷ ᠲᠦᠪᠰᠢᠨ ᠪᠥᠭᠡᠳ ᠨᠠᠢ᠌ᠳᠠᠪᠤᠷᠢᠲᠠᠢ᠂ ᠦᠷᠭᠦᠯᠵᠢᠯᠡᠨ ᠬᠥᠭᠵᠢᠬᠦ ᠵᠢ ᠠᠬᠢᠭᠤᠯᠵᠤ ᠪᠠᠢ᠌ᠨ᠎ᠠ᠃ ᠰᠢᠨᠡᠳᠬᠡᠭᠰᠡᠨ᠎ᠤ ᠳᠠᠷᠠᠭ᠋ᠠᠬᠢ ᠨᠠᠷᠢᠨ ᠲᠠᠩᠰᠠ᠎ᠨᠢ ᠨᠡᠢ᠌ᠭᠡᠮ᠎ᠤᠨ ᠪᠠᠲᠤᠯᠠᠭ᠎ᠠ᠂ ᠦᠨᠳᠦᠰᠦᠨ ᠪᠠᠲᠤᠯᠠᠭ᠎ᠠ᠂ ᠡᠷᠡᠭᠦᠯ ᠮᠡᠨᠳᠦ ᠵᠢᠨ ᠳᠡᠮᠵᠢᠯᠭᠡ᠂ ᠦᠢ᠍ᠯᠡᠴᠢᠯᠡᠭᠡᠨ᠎ᠤ ᠬᠠᠩᠭ᠋ᠠᠯᠭ᠎ᠠ ᠵᠡᠷᠭᠡ 4 ᠲᠥᠷᠥᠯ᠎ᠤᠨ ᠦᠢ᠍ᠯᠡᠴᠢᠯᠡᠭᠡᠨ᠎ᠤ ᠲᠥᠷᠥᠯ ᠬᠡᠯᠪᠡᠷᠢ᠎ᠯᠦᠭᠡ ᠬᠤᠯᠪᠤᠬᠳᠠᠭ᠋ᠠᠳ᠂ ᠨᠡᠶ᠋ᠢᠲᠡ 24 ᠵᠦᠢ᠍ᠯ ᠪᠠᠢ᠌ᠵᠤ᠂ ᠦᠢ᠍ᠯᠡᠴᠢᠯᠡᠭᠡᠨ᠎ᠤ ᠲᠥᠷᠥᠯ ᠬᠡᠯᠪᠡᠷᠢ᠂ ᠦᠢ᠍ᠯᠡᠴᠢᠯᠡᠬᠡ ᠬᠦᠷᠳᠡᠭᠰᠡᠳ᠂ ᠦᠢ᠍ᠯᠡᠴᠢᠯᠡᠬᠦ ᠠᠭᠤᠯᠭ᠎ᠠ ᠵᠢ ᠲᠣᠳᠣᠷᠬᠠᠢ ᠳᠡᠯᠭᠡᠨ ᠦᠵᠡᠭᠦᠯᠵᠦ᠂ ᠥᠷᠭᠡᠨ ᠣᠯᠠᠨ ᠨᠠᠰᠤᠲᠠᠢ᠌ᠴᠤᠳ᠎ᠤᠨ ᠤᠯᠤᠰ᠎ᠤᠨ ᠲᠥᠷᠥ ᠵᠢᠨ ᠪᠣᠳᠣᠯᠭ᠎ᠠ ᠵᠢ ᠴᠠᠭ ᠲᠤᠬᠠᠢ᠎ᠳᠤ᠎ᠨᠢ ᠣᠢ᠌ᠯᠠᠭ᠋ᠠᠬᠤ᠎ᠳᠤ ᠲᠥᠬᠥᠮ ᠦᠵᠡᠭᠦᠯᠦᠭᠰᠡᠨ ᠪᠠᠢ᠌ᠨ᠎ᠠ᠃

ᠬᠡᠦᠬᠡᠳ᠎ᠤᠨ ᠠᠰᠠᠷᠠᠮᠵᠢ

     ᠲᠦᠩᠯᠢᠶᠣᠣ ᠬᠣᠲᠠ ᠵᠢᠨ᠎ᠬᠢᠨ ᠤᠷᠴᠢᠮ᠎ᠤᠨ ᠵᠢᠯ ᠨᠠᠰᠤᠨ᠎ᠳᠤ ᠥᠯᠥ ᠭᠦᠷᠦᠭᠰᠡᠳ᠎ᠢ ᠲᠤᠰᠠᠯᠠᠵᠤ ᠬᠠᠮᠠᠭ᠋ᠠᠯᠠᠬᠤ  ᠲᠤᠤᠷᠵᠢᠯ᠎ᠤᠨ ᠪᠠᠢ᠌ᠭᠤᠯᠤᠯᠲᠠ ᠵᠢ ᠴᠢᠩᠭ᠋ᠠᠳᠬᠠᠵᠤ ᠨᠡᠢ᠌ᠭᠡᠮ᠎ᠤᠨ ᠠᠵᠢᠯ᠎ᠤᠨ ᠥᠷᠲᠡᠭᠡ᠂ ᠨᠠᠮ ᠪᠠ ᠣᠯᠠᠨ ᠲᠦᠮᠡᠨ᠎ᠤ ᠦᠢ᠍ᠯᠡᠴᠢᠯᠡᠭᠡᠨ᠎ᠤ ᠲᠥᠪ ᠵᠡᠷᠭᠡ ᠡᠬᠢ ᠪᠠᠶᠠᠯᠢᠭ᠎ᠢ  ᠡᠮᠬᠢᠯᠡᠬᠦ᠎ᠪᠠᠷ ᠳᠠᠮᠵᠢᠭᠤᠯᠤᠨ ᠣᠲᠣ ᠨᠢᠭᠡᠨᠲᠡ ᠬᠣᠲᠠ ᠵᠢᠨ ᠱᠠᠲᠤᠨ᠎ᠤ ᠨᠠᠰᠤᠨ᠎ᠳᠤ ᠥᠯᠥ ᠭᠦᠷᠦᠭᠰᠡᠳ᠎ᠢ ᠬᠠᠮᠠᠭ᠋ᠠᠯᠠᠬᠤ ᠲᠥᠪ 1᠂ ᠬᠣᠰᠢᠭᠤ ᠰᠢᠶᠠᠨ᠎ᠤ ᠱᠠᠲᠤᠨ᠎ᠤ ᠨᠠᠰᠤᠨ᠎ᠳᠤ ᠥᠯᠥ ᠭᠦᠷᠦᠭᠰᠡᠳ᠎ᠢ ᠬᠠᠮᠠᠭ᠋ᠠᠯᠠᠬᠤ ᠲᠥᠪ 9᠂ ᠨᠠᠰᠤᠨ᠎ᠳᠤ ᠥᠯᠥ ᠭᠦᠷᠦᠭᠰᠡᠳ᠎ᠢ ᠬᠠᠮᠠᠭ᠋ᠠᠯᠠᠬᠤ ᠠᠵᠢᠯ᠎ᠤᠨ ᠥᠷᠲᠡᠭᠡ 110᠂ ᠬᠡᠦᠬᠡᠳ᠎ᠤᠨ ᠭᠡᠷ 446 ᠵᠢ ᠪᠠᠢ᠌ᠭᠤᠯᠵᠤ ᠪᠥᠬᠥ ᠬᠣᠲᠠ ᠵᠢᠨ ᠨᠠᠰᠤᠨ᠎ᠳᠤ ᠥᠯᠥ ᠭᠦᠷᠦᠭᠰᠡᠳ᠎ᠢ ᠲᠤᠰᠠᠯᠠᠵᠤ ᠬᠠᠮᠠᠭ᠋ᠠᠯᠠᠬᠤ ᠦᠢ᠍ᠯᠡᠴᠢᠯᠡᠭᠡ ᠵᠢ ᠨᠡᠢ᠌ᠳᠡᠮ  ᠪᠦᠷᠬᠦᠬᠦᠯᠦᠭᠰᠡᠨ ᠪᠠᠢ᠌ᠨ᠎ᠠ᠃


 





  

 

ᠢᠷᠡᠯᠲᠡ᠄ ᠦᠪᠤᠷ ᠮᠤᠡᠭᠭᠤᠯ᠎ᠤᠨ ᠦᠪᠡᠷᠳᠡᠬᠡᠨ ᠵᠠᠰᠠᠬᠤ ᠤᠷᠤᠨ᠎ᠤ ᠠᠷᠠᠳ᠎ᠤᠨ ᠶᠠᠪᠤᠳᠠᠯ᠎ᠤᠨ ᠲᠢᠡᠭᠭᠢᠮ᠎ᠤᠨ ᠮᠤᠡᠭᠭᠤᠯ ᠰᠦᠯᠵᠢᠶ᠎ᠡ
          
ᠬᠠᠮᠢᠶ᠎ᠡ ᠪᠦᠬᠦᠢ ᠰᠣᠨᠢᠨ
ᠠᠷᠠᠳ᠎ᠤᠨ ᠶᠠᠪᠤᠳᠠᠯ᠎ᠤᠨ ᠰᠢᠭᠤᠷᠬᠠᠢ ᠮᠡᠳᠡᠬᠡ10.18
ᠠᠷᠠᠳ᠎ᠤᠨ ᠶᠠᠪᠤᠳᠠᠯ᠎ᠤᠨ ᠰᠢᠭᠤᠷᠬᠠᠢ ᠮᠡᠳᠡᠬᠡ10.21
ᠠᠷᠠᠳ᠎ᠤᠨ ᠶᠠᠪᠤᠳᠠᠯ᠎ᠤᠨ ᠰᠢᠭᠤᠷᠬᠠᠢ ᠮᠡᠳᠡᠬᠡ 10.22
ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ᠎ᠬᠢᠨ ᠨᠡᠭᠦᠳᠡᠯ ᠬᠡᠦᠬᠡᠳ ᠪᠠ ᠭᠡᠷ᠎ᠲᠤ᠎ᠪᠠᠨ ᠬᠣᠴᠣᠷᠤᠭᠰᠠᠨ ᠬᠡᠦᠬᠡᠳ᠎ᠢ ᠬᠠᠯᠠᠮᠵᠢᠯᠠᠨ ᠬᠠᠮᠠᠭ᠋ᠠᠯᠠᠬᠤ ᠠᠵᠢᠯ᠎ᠢ ᠠᠬᠢᠭᠤᠯᠬᠤ ᠬᠤᠷᠠᠯ ᠪᠠ ᠦᠪᠤᠷ ᠮᠤᠡᠭᠭᠤᠯ᠎ᠤᠨ ᠥᠪᠡᠷᠲᠡᠭᠡᠨ ᠵᠠᠰᠠᠬᠤ ᠣᠷᠣᠨ᠎ᠤ ᠨᠡᠭᠦᠳᠡᠯ ᠬᠡᠦᠬᠡᠳ ᠪᠠ ᠭᠡᠷ᠎ᠲᠤ᠎ᠪᠠᠨ ᠬᠣᠴᠣᠷᠤᠭᠰᠠᠨ ᠬᠡᠦᠬᠡᠳ᠎ᠤᠨ ᠡᠷᠬᠡ ᠠᠰᠢᠭ᠎ᠢ ᠪᠠᠲᠤᠯᠠᠬᠤ ᠠᠵᠢᠯ᠎ᠤᠨ ᠳᠤᠭᠤᠢ᠌ᠯᠠᠩ᠎ᠤᠨ ᠬᠤᠷᠠᠯ ᠬᠤᠷᠠᠯᠳᠤᠭᠤᠯᠪᠠ
ᠠᠷᠠᠳ᠎ᠤᠨ ᠶᠠᠪᠤᠳᠠᠯ᠎ᠤᠨ ᠰᠢᠭᠤᠷᠬᠠᠢ ᠮᠡᠳᠡᠬᠡ 10.23
 
            