ᠴᠢᠬᠤᠯᠠ ᠮᠡᠳᠡᠭᠡ
ᠲᠥᠷᠥ ᠵᠢᠨ ᠶᠠᠪᠤᠳᠠᠯ᠎ᠤᠨ ᠬᠣᠷᠢᠶᠠᠨ᠎ᠤ ᠠᠯᠪᠠᠨ ᠲᠢᠩᠬᠢᠮ᠎ᠤᠨ᠎ᠬᠢᠨ 3 ᠰᠠᠷ᠎ᠠ ᠵᠢᠨ 5᠎ᠤ ᠡᠳᠦᠷ 《ᠮᠥᠩᠭᠥᠨ ᠭᠦᠢ᠍ᠯᠭᠡᠭᠡᠨ᠎ᠤ 〈ᠲᠠᠪᠤᠨ ᠶᠡᠬᠡ ᠶᠠᠪᠤᠳᠠᠯ〉᠎ᠢ ᠰᠠᠢ᠌ᠲᠤᠷ ᠬᠢᠬᠦ ᠲᠤᠬᠠᠢ ᠵᠢᠯᠤᠭᠣᠳᠬᠤ ᠰᠠᠨᠠᠯ》᠎ᠢ ᠳᠠᠷᠤᠮᠠᠯᠯᠠᠨ ᠲᠠᠷᠬᠠᠭ᠋ᠠᠵᠤ᠂ ᠬᠥᠮᠥᠨ ᠠᠮᠠ ᠵᠢᠨ ᠨᠠᠰᠤᠵᠢᠯᠲᠠ ᠵᠢ ᠠᠷᠭ᠋ᠠᠴᠠᠭ᠋ᠠᠬᠤ᠂ ᠨᠠᠰᠤᠵᠢᠯ᠎ᠤᠨ ᠠᠰᠠᠷᠠᠮᠵᠢ ᠵᠢᠨ ᠮᠥᠩᠭᠥᠨ ᠭᠦᠢ᠍ᠯᠭᠡᠭᠡᠨ᠎ᠤ ᠰᠢᠰᠲ᠋ᠧᠮ᠎ᠢ ᠪᠦᠷᠢᠨᠰᠢᠭᠦᠯᠬᠦ᠎ᠪᠠᠷ ᠲᠣᠳᠣᠷᠬᠠᠢ ᠲᠣᠭᠲᠠᠭ᠋ᠠᠵᠤ᠂ ᠨᠠᠰᠤᠵᠢᠯ᠎ᠤᠨ ᠠᠰᠠᠷᠠᠮᠵᠢ ᠵᠢᠨ ᠮᠥᠩᠭᠥᠨ ᠭᠦᠢ᠍ᠯᠭᠡᠭᠡᠨ᠎ᠤ ᠬᠣᠯᠪᠣᠭᠳᠠᠯ ᠪᠦᠬᠦᠢ ᠲᠥᠷᠥ ᠵᠢᠨ ᠪᠣᠳᠣᠯᠭ᠎ᠠ ᠵᠢ ᠦᠷᠭᠦᠯᠵᠢᠯᠡᠨ ᠲᠡᠭᠦᠯᠳᠡᠷᠵᠢᠭᠦᠯᠵᠦ᠂ ᠮᠥᠩᠭᠥᠨ ᠭᠦᠢ᠍ᠯᠭᠡᠭᠡᠨ᠎ᠤ ᠠᠵᠤ ᠠᠬᠤᠢ ᠮᠥᠩᠭᠥᠨ ᠭᠦᠢ᠍ᠯᠭᠡᠭᠡᠨ᠎ᠤ ᠳᠡᠮᠵᠢᠯᠭᠡ ᠵᠢ ᠴᠢᠩᠭ᠋ᠠᠳᠬᠠᠨ᠂ ᠳᠤᠮᠳᠠᠳᠤ ᠤᠯᠤᠰ᠎ᠤᠨ ᠮᠠᠶᠢᠭ᠎ᠤᠨ ᠨᠠᠰᠤᠵᠢᠯ᠎ᠤᠨ ᠠᠰᠠᠷᠠᠮᠵᠢ ᠵᠢᠨ ᠦᠢ᠍ᠯᠡᠰ᠎ᠤᠨ ᠴᠢᠨᠠᠷ ᠰᠠᠢ᠌ᠲᠠᠢ ᠬᠥᠭᠵᠢᠯᠲᠡ ᠵᠢ ᠠᠬᠢᠭᠤᠯᠤᠨ᠎ᠠ᠃ ᠨᠠᠰᠤᠲᠠᠢ᠌ᠴᠤᠳ᠎ᠲᠤ ᠬᠣᠯᠪᠣᠭᠳᠠᠭᠰᠠᠨ ᠬᠠᠤᠯᠢ ᠪᠤᠰᠤ ᠮᠥᠩᠭᠥᠨ ᠭᠦᠢ᠍ᠯᠭᠡᠭᠡᠨ᠎ᠤ ᠠᠵᠢᠯᠯᠠᠭ᠎ᠠ ᠵᠢ ᠰᠡᠷᠭᠡᠢ᠌ᠯᠡᠬᠦ ᠪᠠ ᠴᠣᠬᠢᠯᠲᠠ ᠥᠭᠬᠦ ᠡᠷᠴᠢᠮ ᠵᠶ᠋ᠡᠨ ᠴᠢᠩᠭ᠋ᠠᠷᠠᠭᠤᠯᠵᠤ ᠨᠠᠰᠤᠲᠠᠢ᠌ᠴᠤᠳ᠎ᠤᠨ ᠮᠦᠡᠭᠭᠦᠨ ᠬᠦᠢ᠍ᠯᠬᠡᠬᠡᠨ᠎ᠤ ᠬᠠᠤᠯᠢ ᠶᠣᠰᠣᠨ᠎ᠤ ᠡᠷᠬᠡ ᠠᠰᠢᠭ᠎ᠢ ᠬᠠᠮᠠᠭ᠋ᠠᠯᠠᠬᠤ ᠬᠡᠷᠡᠭᠳᠡᠢ ᠬᠡᠵᠡᠢ ᠃
ᠶᠡᠷᠤᠡᠭᠭᠡᠢ᠌ᠯᠡᠭᠰᠡᠨ ᠠᠵᠢᠯ
ᠰᠢᠯᠢ ᠵᠢᠨ ᠭᠣᠣᠯ ᠠᠢ᠌ᠮᠠᠭ᠎ᠤᠨ ᠠᠷᠠᠳ᠎ᠤᠨ ᠶᠠᠪᠤᠳᠠᠯ᠎ᠤᠨ ᠲᠣᠪᠴᠢᠶ᠎ᠠ ᠵᠢᠨ᠎ᠬᠢᠨ 《ᠰᠢᠯᠢ ᠵᠢᠨ ᠭᠣᠣᠯ ᠠᠢ᠌ᠮᠠᠭ᠎ᠤᠨ ᠠᠷᠠᠳ᠎ᠤᠨ ᠶᠠᠪᠤᠳᠠᠯ᠎ᠤᠨ ᠲᠣᠪᠴᠢᠶ᠎ᠠ ᠵᠢᠨ ᠠᠶᠤᠯ ᠦᠭᠡᠢ ᠦᠢ᠍ᠯᠡᠳᠪᠦᠷᠢᠯᠡᠯ᠎ᠤᠨ ᠡᠭᠦᠷᠭᠡ ᠬᠠᠷᠢᠭᠤᠴᠠᠯᠭ᠎ᠠ ᠵᠢᠨ ᠨᠠᠷᠢᠨ ᠬᠠᠭᠤᠳᠠᠰᠤ ᠪᠠ ᠤᠳᠤᠷᠢᠳᠬᠤ ᠺᠠᠳ᠋ᠷᠴᠤᠳ᠎ᠤᠨ ᠠᠶᠤᠯ ᠦᠭᠡᠢ ᠦᠢ᠍ᠯᠡᠳᠪᠦᠷᠢᠯᠡᠯ᠎ᠤᠨ ᠠᠵᠢᠯ᠎ᠤᠨ ᠣᠨ᠎ᠤ ᠡᠭᠦᠷᠭᠡ ᠵᠢᠨ ᠨᠠᠷᠢᠨ ᠬᠠᠭᠤᠳᠠᠰᠤ》 ᠵᠢ ᠳᠠᠷᠤᠮᠠᠯᠯᠠᠨ ᠲᠠᠷᠬᠠᠭ᠋ᠠᠵᠤ᠂ 《ᠨᠠᠮ ᠵᠠᠰᠠᠭ ᠠᠳᠠᠯᠢ ᠬᠠᠷᠢᠭᠤᠴᠠᠯᠭ᠎ᠠ ᠡᠭᠦᠷᠭᠡᠯᠡᠬᠦ᠂ ᠨᠢᠭᠡ ᠠᠵᠢᠯ᠎ᠤᠨ ᠪᠠᠢ᠌ᠷᠢ᠎ᠳᠤ ᠬᠣᠣᠰ ᠬᠠᠷᠢᠭᠤᠴᠠᠯᠭ᠎ᠠ ᠡᠭᠦᠷᠭᠡᠯᠡᠬᠦ᠂ ᠴᠤᠭ ᠵᠶ᠋ᠡᠷ ᠠᠳᠬᠤᠨ ᠬᠠᠮᠲᠤ᠎ᠪᠠᠷ ᠬᠠᠮᠢᠶᠠᠷᠬᠤ᠂ ᠲᠤᠰᠢᠶᠠᠯ᠎ᠳᠤ᠎ᠪᠠᠨ ᠣᠰᠣᠯᠳᠠᠪᠠᠯ ᠬᠠᠷᠢᠭᠤᠴᠠᠯᠭ᠎ᠠ ᠨᠡᠬᠡᠮᠵᠢᠯᠡᠬᠦ》 ᠵᠠᠷᠴᠢᠮ ᠶᠣᠰᠣᠭ᠋ᠠᠷ ᠡᠯ᠎ᠡ ᠵᠦᠢ᠍ᠯ᠎ᠤᠨ ᠡᠭᠦᠷᠭᠡ ᠴᠢᠳᠠᠪᠤᠷᠢ ᠡᠭᠦᠷᠭᠡ ᠬᠠᠷᠢᠭᠤᠴᠠᠯᠭ᠎ᠠ ᠪᠠ ᠠᠵᠢᠯ᠎ᠤᠨ ᠬᠠᠷᠠᠯᠲᠠ ᠵᠢ ᠲᠤᠳᠤᠷᠬᠠᠢ᠌ᠯᠠᠪᠠ᠃ ᠦᠨᠤ ᠵᠢᠯ ᠰᠢᠯᠢ ᠵᠢᠨ ᠭᠤᠤᠯ ᠠᠢ᠌ᠮᠠᠭ᠎ᠤᠨ᠎ᠬᠢᠨ ᠡᠯ᠎ᠡ ᠱᠠᠲᠤᠨ᠎ᠤ ᠠᠷᠠᠳ᠎ᠤᠨ ᠶᠠᠪᠤᠳᠠᠯ᠎ᠤᠨ ᠦᠢ᠍ᠯᠡᠴᠢᠯᠡᠭᠡᠨ᠎ᠤ ᠪᠠᠢ᠌ᠭᠤᠯᠤᠮᠵᠢ ᠵᠢ 256 ᠪᠠᠢ᠌ᠴᠠᠭ᠋ᠠᠵᠤ᠂ ᠡᠩ᠎ᠤᠨ ᠴᠢᠨᠠᠷᠲᠠᠢ ᠠᠶᠤᠯ ᠲᠦᠭᠰᠢᠭᠦᠷᠢ ᠵᠢᠨ ᠳᠠᠯᠳᠠ ᠬᠡᠮ᠎ᠢ 53 ᠵᠤᠷᠪᠤᠰ ᠳᠠᠷᠠᠭ᠋ᠠᠯᠠᠨ ᠪᠠᠢ᠌ᠴᠠᠭ᠋ᠠᠭᠰᠠᠨ ᠪᠥᠭᠡᠳ 100%᠎ᠪᠠᠷ ᠴᠡᠭᠴᠡᠯᠡᠨ ᠰᠠᠢ᠌ᠵᠢᠷᠠᠭᠤᠯᠵᠤ᠂ ᠡᠯ᠎ᠡ ᠱᠠᠲᠤᠨ᠎ᠤ ᠠᠷᠠᠳ᠎ᠤᠨ ᠶᠠᠪᠤᠳᠠᠯ᠎ᠤᠨ ᠦᠢ᠍ᠯᠡᠴᠢᠯᠡᠭᠡᠨ᠎ᠤ ᠪᠠᠢ᠌ᠭᠤᠯᠤᠮᠵᠢ ᠵᠢᠨ ᠠᠶᠤᠯ ᠦᠬᠡᠢ ᠦᠢ᠍ᠯᠡᠳᠪᠦᠷᠢᠯᠡᠯ᠎ᠤᠨ ᠠᠵᠢᠯ᠎ᠢ ᠡᠮᠬᠢ ᠵᠢᠷᠤᠮ᠎ᠲᠠᠢ ᠠᠬᠢᠭᠤᠯᠪᠠ᠃
ᠨᠡᠢ᠌ᠭᠡᠮ᠎ᠤᠨ ᠵᠣᠬᠢᠶᠠᠨ ᠪᠠᠢ᠌ᠭᠤᠯᠤᠯᠲᠠ ᠵᠢᠨ ᠬᠠᠮᠢᠶᠠᠷᠤᠯᠲᠠ
ᠬᠥᠯᠥᠨ ᠪᠣᠶ᠋ᠢᠷ ᠬᠣᠲᠠ ᠵᠢᠨ ᠠᠷᠠᠳ᠎ᠤᠨ ᠶᠠᠪᠤᠳᠠᠯ᠎ᠤᠨ ᠲᠣᠪᠴᠢᠶ᠎ᠠ ᠵᠢᠨ᠎ᠬᠢᠨ ᠤᠷᠴᠢᠮ᠎ᠳᠤ 《ᠬᠥᠯᠥᠨ ᠪᠣᠶ᠋ᠢᠷ ᠬᠣᠲᠠ ᠵᠢᠨ ᠨᠡᠢ᠌ᠭᠡᠮ ᠲᠣᠭᠣᠷᠢᠭ᠎ᠤᠨ ᠨᠡᠢ᠌ᠭᠡᠮ᠎ᠤᠨ ᠵᠣᠬᠢᠶᠠᠨ ᠪᠠᠢ᠌ᠭᠤᠯᠤᠯᠲᠠ ᠵᠢ ᠪᠣᠢ᠌ᠵᠢᠭᠤᠯᠬᠤ ᠪᠠ ᠵᠢᠷᠤᠮᠵᠢᠭᠤᠯᠬᠤ ᠪᠠᠢ᠌ᠭᠤᠯᠤᠯᠲᠠ ᠵᠢ ᠰᠠᠢ᠌ᠲᠤᠷ ᠬᠢᠬᠦ ᠵᠢᠨ ᠬᠡᠷᠡᠭᠵᠢᠭᠦᠯᠬᠦ ᠲᠥᠰᠥᠯ》᠎ᠢ ᠲᠣᠭᠲᠠᠭ᠋ᠠᠨ ᠲᠠᠷᠬᠠᠭ᠋ᠠᠪᠠ᠃ ᠲᠥᠰᠥᠯ᠎ᠳᠤ ᠨᠡᠢ᠌ᠭᠡᠮ ᠲᠣᠭᠣᠷᠢᠭ᠎ᠤᠨ ᠨᠡᠢ᠌ᠭᠡᠮ᠎ᠤᠨ ᠵᠣᠬᠢᠶᠠᠨ ᠪᠠᠢ᠌ᠭᠤᠯᠤᠯᠲᠠ ᠵᠢᠨ ᠨᠠᠮ᠎ᠤᠨ ᠵᠣᠬᠢᠶᠠᠨ ᠪᠠᠢ᠌ᠭᠤᠯᠤᠯᠲᠠ ᠵᠢ ᠲᠡᠭᠦᠯᠳᠡᠷᠵᠢᠭᠦᠯᠬᠦ᠂ ᠨᠡᠢ᠌ᠭᠡᠮ ᠲᠣᠭᠣᠷᠢᠭ᠎ᠤᠨ ᠨᠡᠢ᠌ᠭᠡᠮ᠎ᠤᠨ ᠵᠣᠬᠢᠶᠠᠨ ᠪᠠᠢ᠌ᠭᠤᠯᠤᠯᠲᠠ ᠵᠢ ᠲᠡᠳᠬᠦᠬᠦ ᠠᠵᠢᠯ᠎ᠢ ᠴᠢᠩᠭ᠋ᠠᠳᠬᠠᠬᠤ᠂ ᠨᠡᠢ᠌ᠭᠡᠮ ᠲᠣᠭᠣᠷᠢᠭ᠎ᠤᠨ ᠨᠡᠢ᠌ᠭᠡᠮ᠎ᠤᠨ ᠵᠣᠬᠢᠶᠠᠨ ᠪᠠᠢ᠌ᠭᠤᠯᠤᠯᠲᠠ ᠵᠢᠨ ᠠᠵᠢᠯᠯᠠᠭ᠋ᠠᠨ᠎ᠢ ᠵᠢᠷᠤᠮᠵᠢᠭᠤᠯᠬᠤ ᠵᠡᠷᠭᠡ ᠵᠢᠷᠭᠤᠭ᠋ᠠᠨ ᠲᠠᠯ᠎ᠠ᠎ᠠᠴᠠ ᠠᠷᠭ᠎ᠠ ᠵᠢ ᠨᠠᠷᠢᠯᠢᠭᠵᠢᠭᠤᠯᠵᠤ᠂ ᠡᠯ᠎ᠡ ᠬᠣᠰᠢᠭᠤ ᠬᠣᠲᠠ ᠲᠣᠭᠣᠷᠢᠭ᠎ᠤᠨ ᠳᠡᠩᠰᠡᠯᠡᠨ ᠬᠠᠮᠢᠶᠠᠷᠬᠤ ᠪᠠᠢ᠌ᠭᠤᠯᠭ᠎ᠠ ᠵᠢ ᠵᠢᠯᠣᠭᠣᠳᠤᠨ ᠨᠡᠢ᠌ᠭᠡᠮ ᠲᠣᠭᠣᠷᠢᠭ᠎ᠤᠨ ᠨᠡᠢ᠌ᠭᠡᠮ᠎ᠤᠨ ᠵᠣᠬᠢᠶᠠᠨ ᠪᠠᠢ᠌ᠭᠤᠯᠤᠯᠲᠠ ᠵᠢ ᠬᠥᠭᠵᠢᠭᠦᠯᠬᠦ ᠪᠠ ᠵᠢᠷᠤᠮᠵᠢᠭᠤᠯᠤᠨ ᠪᠦᠲᠦᠭᠡᠨ ᠪᠠᠶ᠋ᠢᠭᠤᠯᠬᠤ ᠠᠵᠢᠯ᠎ᠢ ᠥᠷᠨᠢᠭᠦᠯᠵᠦ᠂ ᠳᠡᠭᠡᠳᠦ ᠳᠣᠣᠷᠠᠳᠤ ᠱᠠᠲᠤ᠎ᠪᠠᠷ ᠵᠶ᠋ᠠᠨ ᠬᠠᠮᠵᠢᠯᠴᠠᠨ ᠨᠡᠢ᠌ᠭᠡᠮ ᠲᠣᠭᠣᠷᠢᠭ᠎ᠤᠨ ᠨᠡᠢ᠌ᠭᠡᠮ᠎ᠤᠨ ᠵᠣᠬᠢᠶᠠᠨ ᠪᠠᠢ᠌ᠭᠤᠯᠤᠯᠲᠠ ᠵᠢᠨ ᠬᠥᠭᠵᠢᠯᠲᠡ ᠵᠢ ᠠᠬᠢᠭᠤᠯᠬᠤ ᠠᠵᠢᠯ᠎ᠤᠨ ᠪᠠᠢ᠌ᠷᠢᠰᠢᠯ᠎ᠢ ᠪᠣᠶ ᠪᠣᠯᠭ᠋ᠠᠵᠤ᠂ ᠬᠥᠯᠥᠨ ᠪᠣᠶ᠋ᠢᠷ ᠬᠣᠲᠠ ᠵᠢᠨ ᠨᠡᠢ᠌ᠭᠡᠮ ᠲᠣᠭᠣᠷᠢᠭ᠎ᠤᠨ ᠨᠡᠢ᠌ᠭᠡᠮ᠎ᠤᠨ ᠵᠣᠬᠢᠶᠠᠨ ᠪᠠᠢ᠌ᠭᠤᠯᠤᠯᠲᠠ ᠵᠢᠨ ᠡᠩᠨᠡᠭᠡ ᠵᠢ ᠭᠦᠢ᠍ᠴᠡᠳ ᠠᠭᠤᠳᠠᠯᠤᠨ ᠨᠡᠢ᠌ᠭᠡᠮ ᠲᠣᠭᠣᠷᠢᠭ᠎ᠤᠨ ᠨᠡᠢ᠌ᠭᠡᠮ᠎ᠤᠨ ᠵᠣᠬᠢᠶᠠᠨ ᠪᠠᠢ᠌ᠭᠤᠯᠤᠯᠲᠠ ᠵᠢᠨ ᠴᠢᠨᠠᠷᠯᠢᠭ ᠬᠥᠭᠵᠢᠯᠲᠡ᠎ᠳᠤ ᠰᠠᠢ᠌ᠨ ᠰᠠᠢ᠌ᠬᠠᠨ ᠠᠭᠤᠷ ᠠᠮᠢᠰᠬᠤᠯ᠎ᠢ ᠪᠣᠶ ᠪᠤᠯᠭ᠋ᠠᠵᠠᠢ᠃
ᠨᠠᠰᠤᠵᠢᠯ᠎ᠤᠨ ᠦᠢ᠍ᠯᠡᠴᠢᠯᠡᠭᠡ
ᠤᠯᠠᠭ᠋ᠠᠨᠴᠠᠪ᠎ᠤᠨ ᠬᠣᠲᠠ ᠵᠢᠨ ᠠᠷᠠᠳ᠎ᠤᠨ ᠶᠠᠪᠤᠳᠠᠯ᠎ᠤᠨ ᠲᠣᠪᠴᠢᠶ᠎ᠠ ᠵᠢᠨ᠎ᠬᠢᠨ ᠤᠷᠴᠢᠮ᠎ᠤᠨ ᠵᠢᠯ 《ᠭᠡᠷ᠎ᠲᠤ᠎ᠪᠠᠨ ᠰᠠᠭᠤᠭ᠎ᠠ ᠨᠠᠰᠤᠲᠠᠢ᠌ᠴᠤᠳ᠎ᠢ ᠠᠰᠠᠷᠠᠬᠤ᠎ᠪᠠᠷ ᠭᠣᠣᠯ ᠪᠣᠯᠭ᠋ᠠᠭᠰᠠᠨ᠂ ᠪᠠᠢ᠌ᠭᠤᠯᠤᠮᠵᠢ ᠵᠢᠨ ᠨᠠᠰᠤᠵᠢᠯ᠎ᠤᠨ ᠠᠰᠠᠷᠠᠮᠵᠢ᠎ᠪᠠᠷ ᠬᠠᠪᠰᠤᠷᠤᠮᠵᠢ ᠪᠣᠯᠭ᠋ᠠᠭᠰᠠᠨ᠂ ᠨᠡᠢ᠌ᠭᠡᠮᠴᠢᠯᠡᠭᠰᠡᠨ ᠦᠢ᠍ᠯᠡᠴᠢᠯᠡᠭᠡ᠎ᠪᠠᠷ ᠲᠦᠰᠢᠭ ᠪᠣᠯᠭ᠋ᠠᠭᠰᠠᠨ》 ᠨᠠᠰᠤᠵᠢᠯ᠎ᠤᠨ ᠠᠰᠠᠷᠠᠮᠵᠢ ᠵᠢᠨ ᠦᠢ᠍ᠯᠡᠴᠢᠯᠡᠭᠡᠨ᠎ᠤ ᠰᠢᠰᠲᠸᠮ᠎ᠢ ᠴᠢᠷᠮᠠᠢ᠌ᠨ ᠪᠠᠢ᠌ᠭᠤᠯᠵᠤ᠂ ᠨᠠᠰᠤᠲᠠᠢ᠌ᠴᠤᠳ᠎ᠲᠤ ᠨᠠᠩ ᠳᠥᠭᠥᠮ ᠳᠥᠲᠡ᠂ ᠲᠠᠭ᠋ᠠᠯᠠᠮᠵᠢᠲᠠᠢ᠂ ᠥᠪᠡᠷᠮᠢᠴᠡ ᠨᠠᠰᠤᠵᠢᠯ᠎ᠤᠨ ᠠᠰᠠᠷᠠᠮᠵᠢ ᠵᠢᠨ ᠣᠷᠴᠢᠨ ᠲᠣᠭᠣᠷᠢᠨ᠎ᠢ ᠪᠣᠶ ᠪᠤᠯᠭ᠋ᠠᠪᠠ᠃ 《ᠭᠡᠷ᠎ᠲᠤ᠎ᠪᠠᠨ ᠰᠠᠭᠤᠬᠤ + ᠤᠯᠠᠭ᠎ᠠ ᠥᠷᠲᠡᠭᠡ》 ᠵᠢᠨ ᠨᠡᠢ᠌ᠭᠡᠮ ᠲᠣᠭᠣᠷᠢᠭ᠎ᠤᠨ ᠨᠠᠰᠤᠵᠢᠯ᠎ᠤᠨ ᠦᠢ᠍ᠯᠡᠴᠢᠯᠡᠭᠡᠨ᠎ᠤ ᠰᠢᠨ᠎ᠡ ᠵᠠᠭᠪᠤᠷ᠎ᠢ ᠢᠳᠡᠪᠬᠢᠲᠡᠢ ᠰᠦᠪᠡᠭᠴᠢᠯᠡᠵᠦ᠂ 《ᠨᠢᠭᠡ ᠮᠥᠴᠡ ᠵᠢᠨ ᠲᠤᠳᠤᠷᠠᠬᠢ ᠨᠠᠰᠤᠵᠢᠯ᠎ᠤᠨ ᠦᠢ᠍ᠯᠡᠴᠢᠯᠡᠭᠡᠨ᠎ᠤ ᠲᠤᠭᠤᠷᠢᠭ》᠎ᠤᠨ ᠴᠢᠳᠠᠮᠵᠢ ᠵᠢ ᠲᠡᠭᠡᠭᠰᠢᠯᠡᠬᠦᠯᠪᠡ ᠃ ᠵᠠᠬ᠎ᠠ ᠳᠡᠯᠭᠡᠭᠦᠷᠴᠢᠯᠡᠬᠦ ᠠᠷᠭ᠎ᠠ᠎ᠪᠠᠷ 《ᠨᠠᠰᠤᠳᠠᠢ᠌ᠴᠤᠳ᠎ᠤᠨ ᠲᠦᠯᠤᠬᠡᠬᠢ ᠬᠣᠭᠣᠯᠠᠨ ᠭᠡᠷ》᠎ᠢ ᠪᠠᠢ᠌ᠭᠤᠯᠵᠤ᠂ ᠨᠠᠰᠤᠲᠠᠢ᠌ᠴᠤᠳ᠎ᠲᠤ ᠰᠢᠮ᠎ᠡ ᠲᠡᠵᠢᠭᠡᠯ᠎ᠲᠠᠢ᠂ ᠦᠨ᠎ᠡ ᠬᠠᠩᠰᠢ ᠲᠤᠬᠢᠷᠠᠮᠵᠢᠳᠠᠢ ᠢᠳᠡᠭᠡᠨ ᠤᠮᠳᠠᠭ᠋ᠠᠨ᠎ᠤ ᠦᠢ᠍ᠯᠡᠴᠢᠯᠡᠭᠡ ᠬᠠᠩᠭ᠋ᠠᠵᠤ ᠨᠠᠰᠤᠲᠠᠢ᠌ᠴᠤᠳ᠎ᠤᠨ ᠬᠣᠭᠣᠯᠠ ᠤᠮᠳᠠ ᠵᠢᠨ ᠬᠦᠴᠢᠷᠳᠡᠯ᠎ᠢ ᠰᠢᠢ᠍ᠳᠪᠤᠷᠢᠯᠡᠵᠤ ᠪᠠᠢ᠌ᠨ᠎ᠠ᠃
ᠣᠷᠣᠨ᠎ᠤ ᠭᠠᠳᠠᠨᠠᠬᠢ ᠮᠡᠳᠡᠭᠡ ᠵᠠᠩᠭᠢ
ᠬᠠᠢ᠌ᠨᠠᠨ ᠮᠤᠵᠢ ᠵᠢᠨ ᠠᠷᠠᠳ᠎ᠤᠨ ᠵᠠᠰᠠᠭ᠎ᠤᠨ ᠣᠷᠳᠣᠨ᠎ᠤ ᠠᠯᠪᠠᠨ ᠲᠢᠩᠬᠢᠮ᠎ᠤᠨ᠎ᠬᠢᠨ ᠤᠷᠴᠢᠮ᠎ᠳᠤ 《ᠬᠠᠢ᠌ᠨᠠᠨ ᠮᠤᠵᠢ ᠵᠢᠨ ᠡᠷᠡᠭᠦᠯᠵᠢᠯ ᠰᠤᠪᠢᠯᠠᠯᠲᠠ ᠵᠢᠨ ᠠᠵᠤ ᠦᠢ᠍ᠯᠡᠰ᠎ᠤᠨ ᠬᠥᠭᠵᠢᠯᠲᠡ ᠵᠢ ᠠᠬᠢᠭᠤᠯᠬᠤ ᠭᠤᠷᠪᠠᠨ ᠵᠢᠯ᠎ᠤᠨ ᠠᠵᠢᠯᠯᠠᠭ᠋ᠠᠨ᠎ᠤ ᠲᠥᠰᠥᠯ (2025 — 2027 ᠣᠨ)》᠎ᠢ ᠨᠡᠢ᠌ᠲᠡᠯᠡᠪᠡ᠃ ᠲᠥᠰᠥᠯ᠎ᠳᠤ᠄ 《ᠪᠠᠢ᠌ᠭ᠋ᠠᠯᠢ ᠵᠢᠨ ᠨᠥᠬᠥᠴᠡᠯ᠎ᠢ ᠭᠦᠢ᠍ᠴᠡᠳ ᠠᠰᠢᠭᠯᠠᠭᠰᠠᠨ ᠰᠠᠭᠤᠷᠢᠨ ᠳᠡᠭᠡᠷ᠎ᠡ ᠡᠷᠡᠭᠦᠯᠵᠢᠯ ᠰᠤᠪᠢᠯᠠᠯᠲᠠ ᠵᠢᠨ ᠦᠢ᠍ᠯᠡᠴᠢᠯᠡᠭᠡᠨ᠎ᠤ ᠪᠠᠷᠢᠮᠵᠢᠶ᠎ᠠ ᠵᠢ ᠲᠡᠬᠦᠯᠳᠡᠷᠵᠢᠬᠦᠯᠤᠨ ᠦᠢ᠍ᠯᠡᠴᠢᠯᠡᠭᠡᠨ᠎ᠤ ᠴᠢᠳᠠᠮᠵᠢ ᠵᠢ ᠲᠡᠭᠦᠯᠳᠡᠷᠵᠢᠭᠦᠯᠦᠨ᠂ ᠠᠵᠤ ᠦᠢ᠍ᠯᠡᠰ᠎ᠤᠨ ᠲᠥᠷᠥ ᠵᠢᠨ ᠪᠣᠳᠣᠯᠭ᠎ᠠ ᠵᠢ ᠰᠢᠨᠡᠳᠬᠡᠵᠤ ᠡᠷᠡᠭᠦᠯᠵᠢᠯ ᠰᠤᠪᠢᠯᠠᠯᠲᠠ ᠵᠢᠨ ᠵᠢᠱ᠌ᠢᠶ᠎ᠡ ᠦᠵᠡᠭᠦᠯᠬᠦ ᠵᠦᠢ᠍ᠯᠡᠰ᠎ᠢ ᠪᠣᠢ᠌ᠵᠢᠭᠤᠯᠤᠨ᠂ ᠬᠠᠢ᠌ᠨᠠᠨ᠎ᠤ 〈ᠡᠷᠡᠭᠦᠯᠵᠢᠯ ᠠᠷᠠᠯ〉᠎ᠤᠨ ᠨᠠᠷᠠᠲᠤ ᠲᠡᠮᠳᠡᠭᠲᠦ ᠵᠢ ᠳᠠᠭᠤᠷᠢᠰᠤᠭᠤᠯᠵᠤ᠂ ᠡᠷᠡᠭᠦᠯᠵᠢᠯ ᠰᠤᠪᠢᠯᠠᠯᠲᠠ ᠵᠢᠨ ᠠᠵᠤ ᠦᠢ᠍ᠯᠡᠰ᠎ᠤᠨ ᠴᠢᠨᠠᠷᠯᠢᠭ ᠬᠥᠭᠵᠢᠯᠲᠡ ᠵᠢ ᠳᠠᠭ᠋ᠠᠭᠤᠯᠤᠨ᠎ᠠ》 ᠭᠡᠵᠤ ᠲᠤᠷᠠᠳᠤᠬᠰᠠᠨ ᠠᠵᠢ᠃