ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠡᠶ᠋ᠢᠭᠡᠮ ᠰᠡᠳᠬᠦᠯ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠢᠨ ᠮᠡᠳᠡᠭᠡ   -   ᠰᠣᠨᠢᠨ ᠮᠡᠳᠡᠭᠡ
ᠠᠷᠠᠳ᠎ᠤᠨ ᠶᠠᠪᠤᠳᠠᠯ᠎ᠤᠨ ᠰᠢᠭᠤᠷᠬᠠᠢ ᠮᠡᠳᠡᠬᠡ 3.19
ᠨᠡᠶᠢᠲᠡᠯᠡᠭᠰᠡᠨ ᠴᠠᠭ᠄ 2025-03-19

ᠴᠢᠬᠤᠯᠠ ᠮᠡᠳᠡᠭᠡ


    ᠠᠷᠠᠳ᠎ᠤᠨ ᠶᠠᠪᠤᠳᠠᠯ᠎ᠤᠨ ᠶᠠᠮᠤᠨ᠎ᠤ᠎ᠬᠢᠨ ᠤᠷᠴᠢᠮ᠎ᠳᠤ ᠨᠠᠮ᠎ᠤᠨ ᠤᠳᠤᠷᠢᠳᠬᠤ ᠳᠤᠭᠤᠢ᠌ᠯᠠᠩ᠎ᠤᠨ ᠬᠤᠷᠠᠯ ᠪᠤᠯᠤᠨ ᠨᠠᠮ᠎ᠤᠨ ᠪᠠᠢ᠌ᠭᠤᠯᠤᠯᠲᠠ ᠵᠢᠨ ᠠᠵᠢᠯ᠎ᠤᠨ ᠤᠳᠤᠷᠢᠳᠬᠤ ᠳᠤᠭᠤᠢ᠌ᠯᠠᠩ᠎ᠤᠨ ᠬᠤᠷᠠᠯ᠎ᠢ ᠬᠤᠷᠠᠯᠳᠤᠭᠤᠯᠵᠤ᠂ ᠲᠥᠪ ᠬᠣᠷᠢᠶᠠᠨ᠎ᠤ ᠨᠠᠮ᠎ᠤᠨ ᠪᠠᠢ᠌ᠭᠤᠯᠤᠯᠲᠠ ᠵᠢᠨ ᠠᠵᠢᠯ᠎ᠤᠨ ᠤᠳᠤᠷᠢᠳᠬᠤ ᠳᠤᠭᠤᠢ᠌ᠯᠠᠩ᠎ᠤᠨ ᠬᠤᠷᠠᠯ ᠪᠠ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠲᠥᠪ ᠬᠣᠷᠢᠶᠠᠨ᠎ᠤ ᠠᠯᠪᠠᠨ ᠲᠢᠩᠬᠢᠮ᠎ᠤᠨ 《ᠪᠦᠬᠦ ᠨᠠᠮ᠎ᠤᠨ ᠳᠣᠲᠣᠷ᠎ᠠ ᠲᠥᠪ ᠬᠣᠷᠢᠶᠠᠨ᠎ᠤ ᠨᠠᠢ᠍ᠮᠠᠨ ᠵᠦᠢ᠍ᠯ᠎ᠤᠨ ᠲᠣᠭᠲᠠᠭ᠋ᠠᠯ᠎ᠤᠨ ᠵᠣᠷᠢᠭ ᠰᠠᠨᠠᠭ᠎ᠠ ᠵᠢ ᠭᠦᠨᠵᠡᠭᠡᠢ ᠲᠤᠭᠤᠰᠢᠯᠠᠭᠤᠯᠬᠤ ᠰᠤᠷᠤᠯᠴᠠᠯᠭ᠎ᠠ ᠬᠥᠮᠦᠵᠢᠯ᠎ᠢ ᠥᠷᠨᠢᠭᠦᠯᠬᠦ ᠲᠤᠬᠠᠢ ᠮᠡᠳᠡᠭᠳᠡᠯ》᠎ᠤᠨ ᠵᠣᠷᠢᠭ ᠰᠠᠨᠠᠭ᠎ᠠ ᠵᠢ ᠬᠢᠨᠠᠮᠠᠭ᠋ᠠᠢ ᠰᠤᠷᠤᠯᠴᠠᠨ ᠲᠤᠭᠤᠰᠢᠯᠠᠭᠤᠯᠤᠬᠰᠠᠨ᠎ᠤ ᠬᠠᠮᠳᠤ ᠠᠷᠠᠳ᠎ᠤᠨ ᠶᠠᠪᠤᠳᠠᠯ᠎ᠤᠨ ᠶᠠᠮᠤᠨ᠎ᠤ ᠰᠤᠷᠤᠯᠴᠠᠯᠭ᠎ᠠ ᠬᠥᠮᠦᠵᠢᠯ᠎ᠤᠨ ᠬᠡᠷᠡᠭᠵᠢᠭᠦᠯᠬᠦ ᠲᠥᠰᠥᠯ᠎ᠢ ᠬᠢᠨᠠᠨ ᠶᠠᠷᠢᠯᠴᠠᠵᠤ ᠪᠠᠲᠤᠯᠠᠨ ᠠᠷᠠᠳ᠎ᠤᠨ ᠶᠠᠪᠤᠳᠠᠯ᠎ᠤᠨ ᠶᠠᠮᠤᠨ᠎ᠤ ᠰᠢᠭᠤᠳ ᠬᠠᠷᠢᠶ᠎ᠠ ᠪᠠᠢ᠌ᠭᠤᠯᠭ᠎ᠠ ᠵᠢᠨ ᠰᠤᠷᠤᠯᠴᠠᠯᠭ᠎ᠠ ᠬᠥᠮᠦᠵᠢᠯ᠎ᠢ ᠥᠷᠨᠢᠭᠦᠯᠬᠦ ᠲᠤᠬᠠᠢ ᠪᠠᠢ᠌ᠷᠢᠯᠠᠭᠤᠯᠤᠯ᠎ᠠ᠃ ᠠᠷᠠᠳ᠎ᠤᠨ ᠶᠠᠪᠤᠳᠠᠯ᠎ᠤᠨ ᠶᠠᠮᠤᠨ᠎ᠤ ᠨᠠᠮ᠎ᠤᠨ ᠤᠳᠤᠷᠢᠳᠬᠤ ᠳᠤᠭᠤᠢ᠌ᠯᠠᠩ᠎ᠤᠨ ᠱᠦᠵᠢ᠂ ᠶᠠᠮᠤᠨ᠎ᠤ ᠰᠠᠢ᠌ᠳ ᠯᠦ᠍ ᡁᠢ ᠶᠤᠸᠠᠨ ᠬᠤᠷᠠᠯ ᠡᠷᠭᠢᠯᠡᠭᠰᠡᠨ ᠪᠥᠭᠡᠳ ᠶᠠᠷᠢᠶ᠎ᠠ ᠲᠠᠯᠪᠢᠵᠠᠢ᠃


ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠶᠠᠪᠤᠳᠠᠯ


    ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠠᠰᠠᠷᠠᠮᠵᠢ ᠵᠢᠨ ᠱᠠᠩᠨᠠᠯᠲᠤ ᠰᠤᠭᠤᠯᠤᠭ᠎ᠠ ᠵᠢᠨ ᠪᠣᠷᠤᠯᠠᠭᠤᠯᠭ᠎ᠠ ᠵᠢᠨ ᠬᠠᠮᠢᠶᠠᠷᠤᠯᠲᠠ ᠵᠢᠨ ᠲᠥᠪ᠎ᠤᠨ᠎ᠬᠢᠨ ᠤᠷᠴᠢᠮ᠎ᠳᠤ 《ᠦᠷᠳᠡᠬᠡᠴᠢᠯᠡᠭᠰᠡᠨ ᠮᠠᠶᠢᠭ》᠎ᠤᠨ ᠱᠠᠩᠨᠠᠯ ᠣᠯᠭᠣᠬᠤ ᠦᠢ᠍ᠯᠡᠴᠢᠯᠡᠭᠡ ᠵᠢ  ᠲᠡᠯᠬᠡᠷᠡᠬᠦᠯᠪᠡ᠃ ᠲᠣᠰ ᠦᠢ᠍ᠯᠡᠴᠢᠯᠡᠭᠡ᠎ᠨᠢ 《ᠦᠢ᠍ᠯᠡᠴᠢᠯᠡᠬᠦ — ᠤᠬᠠᠭᠤᠯᠬᠤ — ᠣᠷᠣᠯᠴᠠᠬᠤ》 ᠭᠤᠷᠪᠠᠨ ᠰᠢᠰᠲ᠋ᠧᠮ ᠡᠭᠦᠳᠬᠦ᠎ᠪᠠᠷ ᠳᠡᠮᠵᠢᠨ ᠱᠠᠩᠨᠠᠯᠲᠤ ᠰᠤᠭᠤᠯᠤᠭ᠎ᠠ ᠵᠢ  ᠬᠠᠷᠭᠤᠭᠤᠯᠬᠤ᠂ ᠦᠨᠡᠨ ᠨᠡᠷ᠎ᠡ᠎ᠪᠠᠷ ᠭᠡᠷᠡᠴᠢᠯᠡᠬᠦ᠂ ᠱᠠᠩᠨᠠᠯ᠎ᠤᠨ ᠮᠥᠩᠭᠥ ᠵᠢ ᠨᠤᠲᠠᠯᠠᠬᠤ ᠵᠡᠷᠭᠡ ᠪᠥᠬᠥ ᠶᠠᠪᠤᠴᠨ ᠵᠢ ᠡᠮᠬᠢᠯᠡᠬᠡᠳ ᠬᠤᠪᠢ ᠵᠢᠨ ᠨᠢᠭᠤᠴᠠ ᠵᠢᠨ ᠠᠮᠤᠷ ᠲᠦᠪᠰᠢᠨ ᠱᠠᠩᠨᠠᠯ ᠣᠯᠭᠣᠬᠤ ᠣᠷᠴᠢᠨ ᠲᠣᠭᠣᠷᠢᠨ᠎ᠢ ᠢᠵᠢ ᠪᠦᠷᠢᠳᠦᠭᠦᠯᠦᠨ᠂ ᠦᠢ᠍ᠯᠡᠴᠢᠯᠡᠭᠡ ᠵᠢ ᠳᠥᠭᠥᠮ ᠳᠥᠲᠡ ᠪᠤᠯᠭ᠋ᠠᠬᠰᠠᠨ ᠪᠦᠬᠡᠳ ᠵᠢᠷᠤᠮᠵᠢᠭᠤᠯᠪᠠ᠃ ᠨᠡᠶ᠋ᠢᠲᠡ ᠵᠢᠨ ᠠᠰᠠᠷᠠᠮᠵᠢ ᠵᠢᠨ ᠤᠬᠠᠭᠤᠯᠭ᠎ᠠ ᠵᠢ ᠵᠡᠷᠬᠡ ᠥᠷᠨᠢᠭᠦᠯᠵᠦ᠂ ᠱᠠᠩᠨᠠᠯᠲᠤ ᠰᠤᠭᠤᠯᠤᠭ᠎ᠠ ᠵᠢᠨ ᠬᠥᠭᠵᠢᠯᠲᠡ ᠵᠢᠨ ᠲᠡᠦᠬᠡ᠂  ᠰᠤᠭᠤᠯᠤᠭ᠎ᠠ ᠵᠢᠨ ᠳᠦᠷᠢᠮ ᠪᠠ ᠨᠡᠶ᠋ᠢᠲᠡ ᠵᠢᠨ ᠠᠰᠠᠷᠠᠮᠵᠢ ᠵᠢᠨ ᠮᠥᠩᠭᠥ ᠵᠢᠨ ᠠᠷᠠᠳ᠎ᠤᠨ ᠠᠮᠢᠳᠤᠷᠠᠯ᠎ᠤᠨ ᠬᠦᠷᠢᠶ᠎ᠡ ᠴᠠᠷᠠᠭ᠎ᠠ᠎ᠳᠤ᠎ᠬᠢ ᠦᠢ᠍ᠯᠡᠳᠦᠯᠭᠡ ᠵᠢᠨ ᠦᠷ᠎ᠡ ᠪᠦᠲᠦᠭᠡᠯ᠎ᠢ ᠲᠡᠯᠬᠡᠪᠡ᠃ ᠣᠯᠠᠨ ᠨᠡᠶ᠋ᠢᠲᠡ ᠵᠢᠨ ᠱᠠᠩᠨᠠᠯᠲᠤ ᠰᠤᠭᠤᠯᠤᠭ᠎ᠠ ᠵᠢᠨ ᠨᠡᠶ᠋ᠢᠲᠡ ᠵᠢᠨ ᠠᠰᠠᠷᠠᠮᠵᠢ ᠵᠢᠨ ᠰᠢᠨ᠎ᠡ ᠠᠷᠭ᠎ᠠ᠎ᠨᠢ ᠱᠠᠩᠨᠠᠯ ᠣᠯᠭᠣᠬᠤ ᠵᠢᠨ ᠠᠶᠤᠯ ᠦᠬᠡᠢ ᠵᠢ ᠪᠠᠲᠤᠯᠠᠬᠤ ᠵᠢᠨ ᠬᠠᠮᠲᠤ ᠱᠠᠩᠨᠠᠯᠲᠤ ᠰᠤᠭᠤᠯᠤᠭ᠎ᠠ ᠣᠯᠭᠣᠬᠤ ᠦᠢ᠍ᠯᠡᠴᠢᠯᠡᠭᠡ ᠵᠢ 《ᠦᠢ᠍ᠯᠡᠴᠢᠯᠡᠭᠡ + ᠨᠡᠶ᠋ᠢᠲᠡ ᠵᠢᠨ ᠠᠰᠠᠷᠠᠮᠵᠢ》 ᠵᠢᠨ ᠶᠡᠷᠦᠩᠬᠡᠢ᠌ᠯᠡᠭᠰᠡᠨ ᠲᠠᠪᠴᠠᠩ ᠲᠡᠢ᠌ᠰᠢ ᠲᠠᠰ  ᠲᠡᠪᠰᠢᠬᠦᠯᠤᠬᠡᠳ ᠱᠠᠩᠨᠠᠯᠲᠤ ᠰᠤᠭᠤᠯᠤᠭ᠎ᠠ ᠬᠤᠳᠠᠯᠳᠤᠨ ᠠᠪᠤᠭᠴᠢ᠎ᠳᠤ ᠨᠠᠩ ᠰᠢᠯᠢᠳᠡᠭ ᠦᠢ᠍ᠯᠡᠴᠢᠯᠡᠭᠡᠨ ᠬᠠᠡᠭᠭ᠋ᠠᠬᠤ ᠪᠤᠯᠤᠨ᠎ᠠ᠃ 
 
ᠨᠡᠢ᠌ᠭᠡᠮ᠎ᠤᠨ ᠶᠠᠪᠤᠳᠠᠯ


    ᠬᠥᠯᠥᠨ ᠪᠤᠢ᠍ᠢ᠍ᠷ᠎ᠤᠨ ᠬᠤᠳᠠ ᠵᠢᠨ ᠠᠷᠠᠳ᠎ᠤᠨ ᠶᠠᠪᠤᠳᠠᠯ᠎ᠤᠨ ᠲᠣᠪᠴᠢᠶ᠎ᠠ ᠵᠢᠨ᠎ᠬᠢᠨ ᠬᠠᠩᠰᠢ ᠵᠢᠨ ᠳᠠᠬᠢᠯᠭ᠎ᠠ ᠵᠢᠨ ᠠᠵᠢᠯᠯᠠᠭ᠎ᠠ ᠵᠢᠨ ᠦᠢ᠍ᠯᠡᠴᠢᠯᠡᠭᠡ ᠪᠠᠲᠤᠯᠠᠪᠤᠷᠢ ᠵᠢᠨ ᠠᠵᠢᠯ᠎ᠢ ᠤᠷᠴᠢᠮ᠎ᠠᠴᠠ ᠰᠠᠢ᠌ᠲᠤᠷ ᠬᠢᠵᠤ ᠡᠬᠢᠯᠡᠯ᠎ᠡ᠃ ᠲᠠᠬᠢᠯᠭ᠎ᠠ ᠵᠢᠨ ᠲᠠᠯᠠᠪᠤᠷ᠎ᠤᠨ ᠠᠮᠤᠷ ᠲᠦᠪᠰᠢᠨ᠎ᠤ ᠬᠡᠮ ᠰᠣᠭᠣᠭ᠎ᠢ ᠵᠢᠭᠰᠠᠭ᠋ᠠᠨ ᠪᠠᠢ᠌ᠴᠠᠭ᠋ᠠᠬᠤ᠎ᠪᠠᠷ ᠳᠠᠮᠵᠢᠭᠤᠯᠤᠨ᠂ ᠪᠠᠴᠢᠮ ᠪᠠᠢ᠌ᠳᠠᠯ᠎ᠢ ᠠᠷᠭ᠋ᠠᠴᠠᠭ᠋ᠠᠬᠤ ᠲᠥᠰᠥᠯ᠎ᠢ ᠲᠡᠭᠦᠯᠳᠡᠷᠵᠢᠭᠦᠯᠵᠦ᠂ ᠣᠯᠠᠨ ᠲᠦᠮᠡᠨ᠎ᠤ ᠲᠠᠬᠢᠯᠭ᠎ᠠ ᠵᠢᠨ ᠠᠮᠤᠷ ᠲᠦᠪᠰᠢᠨ᠎ᠢ ᠪᠠᠲᠤᠯᠠᠬᠤ᠎ᠪᠠᠷ ᠪᠠᠢ᠌ᠨ᠎ᠠ ᠃ ᠪᠣᠯᠪᠠᠰᠤᠨ ᠪᠦᠬᠡᠳ ᠳᠣᠣᠷ᠎ᠠ ᠨᠡᠭᠦᠷᠡᠰᠦᠲᠥ᠋ᠷᠥᠭᠴᠢᠲᠦ ᠳᠠᠬᠢᠯᠭ᠎ᠠ ᠵᠢ ᠰᠠᠨᠠᠭ᠋ᠠᠴᠢᠯᠠᠵᠤ᠂ 《ᠬᠥᠯᠥᠨ ᠪᠤᠢ᠍ᠢ᠍ᠷ ᠬᠤᠳᠠ ᠵᠢᠨ ᠪᠣᠯᠪᠠᠰᠤᠨ ᠳᠠᠬᠢᠯᠭ᠎ᠠ ᠵᠢᠨ ᠳᠦᠷᠢᠮ》 ᠎ᠢ ᠶᠡᠬᠡ᠎ᠪᠠᠷ ᠤᠬᠠᠭᠤᠯᠵᠤ ᠰᠣᠷᠭᠣᠭ ᠴᠡᠴᠡᠭ ᠵᠶ᠋ᠡᠷ ᠳᠠᠬᠢᠯᠭ᠎ᠠ ᠡᠷᠬᠦᠬᠦ᠂ ᠮᠣᠳᠣ ᠳᠠᠷᠢᠵᠤ ᠳᠤᠷᠠᠰᠤᠨ ᠰᠠᠨᠠᠭ᠋ᠠᠯᠵᠠᠬᠤ ᠵᠡᠷᠭᠡ ᠪᠣᠬᠢᠷᠲᠤᠯ ᠦᠭᠡᠢ ᠠᠷᠭ᠎ᠠ ᠵᠢ ᠲᠡᠯᠬᠡᠷᠡᠬᠦᠯᠤᠨ᠎ᠡ᠃ ᠠᠷᠠᠳ᠎ᠲᠤ ᠲᠥᠬᠥᠮ ᠦᠵᠡᠭᠦᠯᠬᠦ ᠦᠢ᠍ᠯᠡᠴᠢᠯᠡᠭᠡ ᠵᠢ ᠰᠢᠯᠢᠳᠡᠭᠵᠢᠭᠦᠯᠵᠦ᠂ ᠭᠣᠣᠯᠳᠠᠯᠭ᠎ᠠ᠎ᠲᠠᠢ ᠳᠠᠬᠢᠯᠭ᠎ᠠ ᠵᠢᠨ ᠲᠠᠯᠠᠪᠤᠷ᠎ᠲᠤ ᠲᠦᠷ ᠴᠠᠭ᠎ᠤᠨ ᠦᠢ᠍ᠯᠡᠴᠢᠯᠡᠭᠡᠨ᠎ᠤ ᠴᠡᠭ᠎ᠢ ᠨᠡᠮᠡᠵᠦ ᠲᠣᠬᠢᠷᠠᠭᠤᠯᠤᠨ ᠲᠥᠬᠥᠮ ᠦᠵᠡᠭᠦᠯᠬᠦ ᠠᠷᠭ᠎ᠠ ᠬᠠᠩᠭ᠋ᠠᠵᠤ᠂ 24 ᠴᠠᠭ᠎ᠤᠨ ᠦᠢ᠍ᠯᠡᠴᠢᠯᠡᠭᠡᠨ᠎ᠤ ᠪᠠᠢ᠌ᠡᠭᠭᠤ ᠵᠢᠨ ᠤᠲᠠᠰᠤ ᠵᠡᠷᠭᠡ ᠵᠢ ᠨᠠᠪᠲᠠᠷᠡᠭᠦᠯᠵᠦ᠂ ᠬᠠᠩᠰᠢ ᠵᠢᠨ ᠳᠠᠬᠢᠯᠭ᠎ᠠ ᠵᠢᠨ ᠠᠵᠢᠯᠯᠠᠭ᠎ᠠ ᠵᠢᠨ ᠠᠶᠤᠯ ᠦᠬᠡᠢ ᠪᠦᠬᠡᠳ ᠡᠮᠬᠢ᠎ᠲᠠᠢ ᠶᠠᠪᠤᠭᠳᠠᠬᠤ ᠵᠢ  ᠪᠠᠳᠤᠯᠠᠬᠤ᠎ᠪᠠᠷ ᠪᠠᠢ᠌ᠨ᠎ᠠ᠃
   ᠣᠷᠳᠣᠰ᠎ᠤᠨ ᠬᠣᠲᠠ ᠵᠢᠨ ᠠᠷᠠᠳ᠎ᠤᠨ ᠶᠠᠪᠤᠳᠠᠯ᠎ᠤᠨ ᠲᠣᠪᠴᠢᠶ᠎ᠠ ᠵᠢᠨ᠎ᠬᠢᠨ ᠣᠷᠣᠭ ᠭᠡᠷ ᠪᠦᠯᠢ ᠵᠢᠨ ᠵᠢᠯᠤᠭᠤᠳᠤᠯᠭ᠎ᠠ ᠵᠢᠨ ᠦᠢ᠍ᠯᠡᠴᠢᠯᠡᠭᠡ ᠵᠢ ᠢᠳᠡᠪᠬᠢᠲᠡᠢ ᠥᠷᠨᠢᠭᠦᠯᠵᠦ᠂ ᠬᠡᠷᠡᠭᠴᠡᠭᠡ ᠱᠠᠭ᠋ᠠᠷᠳᠠᠯᠭ᠎ᠠ᠎ᠲᠠᠢ ᠲᠤᠬᠠᠢ ᠵᠢᠨ ᠬᠥᠮᠥᠨ᠎ᠳᠤ ᠰᠡᠳᠬᠢᠯ ᠰᠡᠳᠬᠢᠯ ᠵᠶ᠋ᠡᠨ ᠤᠢ᠌ᠯᠠᠭ᠋ᠠᠬᠤ᠂ ᠬᠠᠷᠢᠴᠠᠭ᠎ᠠ᠎ᠪᠠᠨ ᠰᠡᠷᠭᠦᠭᠡᠬᠦ᠂ ᠵᠠᠭᠤᠷᠠᠯᠳᠤᠭ᠋ᠠᠨ᠎ᠢ ᠡᠶᠡᠳᠡᠭᠦᠯᠬᠦ ᠵᠡᠷᠭᠡ ᠣᠯᠠᠨ ᠡᠰᠢᠵᠢᠭᠰᠡᠨ ᠦᠢ᠍ᠯᠡᠴᠢᠯᠡᠭᠡ ᠵᠢ ᠬᠠᠩᠭ᠋ᠠᠵᠤ᠂ ᠣᠷᠣᠭ ᠭᠡᠷ ᠪᠦᠯᠢ ᠵᠢᠨ ᠡᠯ᠎ᠡ ᠲᠥᠷᠥᠯ᠎ᠤᠨ ᠵᠥᠷᠢᠴᠡᠯ᠎ᠢ ᠤᠭ ᠦᠨᠳᠦᠰᠦ᠎ᠠᠴᠠ᠎ᠨᠢ ᠰᠡᠷᠬᠡᠢ᠌ᠯᠡᠵᠤ ᠪᠠᠢ᠌ᠨ᠎ᠠ᠃ ᠣᠲᠣ ᠪᠣᠯᠲᠠᠯ᠎ᠠ ᠪᠥᠬᠥ ᠬᠣᠲᠠ᠎ᠳᠤ  ᠣᠷᠣᠭ ᠭᠡᠷ ᠪᠦᠯᠢ ᠵᠢᠨ ᠲᠤᠬᠠᠢ ᠵᠢᠯᠤᠭᠤᠳᠤᠯᠭ᠎ᠠ ᠵᠢᠨ ᠲᠠᠰᠤᠭ10 ᠂ ᠣᠷᠣᠭ ᠭᠡᠷ ᠪᠦᠯᠢ ᠵᠢᠨ  ᠵᠢᠯᠤᠭᠤᠳᠤᠯᠭ᠎ᠠ ᠵᠢᠨ ᠥᠷᠲᠡᠭᠡ 30 ᠵᠢ ᠪᠠᠢ᠌ᠭᠤᠯᠵᠤ᠂ ᠲᠤᠰᠬᠠᠢ ᠲᠤᠰᠢᠶᠠᠯᠲᠤ᠂ ᠲᠤᠰᠢᠶᠠᠯ ᠬᠠᠪᠰᠤᠷᠭ᠋ᠠᠭᠰᠠᠨ ᠣᠷᠣᠭ ᠭᠡᠷ ᠪᠦᠯᠢ ᠵᠢᠨ ᠵᠢᠯᠣᠭᠣᠳᠤᠭᠴᠢ ᠵᠢ 43 ᠤᠷᠢᠵᠤ᠂   ᠣᠷᠣᠭ ᠭᠡᠷ ᠪᠦᠯᠢ ᠵᠢᠨ  ᠵᠢᠯᠤᠭᠤᠳᠤᠯᠭ᠎ᠠ ᠵᠢ 7744 ᠤᠳᠠᠭ᠎ᠠ  ᠬᠠᠩᠭ᠋ᠠᠵᠤ᠂ ᠣᠷᠣᠭ ᠭᠡᠷ ᠪᠦᠯᠢ ᠵᠢᠨ ᠵᠥᠷᠢᠴᠡᠯ᠎ᠢ ᠪᠦᠲᠦᠮᠵᠢᠲᠡᠶ ᠠᠷᠢᠯᠭ᠋ᠠᠨ᠂ ᠭᠡᠷ ᠪᠦᠯᠢ ᠵᠢᠨ ᠡᠶ᠎ᠡ ᠵᠣᠬᠢᠴᠠᠯ᠎ᠢ ᠬᠠᠮᠠᠭ᠋ᠠᠯᠠᠪᠠ᠃


ᠨᠠᠰᠤᠵᠢᠯ᠎ᠤᠨ ᠦᠢ᠍ᠯᠡᠴᠢᠯᠡᠭᠡ


    ᠬᠥᠬᠡᠬᠣᠲᠠ ᠵᠢᠨ ᠠᠷᠠᠳ᠎ᠤᠨ ᠶᠠᠪᠤᠳᠠᠯ᠎ᠤᠨ ᠲᠣᠪᠴᠢᠶ᠎ᠠ ᠵᠢᠨ᠎ᠬᠢᠨ 2025 ᠣᠨ᠎ᠤ ᠭᠡᠷ᠎ᠤᠨ ᠡᠳ᠋ᠯᠡᠯ ᠭᠠᠯ ᠲᠣᠭᠣᠭ᠋ᠠᠨ᠎ᠤ ᠬᠡᠷᠡᠭᠰᠡᠯ᠎ᠢ ᠰᠤᠯᠢᠬᠤ ᠨᠥᠬᠥᠪᠦᠷᠢ ᠵᠢᠨ ᠠᠵᠢᠯᠯᠠᠭ᠎ᠠ ᠵᠢ ᠰᠠᠢ᠌ᠲᠤᠷ ᠬᠢᠬᠦ ᠵᠢᠨ ᠲᠥᠯᠥᠭᠡ 《ᠬᠥᠬᠡᠬᠣᠲᠠ ᠵᠢᠨ 2025 ᠣᠨ᠎ᠤ  ᠬᠡᠷ᠎ᠤᠨ ᠡᠳ᠋ᠯᠡᠯ ᠭᠠᠯ ᠲᠣᠭᠣᠭ᠋ᠠᠨ᠎ᠤ ᠬᠡᠷᠡᠭᠰᠡᠯ᠎ᠤᠨ ᠨᠦᠬᠦᠪᠤᠷᠢ (ᠭᠡᠷ ᠪᠦᠯᠢ ᠵᠢᠨ ᠨᠠᠰᠤᠵᠢᠯᠳᠠ᠎ᠳᠤ ᠲᠤᠬᠢᠷᠠᠬᠤ ᠦᠬᠡᠷᠡᠴᠢᠯᠡᠯᠳᠡ ᠵᠢᠨ ᠲᠥᠷᠥᠯ) ᠵᠢᠨ ᠠᠩᠬᠠᠨ᠎ᠤ ᠪᠦᠯᠦᠭ᠎ᠤᠨ ᠣᠷᠣᠯᠴᠠᠬᠤ ᠭᠣᠣᠯ ᠴᠣᠭᠴᠠ ᠵᠢᠨ ᠲᠤᠬᠠᠢ ᠠᠯᠪᠠᠨ ᠵᠠᠷ》᠎ᠢ ᠨᠡᠢ᠌ᠳᠡᠯᠡᠬᠡᠳ ᠭᠡᠷ ᠪᠦᠯᠢ ᠵᠢᠨ ᠨᠠᠰᠤᠵᠢᠯᠲᠠ᠎ᠳᠤ ᠲᠣᠬᠢᠷᠠᠬᠤ ᠥᠭᠡᠷᠡᠴᠢᠯᠡᠯᠲᠡ ᠵᠢᠨ ᠲᠥᠷᠥᠯ᠎ᠤᠨ ᠨᠥᠬᠥᠪᠦᠷᠢ ᠵᠢᠨ ᠬᠡᠪᠴᠢᠶ᠎ᠡ᠎ᠳᠤ ᠱᠠᠯᠨ ᠪᠠ ᠬᠠᠭ᠋ᠠᠯᠭ᠎ᠠ ᠵᠢ ᠰᠢᠨᠡᠳᠬᠡᠬᠦ᠂ ᠤᠨᠲᠠᠯᠭ᠎ᠠ ᠵᠢᠨ ᠥᠷᠥᠭᠡ ᠵᠢ ᠰᠢᠨᠡᠳᠬᠡᠬᠦ᠂ ᠵᠢᠱ᠌ᠢᠶᠡᠯᠡᠪᠡᠯ ᠵᠣᠷᠯᠣᠩ᠎ᠤᠨ ᠤᠬᠢᠶᠠᠯᠭ᠎ᠠ ᠵᠢᠨ ᠲᠥᠬᠦᠭᠡᠷᠦᠮᠵᠢ ᠵᠢ ᠰᠤᠯᠢᠬᠤ᠂ ᠲᠣᠭᠣᠭ᠋ᠠᠨ ᠭᠡᠷ᠎ᠤᠨ ᠲᠥᠬᠦᠭᠡᠷᠦᠮᠵᠢ ᠵᠢᠨ ᠰᠤᠯᠢᠬᠤ᠂ ᠹᠢᠽᠢᠺ᠎ᠤᠨ ᠣᠷᠴᠢᠨ ᠲᠣᠭᠣᠷᠢᠨ᠎ᠢ  ᠲᠤᠬᠢᠷᠠᠭᠤᠯᠬᠤ᠂ ᠣᠶᠤᠨᠴᠢ ᠲᠤᠰᠠᠯᠠᠬᠤ ᠦᠢ᠍ᠯᠡᠳᠬᠦᠨ ᠵᠡᠷᠭᠡ 6 ᠶᠡᠬᠡ ᠲᠥᠷᠥᠯ᠎ᠢ ᠪᠠᠭᠲᠠᠭ᠋ᠠᠬᠤ ᠵᠢ ᠲᠣᠳᠣᠷᠬᠠᠢ᠌ᠯᠠᠵᠤ᠂ ᠣᠷᠣᠯᠴᠠᠬᠤ 10 ᠵᠦᠢ᠍ᠯ᠎ᠤᠨ ᠨᠥᠬᠥᠴᠡᠯ᠎ᠢ ᠲᠤᠷᠠᠳᠪᠠ᠂ ᠡᠯᠰᠡᠬᠦ ᠴᠠᠭ᠎ᠢ 2025 ᠣᠨ᠎ᠤ 3 ᠳ᠋ᠤᠭ᠋ᠠᠷ ᠰᠠᠷ᠎ᠠ ᠵᠢᠨ 21᠎ᠤ ᠡᠳᠦᠷ ᠪᠣᠯᠲᠠᠯ᠎ᠠ᠂ ᠮᠡᠳᠡᠭᠦᠯᠬᠦ ᠮᠠᠲ᠋ᠧᠷᠢᠶᠠᠯ᠎ᠢ ᠬᠥᠬᠡᠬᠣᠲᠠ ᠵᠢᠨ ᠠᠷᠠᠳ᠎ᠤᠨ ᠶᠠᠪᠤᠳᠠᠯ᠎ᠤᠨ ᠲᠣᠪᠴᠢᠶ᠎ᠠ ᠵᠢᠨ ᠠᠯᠪᠠᠨ ᠰᠦᠯᠵᠢᠶ᠎ᠡ᠎ᠠᠴᠠ ᠦᠵᠡᠭᠡᠷᠡᠢ᠃

 


  

 

ᠢᠷᠡᠯᠲᠡ᠄ ᠦᠪᠤᠷ ᠮᠤᠡᠭᠭᠤᠯ᠎ᠤᠨ ᠦᠪᠡᠷᠳᠡᠬᠡᠨ ᠵᠠᠰᠠᠬᠤ ᠤᠷᠤᠨ᠎ᠤ ᠠᠷᠠᠳ᠎ᠤᠨ ᠶᠠᠪᠤᠳᠠᠯ᠎ᠤᠨ ᠲᠢᠡᠭᠭᠢᠮ᠎ᠤᠨ ᠮᠤᠡᠭᠭᠤᠯ ᠰᠦᠯᠵᠢᠶ᠎ᠡ
          
ᠬᠠᠮᠢᠶ᠎ᠡ ᠪᠦᠬᠦᠢ ᠰᠣᠨᠢᠨ
ᠠᠷᠠᠳ᠎ᠤᠨ ᠶᠠᠪᠤᠳᠠᠯ᠎ᠤᠨ ᠰᠢᠭᠤᠷᠬᠠᠢ ᠮᠡᠳᠡᠬᠡ 3.20
ᠠᠷᠠᠳ᠎ᠤᠨ ᠶᠠᠪᠤᠳᠠᠯ᠎ᠤᠨ ᠰᠢᠭᠤᠷᠬᠠᠢ ᠮᠡᠳᠡᠬᠡ 3.21
ᠯᠧᠢ ᠹᠧᠩ᠎ᠤᠨ ᠵᠤᠷᠢᠭ ᠰᠠᠨᠠᠭ᠎ᠠ ᠵᠢ ᠤᠯᠠᠮᠵᠢᠯᠠᠨ ᠵᠠᠯᠭ᠋ᠠᠮᠵᠢᠯᠠᠵᠤ ᠦᠪᠡᠷ᠎ᠠᠴᠠ᠎ᠪᠠᠨ ᠡᠬᠢᠯᠡᠵᠤ ᠨᠠᠰᠤᠳᠠᠨ᠎ᠢ ᠬᠦᠨᠳᠤᠯᠡᠶ᠎ᠡ — ᠨᠡᠢ᠌ᠭᠡᠮ᠎ᠤᠨ ᠵᠣᠬᠢᠶᠠᠨ ᠪᠠᠢ᠌ᠭᠤᠯᠤᠯᠲᠠ ᠵᠢᠨ ᠬᠠᠮᠢᠶᠠᠷᠤᠯᠲᠠ ᠪᠠ ᠬᠠᠤᠯᠢ ᠬᠡᠷᠡᠭᠵᠢᠭᠦᠯᠦᠯᠲᠡ᠎ᠳᠤ ᠬᠢᠨᠠᠯᠲᠠ ᠲᠠᠯᠪᠢᠬᠤ ᠲᠣᠪᠴᠢᠶ᠎ᠠ ᠵᠢᠨ ᠨᠠᠮ᠎ᠤᠨ ᠡᠭᠦᠷ᠎ᠤᠨ᠎ᠬᠢᠨ ᠭᠣᠣᠯ ᠰᠡᠳᠦᠪᠲᠦ ᠨᠠᠮ᠎ᠤᠨ ᠡᠳᠦᠷ᠎ᠤᠨ ᠠᠵᠢᠯᠯᠠᠭ᠎ᠠ ᠦᠷᠨᠢᠬᠦᠯᠪᠡ
ᠠᠷᠠᠳ᠎ᠤᠨ ᠶᠠᠪᠤᠳᠠᠯ᠎ᠤᠨ ᠰᠢᠭᠤᠷᠬᠠᠢ ᠮᠡᠳᠡᠬᠡ 3.24
ᠠᠷᠠᠳ᠎ᠤᠨ ᠶᠠᠪᠤᠳᠠᠯ᠎ᠤᠨ ᠰᠢᠭᠤᠷᠬᠠᠢ ᠮᠡᠳᠡᠬᠡ 3.25
 
            