ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠡᠶ᠋ᠢᠭᠡᠮ ᠰᠡᠳᠬᠦᠯ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠢᠨ ᠮᠡᠳᠡᠭᠡ   -   ᠰᠣᠨᠢᠨ ᠮᠡᠳᠡᠭᠡ
ᠥᠪᠥᠷ ᠮᠣᠩᠭᠣᠯ᠎ᠤᠨ ᠠᠰᠠᠷᠠᠮᠵᠢ ᠵᠢᠨ ᠬᠤᠨᠵᠢᠪᠤᠷᠢᠳᠤ ᠰᠤᠭᠤᠯᠤᠭ᠎ᠠ ᠵᠢᠨ ᠬᠡᠷᠡᠭᠯᠡᠭᠡᠨ᠎ᠤ ᠫᠷᠣᠭ᠌ᠷᠠᠮ᠎ᠤᠨ ᠪᠠᠭᠤᠯᠭ᠋ᠠᠭᠰᠠᠨ ᠬᠡᠮᠵᠢᠶ᠎ᠡ 150 ᠲᠦᠮᠡ ᠵᠢ ᠳᠠᠪᠠᠪᠠ
ᠨᠡᠶᠢᠲᠡᠯᠡᠭᠰᠡᠨ ᠴᠠᠭ᠄ 2025-04-18

   2024 ᠣᠨ᠎ᠳᠤ᠂ ᠥᠪᠥᠷ ᠮᠣᠩᠭᠣᠯ᠎ᠤᠨ ᠠᠰᠠᠷᠠᠮᠵᠢ ᠵᠢᠨ ᠬᠤᠨᠵᠢᠪᠤᠷᠢᠳᠤ ᠰᠤᠭᠤᠯᠤᠭ᠎ᠠ  ᠵᠢᠨ ᠬᠡᠷᠡᠭᠯᠡᠭᠡᠨ᠎ᠤ ᠫᠷᠣᠭ᠌ᠷᠠᠮ᠎ᠢ ᠪᠠᠭᠤᠯᠭ᠋ᠠᠭᠰᠠᠨ ᠬᠡᠮᠵᠢᠶ᠎ᠡ 150 ᠲᠦᠮᠡ᠂ ᠰᠢᠨ᠎ᠡ ᠬᠡᠷᠡᠭᠯᠡᠭᠴᠢ 2023 ᠣᠨ᠎ᠤ᠎ᠬᠢ᠎ᠠᠴᠠ 10 ᠲᠦᠮᠡ ᠵᠢ ᠳᠠᠪᠠᠵᠤ ᠪᠥᠬᠥ ᠵᠢᠯ᠎ᠤᠨ ᠲᠠᠷᠤᠮ᠎ᠤᠨ ᠲᠤᠭ᠎ᠠ 289 ᠲᠦᠮᠡᠨ ᠤᠳᠠᠭ᠎ᠠ ᠬᠦᠷᠴᠡᠢ᠃
     ᠥᠪᠥᠷ ᠮᠣᠩᠭᠣᠯ᠎ᠤᠨ ᠠᠰᠠᠷᠠᠮᠵᠢ ᠵᠢᠨ ᠬᠤᠨᠵᠢᠪᠤᠷᠢᠳᠤ ᠰᠤᠭᠤᠯᠤᠭ᠎ᠠ ᠵᠢᠨ ᠬᠡᠷᠡᠭᠯᠡᠭᠡᠨ᠎ᠤ ᠫᠷᠣᠭ᠌ᠷᠠᠮ ᠪᠣᠯ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠠᠰᠠᠷᠠᠮᠵᠢ ᠵᠢᠨ ᠬᠤᠨᠵᠢᠪᠤᠷᠢᠳᠤ ᠰᠤᠭᠤᠯᠤᠭ᠎ᠠ ᠵᠢᠨ ᠲᠥᠪ᠎ᠤᠨ ᠠᠯᠪᠠᠨ᠎ᠤ ᠲᠠᠯ᠎ᠠ ᠵᠢᠨ ᠎ᠬᠢᠨ᠎ᠤ ᠬᠡᠷᠡᠭᠯᠡᠭᠡᠨ᠎ᠤ ᠫᠷᠣᠭ᠌ᠷᠠᠮ᠂ ᠱᠠᠩᠨᠠᠯ᠎ᠢ ᠨᠡᠭᠡᠭᠡᠵᠦ ᠯᠠᠪᠯᠠᠬᠤ᠂ ᠬᠤᠨᠵᠢᠪᠤᠷᠢᠳᠤ ᠰᠤᠭᠤᠯᠤᠭ᠎ᠠ ᠵᠢᠨ ᠥᠷᠲᠡᠭᠡ ᠵᠢᠨ ᠵᠠᠮᠴᠢᠯᠠᠬᠤ᠂ ᠡᠵᠡᠩᠨᠡᠨ ᠪᠣᠷᠣᠯᠠᠭᠤᠯᠬᠤ ᠠᠵᠢᠯᠯᠠᠭ᠎ᠠ᠂ ᠨᠡᠶ᠋ᠢᠲᠡ ᠵᠢᠨ ᠠᠰᠠᠷᠠᠮᠵᠢ ᠵᠢᠨ ᠳᠠᠮᠵᠢᠭᠤᠯᠭ᠎ᠠ ᠵᠡᠷᠭᠡ ᠴᠢᠳᠠᠮᠵᠢ᠎ᠲᠠᠢ ᠵᠢᠨ ᠬᠠᠮᠲᠤ ᠺᠣᠮᠫᠢᠦ᠋ᠲ᠋ᠧᠷ᠎ᠤᠨ ᠪᠢᠯᠧᠲ᠎ᠤᠨ ᠰᠢᠯᠭ᠋ᠠᠨ ᠪᠠᠢ᠌ᠴᠠᠭ᠋ᠠᠯᠲᠠ ᠵᠢᠨ ᠱᠠᠩᠨᠠᠯ ᠣᠨᠴᠠᠯᠢᠭ᠎ᠲᠠᠢ ᠴᠢᠳᠠᠮᠵᠢ ᠵᠢ ᠭᠠᠷᠭ᠋ᠠᠪᠠ᠃ 2024 ᠣᠨ᠎ᠳᠤ ᠥᠪᠥᠷ ᠮᠣᠩᠭᠣᠯ᠎ᠤᠨ ᠬᠤᠨᠵᠢᠪᠤᠷᠢᠳᠤ ᠰᠤᠭᠤᠯᠤᠭ᠎ᠠ ᠵᠢᠨ ᠬᠡᠷᠡᠭᠯᠡᠭᠡᠨ᠎ᠤ ᠫᠷᠣᠭ᠌ᠷᠠᠮ᠎ᠳᠤ ᠬᠣᠶᠠᠷ ᠤᠯᠠᠷᠢᠯ᠎ᠤᠨ 《ᠪᠤᠶᠠᠨ ᠬᠡᠰᠢᠭ》 ᠨᠡᠷᠡᠳᠦ ᠲᠡᠮᠳᠡᠭᠲᠦ ᠡᠵᠡᠩᠨᠡᠨ ᠪᠣᠷᠣᠯᠠᠭᠤᠯᠬᠤ ᠠᠵᠢᠯᠯᠠᠭ᠎ᠠ ᠥᠷᠨᠢᠭᠦᠯᠵᠦ ᠤᠰᠤᠨ ᠳᠤᠰᠤᠯ᠎ᠢ ᠴᠤᠭᠯᠠᠭᠤᠯᠬᠤ᠂ ᠤᠰᠤᠯᠠᠵᠤ ᠮᠣᠳᠣ ᠲᠠᠷᠢᠬᠤ᠂ ᠨᠡᠶ᠋ᠢᠲᠡ ᠵᠢᠨ ᠠᠰᠠᠷᠠᠮᠵᠢ ᠵᠢᠨ ᠪᠤᠶᠠᠨ ᠦᠢ᠍ᠯᠡᠳᠬᠦ ᠵᠡᠷᠭᠡ ᠰᠣᠨᠢᠷᠬᠠᠯᠲᠠᠢ ᠲᠣᠭᠯᠠᠭ᠋ᠠᠮ᠎ᠤᠨ ᠬᠡᠯᠪᠡᠷᠢ᠎ᠪᠠᠷ ᠬᠡᠷᠡᠭᠯᠡᠭᠴᠢᠳ᠎ᠢ ᠲᠣᠭᠯᠠᠭ᠋ᠠᠮ᠎ᠳᠤ ᠣᠷᠣᠯᠴᠠᠬᠤ ᠶᠠᠪᠤᠴᠠ᠎ᠳᠤ 《ᠭᠠᠷ᠎ᠤᠨ ᠠᠶ᠎ᠠ᠎ᠪᠠᠷ ᠨᠡᠶ᠋ᠢᠲᠡ ᠵᠢᠨ ᠠᠰᠠᠷᠠᠮᠵᠢ》 ᠵᠢ ᠪᠡᠶᠡᠯᠡᠭᠦᠯᠵᠦ ᠬᠣᠶᠠᠷ ᠤᠯᠠᠷᠢᠯ᠎ᠤᠨ ᠠᠵᠢᠯᠯᠠᠭ᠎ᠠ᠎ᠳᠤ ᠨᠡᠢ᠍ᠢ᠍ᠳᠡ 461 ᠲᠦᠮᠡ ᠭᠠᠷᠤᠢ ᠲᠥᠭᠥᠷᠢᠭ᠎ᠤᠨ ᠨᠡᠶ᠋ᠢᠲᠡ ᠵᠢᠨ ᠠᠰᠠᠷᠠᠮᠵᠢ ᠵᠢᠨ ᠮᠥᠩᠭᠥ ᠵᠢ  ᠴᠤᠬᠯᠠᠭᠤᠯᠤᠬᠰᠠᠨ᠎ᠤ ᠬᠠᠮᠲᠤ ᠠᠰᠠᠷᠠᠮᠵᠢ ᠵᠢᠨ ᠬᠤᠨᠵᠢᠪᠤᠷᠢᠳᠤ ᠰᠤᠭᠤᠯᠤᠭ᠎ᠠ ᠵᠢᠨ ᠥᠷᠲᠡᠭᠡ ᠵᠢᠨ ᠲᠠᠨᠢᠯᠴᠠᠭᠤᠯᠬᠤ᠂ ᠥᠮᠴᠢᠲᠡᠨ᠎ᠤ ᠦᠢ᠍ᠯᠡᠴᠢᠯᠡᠭᠡ ᠵᠡᠷᠭᠡ ᠴᠢᠳᠠᠮᠵᠢ᠎ᠨᠢ ᠪᠥᠬᠥ ᠣᠷᠣᠨ᠎ᠤ 5000 ᠭᠠᠷᠤᠢ ᠠᠰᠠᠷᠠᠮᠵᠢ ᠵᠢᠨ ᠬᠤᠨᠵᠢᠪᠤᠷᠢᠳᠤ ᠰᠤᠭᠤᠯᠤᠭ᠎ᠠ ᠵᠢᠨ ᠪᠣᠷᠤᠯᠠᠭᠤᠯᠭ᠎ᠠ ᠵᠢᠨ ᠲᠣᠣᠷ ᠴᠡᠭ᠎ᠤᠨ ᠣᠷᠣᠨ ᠪᠠᠢ᠌ᠷᠢ ᠵᠢ ᠬᠡᠷᠡᠭᠯᠡᠭᠡᠨ᠎ᠤ ᠫᠷᠣᠭ᠌ᠷᠠᠮ᠎ᠳᠤ ᠲᠣᠳᠣᠷᠬᠠᠢ ᠢᠯᠡᠷᠡᠭᠦᠯᠵᠦ᠂ ᠠᠰᠠᠷᠠᠮᠵᠢ ᠵᠢᠨ ᠬᠤᠨᠵᠢᠪᠤᠷᠢᠳᠤ ᠰᠤᠭᠤᠯᠤᠭ᠎ᠠ ᠬᠤᠳᠠᠯᠳᠤᠨ ᠠᠪᠤᠭᠴᠢᠳ᠎ᠤᠨ ᠣᠢ᠌ᠷ᠎ᠠ ᠬᠠᠪᠢ᠎ᠠᠴᠠ ᠠᠰᠠᠷᠠᠮᠵᠢ ᠵᠢᠨ ᠬᠤᠨᠵᠢᠪᠤᠷᠢᠳᠤ ᠰᠤᠭᠤᠯᠤᠭ᠎ᠠ ᠬᠤᠳᠠᠯᠳᠤᠨ ᠠᠪᠬᠤ᠎ᠳᠤ ᠲᠥᠬᠥᠮ ᠪᠣᠯᠭ᠋ᠠᠪᠠ᠃ ᠠᠰᠠᠷᠠᠮᠵᠢ ᠵᠢᠨ ᠠᠰᠠᠷᠠᠮᠵᠢ ᠵᠢᠨ ᠬᠤᠨᠵᠢᠪᠤᠷᠢᠳᠤ ᠰᠤᠭᠤᠯᠤᠭ᠎ᠠ ᠵᠢᠨ ᠳᠦᠷᠰᠦ ᠰᠢᠩᠭᠡᠭᠡᠯᠲᠡ ᠵᠢᠨ ᠬᠡᠰᠡᠭ᠎ᠲᠤ ᠨᠡᠶ᠋ᠢᠲᠡ ᠵᠢᠨ ᠠᠰᠠᠷᠠᠮᠵᠢ ᠵᠢᠨ ᠰᠢᠷᠢᠰ ᠦᠯᠢᠭᠡᠷ᠎ᠢ ᠨᠡᠢ᠌ᠲᠡᠯᠡᠵᠦ᠂  ᠠᠰᠠᠷᠠᠮᠵᠢ ᠵᠢᠨ ᠬᠤᠨᠵᠢᠪᠤᠷᠢᠳᠤ ᠰᠤᠭᠤᠯᠤᠭ᠎ᠠ ᠵᠢᠨ ᠬᠦᠴᠤᠨ ᠴᠢᠳᠠᠯ᠎ᠢ ᠤᠯᠠᠨ ᠲᠦᠮᠡᠨ᠎ᠳᠤ ᠨᠡᠡᠭ ᠰᠢᠭᠤᠳ ᠤᠢ᠌ᠯᠠᠭ᠋ᠠᠭᠤᠯᠪᠠ᠃  
     
   

 

ᠢᠷᠡᠯᠲᠡ᠄ ᠦᠪᠤᠷ ᠮᠤᠡᠭᠭᠤᠯ᠎ᠤᠨ ᠦᠪᠡᠷᠳᠡᠬᠡᠨ ᠵᠠᠰᠠᠬᠤ ᠤᠷᠤᠨ᠎ᠤ ᠠᠷᠠᠳ᠎ᠤᠨ ᠶᠠᠪᠤᠳᠠᠯ᠎ᠤᠨ ᠲᠢᠡᠭᠭᠢᠮ᠎ᠤᠨ ᠮᠤᠡᠭᠭᠤᠯ ᠰᠦᠯᠵᠢᠶ᠎ᠡ
          
ᠬᠠᠮᠢᠶ᠎ᠡ ᠪᠦᠬᠦᠢ ᠰᠣᠨᠢᠨ
ᠠᠷᠠᠳ᠎ᠤᠨ ᠶᠠᠪᠤᠳᠠᠯ᠎ᠤᠨ ᠰᠢᠭᠤᠷᠬᠠᠢ ᠮᠡᠳᠡᠬᠡ 4.15
ᠠᠷᠠᠳ᠎ᠤᠨ ᠶᠠᠪᠤᠳᠠᠯ᠎ᠤᠨ ᠰᠢᠭᠤᠷᠬᠠᠢ ᠮᠡᠳᠡᠬᠡ 4.16
ᠠᠷᠠᠳ᠎ᠤᠨ ᠶᠠᠪᠤᠳᠠᠯ᠎ᠤᠨ ᠰᠢᠭᠤᠷᠬᠠᠢ ᠮᠡᠳᠡᠬᠡ 4.17
ᠠᠷᠠᠳ᠎ᠤᠨ ᠶᠠᠪᠤᠳᠠᠯ ᠊ᠤ᠊ ᠰᠢᠭᠤᠷᠬᠠᠢ ᠮᠡᠳᠡᠬᠡ 4.18
ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠬᠥᠮᠦᠨ ᠠᠮᠠ ᠵᠢᠨ ᠨᠠᠰᠤᠵᠢᠯᠲᠠ ᠵᠢᠨ ᠤᠯᠤᠰ᠎ᠤᠨ ᠪᠠᠶ᠋ᠢᠳᠠᠯ᠎ᠤᠨ ᠬᠥᠮᠦᠵᠢᠯ ᠪᠠ ᠨᠠᠰᠤᠲᠠᠢ᠌ᠴᠤᠳ᠎ᠤᠨ ᠵᠦᠨᠦᠳᠡᠭ ᠭᠡᠮ᠎ᠢ ᠰᠡᠷᠬᠡᠢ᠌ᠯᠡᠬᠦ ᠠᠵᠢᠯ᠎ᠤᠨ ᠪᠣᠯᠪᠠᠰᠤᠷᠠᠯ ᠬᠥᠬᠡᠬᠣᠲᠠ᠎ᠳᠤ ᠶᠠᠪᠤᠭᠳᠠᠪᠠ ᠤᠬᠤᠷ ᠭᠠᠷᠴᠠᠭ᠄ ᠬᠥᠮᠦᠨ ᠠᠮᠠ ᠵᠢᠨ ᠨᠠᠰᠤᠵᠢᠯ᠊
 
            