ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠡᠶ᠋ᠢᠭᠡᠮ ᠰᠡᠳᠬᠦᠯ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠢᠨ ᠮᠡᠳᠡᠭᠡ   -   ᠰᠣᠨᠢᠨ ᠮᠡᠳᠡᠭᠡ
ᠠᠷᠠᠳ᠎ᠤᠨ ᠶᠠᠪᠤᠳᠠᠯ᠎ᠤᠨ ᠰᠢᠭᠤᠷᠬᠠᠢ ᠮᠡᠳᠡᠬᠡ 5.27
ᠨᠡᠶᠢᠲᠡᠯᠡᠭᠰᠡᠨ ᠴᠠᠭ᠄ 2025-05-27

ᠠᠷᠠᠳ᠎ᠤᠨ ᠶᠠᠪᠤᠳᠠᠯ᠎ᠤᠨ ᠶᠠᠮᠤᠨ


   ᠳᠣᠲᠣᠭ᠋ᠠᠳᠤ ᠵᠢ ᠬᠠᠮᠠᠭ᠋ᠠᠯᠠᠬᠤ ᠶᠠᠮᠤᠨ᠂ ᠤᠯᠤᠰ᠎ᠤᠨ ᠢᠨᠲ᠋ᠧᠷ ᠰᠦᠯᠵᠢᠶᠡᠨ᠎ᠤ ᠮᠡᠳᠡᠭᠡ ᠵᠠᠩᠭᠢ ᠵᠢᠨ ᠠᠯᠪᠠᠨ ᠭᠡᠷ᠂ ᠠᠷᠠᠳ᠎ᠤᠨ ᠶᠠᠪᠤᠳᠠᠯ᠎ᠤᠨ ᠶᠠᠮᠤᠨ ᠵᠡᠷᠭᠡ 6 ᠰᠠᠯᠠᠭ᠎ᠠ ᠮᠥᠴᠢᠷ᠎ᠤᠨ᠎ᠬᠢᠨ ᠤᠷᠴᠢᠮ᠎ᠳᠤ ᠬᠠᠮᠲᠤᠷᠠᠨ 《ᠤᠯᠤᠰ᠎ᠤᠨ ᠰᠦᠯᠵᠢᠶᠡᠨ᠎ᠤ ᠪᠡᠶ᠎ᠡ  ᠵᠢᠨ ᠬᠢᠷᠢ ᠬᠡᠮ᠎ᠤᠨ ᠭᠡᠷᠡᠴᠢᠯᠡᠯ᠎ᠤᠨ ᠣᠯᠠᠨ ᠨᠡᠶ᠋ᠢᠲᠡ ᠵᠢᠨ ᠦᠢ᠍ᠯᠡᠴᠢᠯᠡᠭᠡᠨ᠎ᠤ ᠬᠠᠮᠢᠶᠠᠷᠤᠯᠲᠠ ᠵᠢᠨ ᠠᠷᠭ᠎ᠠ》 ᠵᠢ ᠨᠡᠢ᠌ᠲᠡᠯᠡᠵᠦ᠂ 2025 ᠣᠨ᠎ᠤ 7 ᠳ᠋ᠤᠭ᠋ᠠᠷ ᠰᠠᠷ᠎ᠠ ᠵᠢᠨ 15᠎ᠤ ᠡᠳᠦᠷ᠎ᠠᠴᠠ ᠡᠬᠢᠯᠡᠵᠦ ᠬᠡᠷᠡᠭᠵᠢᠭᠦᠯᠦᠨ᠎ᠡ᠃ ᠬᠠᠮᠢᠶᠠᠷᠤᠯᠲᠠ ᠵᠢᠨ ᠠᠷᠭ᠎ᠠ᠎ᠳᠤ᠂ ᠲᠥᠷᠥ ᠵᠢᠨ ᠶᠠᠪᠤᠳᠠᠯ᠎ᠤᠨ ᠬᠣᠷᠢᠶᠠᠨ᠎ᠤ ᠳᠣᠲᠣᠭ᠋ᠠᠳᠤ ᠵᠢ ᠬᠠᠮᠠᠭ᠋ᠠᠯᠠᠬᠤ ᠰᠠᠯᠠᠭ᠎ᠠ ᠮᠥᠴᠢᠷ᠂ ᠤᠯᠤᠰ᠎ᠤᠨ ᠢᠨᠲ᠋ᠧᠷ ᠰᠦᠯᠵᠢᠶᠡᠨ᠎ᠤ ᠮᠡᠳᠡᠭᠡ ᠵᠠᠩᠭᠢᠵᠢᠯᠲᠠ ᠵᠢᠨ ᠰᠠᠯᠠᠭ᠎ᠠ ᠮᠥᠴᠢᠷ᠎ᠤᠨ᠎ᠬᠢᠨ ᠲᠥᠷᠥ ᠵᠢᠨ ᠶᠠᠪᠤᠳᠠᠯ᠎ᠤᠨ ᠬᠣᠷᠢᠶᠠᠨ᠎ᠤ ᠠᠷᠠᠳ᠎ᠤᠨ ᠶᠠᠪᠤᠳᠠᠯ᠂ ᠰᠣᠶᠣᠯ ᠪᠠ ᠵᠢᠭᠤᠯᠴᠢᠯᠠᠯ᠂ ᠡᠷᠡᠭᠦᠯ ᠬᠠᠮᠠᠭ᠋ᠠᠯᠠᠯ ᠡᠷᠡᠭᠦᠯ ᠮᠡᠨᠳᠦ᠂ ᠷᠠᠳᠢᠣ᠋ ᠲᠧᠯᠸᠢᠰ ᠵᠡᠷᠭᠡ ᠰᠠᠯᠠᠭ᠎ᠠ ᠮᠥᠴᠢᠷ᠎ᠤᠨ᠎ᠬᠢᠨ᠎ᠲᠠᠢ ᠬᠠᠮᠲᠤᠷᠠᠨ ᠲᠣᠰ ᠠᠷᠭ᠎ᠠ ᠪᠠ ᠬᠣᠯᠪᠣᠭᠳᠠᠯ ᠪᠦᠬᠦᠢ ᠬᠠᠤᠯᠢ ᠴᠠᠭ᠋ᠠᠵᠠ᠂ ᠵᠠᠰᠠᠭ ᠵᠠᠬᠢᠷᠭ᠋ᠠᠨ᠎ᠤ ᠬᠠᠤᠯᠢ ᠲᠣᠭᠲᠠᠭ᠋ᠠᠯ᠎ᠤᠨ ᠲᠣᠭᠲᠠᠭ᠋ᠠᠯ ᠶᠣᠰᠣᠭ᠋ᠠᠷ ᠲᠣᠰ ᠲᠣᠰ᠎ᠤᠨ ᠲᠤᠰᠢᠶᠠᠯ ᠬᠠᠷᠢᠭᠤᠴᠠᠯᠭ᠎ᠠ ᠵᠢᠨ ᠬᠡᠪᠴᠢᠶᠡᠨ ᠳᠣᠲᠣᠷ᠎ᠠ᠎ᠪᠠᠨ ᠰᠦᠯᠵᠢᠶᠡᠨ᠎ᠤ ᠪᠡᠶ᠎ᠡ ᠵᠢᠨ ᠬᠢᠷᠢ ᠬᠡᠮ᠎ᠤᠨ ᠭᠡᠷᠡᠴᠢᠯᠡᠯ᠎ᠤᠨ ᠣᠯᠠᠨ ᠨᠡᠶ᠋ᠢᠲᠡ ᠵᠢᠨ ᠦᠢ᠍ᠯᠡᠴᠢᠯᠡᠭᠡᠨ᠎ᠤ ᠬᠣᠯᠪᠣᠭᠳᠠᠯ ᠪᠦᠬᠦᠢ ᠠᠵᠢᠯ᠎ᠢ ᠬᠠᠷᠢᠭᠤᠴᠠᠨ᠎ᠠ ᠭᠡᠵᠦ ᠲᠣᠭᠲᠠᠭ᠋ᠠᠵᠠᠢ᠃


ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠶᠠᠪᠤᠳᠠᠯ


    ᠣᠢ᠌ᠷ᠎ᠠ᠎ᠳᠤ᠂ 《ᠤᠮᠠᠷᠠᠲᠤ ᠬᠢᠯᠢ ᠵᠢᠨ ᠪᠤᠭᠤᠷᠤᠯᠴᠤᠳ》 ᠬᠥᠳᠡᠭᠡ ᠲᠣᠰᠬᠣᠨ᠎ᠢ ᠬᠥᠭᠵᠢᠭᠦᠯᠦᠨ ᠮᠠᠨᠳᠤᠭᠤᠯᠬᠤ ᠠᠶᠠᠯᠠᠯ᠎ᠳᠤ ᠬᠦᠴᠦ ᠨᠡᠮᠡᠷᠢᠯᠡᠬᠦ ᠪᠠ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ 2025 ᠣᠨ᠎ᠤ ᠨᠠᠰᠤᠲᠠᠢ᠌ᠴᠤᠳ᠎ᠤᠨ ᠰᠠᠢ᠌ᠨ ᠳᠤᠷ᠎ᠠ ᠵᠢᠨ ᠦᠢ᠍ᠯᠡᠴᠢᠯᠡᠭᠡᠨ᠎ᠤ ᠲᠥᠪᠯᠡᠷᠡᠩᠭᠦᠢ ᠠᠵᠢᠯᠯᠠᠭ᠎ᠠ ᠡᠬᠢᠯᠡᠪᠡ᠃ ᠡᠬᠢᠯᠡᠯᠲᠡ ᠵᠢᠨ ᠶᠣᠰᠣᠯᠠᠯ᠎ᠤᠨ ᠲᠤᠬᠠᠢ ᠵᠢᠨ ᠲᠠᠯᠠᠪᠠᠢ᠎ᠳᠤ᠂ ᠨᠠᠰᠤᠲᠠᠢ᠌ᠴᠤᠳ᠎ᠲᠤ ᠬᠣᠯᠪᠣᠭᠳᠠᠭᠰᠠᠨ 16 ᠠᠵᠤ ᠠᠬᠤᠢ᠌ᠯᠠᠯ ᠪᠣᠯᠣᠨ ᠨᠠᠰᠤᠵᠢᠯ᠎ᠤᠨ ᠠᠰᠠᠷᠠᠮᠵᠢ ᠵᠢᠨ ᠪᠠᠢ᠌ᠭᠤᠯᠤᠮᠵᠢ ᠨᠠᠰᠤᠲᠠᠢ᠌ᠴᠤᠳ᠎ᠲᠤ ᠦᠢ᠍ᠯᠡᠴᠢᠯᠡᠬᠦ ᠦᠢ᠍ᠯᠡᠳᠬᠦᠨ᠎ᠢ ᠤᠬᠠᠭᠤᠯᠤᠨ ᠦᠵᠡᠬᠦᠯᠦᠭᠰᠡᠨ ᠪᠦᠬᠡᠳ ᠦᠪᠤᠷ ᠮᠤᠡᠭᠭᠤᠯ᠎ᠤᠨ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠶᠠᠪᠤᠳᠠᠯ᠎ᠤᠨ ᠲᠢᠩᠬᠢᠮ ᠵᠡᠷᠭᠡ ᠰᠠᠯᠠᠭ᠎ᠠ ᠮᠥᠴᠢᠷ᠎ᠤᠨ᠎ᠬᠢᠨ ᠨᠠᠰᠤᠲᠠᠢ᠌ᠴᠤᠳ᠎ᠤᠨ ᠡᠷᠡᠭᠦᠯ ᠮᠡᠨᠳᠤ᠂  ᠮᠡᠬᠡᠯᠡᠯ᠎ᠢ ᠰᠡᠷᠭᠡᠢ᠌ᠯᠡᠬᠦ ᠬᠢᠬᠠᠬᠤ ᠵᠢ ᠡᠰᠡᠷᠭᠦᠴᠡᠬᠦ ᠵᠡᠷᠭᠡ ᠲᠦᠷᠦ ᠵᠢᠨ ᠪᠣᠳᠣᠯᠭ᠎ᠠ ᠵᠢᠨ ᠮᠡᠳᠡᠯᠭᠡ ᠵᠢ ᠤᠬᠠᠭᠤᠯᠤᠨ ᠲᠠᠢ᠌ᠯᠪᠤᠷᠢᠯᠠᠬᠤ ᠠᠵᠢᠯᠯᠠᠭ᠎ᠠ ᠵᠢ ᠵᠣᠬᠢᠶᠠᠨ ᠪᠠᠢ᠌ᠭᠤᠯᠵᠤ ᠥᠷᠨᠢᠭᠦᠯᠵᠡᠢ᠃ ᠡᠬᠢᠯᠡᠯᠲᠡ ᠵᠢᠨ ᠶᠣᠰᠣᠯᠠᠯ᠎ᠤᠨ ᠳᠠᠷᠠᠭ᠎ᠠ᠂ ᠨᠠᠰᠤᠲᠠᠢ᠌ᠴᠤᠳ᠎ᠤᠨ ᠰᠠᠢ᠌ᠨ ᠳᠤᠷ᠎ᠠ ᠵᠢᠨ ᠦᠢ᠍ᠯᠡᠴᠢᠯᠡᠭᠡᠨ᠎ᠤ ᠠᠩᠭᠢ ᠬᠥᠳᠡᠭᠡ ᠲᠣᠰᠬᠣᠨ᠎ᠳᠤ ᠭᠦᠨᠵᠡᠭᠡᠢ᠌ᠷᠡᠨ᠂ ᠲᠤᠬᠠᠢ ᠵᠢᠨ ᠭᠠᠵᠠᠷ᠎ᠲᠤ᠎ᠨᠢ ᠲᠡᠳᠬᠦᠵᠦ᠂ ᠬᠣᠲᠠ ᠬᠥᠳᠡᠭᠡ ᠵᠢᠨ ᠡᠬᠢ ᠪᠠᠶᠠᠯᠢᠭ᠎ᠢ ᠬᠠᠮᠲᠤ᠎ᠪᠠᠷ ᠡᠳ᠋ᠯᠡᠬᠦ᠂ ᠳᠠᠪᠠᠭᠤᠯᠢᠭ ᠵᠶ᠋ᠠᠨ ᠬᠠᠷᠢᠯᠴᠠᠨ ᠨᠥᠬᠥᠪᠦᠷᠢᠯᠡᠬᠦ ᠠᠵᠢᠯ᠎ᠢ ᠠᠬᠢᠭᠤᠯᠵᠤ᠂ ᠦᠪᠤᠷ ᠮᠤᠡᠭᠭᠤᠯ᠎ᠤᠨ ᠥᠪᠡᠷᠲᠡᠭᠡᠨ ᠵᠠᠰᠠᠬᠤ ᠣᠷᠣᠨ᠎ᠤ ᠬᠥᠳᠡᠭᠡ ᠲᠣᠰᠬᠣᠨ᠎ᠢ ᠬᠥᠭᠵᠢᠭᠦᠯᠦᠨ ᠮᠠᠨᠳᠤᠭᠤᠯᠬᠤ᠎ᠳᠤ ᠣᠶᠤᠨ᠎ᠤ ᠳᠡᠮᠵᠢᠯᠭᠡ ᠪᠠ ᠴᠢᠳᠠᠪᠤᠷᠢᠲᠠᠨ᠎ᠤ ᠪᠠᠲᠤᠯᠠᠭ᠎ᠠ ᠬᠠᠡᠭᠭ᠋ᠠᠯ᠎ᠠ᠃


ᠣᠷᠣᠨ ᠬᠤᠪᠢᠶᠠᠷᠢᠯᠠᠯ  ᠭᠠᠵᠠᠷ᠎ᠤᠨ ᠨᠡᠷᠡᠰ


   ᠪᠤᠭᠤᠲᠤ ᠬᠣᠲᠠ ᠵᠢᠨ 《ᠬᠥᠳᠡᠭᠡ ᠲᠣᠰᠬᠣᠨ᠎ᠤ ᠨᠡᠷᠡᠰᠢᠬᠦᠯᠬᠦ ᠠᠵᠢᠯᠯᠠᠭ᠎ᠠ》 ᠵᠢᠨ ᠲᠤᠷᠰᠢᠯᠲᠠ ᠵᠢᠨ ᠴᠡᠭ ᠭᠠᠵᠠᠷ ᠣᠷᠣᠨ᠎ᠨᠢ ᠬᠥᠳᠡᠭᠡ ᠲᠣᠰᠬᠣᠨ᠎ᠤ ᠵᠠᠮ᠎ᠢ ᠨᠡᠷᠡᠢ᠌ᠳᠬᠦ ᠬᠠᠮᠢᠶᠠᠷᠤᠯᠲᠠ ᠵᠢ ᠵᠢᠷᠤᠮᠵᠢᠭᠤᠯᠵᠤ᠂ ᠲᠤᠬᠠᠢ ᠵᠢᠨ ᠭᠠᠵᠠᠷ᠎ᠤᠨ᠎ᠬᠢᠨ ᠬᠥᠳᠡᠭᠡ ᠲᠣᠰᠬᠣᠨ᠎ᠤ ᠭᠠᠵᠠᠷ᠎ᠤᠨ ᠨᠡᠷ᠎ᠡ ᠵᠢ ᠨᠡᠷᠡᠢ᠌ᠳᠬᠦ ᠲᠠᠰ ᠳᠠᠷᠠᠭ᠋ᠠᠯᠠᠯ᠎ᠢ ᠴᠢᠩᠭ᠎ᠠ ᠵᠢᠷᠤᠮᠯᠠᠨ᠂ ᠵᠠᠰᠠᠭ ᠵᠠᠬᠢᠷᠭ᠋ᠠᠨ᠎ᠤ ᠲᠣᠰᠬᠣᠨ᠂ ᠨᠡᠢ᠌ᠭᠡᠮ ᠲᠣᠭᠣᠷᠢᠭ᠎ᠤᠨ ᠠᠷᠠᠳᠴᠢᠯᠠᠯ ᠲᠥᠪᠯᠡᠷᠡᠯ᠎ᠤᠨ ᠶᠣᠰᠣ ᠪᠠ 《ᠨᠢᠭᠡ ᠬᠡᠷᠡᠭ᠎ᠢ ᠨᠢᠭᠡ ᠵᠥᠪᠯᠡᠬᠦ》 ᠲᠣᠭᠲᠠᠴᠠ᠎ᠪᠠᠷ ᠳᠠᠮᠵᠢᠭᠤᠯᠤᠨ᠂ ᠲᠣᠰᠬᠣᠨ᠎ᠤ ᠰᠠᠭᠤᠭ᠋ᠠᠯᠢ ᠠᠷᠠᠳ᠎ᠤᠨ ᠰᠠᠨᠠᠯ᠎ᠢ ᠥᠷᠭᠡᠨ ᠵᠶ᠋ᠡᠷ ᠬᠤᠷᠢᠶᠠᠵᠤ᠂ ᠲᠤᠰᠬᠠᠢ ᠮᠡᠷᠭᠡᠵᠢᠯᠲᠡᠨ᠎ᠢ ᠤᠷᠢᠵᠤ ᠨᠤᠲᠠᠯᠠᠭᠤᠯᠬᠤ ᠵᠢᠨ ᠬᠠᠮᠲᠤ ᠲᠣᠰᠬᠣᠨ᠎ᠤ ᠠᠷᠠᠳ᠎ᠤᠨ ᠲᠥᠯᠥᠭᠡᠯᠡᠭᠴᠢᠳ᠎ᠤᠨ ᠬᠤᠷᠠᠯ᠎ᠢ ᠬᠤᠷᠠᠯᠳᠤᠭᠤᠯᠵᠤ᠂ ᠨᠡᠷᠡᠢ᠌ᠳᠬᠦ ᠠᠵᠢᠯ᠎ᠢ ᠯᠠᠪᠳᠠᠭᠤᠨ ᠵᠶ᠋ᠠᠷ ᠠᠬᠢᠭᠤᠯᠬᠤ ᠵᠢ ᠵᠢᠯᠣᠭᠣᠳᠪᠠ᠃  ᠦᠨᠤ ᠵᠢᠯ 《ᠨᠦᠩ ᠹᠧᠩ》 ᠵᠠᠮ᠂  《ᠱᠦᠸᠸ ᠭᠦᠸᠧ》 ᠭᠤᠳᠤᠮᠵᠢ᠂ 《ᠢᠦᠢ ᠮᠢᠨ》 ᠭᠤᠳᠤᠮᠵᠢ ᠵᠡᠷᠭᠡ 78  ᠬᠥᠳᠡᠭᠡ ᠲᠣᠰᠬᠣᠨ᠎ᠤ ᠵᠠᠮ᠎ᠢ ᠨᠡᠷᠡᠢ᠌ᠳᠦᠭᠰᠡᠨ ᠪᠥᠭᠡᠳ ᠤᠯᠤᠰ᠎ᠤᠨ ᠭᠠᠵᠠᠷ᠎ᠤᠨ  ᠨᠡᠷᠡᠰ᠎ᠤᠨ ᠮᠡᠳᠡᠭᠡ ᠵᠠᠩᠭᠢ ᠵᠢᠨ ᠬᠥᠮᠥᠷᠭᠡ᠎ᠳᠤ ᠲᠦᠰᠢᠭᠯᠡᠨ ᠴᠠᠭ ᠲᠤᠬᠠᠢ᠎ᠳᠤ᠎ᠨᠢ  ᠲᠠᠡᠭᠰᠠᠯᠠᠭᠤᠯᠤᠬᠰᠠᠨ ᠪᠦᠬᠡᠳ ᠵᠠᠷᠯᠠᠬᠰᠠᠨ ᠪᠠᠢ᠌ᠨ᠎ᠠ᠃ 


ᠨᠠᠰᠤᠵᠢᠯ᠎ᠤᠨ ᠦᠢ᠍ᠯᠡᠴᠢᠯᠡᠭᠡ


    ᠬᠥᠬᠡᠬᠣᠲᠠ ᠵᠢᠨ ᠠᠷᠠᠳ᠎ᠤᠨ ᠶᠠᠪᠤᠳᠠᠯ᠎ᠤᠨ ᠲᠣᠪᠴᠢᠶ᠎ᠠ ᠵᠢᠨ᠎ᠬᠢᠨ 《ᠬᠥᠬᠡᠬᠣᠲᠠ ᠵᠢᠨ ᠣᠶᠤᠨᠲᠤ ᠨᠠᠰᠤᠵᠢᠯ᠎ᠤᠨ ᠠᠰᠠᠷᠠᠮᠵᠢ ᠵᠢᠨ ᠮᠡᠳᠡᠭᠡ ᠵᠠᠩᠭᠢ ᠵᠢᠨ ᠲᠠᠪᠴᠠᠩ》᠎ᠳᠤ ᠲᠦᠰᠢᠭᠯᠡᠨ ᠨᠠᠰᠤᠵᠢᠯ᠎ᠤᠨ ᠠᠰᠠᠷᠠᠮᠵᠢ ᠵᠢᠨ ᠦᠢ᠍ᠯᠡᠴᠢᠯᠡᠭᠡᠨ᠎ᠤ ᠲᠣᠭ᠋ᠠᠴᠢᠯᠠᠭᠰᠠᠨ ᠬᠠᠮᠢᠶᠠᠷᠤᠯᠲᠠ ᠵᠢ ᠠᠬᠢᠭᠤᠯᠪᠠ᠃ ᠣᠳᠣᠬᠠᠨ᠎ᠳᠤ ᠨᠢᠭᠡᠨᠲᠡ ᠪᠥᠬᠥ ᠬᠣᠲᠠ ᠵᠢᠨ ᠪᠦᠬᠦᠯᠢ 60 ᠨᠠᠰᠤᠨ᠎ᠠᠴᠠ ᠳᠡᠭᠡᠭᠰᠢᠬᠢ ᠪᠠᠢ᠌ᠩᠭᠤ ᠰᠠᠭᠤᠭ᠎ᠠ ᠨᠠᠰᠤᠲᠠᠢ᠌ᠴᠤᠳ᠎ᠲᠤ 66.91 ᠲᠦᠮᠡ ᠭᠠᠷᠤᠢ ᠲᠠᠩᠰᠠ ᠡᠪᠬᠡᠮᠡᠯ ᠪᠠᠢ᠌ᠭᠤᠯᠵᠤ᠂ ᠨᠠᠰᠤᠵᠢᠯ᠎ᠤᠨ ᠦᠢ᠍ᠯᠡᠴᠢᠯᠡᠭᠡᠨ᠎ᠤ ᠠᠵᠢᠯᠲᠠᠨ᠎ᠳᠤ 2290 ᠲᠠᠩᠰᠠ ᠡᠪᠬᠡᠮᠡᠯ ᠪᠠᠢ᠌ᠭᠤᠯᠵᠤ ᠥᠭᠭᠦᠭᠰᠡᠨ ᠪᠥᠭᠡᠳ 34 ᠨᠠᠰᠤᠵᠢᠯ᠎ᠤᠨ ᠠᠰᠠᠷᠠᠮᠵᠢ ᠵᠢᠨ ᠪᠠᠢ᠌ᠭᠤᠯᠤᠮᠵᠢ᠂ 99 ᠭᠡᠷ ᠪᠦᠯᠢ ᠵᠢᠨ ᠨᠡᠢ᠌ᠭᠡᠮ ᠲᠣᠭᠣᠷᠢᠭ᠎ᠤᠨ ᠦᠢ᠍ᠯᠡᠴᠢᠯᠡᠭᠡᠨ᠎ᠤ ᠠᠵᠤ ᠠᠬᠤᠢ᠌ᠯᠠᠯ᠂ 349 ᠭᠡᠷ ᠪᠦᠯᠢ ᠵᠢᠨ ᠨᠡᠢ᠌ᠭᠡᠮ ᠲᠣᠭᠣᠷᠢᠭ᠎ᠤᠨ ᠨᠠᠰᠤᠵᠢᠯ᠎ᠤᠨ ᠠᠰᠠᠷᠠᠮᠵᠢ ᠵᠢᠨ ᠦᠢ᠍ᠯᠡᠴᠢᠯᠡᠭᠡᠨ᠎ᠤ ᠲᠥᠪ ᠵᠡᠷᠭᠡ ᠨᠡᠶ᠋ᠢᠲᠡ 1093 ᠨᠠᠰᠤᠵᠢᠯ᠎ᠤᠨ ᠠᠰᠠᠷᠠᠮᠵᠢ ᠵᠢᠨ ᠦᠢ᠍ᠯᠡᠴᠢᠯᠡᠭᠡᠨ᠎ᠤ ᠲᠥᠪ᠎ᠢ ᠲᠠᠪᠴᠠᠩ᠎ᠤᠨ ᠬᠢᠨᠠᠯᠲᠠ ᠬᠠᠮᠢᠶᠠᠷᠤᠯᠲᠠ᠎ᠳᠤ ᠨᠢᠭᠡᠳᠦᠯᠲᠡᠢ ᠣᠷᠣᠭᠤᠯᠤᠨ᠂ ᠪᠣᠶ ᠪᠦᠬᠦᠢ ᠲᠥᠬᠦᠭᠡᠷᠦᠮᠵᠢ ᠵᠢᠨ ᠡᠵᠡᠩᠨᠡᠯᠲᠡ ᠵᠢ ᠬᠢᠨᠠᠨ ᠡᠵᠡᠮᠳᠡᠵᠦ ᠵᠠᠯᠭ᠋ᠠᠨ ᠣᠷᠣᠭᠤᠯᠬᠤ ᠵᠢ ᠠᠯᠬᠤᠮ ᠠᠯᠬᠤᠮ ᠵᠶ᠋ᠠᠷ ᠪᠡᠶᠡᠯᠡᠬᠦᠯᠤᠬᠡᠳ ᠬᠢᠨᠠᠯᠲᠠ ᠬᠠᠮᠢᠶᠠᠷᠤᠯᠲᠠ ᠵᠢ ᠥᠨᠴᠥᠭ ᠪᠤᠯᠤᠩ ᠦᠯᠡᠳᠡᠬᠡᠯ ᠦᠭᠡᠢ ᠪᠦᠬᠡᠳ ᠨᠢᠳᠤᠨ᠎ᠳᠤ ᠦᠵᠡᠭᠳᠡᠵᠤ ᠭᠠᠷ᠎ᠲᠤ ᠪᠠᠷᠢᠬᠳᠠᠮ᠎ᠠ ᠪᠤᠯᠭ᠋ᠠᠵᠤ ᠴᠢᠳᠠᠯ᠎ᠠ᠃

 



 


    

 

ᠢᠷᠡᠯᠲᠡ᠄ ᠦᠪᠤᠷ ᠮᠤᠡᠭᠭᠤᠯ᠎ᠤᠨ ᠦᠪᠡᠷᠳᠡᠬᠡᠨ ᠵᠠᠰᠠᠬᠤ ᠤᠷᠤᠨ᠎ᠤ ᠠᠷᠠᠳ᠎ᠤᠨ ᠶᠠᠪᠤᠳᠠᠯ᠎ᠤᠨ ᠲᠢᠡᠭᠭᠢᠮ᠎ᠤᠨ ᠮᠤᠡᠭᠭᠤᠯ ᠰᠦᠯᠵᠢᠶ᠎ᠡ
          
ᠬᠠᠮᠢᠶ᠎ᠡ ᠪᠦᠬᠦᠢ ᠰᠣᠨᠢᠨ
ᠠᠷᠠᠳ᠎ᠤᠨ ᠶᠠᠪᠤᠳᠠᠯ᠎ᠤᠨ ᠰᠢᠭᠤᠷᠬᠠᠢ ᠮᠡᠳᠡᠬᠡ 5.28
ᠦᠪᠤᠷ ᠮᠤᠡᠭᠭᠤᠯ᠎ᠤᠨ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠶᠠᠪᠤᠳᠠᠯ᠎ᠤᠨ ᠲᠢᠩᠬᠢᠮ᠎ᠤᠨ᠎ᠬᠢᠨ ᠦᠨᠳᠦᠰᠦᠲᠡᠨ᠎ᠤ ᠲᠥᠷᠥ ᠵᠢᠨ ᠪᠣᠳᠣᠯᠭ᠎ᠠ ᠵᠢᠨ ᠤᠬᠠᠭᠤᠯᠭ᠎ᠠ ᠵᠢᠨ ᠠᠵᠢᠯᠯᠠᠭ᠎ᠠ ᠦᠷᠨᠢᠬᠦᠯᠪᠡ
ᠠᠷᠠᠳ᠎ᠤᠨ ᠶᠠᠪᠤᠳᠠᠯ᠎ᠤᠨ ᠰᠢᠭᠤᠷᠬᠠᠢ ᠮᠡᠳᠡᠬᠡ 5.29
ᠠᠷᠠᠳ᠎ᠤᠨ ᠶᠠᠪᠤᠳᠠᠯ᠎ᠤᠨ ᠰᠢᠭᠤᠷᠬᠠᠢ ᠮᠡᠳᠡᠬᠡ 5.30
ᠠᠷᠠᠳ᠎ᠤᠨ ᠶᠠᠪᠤᠳᠠᠯ᠎ᠤᠨ ᠰᠢᠭᠤᠷᠬᠠᠢ ᠮᠡᠳᠡᠬᠡ 6.3
 
            