5 ᠳ᠋ᠤᠭ᠋ᠠᠷ ᠰᠠᠷ᠎ᠠ ᠵᠢᠨ 31᠎ᠤ ᠡᠳᠦᠷ ᠰᠢᠯᠢ ᠵᠢᠨ ᠭᠣᠤᠯ ᠠᠶ᠋ᠢᠮᠠᠭ᠎ᠤᠨ ᠠᠴᠢᠯᠠᠯᠲᠤ ᠰᠠᠶ᠋ᠢᠨ ᠳᠤᠷᠠᠴᠤᠤᠯ᠎ᠤᠨ ᠨᠡᠢ᠌ᠬᠡᠮᠯᠢᠭ ᠰᠢᠯᠢᠩᠬᠣᠲᠠ ᠵᠢᠨ ᠡᠷᠳᠡᠨᠢ ᠨᠡᠶ᠋ᠢᠭᠡᠮ ᠲᠣᠭᠣᠷᠢᠭ᠎ᠲᠤ 《ᠠᠴᠢ ᠵᠢ ᠬᠠᠷᠢᠭᠤᠯᠤᠨ ᠢᠷᠡᠭᠡᠳᠤᠢ᠎ᠪᠠᠨ ᠳᠡᠳᠬᠦᠬᠦ 》 ᠭᠣᠤᠯ ᠰᠡᠳᠤᠪᠲᠤ ᠠᠵᠢᠯᠯᠠᠭ᠎ᠠ ᠥᠷᠨᠢᠭᠦᠯᠵᠦ᠂ 31 ᠶᠠᠳᠠᠭᠤ ᠬᠦᠴᠢᠷᠳᠡᠯᠲᠡᠶ ᠰᠤᠷᠤᠭᠴᠢᠳ᠎ᠲᠤ ᠬᠥᠮᠦᠨ ᠪᠦᠷᠢ᠎ᠳᠤ 2000 ᠲᠥᠭᠥᠷᠢᠭ᠎ᠤᠨ ᠰᠤᠷᠤᠯᠭ᠎ᠠ ᠵᠢᠨ ᠲᠡᠳᠬᠦᠮᠵᠢ ᠵᠢᠨ ᠮᠥᠩᠭᠥ ᠪᠣᠯᠤᠨ ᠠᠵᠤ ᠠᠬᠤᠶ᠋ᠢᠯᠠᠯ᠎ᠠᠴᠠ ᠲᠤᠰᠠᠯᠠᠭᠰᠠᠨ ᠨᠣᠮ ᠪᠢᠴᠢᠭ ᠪᠣᠯᠤᠨ ᠰᠤᠷᠤᠯᠭ᠎ᠠ ᠵᠢᠨ ᠬᠡᠷᠡᠭᠰᠡᠯ ᠣᠯᠭᠣᠨ᠂ ᠲᠡᠳᠡᠨ᠎ᠲᠠᠢ ᠬᠠᠮᠲᠤ ᠵᠢᠷᠭᠤᠭ᠋ᠠᠨ ᠰᠠᠷ᠎ᠠ ᠵᠢᠨ ᠨᠢᠭᠡᠨ᠎ᠤ ᠬᠡᠤᠬᠡᠳ᠎ᠤᠨ ᠪᠠᠶᠠᠷ᠎ᠢ ᠦᠩᠭᠡᠷᠡᠭᠦᠯᠵᠠᠢ᠃
ᠰᠢᠯᠢ ᠵᠢᠨ ᠭᠣᠤᠯ ᠠᠶ᠋ᠢᠮᠠᠭ᠎ᠤᠨ ᠬᠤᠸᠠ᠎ᠲᠠᠢ ᠡᠳ᠋ ᠪᠠᠷᠠᠭ᠎ᠠ ᠵᠢᠨ ᠬᠢᠵᠠᠭ᠋ᠠᠷᠲᠤ ᠺᠣᠮᠫᠠᠨᠢ᠂ ᠬᠤᠢ ᠬᠤᠸᠠᠩ ᠦᠩᠭᠡᠲᠤ ᠲᠡᠮᠤᠷᠯᠢᠭ᠌ᠤᠨ ᠦᠢ᠍ᠯᠡᠳᠪᠤᠷᠢ᠂ ᠵᠢᠶᠠ ᠢᠣᠢ ᠭᠡᠷ ᠬᠥᠷᠥᠩᠭᠡ ᠵᠢᠨ ᠬᠢᠵᠠᠭ᠋ᠠᠷᠲᠤ ᠺᠣᠮᠫᠠᠨᠢ᠂ ᠲᠦᠩ ᠰᠢᠨ ᠪᠠᠷᠢᠯᠭ᠎ᠠ ᠵᠢᠨ ᠤᠭᠰᠠᠷᠠᠭᠤᠯᠬᠤ ᠺᠣᠮᠫᠠᠨᠢ᠂ ᠥᠪᠥᠷ ᠮᠣᠩᠭᠣᠯ᠎ᠤᠨ ᠾᠧ ᠵᠥᠩ ᠪᠠᠷᠢᠯᠭ᠎ᠠ ᠵᠢᠨ ᠬᠢᠨᠠᠯᠲᠠ ᠬᠠᠮᠢᠶᠠᠷᠤᠯᠲᠠ ᠵᠢᠨ ᠬᠢᠵᠠᠭ᠋ᠠᠷᠲᠤ ᠺᠣᠮᠫᠠᠨᠢ ᠵᠡᠷᠭᠡ ᠣᠯᠠᠨ ᠠᠵᠤ ᠠᠬᠤᠶ᠋ᠢᠯᠠᠯ ᠵᠢᠴᠢ ᠬᠤᠪᠢ ᠬᠥᠮᠦᠨ ᠵᠠᠯᠭ᠎ᠠ ᠵᠠᠯᠭ᠎ᠠ᠎ᠪᠠᠷ ᠵᠣᠭᠣᠰ ᠮᠥᠩᠭᠥ ᠡᠳ᠋ ᠪᠣᠳᠠᠰ ᠬᠠᠨᠳᠢᠪᠯᠠᠵᠤ᠂ ᠬᠡᠤᠬᠡᠳ᠎ᠤᠨ ᠪᠠᠶᠠᠷ᠎ᠤᠨ ᠪᠡᠯᠡᠭ ᠬᠦᠷᠭᠡᠪᠡ᠃
ᠤᠯᠤᠰ᠎ᠤᠨ ᠳᠡᠭᠡᠳᠦ ᠵᠡᠷᠭᠡ ᠵᠢᠨ ᠤᠯᠠᠮᠵᠢᠯᠠᠯᠲᠤ ᠰᠣᠶᠣᠯ᠎ᠤᠨ ᠯᠧᠺᠲ᠋ᠣᠷ᠂ ᠤᠯᠤᠰ᠎ᠤᠨ ᠰᠡᠳᠬᠢᠴᠡ ᠵᠢᠨ ᠵᠦᠢ᠍ᠴᠢ ᠮᠠ ᠨᠢᠩ ᠬᠡᠤᠬᠡᠳ᠎ᠲᠤ ᠤᠯᠠᠮᠵᠢᠯᠠᠯᠲᠤ ᠰᠣᠶᠣᠯ᠎ᠤᠨ ᠬᠢᠴᠢᠶᠡᠯ ᠣᠷᠣᠵᠠᠶ᠃