ᠴᠢᠩᠱ᠌ᠠᠨ ᠲᠣᠭᠣᠷᠢᠭ ᠤᠨ ᠠᠷᠠᠳ ᠤᠨ ᠶᠠᠪᠤᠳᠠᠯ ᠤᠨ ᠲᠣᠪᠴᠢᠶ᠎ᠠ ᠪᠦᠬᠦ ᠤᠯᠤᠰ ᠤᠨ ᠪᠣᠯᠪᠠᠰᠤᠨ ᠬᠣᠲᠠ ᠵᠢ ᠪᠦᠲᠤᠭᠡᠨ ᠪᠠᠢ᠌ᠭᠤᠯᠬᠤ ᠵᠠᠰᠠᠯᠳᠠ ᠵᠢᠨ ᠲᠣᠬᠢᠶᠠᠯ᠎ᠢ ᠠᠰᠢᠭᠯᠠᠨ᠂ ᠲᠡᠨᠤᠭᠦᠯᠴᠢᠨ ᠭᠤᠶᠤᠯᠭ᠋ᠠᠴᠢᠨᠢ ᠲᠤᠰᠠᠯᠠᠬᠤ ᠬᠠᠮᠢᠶᠠᠷᠤᠯᠲᠠ ᠵᠢᠨ ᠠᠵᠢᠯ ᠵᠶ᠋ᠠᠨ ᠡᠷᠴᠢᠮ᠎ᠲᠠᠢ ᠬᠢᠵᠦ᠂ ᠵᠡᠭᠡᠯᠢ ᠳᠠᠭ᠋ᠠᠤ ᠬᠣᠭᠣᠯᠠᠨ ᠭᠡᠷ᠂ ᠬᠤᠳᠠᠯᠳᠤᠭ᠎ᠠ ᠳᠡᠯᠭᠡᠭᠦᠷ ᠢ ᠡᠭᠦᠳᠡᠨ ᠡᠮᠦᠨᠡᠬᠢ ᠭᠤᠷᠪᠠ ᠵᠢ ᠳᠠᠭ᠋ᠠᠭ᠋ᠠᠴᠢᠯᠠᠬᠤ ᠬᠠᠷᠢᠭᠤᠴᠠᠯᠭ᠎ᠠ ᠵᠢᠨ ᠳᠦᠷᠢᠮ᠎ᠳᠤ ᠣᠷᠣᠭᠤᠯᠤᠨ᠂ ᠨᠠᠷᠢᠯᠢᠭᠵᠢᠭᠤᠯᠤᠭᠰᠠᠨ ᠬᠠᠮᠢᠶᠠᠷᠤᠯᠲᠠ ᠵᠢᠨ ᠬᠢᠷᠢ ᠬᠡᠮᠵᠢᠶ᠎ᠡ ᠪᠣᠯᠤᠨ ᠶᠡᠷᠦᠩᠬᠡᠢ᠌ᠯᠡᠨ ᠵᠠᠰᠠᠬᠤ ᠴᠢᠳᠠᠪᠤᠷᠢ᠎ᠪᠠᠨ ᠲᠠᠰᠤᠷᠠᠯᠲᠠ ᠦᠭᠡᠢ ᠳᠡᠭᠡᠭᠰᠢᠯᠡᠭᠦᠯᠵᠦ᠂ ᠬᠣᠲᠠ ᠵᠢᠨ ᠦᠵᠡᠮᠵᠢ ᠪᠠ ᠣᠷᠴᠢᠨ ᠲᠣᠭᠣᠷᠢᠨ᠎ᠤ ᠶᠠᠰᠤ ᠴᠢᠨᠠᠷ᠎ᠢ ᠪᠦᠲᠦᠮᠵᠢᠲᠡᠶ ᠳᠡᠭᠡᠭᠰᠢᠯᠡᠭᠦᠯᠦᠭᠰᠡᠨ ᠪᠠᠢ᠌ᠨ᠎ᠠ᠃
ᠨᠢᠭᠡ᠎ᠳᠤ᠂ 〈〈ᠡᠭᠦᠳᠡᠨ ᠡᠮᠦᠨᠡᠬᠢ ᠭᠤᠷᠪᠠ ᠵᠢ ᠳᠠᠭ᠋ᠠᠭ᠋ᠠᠴᠢᠯᠠᠬᠤ〉〉 ᠬᠠᠷᠢᠭᠤᠴᠠᠯᠭ᠎ᠠ ᠵᠢᠨ ᠲᠦᠷᠢᠮ᠎ᠢ ᠬᠡᠷᠡᠭᠵᠢᠭᠦᠯᠪᠡ᠃ ᠲᠡᠨᠤᠭᠦᠯᠴᠢᠨ ᠭᠤᠶᠤᠯᠭ᠋ᠠᠴᠢᠨᠢ ᠲᠤᠰᠠᠯᠠᠬᠤ ᠬᠠᠮᠢᠶᠠᠷᠤᠯᠲᠠ ᠵᠢᠨ ᠠᠵᠢᠯ᠎ᠢ 〈〈ᠴᠢᠩᠱ᠌ᠠᠨ ᠲᠣᠭᠣᠷᠢᠭ᠎ᠤᠨ 〈ᠡᠭᠦᠳᠡᠨ ᠡᠮᠦᠨᠡᠬᠢ ᠭᠤᠷᠪᠠ ᠵᠢ ᠳᠠᠭ᠋ᠠᠭ᠋ᠠᠴᠢᠯᠠᠬᠤ〉 ᠬᠠᠷᠢᠭᠤᠴᠠᠯᠭ᠎ᠠ ᠵᠢᠨ ᠳᠦᠷᠢᠮ᠎ᠢ ᠬᠡᠷᠡᠭᠵᠢᠭᠦᠯᠬᠦ ᠲᠥᠰᠦᠯ〉〉᠎ᠳᠤ ᠣᠷᠣᠭᠤᠯᠵᠤ᠂ ᠣᠷᠣᠨ ᠰᠠᠭᠤᠴᠠ ᠵᠢᠨ ᠲᠣᠭᠣᠷᠢᠭ᠂ ᠬᠤᠳᠠᠯᠳᠤᠭ᠋ᠠᠨ᠎ᠤ ᠳᠡᠯᠭᠡᠭᠦᠷ ᠵᠡᠷᠭᠡ ᠵᠢ 〈〈ᠡᠭᠦᠳᠡᠨ ᠡᠮᠦᠨᠡᠬᠢ ᠭᠤᠷᠪᠠ ᠵᠢ ᠳᠠᠭ᠋ᠠᠭ᠋ᠠᠴᠢᠯᠠᠬᠤ〉〉 ᠬᠠᠮᠢᠶᠠᠷᠤᠭᠴᠢ ᠪᠣᠯᠭ᠋ᠠᠨ᠂ ᠲᠡᠨᠤᠭᠦᠯᠴᠢᠨ ᠭᠤᠶᠤᠯᠭ᠋ᠠᠴᠢᠨᠢ ᠣᠯᠵᠤ ᠦᠵᠡᠪᠡᠯ ᠴᠠᠭ ᠲᠤᠬᠠᠶ᠎ᠳᠤᠨᠢ ᠯᠠᠪᠯᠠᠨ ᠠᠰᠠᠭᠤᠬᠤ ᠵᠢᠨ ᠬᠠᠮᠲᠤ ᠬᠣᠯᠪᠣᠭᠳᠠᠯ ᠪᠦᠬᠦᠢ ᠰᠠᠯᠠᠭ᠎ᠠ ᠮᠥᠴᠢᠷ᠎ᠲᠤ ᠮᠡᠳᠡᠭᠳᠡᠬᠦ ᠬᠡᠷᠡᠭᠲᠡᠶ ᠭᠡᠵᠤ ᠳᠣᠭᠲᠠᠭ᠋ᠠᠵᠠᠢ᠃
ᠬᠣᠶᠠᠷ᠎ᠲᠤ᠂ ᠨᠠᠷᠢᠨ ᠨᠢᠮᠪᠡᠢ ᠲᠣᠤᠷᠵᠢᠭᠤᠯᠤᠭᠰᠠᠨ ᠬᠠᠮᠢᠶᠠᠷᠤᠯᠲᠠ ᠵᠢ ᠬᠡᠷᠡᠭᠵᠢᠭᠦᠯᠪᠡ᠃ ᠵᠡᠭᠡᠯᠢ ᠳᠠᠭ᠋ᠠᠤ ᠵᠣᠴᠢᠳ᠎ᠤᠨ ᠪᠠᠭᠤᠳᠠᠯ᠂ ᠬᠤᠳᠠᠯᠳᠤᠭ᠋ᠠᠨ᠎ᠤ ᠲᠠᠯᠠᠪᠠᠢ᠂ ᠬᠤᠳᠠᠯᠳᠤᠭ᠋ᠠᠨ᠎ᠤ ᠫᠦᠰᠡ᠎ᠲᠠᠢ ᠸᠢᠴᠠᠲ ᠪᠠᠢ᠌ᠭᠤᠯᠵᠤ᠂ ᠲᠡᠨᠤᠭᠦᠯᠴᠢᠨ ᠭᠤᠶᠤᠯᠭ᠋ᠠᠴᠢᠨ ᠢ ᠦᠵᠡᠪᠡᠯ ᠸᠢᠴᠠᠲ ᠵᠶ᠋ᠠᠷ ᠴᠠᠭ ᠲᠤᠬᠠᠶ᠎ᠳᠤᠨᠢ ᠠᠷᠠᠳ᠎ᠤᠨ ᠶᠠᠪᠤᠳᠠᠯ᠎ᠤᠨ ᠳᠣᠪᠴᠢᠶ᠎ᠠ᠎ᠳᠤ ᠮᠡᠳᠡᠭᠦᠯᠵᠤ᠂ ᠬᠠᠮᠢᠶ᠎ᠠ ᠪᠥᠬᠥᠶ ᠰᠠᠯᠠᠭ᠎ᠠ ᠮᠥᠴᠢᠷ᠎ᠤᠨ᠎ᠬᠢᠨ᠎ᠤ ᠲᠤᠰᠠᠯᠠᠬᠤ᠎ᠳᠤ ᠲᠥᠬᠥᠮ ᠦᠵᠡᠭᠦᠯᠦᠭᠰᠡᠨ ᠪᠠᠢ᠌ᠨ᠎ᠠ᠃
ᠭᠤᠷᠪᠠ᠎ᠳᠤ᠂ ᠪᠠᠢ᠌ᠩᠭᠤ ᠵᠢᠨ ᠴᠢᠨᠠᠷᠲᠠᠢ ᠬᠠᠮᠢᠶᠠᠷᠤᠯᠲᠠ ᠵᠢ ᠴᠢᠩᠭ᠋ᠠᠳᠬᠠᠪᠠ᠃ 《ᠡᠭᠦᠳᠡᠨ ᠡᠮᠦᠨᠡᠬᠢ ᠭᠤᠷᠪᠠ ᠵᠢ ᠳᠠᠭ᠋ᠠᠭ᠋ᠠᠴᠢᠯᠠᠬᠤ》 ᠬᠠᠷᠢᠭᠤᠴᠠᠯᠭ᠎ᠠ ᠵᠢ ᠨᠠᠢ᠌ᠳᠠᠪᠤᠷᠢᠵᠢᠭᠤᠯᠬᠤ ᠠᠵᠢᠯ᠎ᠢ ᠪᠣᠯᠪᠠᠰᠤᠨ ᠬᠣᠲᠠ ᠵᠢ ᠪᠦᠲᠤᠭᠡᠨ ᠪᠠᠢ᠌ᠭᠤᠯᠬᠤ ᠠᠵᠢᠯ᠎ᠲᠠᠢ ᠤᠶᠠᠯᠳᠤᠭᠤᠯᠤᠭᠰᠡᠨ ᠵᠶ᠋ᠠᠷ ᠵᠡᠭᠡᠯᠢ ᠳᠠᠭ᠋ᠠᠤ᠎ᠳᠤ᠎ᠬᠢ ᠵᠣᠴᠢᠳ᠎ᠤᠨ ᠪᠠᠭᠤᠳᠠᠯ᠂ ᠬᠤᠳᠠᠯᠳᠤᠭ᠋ᠠᠨ᠎ᠤ ᠲᠠᠯᠠᠪᠠᠶ᠂ ᠭᠡᠲᠤ ᠳᠡᠯᠭᠡᠭᠦᠷ᠎ᠨᠢ ᠰᠠᠨᠠᠭ᠋ᠠᠴᠢᠯᠠᠭ᠎ᠠ᠎ᠠᠴᠠ᠎ᠪᠠᠨ ᠲᠡᠨᠤᠭᠦᠯᠴᠢᠨ ᠭᠤᠶᠤᠯᠭ᠋ᠠᠴᠢᠨᠢ ᠬᠠᠮᠢᠶᠠᠷᠤᠨ ᠮᠡᠳᠡᠭᠦᠯᠬᠦ ᠪᠣᠯᠪᠠ᠃ ᠨᠡᠢ᠌ᠭᠡᠮ᠎ᠤᠨ ᠬᠦᠴᠦᠨ᠎ᠢ ᠳᠠᠢ᠌ᠴᠢᠯᠠᠨ ᠡᠳᠦᠷ ᠲᠤᠲᠤᠮ᠎ᠤᠨ ᠲᠣᠭᠣᠷᠢᠨ ᠪᠠᠢ᠌ᠴᠠᠭ᠋ᠠᠯᠲᠠ᠎ᠪᠠᠨ ᠴᠢᠩᠭ᠋ᠠᠳᠬᠠᠭᠰᠠᠨ ᠵᠶ᠋ᠠᠷ ᠡᠶ᠎ᠡ ᠵᠣᠬᠢᠴᠠᠯ᠎ᠲᠠᠢ ᠣᠷᠴᠢᠨ ᠲᠣᠭᠣᠷᠢᠨ᠎ᠢ ᠪᠤᠢ ᠪᠣᠯᠭ᠋ᠠᠨ᠂ ᠪᠠᠢ᠌ᠩᠭᠤ ᠵᠢᠨ ᠴᠢᠨᠠᠷᠲᠠᠢ ᠬᠠᠮᠢᠶᠠᠷᠤᠯᠲᠠ ᠵᠢᠨ ᠲᠣᠭᠲᠠᠴᠠ᠎ᠪᠠᠨ ᠲᠡᠭᠦᠯᠳᠡᠷᠵᠢᠭᠦᠯᠤᠭ᠌ᠰᠡᠨ ᠪᠠᠢ᠌ᠨ᠎ᠠ ᠃