4 ᠳ᠋ᠤᠬᠡᠷ ᠰᠠᠷ᠎ᠠ ᠵᠢᠨ 7᠎ᠤ ᠡᠳᠤᠷ ᠪᠤᠭᠤᠳᠤ ᠬᠤᠳᠠ ᠵᠢᠨ ᠠᠷᠠᠳ᠎ᠤᠨ ᠶᠠᠪᠤᠳᠠᠯ᠎ᠤᠨ ᠲᠤᠪᠴᠢᠶ᠎ᠠ 《ᠬᠠᠤᠯᠢ ᠪᠤᠰᠤ ᠨᠡᠢ᠌ᠬᠡᠮ᠎ᠤᠨ ᠵᠤᠬᠢᠶᠠᠨ ᠪᠠᠢ᠌ᠭᠤᠯᠤᠯᠳᠠ᠎ᠳᠤ ᠴᠤᠬᠢᠯᠳᠠ ᠦᠭᠴᠤ ᠴᠡᠭᠴᠡᠯᠡᠨ ᠵᠠᠰᠠᠬᠤ ᠲᠤᠰᠬᠠᠢ ᠠᠵᠢᠯᠯᠠᠭ᠋ᠠᠨ᠎ᠤ ᠲᠤᠬᠠᠢ ᠠᠯᠪᠠᠨ ᠨᠡᠢ᠌ᠳᠡᠯᠡᠯ》 ᠲᠠᠷᠬᠠᠭ᠋ᠠᠵᠤ᠂ ᠡᠨᠡ ᠤᠳᠠᠭ᠋ᠠᠨ᠎ᠤ ᠠᠵᠢᠯᠯᠭ᠋ᠠᠨ ᠵᠶ᠋ᠡᠷ ᠴᠤᠬᠢᠯᠳᠠ ᠦᠭᠭᠦ ᠬᠦᠷᠢᠶ᠎ᠡ ᠴᠠᠷᠠᠭ᠎ᠠ ᠵᠢ ᠲᠤᠳᠤᠷᠬᠠᠢ᠌ᠯᠠᠪᠠ᠂ ᠡᠬᠦᠨ᠎ᠤ ᠵᠢᠷᠭᠤᠭ᠋ᠠᠨ ᠵᠦᠢ᠍ᠯ᠎ᠤᠨ ᠬᠠᠤᠯᠢ ᠪᠤᠰᠤ ᠨᠡᠢ᠌ᠬᠡᠮ᠎ᠤᠨ ᠵᠤᠬᠢᠶᠠᠨ ᠪᠠᠢ᠌ᠭᠤᠯᠤᠯᠳᠠ᠎ᠳᠤ ᠭᠤᠤᠯᠳᠠᠯᠭ᠎ᠠ᠎ᠲᠠᠢ ᠴᠤᠬᠢᠯᠳᠠ ᠦᠭᠭᠦᠨ᠎ᠡ᠄ ᠨᠢᠬᠡ᠂ ᠴᠡᠷᠢᠭ ᠠᠷᠠᠳ ᠪᠡᠯᠨ ᠬᠤᠷᠠᠮᠳᠤᠭᠤᠯᠬᠤ᠂ ᠬᠦᠳᠡᠬᠡ ᠲᠤᠰᠬᠤᠨ᠎ᠢ ᠬᠦᠭᠵᠢᠬᠦᠯᠤᠨ ᠮᠠᠨᠳᠤᠭᠤᠯᠬᠤ ᠵᠡᠷᠬᠡ ᠤᠯᠤᠰ᠎ᠤᠨ ᠪᠠᠢ᠌ᠯᠳᠤᠬᠤ ᠪᠤᠳᠤᠯᠭ᠎ᠠ ᠵᠢᠨ ᠨᠡᠷ᠎ᠡ᠎ᠪᠠᠷ ᠨᠡᠢ᠌ᠬᠡᠮ᠎ᠤᠨ ᠬᠠᠯᠠᠮᠰᠢᠯ᠎ᠢ ᠠᠮᠵᠢᠨ ᠠᠵᠤ ᠠᠬᠤᠢ᠂ ᠰᠤᠶᠤᠯ᠂ ᠨᠢᠬᠦᠯᠡᠰᠤᠡᠭᠬᠦᠢ ᠵᠢᠨ ᠦᠢ᠍ᠯᠡᠰ ᠵᠡᠷᠬᠡ ᠬᠦᠷᠢᠶ᠎ᠡ ᠴᠠᠷᠠᠭ᠎ᠠ᠎ᠳᠤ ᠠᠵᠢᠯᠯᠠᠭ᠋ᠠᠨ ᠬᠢᠵᠤ ᠪᠠᠢ᠌ᠭ᠎ᠠ ᠬᠠᠤᠯᠢ ᠪᠤᠰᠤ ᠨᠡᠢ᠌ᠬᠡᠮ᠎ᠤᠨ ᠵᠤᠬᠢᠶᠠᠨ ᠪᠠᠢ᠌ᠭᠤᠯᠤᠯᠳᠠ᠃ ᠬᠤᠶᠠᠷ᠂ 《ᠲᠤᠮᠳᠠᠳᠤ ᠤᠯᠤᠰ》᠂ 《ᠲᠤᠮᠳᠠᠳᠤ》᠂ 《ᠤᠯᠤᠰ》 ᠵᠡᠷᠬᠡ ᠦᠰᠦᠭ ᠪᠤᠶᠤ ᠤᠯᠤᠰ᠎ᠤᠨ ᠪᠠᠢ᠌ᠭᠤᠯᠭ᠎ᠠ᠂ ᠠᠵᠢᠯ ᠦᠢ᠍ᠯᠡᠰ᠎ᠤᠨ ᠨᠢᠬᠡᠴᠨ ᠵᠢᠨ ᠲᠤᠤᠷᠠᠬᠢ ᠰᠢᠭᠤᠳ ᠬᠠᠷᠢᠶ᠎ᠠ ᠪᠠᠢ᠌ᠭᠤᠯᠤᠯ᠎ᠵᠢ ᠪᠤᠶᠤ ᠬᠤᠯᠪᠤᠬᠳᠠᠬᠤ ᠺᠤᠮᠫᠠᠨᠢ ᠵᠡᠷᠬᠡ ᠵᠢᠨ ᠨᠡᠷ᠎ᠡ᠎ᠪᠠᠷ ᠵᠤᠭᠤᠰ ᠮᠦᠡᠭᠭᠦ ᠡᠳ᠋ ᠪᠤᠳᠠᠰ ᠮᠡᠬᠡᠯᠡᠬᠦ ᠵᠡᠷᠬᠡ ᠠᠵᠢᠯᠯᠠᠭ᠋ᠠᠨ ᠬᠢᠵᠤ ᠪᠠᠢ᠌ᠭ᠎ᠠ ᠬᠠᠤᠯᠢ ᠪᠤᠰᠤ ᠨᠡᠢ᠌ᠬᠡᠮ᠎ᠤᠨ ᠵᠤᠬᠢᠶᠠᠨ ᠪᠠᠢ᠌ᠭᠤᠯᠤᠯᠳᠠ᠃ ᠭᠤᠷᠪᠠ᠂ ᠬᠠᠤᠯᠢ ᠶᠤᠰᠤᠭ᠋ᠠᠷ ᠲᠠᠡᠭᠰᠠᠯᠠᠭᠤᠯᠤᠬᠰᠠᠨ ᠨᠡᠢ᠌ᠬᠡᠮ᠎ᠤᠨ ᠵᠤᠬᠢᠶᠠᠨ ᠪᠠᠢ᠌ᠭᠤᠯᠤᠯᠳᠠ᠎ᠲᠠᠢ ᠬᠠᠮᠰᠠᠵᠤ ᠠᠵᠢᠯᠯᠠᠭ᠋ᠠᠨ ᠦᠷᠨᠢᠬᠦᠯᠵᠤ ᠪᠠᠢ᠌ᠭ᠎ᠠ ᠨᠢᠳᠤ ᠬᠠᠯᠬᠠᠯᠠᠬᠰᠠᠨ ᠬᠠᠤᠯᠢ ᠪᠤᠰᠤ ᠨᠡᠢ᠌ᠬᠡᠮ᠎ᠤᠨ ᠵᠤᠬᠢᠶᠠᠨ ᠪᠠᠢ᠌ᠭᠤᠯᠤᠯᠳᠠ᠃ ᠲᠦᠷᠪᠡ᠂ ᠲᠤᠮᠳᠠᠳᠤ ᠤᠯᠤᠰ᠎ᠤᠨ ᠡᠪ ᠬᠠᠮᠳᠤ ᠨᠠᠮ ᠪᠠᠢ᠌ᠭᠤᠯᠤᠬᠳᠠᠬᠰᠠᠨ 100 ᠵᠢᠯ᠎ᠤᠨ ᠤᠢ ᠵᠢᠨ ᠠᠵᠢᠯᠯᠠᠭ᠋ᠠᠨ ᠦᠷᠨᠢᠬᠦᠯᠬᠦ ᠨᠡᠷ᠎ᠡ᠎ᠪᠠᠷ ᠱᠠᠡᠭᠨᠠᠯ ᠰᠢᠯᠭ᠋ᠠᠷᠠᠭᠤᠯᠬᠤ ᠠᠵᠢᠯᠯᠠᠭ᠋ᠠᠨ ᠬᠢᠬᠦ ᠬᠠᠤᠯᠢ ᠪᠤᠰᠤ ᠨᠡᠢ᠌ᠬᠡᠮ᠎ᠤᠨ ᠵᠤᠬᠢᠶᠠᠨ ᠪᠠᠢ᠌ᠭᠤᠯᠤᠯᠳᠠ᠃ ᠲᠠᠪᠤ᠂ ᠬᠠᠭᠤᠷᠮᠠᠭ ᠡᠷᠡᠬᠦᠯ ᠮᠡᠨᠳᠤ ᠵᠢᠨ ᠵᠦᠢ᠍ᠯ᠂ ᠬᠠᠭᠤᠷᠮᠠᠭ ᠤᠤᠷ ᠰᠤᠶᠤᠯ᠎ᠤᠨ ᠲᠦᠷᠤᠯ ᠪᠠ ᠨᠢᠭᠤᠴᠠᠭ᠋ᠠᠢ ᠦᠵᠡᠯ᠎ᠤᠨ ᠠᠵᠢᠯᠯᠠᠭ᠋ᠠᠨ ᠪᠤᠯᠤᠨ ᠱᠠᠰᠢᠨ ᠰᠤᠷᠳᠠᠬᠤᠨ᠎ᠤ ᠨᠡᠷ᠎ᠡ᠎ᠪᠠᠷ ᠠᠵᠢᠯᠯᠠᠭ᠋ᠠᠨ ᠬᠢᠵᠤ ᠪᠠᠢ᠌ᠭ᠎ᠠ ᠬᠠᠤᠯᠢ ᠪᠤᠰᠤ ᠨᠡᠢ᠌ᠬᠡᠮ᠎ᠤᠨ ᠵᠤᠬᠢᠶᠠᠨ ᠪᠠᠢ᠌ᠭᠤᠯᠤᠯᠳᠠ᠃ ᠵᠢᠷᠭᠤᠭ᠎ᠠ᠂ ᠤᠯᠤᠰ᠎ᠤᠨ ᠠᠮᠤᠷ ᠲᠦᠪᠰᠢᠨ ᠪᠤᠯᠤᠨ ᠠᠷᠠᠳ ᠲᠦᠮᠡᠨ᠎ᠤ ᠠᠰᠢᠭ ᠲᠤᠰᠨ ᠵᠢ ᠬᠤᠬᠢᠷᠠᠭᠤᠯᠤᠬ᠍ᠴᠢ ᠪᠤᠰᠤᠳ ᠬᠠᠤᠯᠢ ᠪᠤᠰᠤ ᠨᠡᠢ᠌ᠬᠡᠮ᠎ᠤᠨ ᠵᠤᠬᠢᠶᠠᠨ ᠪᠠᠢ᠌ᠭᠤᠯᠤᠯᠳᠠ ᠪᠤᠯᠤᠨ᠎ᠠ᠃
ᠪᠤᠭᠤᠳᠤ ᠬᠤᠳᠠ ᠵᠢᠨ ᠠᠷᠠᠳ᠎ᠤᠨ ᠶᠠᠪᠤᠳᠠᠯ᠎ᠤᠨ ᠲᠤᠪᠴᠢᠶ᠎ᠠ ᠬᠠᠤᠯᠢ ᠪᠤᠰᠤ ᠨᠡᠢ᠌ᠬᠡᠮ᠎ᠤᠨ ᠵᠤᠬᠢᠶᠠᠨ ᠪᠠᠢ᠌ᠭᠤᠯᠤᠯᠳᠠ᠎ᠳᠤ ᠴᠤᠬᠢᠯᠳᠠ ᠦᠭᠴᠤ ᠴᠡᠭᠴᠡᠯᠡᠨ ᠵᠠᠰᠠᠬᠤ ᠲᠤᠰᠬᠠᠢ ᠠᠵᠢᠯᠯᠠᠭ᠋ᠠᠨ᠎ᠤ ᠢᠯᠡᠴᠢᠯᠡᠨ ᠮᠡᠳᠡᠬᠦᠯᠬᠦ ᠤᠳᠠᠰᠤ ᠵᠢ ᠨᠡᠢ᠌ᠳᠡᠯᠡᠵᠤ᠂ ᠤᠯᠠᠨ ᠲᠦᠮᠡᠨ᠎ᠤ ᠢᠳᠡᠪᠬᠢᠳᠡᠢ ᠤᠷᠤᠯᠴᠠᠬᠤ ᠵᠢ ᠵᠤᠷᠢᠬ᠍ᠵᠢᠭᠤᠯᠬᠤ ᠵᠢᠨ ᠬᠠᠮᠳᠤ ᠠᠷᠠᠳ᠎ᠤᠨ ᠶᠠᠪᠤᠳᠠᠯ᠎ᠤᠨ ᠰᠠᠯᠠᠭ᠎ᠠ ᠮᠦᠴᠢᠷ᠎ᠲᠤ ᠦᠨ᠎ᠡ ᠴᠡᠨ᠎ᠡ᠎ᠲᠠᠢ ᠰᠦᠪᠡᠭᠴᠢ ᠵᠢ ᠴᠠᠭ ᠲᠠᠷᠤᠢ᠎ᠳᠤ᠎ᠨᠢ ᠬᠠᠡᠭᠭ᠋ᠠᠨ᠂ ᠬᠠᠤᠯᠢ ᠪᠤᠰᠤ ᠨᠡᠢ᠌ᠬᠡᠮ᠎ᠤᠨ ᠵᠤᠬᠢᠶᠠᠨ ᠪᠠᠢ᠌ᠭᠤᠯᠤᠯᠳᠠ᠎ᠳᠤ ᠴᠤᠬᠢᠯᠳᠠ ᠦᠭᠭᠦ ᠦᠷ᠎ᠡ ᠪᠦᠳᠦᠮᠵᠢ ᠵᠢ ᠦᠨᠡᠨ ᠬᠦ᠌ ᠲᠡᠭᠡᠭᠰᠢᠯᠡᠬᠦᠯᠵᠤ᠂ ᠨᠠᠮ ᠪᠠᠢ᠌ᠭᠤᠯᠤᠬᠳᠠᠬᠰᠠᠨ 100 ᠵᠢᠯ᠎ᠤᠨ ᠤᠢ᠎ᠳᠤ ᠤᠬᠢ ᠰᠠᠢ᠌ᠨ ᠨᠡᠢ᠌ᠬᠡᠮ᠎ᠤᠨ ᠤᠷᠴᠢᠨ ᠲᠤᠭᠤᠷᠢᠨ᠎ᠢ ᠪᠦᠷᠢᠯᠳᠤᠬᠦᠯᠬᠦ᠎ᠪᠠᠷ ᠴᠢᠷᠮᠠᠢ᠌ᠵᠤ ᠪᠠᠢ᠌ᠨ᠎ᠠ᠃