ᠤᠯᠠᠭ᠋ᠠᠨᠬᠠᠳᠠ ᠬᠤᠳᠠ ᠵᠢᠨ ᠠᠷᠠᠳᠤᠨ ᠶᠠᠪᠤᠳᠠᠯᠤᠨ ᠲᠤᠪᠴᠢᠶᠠ 《ᠪᠢ ᠤᠯᠠᠨ ᠲᠦᠮᠡᠨᠳᠤ ᠪᠤᠳᠠᠳᠠᠢ ᠶᠠᠪᠤᠳᠠᠯ ᠬᠢᠵᠤ ᠦᠭᠭᠦᠨᠡ》 ᠬᠡᠮᠡᠬᠦ ᠦᠢ᠍ᠯᠡᠳᠤᠯᠬᠡ ᠵᠢᠨ ᠠᠵᠢᠯᠯᠠᠭ᠋ᠠᠨ ᠲᠤᠮᠳᠠ ᠰᠦᠪᠡ ᠭᠠᠴᠠᠭᠠ ᠵᠢ ᠬᠠᠮᠵᠢᠨ ᠬᠠᠪᠤᠷᠤᠨ ᠲᠠᠷᠢᠶᠠᠯᠠᠭᠠ ᠵᠢᠨ ᠤᠰᠤᠯᠠᠯᠳᠠ ᠵᠡᠷᠬᠡ ᠪᠤᠳᠠᠳᠠᠢ ᠬᠦᠴᠢᠷᠳᠡᠯᠢᠨᠢ ᠰᠢᠢ᠍ᠳᠪᠤᠷᠢᠯᠡᠵᠤ ᠦᠭᠭᠦᠭᠰᠡᠨ ᠪᠦᠬᠡᠳ ᠬᠤᠳᠠ ᠵᠢᠨ ᠠᠷᠠᠳᠤᠨ ᠶᠠᠪᠤᠳᠠᠯᠤᠨ ᠲᠤᠪᠴᠢᠶᠠᠨᠤ ᠤᠢ᠌ᠷᠠ ᠵᠢᠨ ᠵᠢᠯᠤᠨ ᠰᠡᠳᠬᠢᠯ ᠲᠠᠯᠪᠢᠨ ᠬᠦᠴᠤᠯᠡᠨ ᠲᠡᠮᠵᠢᠭᠰᠡᠨ᠂ ᠲᠠᠭ᠋ᠠᠭ᠋ᠠᠴᠢᠯᠠᠵᠤ ᠬᠤᠯᠪᠤᠭ᠋ᠠᠯᠠᠬᠤ ᠦᠢ᠍ᠯᠡᠴᠢᠯᠡᠬᠡᠨᠳᠤ ᠲᠠᠯᠠᠷᠬᠠᠯ ᠵᠶ᠋ᠡᠨ ᠢᠯᠡᠳᠬᠡᠬᠦ ᠵᠢᠨ ᠲᠦᠯᠦᠬᠡ 6 ᠳ᠋ᠤᠭ᠋ᠠᠷ ᠰᠠᠷᠠ ᠵᠢᠨ 1ᠤ ᠡᠳᠤᠷᠤᠨ ᠦᠳᠡ ᠵᠢᠨ ᠡᠮᠦᠨᠡ ᠪᠠᠭ᠋ᠠᠷᠢᠨ ᠵᠡᠬᠦᠨ ᠬᠤᠰᠢᠭᠤᠨᠤ ᠰᠤᠪᠤᠷᠭᠠ ᠲᠤᠰᠬᠤᠨᠤ ᠬᠤᠶᠠᠷ ᠵᠦᠪᠯᠡᠯᠤᠨ ᠬᠡᠰᠡᠭ ᠪᠦᠷᠢᠯᠳᠤᠬᠦᠨ ᠪᠤᠯᠤᠨ ᠲᠤᠰᠬᠤᠨᠤ ᠢᠷᠡᠬᠡᠳᠤᠨ ᠲᠦᠯᠦᠬᠡᠯᠡᠭᠴᠢ ᠬᠤᠶᠠᠷ ᠬᠡᠮᠡᠷᠯᠢᠭ ᠲᠤᠭᠢ ᠬᠤᠳᠠ ᠵᠢᠨ ᠠᠷᠠᠳᠤᠨ ᠶᠠᠪᠤᠳᠠᠯᠤᠨ ᠲᠤᠪᠴᠢᠶᠠᠨᠳᠤ ᠬᠦᠷᠬᠡᠭᠰᠡᠨ ᠪᠠᠢ᠌ᠨᠠ᠃