ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠡᠶ᠋ᠢᠭᠡᠮ ᠰᠡᠳᠬᠦᠯ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠢᠨ ᠮᠡᠳᠡᠭᠡ   -   ᠠᠶ᠋ᠢᠮᠠᠭ ᠬᠤᠲᠠ᠎ᠶᠢᠨ ᠮᠡᠳᠡᠭᠡ ᠵᠠᠩᠭᠢ
ᠠᠯᠠᠱ᠌ᠠ ᠠᠢ᠌ᠮᠠᠭ᠄ 《ᠤᠷᠤᠭ᠎ᠤᠨ ᠵᠠᠡᠭᠰᠢᠯ᠎ᠤᠨ ᠥᠭᠡᠷᠡᠴᠢᠯᠡᠯᠲᠡ + ᠰᠣᠶᠣᠯ ᠵᠶ᠋ᠠᠷ ᠳᠠᠭ᠋ᠠᠭᠤᠯᠬᠤ》᠎ᠪᠠᠷ ᠬᠥᠳᠡᠯᠭᠡᠭᠦᠷ ᠪᠣᠯᠭ᠋ᠠᠵᠤ ᠤᠷᠤᠭ᠎ᠤᠨ ᠵᠠᠡᠭᠰᠢᠯ᠎ᠤᠨ ᠰᠢᠨ᠎ᠡ ᠬᠡᠪ ᠰᠤᠷᠲᠠᠯ᠎ᠢ ᠪᠢᠴᠢᠭᠯᠡᠵᠤ ᠪᠠᠢ᠌ᠨ᠎ᠠ
ᠨᠡᠶᠢᠲᠡᠯᠡᠭᠰᠡᠨ ᠴᠠᠭ᠄ 2024-10-28

   ᠠᠯᠠᠱ᠌ᠠ ᠠᠢ᠌ᠮᠠᠭ᠎ᠤᠨ ᠠᠷᠠᠳ᠎ᠤᠨ ᠶᠠᠪᠤᠳᠠᠯ᠎ᠤᠨ ᠲᠣᠪᠴᠢᠶ᠎ᠠ ᠵᠢᠨ᠎ᠬᠢᠨ  《ᠤᠷᠤᠭ᠎ᠤᠨ ᠵᠠᠡᠭᠰᠢᠯ᠎ᠤᠨ ᠥᠭᠡᠷᠡᠴᠢᠯᠡᠯᠲᠡ ᠵᠢᠨ ᠲᠤᠷᠰᠢᠯᠲᠠ ᠵᠢᠨ ᠴᠡᠭ᠎ᠤᠨ ᠠᠵᠢᠯ᠎ᠢ ᠥᠷᠨᠢᠭᠦᠯᠬᠦ ᠲᠤᠬᠠᠢ ᠵᠢᠯᠤᠭᠣᠳᠬᠤ ᠰᠠᠨᠠᠯ》 ᠎ᠤᠨ ᠵᠣᠷᠢᠭ ᠰᠠᠨᠠᠭ᠎ᠠ ᠵᠢ ᠭᠦᠨᠵᠡᠭᠡᠢ ᠨᠠᠢ᠌ᠳᠠᠪᠤᠷᠢᠵᠢᠭᠤᠯᠬᠤ ᠵᠢᠨ ᠲᠥᠯᠥᠭᠡ ᠭᠠᠵᠠᠷ ᠣᠷᠣᠨ᠎ᠤ ᠪᠣᠳᠠᠲᠤ ᠪᠠᠢ᠌ᠳᠠᠯ᠎ᠲᠠᠢ᠎ᠪᠠᠨ ᠤᠶᠠᠯᠳᠤᠭᠤᠯᠵᠤ ᠬᠠᠮᠲᠤ ᠵᠢᠨ ᠬᠤᠷᠢᠮ᠎ᠤᠨ ᠶᠣᠰᠣᠯᠠᠯ ᠵᠶ᠋ᠠᠷ ᠠᠴᠢᠶᠠᠯᠠᠪᠤᠷᠢ ᠪᠣᠯᠭ᠋ᠠᠵᠤ ᠭᠣᠣᠯ ᠰᠡᠳᠦᠪᠲᠦ ᠪᠦᠲᠦᠭᠡᠯᠴᠢ ᠠᠵᠢᠯᠯᠠᠭ᠎ᠠ᠎ᠪᠠᠷ ᠪᠠᠷᠢᠴᠨ ᠪᠣᠯᠭ᠋ᠠᠵᠤ ᠬᠤᠷᠢᠮ᠎ᠤᠨ ᠶᠠᠪᠤᠳᠠᠯ᠎ᠢ ᠳᠥᠭᠥᠮᠴᠢᠯᠡᠨ ᠰᠢᠨ᠎ᠡ᠎ᠪᠠᠷ ᠡᠷᠬᠢᠯᠡᠬᠦ᠎ᠪᠠᠷ ᠴᠢᠷᠮᠠᠢ᠌ᠵᠤ ᠨᠡᠢ᠌ᠭᠡᠮ᠎ᠤᠨ ᠪᠣᠯᠪᠠᠰᠤᠨ᠎ᠤ ᠰᠢᠨ᠎ᠡ ᠰᠤᠷᠲᠠᠯ᠎ᠢ ᠢᠳᠡᠪᠬᠢᠲᠡᠢ  ᠪᠠᠳᠠᠷᠠᠭᠤᠯᠤᠭ᠋ᠠᠳ ᠤᠷᠤᠭ᠎ᠤᠨ ᠵᠠᠩ᠎ᠤᠨ ᠰᠢᠨ᠎ᠡ ᠬᠡᠪ ᠰᠤᠷᠲᠠᠯ᠎ᠤᠨ ᠭᠣᠢ᠌ᠳᠠ ᠰᠠᠢ᠌ᠬᠠᠨ ᠵᠢᠷᠤᠭ᠎ᠢ ᠵᠢᠷᠤᠭᠯᠠᠵᠠᠢ᠃

W020241024356723987448.png


    ᠲᠥᠷᠥ ᠵᠢᠨ ᠪᠣᠳᠣᠯᠭ᠎ᠠ᠎ᠪᠠᠷ ᠵᠢᠯᠤᠭᠣᠳᠴᠤ ᠣᠷᠣᠭ᠎ᠤᠨ ᠵᠠᠡᠭᠰᠢᠯ ᠎ᠤᠨ ᠥᠭᠡᠷᠡᠴᠢᠯᠡᠯᠲᠡ ᠵᠢ ᠠᠬᠢᠭᠤᠯᠪᠠ᠃ ᠦᠪᠤᠷ ᠮᠤᠡᠭᠭᠤᠯ᠎ᠤᠨ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠶᠠᠪᠤᠳᠠᠯ᠎ᠤᠨ ᠲᠢᠩᠬᠢᠮ᠎ᠤᠨ ᠲᠥᠷᠥ ᠵᠢᠨ ᠪᠣᠳᠣᠯᠭ᠎ᠠ ᠵᠢᠨ ᠤᠳᠤᠷᠢᠳᠤᠮᠵᠢ ᠵᠢ ᠴᠢᠩᠭ᠎ᠠ ᠳᠠᠭ᠋ᠠᠵᠤ ᠲᠥᠷᠥ ᠵᠢᠨ ᠪᠣᠳᠣᠯᠭ᠎ᠠ ᠵᠢ ᠨᠠᠷᠢᠯᠢᠭ ᠣᠨᠣᠴᠠᠲᠠᠢ ᠬᠡᠷᠡᠭᠵᠢᠬᠦᠯᠤᠬᠡᠳ 《ᠪᠥᠬᠥ ᠠᠢ᠌ᠮᠠᠭ᠎ᠤᠨ ᠤᠷᠤᠭ᠎ᠤᠨ ᠵᠠᠡᠭᠰᠢᠯ᠎ᠤᠨ ᠥᠭᠡᠷᠡᠴᠢᠯᠡᠯᠲᠡ ᠵᠢᠨ ᠲᠤᠷᠰᠢᠯᠲᠠ ᠵᠢ ᠥᠷᠨᠢᠭᠦᠯᠬᠦ ᠲᠤᠬᠠᠢ ᠮᠡᠳᠡᠭᠳᠡᠯ》᠎ᠢ ᠳᠠᠷᠤᠮᠠᠯᠯᠠᠨ ᠲᠠᠷᠬᠠᠭ᠋ᠠᠵᠤ᠂  ᠤᠷᠤᠭ᠎ᠤᠨ ᠵᠠᠡᠭᠰᠢᠯ᠎ᠤᠨ ᠥᠭᠡᠷᠡᠴᠢᠯᠡᠯᠲᠡ ᠵᠢᠨ ᠠᠷᠭ᠎ᠠ ᠵᠠᠮ᠎ᠢ ᠲᠣᠳᠣᠷᠬᠠᠢ ᠲᠣᠭᠲᠠᠭ᠋ᠠᠪᠠ᠃ ᠠᠯᠠᠱ᠌ᠠ ᠵᠡᠭᠦᠨ ᠬᠣᠰᠢᠭᠤ ᠲᠤᠷᠰᠢᠯᠲᠠ ᠵᠢᠨ ᠭᠠᠵᠠᠷ ᠣᠷᠣᠨ ᠪᠣᠯᠤᠭᠰᠠᠨ᠎ᠤ ᠬᠤᠪᠢ᠎ᠳᠤ ᠵᠢᠱ᠌ᠢᠶ᠎ᠡ ᠦᠵᠡᠭᠦᠯᠬᠦ ᠦᠢ᠍ᠯᠡᠳᠦᠯ ᠢᠯᠡᠳᠲᠡ ᠪᠠᠢ᠌ᠯ᠎ᠠ᠃ ᠲᠡᠳᠡ 《ᠤᠷᠤᠭ᠎ᠤᠨ ᠵᠠᠩᠰᠢᠯ᠎ᠤᠨ ᠥᠭᠡᠷᠡᠴᠢᠯᠡᠯᠲᠡ ᠵᠢ ᠥᠷᠨᠢᠭᠦᠯᠬᠦ ᠰᠠᠨᠠᠯ》᠎ᠤᠨ ᠬᠠᠮᠢᠶ᠎ᠠ ᠪᠦᠬᠦᠢ ᠪᠢᠴᠢᠭ ᠮᠠᠲ᠋ᠧᠷᠢᠶᠠᠯ᠎ᠢ ᠲᠣᠭᠲᠠᠭ᠋ᠠᠵᠤ᠂  《ᠨᠠᠮ᠎ᠤᠨ ᠬᠣᠷᠢᠶ᠎ᠠ ᠤᠳᠤᠷᠢᠳᠬᠤ᠂ ᠵᠠᠰᠠᠭ᠎ᠤᠨ ᠣᠷᠳᠣᠨ ᠲᠦᠷᠦᠭᠦᠯᠡᠬᠦ᠂ ᠰᠠᠯᠠᠭ᠎ᠠ ᠮᠥᠴᠢᠷ ᠬᠠᠮᠵᠢᠯᠴᠠᠬᠤ᠂ ᠨᠡᠢ᠌ᠭᠡᠮ ᠨᠡᠶ᠋ᠢᠲᠡ᠎ᠪᠠᠷ ᠵᠶ᠋ᠡᠨ ᠣᠷᠣᠯᠴᠠᠬᠤ》 ᠠᠵᠢᠯ᠎ᠤᠨ ᠲᠣᠭᠲᠠᠴᠠ ᠵᠢ ᠪᠠᠢ᠌ᠭᠤᠯᠤᠨ᠂ ᠣᠷᠣᠭ᠎ᠤᠨ  ᠪᠠᠳᠤᠯᠠᠪᠤᠷᠢ ᠣᠯᠭᠣᠬᠤ ᠦᠢ᠍ᠯᠡᠴᠢᠯᠡᠭᠡ ᠵᠢ ᠵᠢᠷᠤᠮᠵᠢᠭᠤᠯᠵᠤ ᠣᠷᠣᠭ ᠭᠡᠷ ᠪᠦᠯᠢ ᠵᠢᠨ ᠦᠢ᠍ᠯᠡᠴᠢᠯᠡᠭᠡᠨ᠎ᠤ ᠲᠠᠪᠴᠠᠩ᠎ᠢ ᠪᠠᠢ᠌ᠭᠤᠯᠤᠨ ᠣᠯᠠᠨ ᠲᠦᠮᠡᠨ᠎ᠤ ᠬᠡᠷᠡᠭᠴᠡᠭᠡ ᠱᠠᠭ᠋ᠠᠷᠳᠠᠯᠭ᠎ᠠ ᠵᠢ ᠨᠠᠷᠢᠯᠢᠭ ᠣᠨᠣᠴᠠᠲᠠᠢ᠎ᠪᠠᠷ ᠵᠣᠯᠭ᠋ᠠᠭᠤᠯᠵᠤ  ᠤᠷᠤᠭ᠎ᠤᠨ ᠵᠠᠡᠭᠰᠢᠯ᠎ᠤᠨ ᠰᠣᠶᠣᠯ᠎ᠤᠨ ᠡᠷᠡᠭᠦᠯ ᠵᠶ᠋ᠡᠷ ᠬᠥᠭᠵᠢᠬᠦ ᠵᠢ ᠠᠬᠢᠭᠤᠯᠤᠨ ᠡᠯ᠎ᠡ ᠬᠣᠰᠢᠭᠤ ᠣᠷᠣᠨ᠎ᠢ ᠵᠢᠱ᠌ᠢᠶ᠎ᠡ ᠦᠵᠡᠭᠦᠯᠦᠨ ᠳᠠᠶ᠋ᠢᠴᠢᠯᠠᠵᠤ ᠪᠠᠢ᠌ᠭ᠋ᠠᠳ ᠤᠷᠤᠭ᠎ᠤᠨ ᠵᠠᠡᠭᠰᠢᠯ᠎ᠤᠨ ᠥᠭᠡᠷᠡᠴᠢᠯᠡᠯᠲᠡ ᠵᠢᠨ ᠠᠵᠢᠯ᠎ᠢ ᠬᠠᠮᠵᠢᠯᠴᠠᠨ ᠠᠬᠢᠭᠤᠯᠵᠤ᠂ ᠳᠡᠭᠡᠷ᠎ᠡ ᠳᠣᠣᠷ᠎ᠠ ᠱᠠᠲᠤ᠎ᠪᠠᠷ ᠵᠶ᠋ᠠᠨ ᠬᠣᠯᠪᠤᠭ᠋ᠠᠯᠠᠨ ᠬᠥᠳᠡᠯᠦᠯᠴᠡᠬᠦ᠂ ᠴᠤᠭᠭ᠋ᠠᠷ ᠠᠳᠬᠤᠵᠤ ᠬᠠᠮᠲᠤ᠎ᠪᠠᠷ ᠬᠠᠮᠢᠶᠠᠷᠬᠤ ᠰᠠᠢ᠌ᠨ ᠰᠠᠢ᠌ᠬᠠᠨ ᠪᠠᠢ᠌ᠳᠠᠯ᠎ᠢ ᠪᠣᠶ ᠪᠣᠯᠭ᠋ᠠᠬᠤ᠎ᠳᠤ ᠢᠳᠡᠪᠬᠢᠲᠡᠢ ᠦᠢ᠍ᠯᠡᠳᠦᠯ ᠦᠵᠡᠭᠦᠯᠪᠡ᠃


W020241024356724033104.jpg

   


    ᠲᠠᠪᠴᠠᠩ᠎ᠢ ᠪᠠᠢ᠌ᠭᠤᠯᠵᠤ᠂ ᠤᠷᠤᠭ᠎ᠤᠨ ᠵᠠᠡᠭᠰᠢᠯ᠎ᠤᠨ ᠰᠢᠨ᠎ᠡ ᠬᠡᠪ ᠰᠤᠷᠲᠠᠯ᠎ᠢ ᠪᠣᠶ ᠪᠤᠯᠭ᠋ᠠᠯ᠎ᠠ᠃ ᠡᠬᠢ ᠪᠠᠶᠠᠯᠢᠭ᠎ᠢ ᠭᠦᠢ᠍ᠴᠡᠳ ᠡᠮᠬᠢᠯᠡᠨ ᠰᠢᠷᠢᠰ ᠣᠨᠴᠠᠯᠢᠭᠲᠤ ᠠᠵᠢᠯᠯᠠᠭ᠎ᠠ ᠵᠢ ᠨᠢᠮᠪᠠᠢ ᠲᠥᠯᠥᠪᠯᠡᠵᠦ ᠡᠵᠡᠨ᠎ᠡ ᠬᠣᠰᠢᠭᠤᠨ᠎ᠤ ᠤᠯᠠᠮᠵᠢᠯᠠᠯᠲᠤ ᠰᠣᠶᠣᠯ ᠵᠶ᠋ᠠᠷ ᠬᠦᠴᠦᠯᠡᠴᠡ᠎ᠪᠠᠨ ᠪᠣᠯᠭ᠋ᠠᠵᠤ ᠥᠷᠨᠢᠭᠦᠯᠦᠭᠰᠡᠨ 《ᠲᠤᠯᠤᠭ᠋ᠠᠨ ᠰᠠᠷ᠎ᠠ ᠵᠢᠨ ᠲᠤᠯᠤᠭ᠋ᠠᠨ᠎ᠤ ᠪᠤᠯᠵᠤᠭ᠎ᠠ᠂ ᠪᠣᠳᠠᠰ᠎ᠤᠨ ᠪᠤᠰᠤ ᠰᠤᠶᠤᠯ᠎ᠤᠨ ᠦᠪ᠎ᠯᠦᠭᠡ ᠵᠢᠨ ᠪᠠᠷᠢᠯᠳᠤᠯᠭ᠎ᠠ》᠎ᠠᠴᠠ ᠠᠯᠠᠱ᠌ᠠ ᠠᠢ᠌ᠮᠠᠭ᠎ᠤᠨ ᠡᠮᠡᠭᠲᠡᠢ᠌ᠴᠦᠳ᠎ᠤᠨ ᠬᠣᠯᠪᠣᠭ᠎ᠠ᠂ ᠠᠵᠢᠯᠴᠢᠨ᠎ᠤ ᠡᠪᠯᠡᠯ ᠵᠡᠷᠭᠡ ᠠᠷᠪᠠᠨ ᠨᠢᠬᠡᠴᠢ ᠵᠢᠨ᠎ᠬᠢᠨ᠎ᠤ ᠬᠠᠮᠲᠤᠷᠠᠨ ᠡᠷᠬᠢᠯᠡᠭᠰᠡᠨ 《ᠵᠢᠷᠭ᠋ᠠᠯ᠎ᠤᠨ ᠬᠣᠯᠪᠣᠭ᠎ᠠ 〈ᠡᠮᠡᠭᠲᠡᠢ᠌ᠴᠦᠳ ᠵᠠᠯᠠᠭᠤ ᠨᠠᠰᠤᠨ᠎ᠤ ᠪᠠᠷᠢᠯᠳᠤᠯᠭ᠎ᠠ〉》 ᠬᠦᠷᠲᠡᠯ᠎ᠡ᠂ ᠠᠯᠠᠱ᠌ᠠ ᠠᠢ᠌ᠮᠠᠭ᠎ᠤᠨ ᠠᠷᠠᠳ᠎ᠤᠨ ᠶᠠᠪᠤᠳᠠᠯ᠎ᠤᠨ ᠲᠣᠪᠴᠢᠶ᠎ᠠ ᠵᠢᠨ᠎ᠬᠢᠨ᠎ᠤ ᠭᠣᠣᠯᠯᠠᠨ ᠡᠷᠬᠢᠯᠡᠭᠰᠡᠨ 《  ᠢᠷᠤᠬᠡᠯ ᠪᠠᠷᠢᠯᠳᠤᠯᠭ᠎ᠠ᠎ᠪᠠᠷ ᠨᠠᠰᠤᠨ᠎ᠤ ᠵᠠᠶᠠᠭ᠎ᠠ᠎ᠪᠠᠨ ᠲᠣᠭᠲᠠᠭ᠋ᠠᠬᠤ》  ᠲᠣᠮᠣ ᠬᠡᠯᠪᠡᠷᠢ ᠵᠢᠨ ᠬᠠᠮᠲᠤ ᠵᠢᠨ ᠬᠤᠷᠢᠮ᠎ᠤᠨ ᠶᠣᠰᠣᠯᠠᠯ ᠵᠡᠷᠭᠡ ᠰᠢᠷᠢᠰ ᠠᠵᠢᠯᠯᠠᠭ᠎ᠠ ᠎ᠪᠠᠷ ᠲᠠᠮᠵᠢᠨ ᠵᠠᠯᠠᠭᠤᠴᠤᠳ᠎ᠤᠨ ᠨᠠᠢ᠌ᠵᠠᠯᠠᠬᠤ᠂ ᠬᠠᠮᠲᠤ ᠵᠢᠨ ᠬᠤᠷᠢᠮ᠎ᠤᠨ ᠶᠣᠰᠣᠯᠠᠯ᠂ 《  ᠤᠷᠤᠭ᠎ᠤᠨ ᠵᠠᠡᠭᠰᠢᠯ᠎ᠢ ᠥᠭᠡᠷᠡᠴᠢᠯᠡᠨ ᠰᠢᠨ᠎ᠡ ᠴᠠᠭ ᠦᠶ᠎ᠡ ᠵᠢᠨ ᠤᠷᠤᠭ ᠢᠨᠠᠭ᠎ᠤᠨ ᠦᠵᠡᠯᠲᠡ ᠵᠢ ᠪᠠᠳᠠᠷᠠᠭᠤᠯᠬᠤ ᠰᠠᠨᠠᠭ᠋ᠠᠴᠢᠯᠠᠭ᠎ᠠ ᠵᠢᠨ ᠪᠢᠴᠢᠭ》᠎ᠢ ᠨᠡᠢ᠌ᠲᠡᠯᠡᠬᠦ᠎ᠪᠠᠷ ᠳᠠᠮᠵᠢᠭᠤᠯᠤᠨ ᠠᠷᠠᠳ᠎ᠤᠨ ᠵᠠᠩ ᠦᠢ᠍ᠯᠡ ᠵᠢᠨ ᠰᠣᠶᠣᠯ ᠪᠣᠯᠣᠨ ᠤᠷᠤᠭ ᠎ᠤᠨ ᠵᠠᠡᠭᠰᠢᠯ᠎ᠤᠨ ᠲᠤᠬᠠᠢ ᠰᠢᠨ᠎ᠡ ᠦᠵᠡᠯᠳᠡ ᠲᠠᠨᠢᠯᠳᠠ᠎ᠲᠠᠢ ᠤᠶᠠᠯᠳᠤᠭᠤᠯᠵᠤ᠂ᠡᠷᠡᠭᠦᠯ ᠪᠣᠯᠪᠠᠰᠤᠨ ᠤᠷᠤᠭ᠎ᠤᠨ ᠵᠠᠡᠭᠰᠢᠯ᠎ᠤᠨ ᠦᠷᠳᠡᠭ᠎ᠤᠨ ᠦᠵᠡᠯᠲᠡ᠂ ᠰᠢᠨ᠎ᠡ ᠮᠠᠶᠢᠭ᠎ᠤᠨ ᠤᠷᠤᠭ᠎ᠤᠨ ᠵᠠᠡᠭᠰᠢᠯ᠎ᠤᠨ ᠦᠵᠡᠯᠲᠡ ᠵᠢ ᠪᠤᠢ ᠪᠣᠯᠭ᠋ᠠᠵᠤ ᠨᠡᠢ᠌ᠭᠡᠮ᠎ᠤᠨ ᠵᠠᠯᠠᠭᠤᠴᠤᠳ᠎ᠢ ᠤᠷᠤᠭ᠎ᠤᠨ ᠵᠠᠡᠭᠰᠢᠯ᠎ᠤᠨ ᠥᠭᠡᠷᠡᠴᠢᠯᠡᠯᠲᠡ ᠵᠢᠨ ᠬᠣᠰᠢᠭᠤᠴᠢ ᠬᠦᠴᠦᠨ ᠪᠤᠯᠬᠤ ᠲᠡᠢ᠌ᠰᠢ ᠲᠠᠢ᠌ᠴᠢᠯᠠᠵᠤ ᠴᠢᠳᠠᠬᠰᠠᠨ ᠪᠠᠢ᠌ᠨ᠎ᠠ᠃


W020241024356724041516_ORIGIN.jpg


    ᠰᠣᠶᠣᠯ᠎ᠢ ᠠᠭᠤᠳᠠᠯᠵᠤ᠂ ᠣᠷᠣᠨ ᠨᠤᠲᠤᠭ᠎ᠤᠨ ᠣᠨᠴᠠᠯᠢᠭ᠎ᠢ ᠢᠯᠡᠷᠡᠬᠦᠯᠪᠡ᠃ ᠣᠷᠣᠨ ᠨᠤᠲᠤᠭ᠎ᠤᠨ ᠣᠨᠴᠠᠯᠢᠭᠲᠤ ᠰᠣᠶᠣᠯ᠎ᠢ ᠭᠦᠨ ᠠᠭᠤᠳᠠᠯᠵᠤ ᠮᠢᠩᠭ᠋ᠠᠨ ᠣᠨ᠎ᠤ ᠲᠣᠣᠷᠠᠢ᠎ᠪᠠᠷ ᠪᠡᠯᠭᠡᠳᠡᠭᠰᠡᠨ ᠪᠠᠢ᠌ᠭ᠋ᠠᠯᠢ ᠵᠢᠨ ᠦᠵᠡᠮᠵᠢ ᠪᠣᠯᠣᠨ ᠤᠷᠤᠭ᠎ᠤᠨ ᠶᠣᠭᠲᠠ ᠤᠳᠬ᠎ᠠ ᠵᠢ ᠠᠭᠤᠰᠬᠠᠭᠰᠠᠨ ᠥᠪᠡᠷᠮᠢᠴᠡ ᠣᠨᠴᠠᠯᠢᠭ᠎ᠲᠠᠢ ᠬᠤᠷᠢᠮ᠎ᠤᠨ ᠦᠪᠡᠳᠡᠭᠰᠢ ᠨᠠᠢ᠌ᠷ᠎ᠢ ᠴᠣᠭᠴᠠᠯᠠᠵᠤ ᠬᠣᠶᠠᠷ ᠵᠢᠯ ᠳᠠᠷᠠᠭ᠋ᠠᠯᠠᠨ 《ᠮᠢᠩᠭ᠋ᠠᠨ ᠣᠨ᠎ᠤ ᠲᠣᠣᠷᠠᠢ ᠵᠢᠨ ᠤᠢ᠎ᠳᠤ᠎ᠬᠢ ᠵᠠᠭᠤᠨ ᠵᠢᠯ᠎ᠤᠨ ᠤᠷᠤᠭ᠎ᠤᠨ ᠪᠠᠷᠢᠯᠳᠤᠯᠭ᠎ᠠ》ᠭᠡᠬᠦ ᠭᠣᠣᠯ ᠰᠡᠳᠦᠪᠲᠦ ᠪᠦᠲᠦᠭᠡᠯᠴᠢ ᠠᠵᠢᠯᠯᠠᠭ᠎ᠠ ᠵᠢ ᠥᠷᠨᠢᠭᠦᠯᠵᠦ ᠪᠦᠬᠦ ᠤᠯᠤᠰ᠎ᠤᠨ ᠡᠯ᠎ᠡ ᠭᠠᠵᠠᠷ᠎ᠠᠴᠠ ᠢᠷᠡᠭᠰᠡᠨ ᠰᠢᠨ᠎ᠡ ᠬᠥᠮᠥᠰ ᠷᠣᠮᠠᠨᠲ᠋ᠢᠭ ᠠᠭᠤᠷ ᠠᠮᠢᠰᠬᠤᠯ᠎ᠤᠨ ᠳᠤᠮᠳᠠ ᠣᠷᠣᠨ ᠨᠤᠲᠤᠭ᠎ᠤᠨ ᠰᠣᠶᠣᠯ᠎ᠤᠨ ᠥᠪᠡᠷᠮᠢᠴᠡ ᠣᠨᠴᠠᠯᠢᠭ᠎ᠢ ᠮᠡᠳᠡᠷᠡᠵᠦ᠂ 99 ᠰᠢᠨ᠎ᠡ ᠬᠣᠣᠰ᠎ᠤᠳ ᠲᠣᠣᠷᠠᠢ ᠵᠢᠨ ᠤᠢ᠎ᠪᠠᠷ ᠵᠠᠭᠤᠴᠢ ᠪᠣᠯᠭ᠋ᠠᠨ ᠠᠷᠢᠭᠤᠨ ᠲᠠᠷᠬᠠᠨ ᠬᠤᠷᠢᠮ᠎ᠤᠨ ᠣᠷᠳᠣᠨ᠎ᠳᠤ ᠣᠷᠣᠵᠤ ᠬᠤᠷᠢᠮ᠎ᠤᠨ ᠶᠠᠪᠤᠳᠠᠯ᠎ᠢ ᠰᠢᠨ᠎ᠡ᠎ᠪᠠᠷ ᠡᠷᠬᠢᠯᠡᠬᠦ ᠨᠡᠢ᠌ᠭᠡᠮ᠎ᠤᠨ ᠪᠣᠯᠪᠠᠰᠤᠨ᠎ᠤ ᠰᠢᠨ᠎ᠡ ᠬᠡᠪ ᠰᠤᠷᠲᠠᠯ᠎ᠢ ᠬᠠᠮᠳᠤ᠎ᠪᠠᠷ ᠳᠠᠭ᠋ᠠᠭᠤᠯᠪᠠ᠃ ᠡᠭᠦᠨ᠎ᠤ  ᠬᠠᠮᠳᠤ ᠪᠠᠰᠨ ᠵᠠᠭᠤᠴᠢᠯᠠᠭᠤᠷ᠎ᠤᠨ᠎ᠬᠢᠨ᠎ᠢ ᠠᠰᠢᠭᠯᠠᠨ᠂ ᠣᠷᠣᠨ ᠨᠤᠲᠤᠭ᠎ᠤᠨ ᠣᠨᠴᠠᠯᠢᠭ ᠪᠦᠬᠦᠢ ᠤᠷᠤᠭ ᠬᠤᠷᠢᠮ᠎ᠤᠨ ᠰᠣᠶᠣᠯ᠎ᠢ ᠥᠷᠭᠡᠨ ᠵᠶ᠋ᠡᠷ ᠤᠯᠠᠮᠵᠢᠯᠠᠨ ᠳᠡᠯᠭᠡᠷᠡᠭᠦᠯᠵᠦ᠂ ᠰᠣᠶᠣᠯ᠎ᠤᠨ ᠵᠥᠭᠡᠯᠡᠨ ᠪᠣᠳᠠᠲᠤ ᠬᠦᠴᠦᠨ ᠪᠣᠯᠣᠨ ᠨᠥᠯᠥᠭᠡᠯᠡᠬᠦ ᠬᠦᠴᠦᠨ᠎ᠢ ᠤᠯᠠᠮ  ᠲᠡᠭᠡᠭᠰᠢᠯᠡᠬᠦᠯᠦᠭᠰᠡᠨ ᠪᠠᠢ᠌ᠨ᠎ᠠ᠃


W020241024356724112678_ORIGIN.jpg

   



    ᠠᠯᠠᠱ᠌ᠠ ᠠᠢ᠌ᠮᠠᠭ᠎ᠤᠨ ᠠᠷᠠᠳ᠎ᠤᠨ ᠶᠠᠪᠤᠳᠠᠯ᠎ᠤᠨ ᠲᠣᠪᠴᠢᠶ᠎ᠠ ᠵᠢᠨ᠎ᠬᠢᠨ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠤᠬᠠᠮᠰᠠᠷ᠎ᠢ ᠪᠠᠲᠤᠳᠬᠠᠬᠤ᠎ᠪᠠᠷ ᠭᠣᠣᠯ ᠰᠢᠵᠢᠮ ᠪᠣᠯᠭ᠋ᠠᠵᠤ᠂ 《ᠰᠣᠶᠣᠯ ᠵᠶ᠋ᠠᠷ ᠰᠦᠭ ᠰᠦᠨᠡᠰᠦ ᠵᠢ ᠱᠤᠭᠤᠬᠤ》 ᠣᠢ᠌ᠯᠠᠭ᠋ᠠᠭᠳᠠᠬᠤᠨ᠎ᠢ ᠪᠠᠷᠢᠮᠲᠠᠯᠠᠵᠤ  ᠤᠷᠤᠭ᠎ᠤᠨ ᠵᠠᠩᠰᠢᠯ᠎ᠤᠨ ᠥᠭᠡᠷᠡᠴᠢᠯᠡᠯᠲᠡ ᠵᠢ ᠭᠦᠨᠵᠡᠭᠡᠢ᠌ᠷᠡᠭᠦᠯᠵᠦ  ᠠᠯᠠᠱ᠌ᠠ ᠵᠢᠨ ᠥᠪᠡᠷᠮᠢᠴᠡ ᠣᠨᠴᠠᠯᠢᠭ᠎ᠲᠠᠢ  《ᠰᠠᠢ᠌ᠨ》 ᠰᠣᠶᠣᠯ᠎ᠤᠨ ᠤᠷᠤᠭ᠎ᠤᠨ ᠵᠠᠡᠭᠰᠢᠯ᠎ᠤᠨ ᠲᠦᠷᠦᠯ ᠲᠡᠮᠳᠡᠭ᠎ᠢ ᠢᠳᠡᠪᠬᠢᠲᠡᠢ ᠡᠭᠦᠳᠴᠦ  ᠤᠷᠤᠭ᠎ᠤᠨ ᠵᠠᠩᠰᠢᠯ᠎ᠤᠨ ᠰᠣᠶᠣᠯ᠎ᠤᠨ ᠰᠢᠨ᠎ᠡ ᠵᠢ ᠡᠭᠦᠳᠬᠦ ᠬᠥᠭᠵᠢᠯᠲᠡ ᠵᠢ ᠠᠬᠢᠭᠤᠯᠬᠤ ᠵᠢᠨ ᠬᠠᠮᠳᠤ ᠤᠷᠤᠭ᠎ᠤᠨ ᠵᠡᠡᠭᠰᠢᠯ᠎ᠤᠨ ᠥᠭᠡᠷᠡᠴᠢᠯᠡᠯᠲᠡ ᠵᠢᠨ ᠬᠣᠯᠪᠣᠭᠳᠠᠯ ᠪᠦᠬᠦᠢ ᠲᠥᠷᠥ ᠵᠢᠨ ᠪᠣᠳᠣᠯᠭ᠎ᠠ ᠵᠢ ᠤᠯᠠᠮ ᠲᠡᠭᠦᠯᠳᠡᠷᠵᠢᠭᠦᠯᠵᠦ ᠵᠠᠭᠤᠴᠢᠯᠠᠭᠤᠷ᠎ᠤᠨ   ᠦᠢ᠍ᠯᠡᠳᠦᠯ᠎ᠢ ᠪᠠᠳᠠᠷᠠᠭᠤᠯᠤᠨ ᠤᠯᠠᠮᠵᠢᠯᠠᠯᠲᠤ ᠤᠷᠤᠭ᠎ᠤᠨ ᠵᠡᠡᠭᠰᠢᠯ᠎ᠤᠨ ᠰᠣᠶᠣᠯ᠎ᠤᠨ ᠣᠬᠢ ᠰᠣᠳᠣ ᠵᠢ ᠭᠦᠨ ᠠᠭᠤᠳᠠᠯᠵᠤ ᠥᠷᠭᠡᠨ  ᠲᠦᠮᠡᠨ᠎ᠢ ᠵᠢᠯᠤᠭᠣᠳᠴᠤ ᠪᠠᠢ᠌ᠭ᠋ᠠᠳ ᠣᠷᠣᠭ ᠢᠨᠠᠭ᠎ᠤᠨ ᠵᠥᠪ ᠦᠵᠡᠯᠲᠡ ᠵᠢ ᠪᠣᠶ ᠪᠣᠯᠭ᠋ᠠᠵᠤ ᠭᠡᠷ ᠪᠦᠯᠢ ᠵᠢᠨ ᠵᠣᠯ ᠵᠢᠷᠭ᠋ᠠᠯ᠎ᠤᠨ ᠰᠡᠳᠬᠢᠭᠳᠡᠯ ᠪᠠ ᠬᠠᠨᠤᠮᠵᠢ ᠵᠢᠨ ᠬᠡᠮᠵᠢᠶ᠎ᠡ ᠵᠢ ᠳᠡᠭᠡᠭᠰᠢᠯᠡᠭᠦᠯᠬᠦ ᠲᠠᠯ᠎ᠠ᠎ᠪᠠᠷ ᠦᠷᠭᠦᠯᠵᠢᠯᠡᠨ ᠰᠦᠪᠡᠭᠴᠢᠯᠡᠯᠲᠡ ᠪᠠ ᠴᠢᠷᠮᠠᠢ᠌ᠯᠭ᠎ᠠ ᠭᠠᠷᠭ᠋ᠠᠵᠤ᠂ ᠨᠡᠢ᠌ᠭᠡᠮ᠎ᠤᠨ ᠪᠣᠯᠪᠠᠰᠤᠨ ᠳᠠᠪᠰᠢᠯᠲᠠ᠎ᠳᠤ ᠠᠷᠠᠳ᠎ᠤᠨ ᠶᠠᠪᠤᠳᠠᠯ᠎ᠤᠨ᠎ᠬᠢᠨ᠎ᠤ ᠬᠦᠴᠦᠨ ᠴᠢᠳᠠᠯ᠎ᠢ  ᠨᠡᠮᠡᠷᠢᠯᠡᠬᠦ ᠪᠤᠯᠤᠨ᠎ᠠ᠃




      

ᠢᠷᠡᠯᠲᠡ᠄ ᠦᠪᠤᠷ ᠮᠤᠡᠭᠭᠤᠯ᠎ᠤᠨ ᠦᠪᠡᠷᠳᠡᠬᠡᠨ ᠵᠠᠰᠠᠬᠤ ᠤᠷᠤᠨ᠎ᠤ ᠠᠷᠠᠳ᠎ᠤᠨ ᠶᠠᠪᠤᠳᠠᠯ᠎ᠤᠨ ᠲᠢᠡᠭᠭᠢᠮ᠎ᠤᠨ ᠮᠤᠡᠭᠭᠤᠯ ᠰᠦᠯᠵᠢᠶ᠎ᠡ
          
ᠬᠠᠮᠢᠶ᠎ᠡ ᠪᠦᠬᠦᠢ ᠰᠣᠨᠢᠨ
ᠪᠠᠶᠠᠨᠨᠠᠭᠤᠷ ᠬᠣᠲᠠ ᠵᠢᠨ᠎ᠬᠢᠨ᠎ᠤ 《ᠬᠠᠯᠠᠮᠵᠢᠳᠤ ᠲᠤᠰᠠᠯᠠᠮᠵᠢ ᠵᠢᠨ ᠦᠢ᠍ᠯᠡᠴᠢᠯᠡᠭᠡᠨ᠎ᠤ ᠴᠡᠭ》᠎ᠨᠢ ᠲᠡᠨᠦᠭᠦᠴᠢᠯᠡᠨ ᠭᠤᠢ᠌ᠷᠠᠨᠴᠢᠯᠠᠭᠴᠢᠳ᠎ᠢ ᠲᠤᠰᠠᠯᠠᠬᠤ ᠰᠢᠨ᠎ᠡ ᠠᠷᠭ᠎ᠠ ᠵᠠᠮ᠎ᠢ ᠥᠷᠭᠡᠳᠬᠡᠪᠡ
ᠬᠢᠩᠭ᠋ᠠᠨ ᠠᠢ᠌ᠮᠠᠭ᠎ᠤᠨ᠎ᠬᠢᠨ ᠨᠢᠬᠦᠯᠡᠰᠤᠡᠭᠭᠦᠢ ᠵᠢᠨ ᠦᠢ᠍ᠯᠡᠰ᠎ᠤᠨ ᠴᠢᠨᠠᠷᠯᠢᠭ ᠬᠦᠭᠵᠢᠯᠳᠡ ᠵᠢ ᠤᠯᠠᠨ ᠠᠷᠭ᠎ᠠ᠎ᠪᠠᠷ ᠠᠬᠢᠭᠤᠯᠵᠤ ᠪᠠᠢ᠌ᠨ᠎ᠠ
ᠲᠦᠩᠯᠢᠶᠣᠣ ᠬᠣᠲᠠ ᠵᠢᠨ᠎ᠬᠢᠨ ᠠᠷᠠᠳ᠎ᠲᠤ ᠠᠰᠢᠭ ᠬᠦᠷᠲᠡᠭᠡᠬᠦ ᠬᠣᠭᠣᠯᠠᠨ ᠲᠢᠩᠬᠢᠮ᠎ᠳᠤ ᠠᠩᠬᠠᠷᠤᠯ ᠵᠶ᠋ᠠᠨ ᠲᠥᠪᠯᠡᠷᠡᠭᠦᠯᠦᠨ ᠨᠠᠰᠤᠲᠠᠢ᠌ᠴᠤᠳ᠎ᠤᠨ ᠵᠣᠯ ᠵᠢᠷᠭ᠋ᠠᠯ᠎ᠤᠨ 《ᠶᠡᠬᠡ ᠶᠠᠪᠤᠳᠠᠯ》᠎ᠢ ᠪᠢᠴᠢᠭᠯᠡᠵᠤ ᠪᠠᠢ᠌ᠨ᠎ᠠ
ᠬᠥᠬᠡᠬᠣᠲᠠ ᠵᠢᠨ᠎ᠬᠢᠨ ᠣᠶᠤᠨ᠎ᠤ ᠪᠡᠷᠬᠡᠰᠢᠶᠡᠯ᠎ᠲᠠᠢ ᠡᠪᠡᠳᠴᠢᠲᠡᠨ᠎ᠢ ᠨᠡᠢ᠌ᠬᠡᠮ ᠲᠤᠭᠤᠷᠢᠭ᠎ᠲᠤ᠎ᠨᠢ ᠡᠷᠡᠬᠦᠯᠵᠢᠬᠦᠯᠬᠦ ᠦᠢ᠍ᠯᠡᠴᠢᠯᠡᠭᠡᠨ᠎ᠢ ᠪᠤᠳᠠᠳᠠᠢ᠌ᠵᠢᠭᠤᠯᠵᠤ ᠪᠠᠢ᠌ᠨ᠎ᠠ
ᠲᠥᠪ ᠶᠣᠰᠣ ᠵᠢ ᠰᠠᠬᠢᠵᠤ ᠰᠢᠨ᠎ᠡ ᠵᠢ ᠡᠭᠦᠳᠴᠦ ᠯᠠᠪᠳᠠᠭᠤᠨ ᠵᠶ᠋ᠠᠷ ᠤᠷᠤᠬᠰᠢᠯᠠᠶ᠎ᠠ —ᠣᠷᠳᠣᠰ ᠬᠤᠳᠠ ᠵᠢᠨ ᠨᠡᠢ᠌ᠭᠡᠮ᠎ᠤᠨ ᠠᠰᠠᠷᠠᠮᠵᠢ ᠵᠢᠨ ᠲᠥᠪ᠎ᠤᠨ᠎ᠬᠢᠨ ᠬᠡᠦᠬᠡᠳ᠎ᠤᠨ ᠠᠰᠠᠷᠠᠮᠵᠢ ᠵᠢᠨ ᠪᠠᠢ᠌ᠭᠤᠯᠤᠮᠵᠢ ᠵᠢᠨ ᠴᠢᠨᠠᠷᠯᠢᠭ ᠬᠥᠭᠵᠢᠯᠲᠡ ᠵᠢ ᠠᠬᠢᠭᠤᠯᠵᠤ ᠪᠠᠢ᠌ᠨ᠎ᠠ
 
            