ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠡᠶ᠋ᠢᠭᠡᠮ ᠰᠡᠳᠬᠦᠯ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠢᠨ ᠮᠡᠳᠡᠭᠡ   -   ᠠᠶ᠋ᠢᠮᠠᠭ ᠬᠤᠲᠠ᠎ᠶᠢᠨ ᠮᠡᠳᠡᠭᠡ ᠵᠠᠩᠭᠢ
ᠤᠯᠠᠭ᠋ᠠᠨᠴᠠᠪ ᠬᠤᠳᠠ ᠵᠢᠨ᠎ᠬᠢᠨ ᠵᠠᠰᠠᠭ ᠎ᠤᠨ ᠣᠷᠳᠣᠨ ᠪᠠ ᠨᠢᠭᠦᠯᠡᠰᠦᠩᠭᠦᠶ ᠵᠢᠨ ᠳᠡᠳᠬᠦᠮᠵᠢ ᠵᠢ ᠪᠦᠲᠦᠮᠵᠢᠲᠡᠢ ᠵᠤᠯᠭ᠋ᠠᠭᠤᠯᠤᠨ ᠠᠭᠢᠭᠤᠯᠵᠤ ᠠᠷᠠᠳ᠎ᠢ ᠳᠡᠳᠬᠦᠪᠡ
ᠨᠡᠶᠢᠲᠡᠯᠡᠭᠰᠡᠨ ᠴᠠᠭ᠄ 2025-02-24

    ᠵᠢᠨᠢᠩ ᠲᠣᠭᠣᠷᠢᠭ᠎ᠤᠨ ᠠᠷᠠᠳ᠎ᠤᠨ ᠶᠠᠪᠤᠳᠠᠯ᠎ᠤᠨ ᠲᠤᠪᠴᠢᠶ᠎ᠠ ᠵᠢᠨ᠎ᠬᠢᠨ ᠤᠯᠠᠭ᠋ᠠᠨᠴᠠᠪ ᠬᠣᠲᠠ ᠵᠢᠨ ᠠᠷᠠᠳ᠎ᠤᠨ ᠶᠠᠪᠤᠳᠠᠯ᠎ᠤᠨ ᠲᠣᠪᠴᠢᠶ᠎ᠠ ᠵᠢᠨ᠎ᠬᠢᠨ᠎ᠤ ᠵᠢᠯᠤᠭᠤᠳᠤᠯᠭ᠎ᠠ᠎ᠪᠠᠷ ᠤᠯᠠᠭ᠋ᠠᠨᠴᠠᠪ ᠬᠣᠲᠠ ᠵᠢᠨ 《ᠵᠢᠦ ᠲᠢᠶᠠᠨ》 ᠨᠡᠶ᠋ᠢᠲᠡ ᠵᠢᠨ ᠠᠰᠠᠷᠠᠮᠵᠢ ᠵᠢᠨ ᠨᠡᠶ᠋ᠢᠭᠡᠮᠯᠢᠭ᠂ ᠬᠣᠲᠠ ᠵᠢᠨ ᠲᠣᠭᠣᠷᠢᠭ᠎ᠤᠨ 《ᠲᠢᠶᠠᠨ ᠰᠧ》 ᠨᠡᠢ᠌ᠭᠡᠮ᠎ᠤᠨ ᠠᠵᠢᠯ᠎ᠤᠨ ᠬᠦᠭᠵᠢᠬᠦᠯᠤᠯᠳᠡ ᠵᠢᠨ ᠲᠥᠪ᠎ᠤᠨ 《ᠯᠢᠶᠠᠨ ᠳ᠋ᠧ ᠶᠢᠦ》 ᠡᠮᠨᠡᠯᠭᠡ ᠵᠢᠨ ᠬᠣᠷᠢᠶ᠎ᠠ᠂ 《ᠠᠶ ᠶᠠ》 ᠠᠮᠠᠨ ᠬᠦᠨᠳᠡᠢ ᠵᠢᠨ ᠡᠮᠨᠡᠯᠭᠡ ᠵᠡᠷᠭᠡ ᠪᠠᠢ᠌ᠭᠤᠯᠤᠮᠵᠢ ᠵᠢᠨ᠎ᠬᠢᠨ ᠬᠠᠮᠳᠤ᠎ᠪᠠᠷ ᠵᠢᠨᠢᠩ ᠲᠣᠭᠣᠷᠢᠭ᠎ᠤᠨ ᠵᠠᠰᠠᠭ᠎ᠤᠨ ᠣᠷᠳᠣᠨ᠎ᠤ ᠲᠤᠰᠠᠯᠠᠮᠵᠢ ᠵᠢ ᠨᠢᠭᠦᠯᠡᠰᠦᠩᠭᠦᠢ ᠵᠢᠨ ᠦᠢ᠍ᠯᠡᠰ᠎ᠤᠨ ᠲᠤᠰᠠᠯᠠᠮᠵᠢ᠎ᠯᠤᠭ᠎ᠠ  ᠵᠤᠯᠭ᠋ᠠᠭᠤᠯᠤᠨ 《ᠤᠮᠠᠷᠠᠲᠤ ᠬᠢᠯᠢ ᠵᠢᠨ᠎ᠬᠢᠨ ᠲᠡᠳᠬᠦᠮᠵᠢ》 ᠬᠡᠮᠡᠬᠦ ᠬᠠᠨᠳᠢᠪᠯᠠᠬᠤ ᠠᠵᠢᠯᠯᠠᠭ᠎ᠠ ᠥᠷᠨᠢᠭᠦᠯᠪᠡ᠃


  ᠨᠠᠷᠢᠯᠢᠭ ᠤᠢ᠌ᠯᠠᠭ᠋ᠠᠬᠤ᠎ᠪᠠᠷ ᠲᠠᠮᠵᠢᠨ ᠲᠡᠳᠬᠦᠮᠵᠢ ᠵᠢ ᠡᠷᠦᠬᠡ᠎ᠳᠤ ᠬᠦᠷᠲᠡᠯ᠎ᠡ ᠪᠠᠲᠤᠯᠠᠪᠠ


    ᠤᠨᠤᠪᠴᠢᠳᠠᠢ ᠲᠤᠰᠠᠯᠠᠬᠤ ᠵᠢᠨ ᠲᠥᠯᠥᠭᠡ ᠨᠡᠶ᠋ᠢᠭᠡᠮ ᠲᠣᠭᠣᠷᠢᠭ ᠎ᠤᠨ ᠠᠵᠢᠯᠲᠠᠳ ᠬᠡᠷ᠎ᠲᠤ᠎ᠨᠢ ᠤᠴᠢᠵᠤ ᠪᠠᠢ᠌ᠴᠠᠭ᠋ᠠᠬᠤ᠂ ᠬᠥᠷᠰᠢ ᠵᠢ᠎ᠨᠢ ᠰᠤᠷᠪᠤᠯᠵᠢᠯᠠᠬᠤ᠎ᠪᠠᠷ ᠳᠠᠮᠵᠢᠨ ᠬᠦᠴᠢᠷ᠎ᠲᠠᠢ ᠣᠯᠠᠨ ᠲᠦᠮᠡᠨ᠎ᠤ ᠬᠡᠷᠡᠭᠴᠡᠭᠡ ᠱᠠᠭ᠋ᠠᠷᠳᠠᠯᠭ᠎ᠠ ᠵᠢᠨ ᠡᠬᠢ ᠳᠠᠩᠰᠠ ᠵᠢ ᠪᠠᠢ᠍ᠭᠤᠯᠵᠤ᠂ ᠭᠤᠤᠯᠳᠠᠯᠭ᠎ᠠ᠎ᠲᠠᠢ ᠠᠵᠤ ᠠᠬᠤᠢ ᠵᠢᠨ ᠲᠠᠯ᠎ᠠ᠎ᠪᠠᠷ ᠬᠦᠴᠢᠷᠳᠡᠯᠲᠡᠶ᠂ ᠭᠤᠤᠨᠢ ᠵᠡᠮᠳᠡᠭ ᠨᠠᠰᠤᠲᠠᠶ᠋ᠢᠴᠤᠳ ᠵᠡᠷᠭᠡ ᠵᠢ ᠰᠣᠩᠭᠣᠵᠤ ᠲᠤᠰᠠᠯᠠᠮᠵᠢ ᠬᠦᠷᠲᠡᠭᠡᠬᠦ ᠨᠡᠷᠡᠰ᠎ᠢ ᠡᠮᠬᠢᠯᠡᠨ᠂ ᠲᠤᠰᠠᠯᠠᠮᠵᠢ ᠵᠢ ᠬᠦᠷᠲᠡᠬᠦ ᠴᠢᠬᠤᠯᠠᠲᠠᠢ ᠬᠥᠮᠦᠰ᠎ᠲᠤ ᠬᠦᠷᠲᠡᠭᠡᠬᠦ ᠵᠢ ᠪᠠᠳᠤᠯᠠᠯ᠎ᠠ᠃
 
  ᠬᠡᠷ᠎ᠲᠤ᠎ᠨᠢ ᠬᠦᠷᠴᠤ ᠲᠤᠬᠤᠨᠢᠭᠤᠯᠪᠠ


    ᠰᠦᠬᠡᠷᠬᠦ ᠬᠣᠷᠢᠨ ᠭᠷᠠᠳᠦ᠋ᠰ᠎ᠤᠨ ᠬᠦᠢ᠍ᠲᠡᠨ᠎ᠳᠤ ᠨᠡᠢ᠌ᠭᠡᠮ᠎ᠤᠨ ᠠᠵᠢᠯᠴᠢᠳ ᠰᠠᠢ᠌ᠨ ᠳᠤᠷᠠᠴᠤᠤᠯ᠎ᠲᠠᠢ ᠬᠠᠮᠲᠤ ᠡᠳ᠋ ᠪᠣᠳᠠᠰ ᠠᠪᠴᠤ ᠰᠠᠭᠤᠭ᠋ᠠᠯᠢ ᠠᠷᠠᠳ᠎ᠤᠨ ᠭᠡᠷ᠎ᠲᠤ ᠬᠦᠷᠴᠦ ᠨᠠᠰᠤᠲᠠᠨ᠎ᠢ ᠬᠠᠪᠰᠤᠷᠴᠤ ᠬᠥᠪᠥᠩ ᠬᠤᠪᠴᠠᠰᠤ ᠵᠢ ᠡᠮᠦᠰᠬᠡᠵᠦ ᠬᠡᠷᠡᠭᠴᠡᠭᠡ ᠱᠠᠭ᠋ᠠᠷᠳᠠᠯᠭ᠎ᠠ ᠵᠢ᠎ᠨᠢ ᠰᠡᠳᠬᠢᠯ ᠲᠠᠯᠪᠢᠨ ᠰᠤᠨᠤᠰᠤᠯ᠎ᠠ᠃ ᠰᠢᠳᠦᠨ᠎ᠤ ᠬᠦᠨᠳᠦ ᠡᠪᠡᠳᠴᠢᠨ᠎ᠲᠠᠢ  ᠵᠠᠩ ᠨᠠᠰᠤᠳᠠᠨ ᠤᠳᠠᠭ᠋ᠠᠨ ᠵᠢᠯ ᠡᠮᠨᠡᠭᠦᠯᠦᠭᠡᠳᠦᠶ  ᠪᠤᠯᠬᠤᠷ 《ᠠᠢ ᠶᠠ》 ᠠᠮᠠᠨ ᠬᠥᠨᠳᠡᠶ ᠵᠢᠨ ᠡᠮᠴᠢ ᠲᠤᠬᠠᠶ ᠵᠢᠨ ᠲᠠᠯᠠᠪᠠᠢ᠎ᠳᠤ ᠬᠦᠷᠴᠦ ᠪᠠᠢ᠍ᠴᠠᠭ᠋ᠠᠯᠲᠠ ᠬᠢᠵᠦ ᠡᠮᠨᠡᠨ ᠵᠠᠰᠠᠬᠤ ᠰᠠᠨᠠᠭᠤᠯᠭ᠎ᠠ ᠳᠤᠷᠠᠳᠴᠠᠶ᠃ ᠵᠡᠮᠳᠡᠭᠴᠦᠳ᠎ᠤᠨ ᠭᠡᠷ ᠪᠦᠯᠢ ᠵᠢᠨ ᠵᠤᠤ ᠨᠠᠰᠤᠳᠠᠨ ᠪᠡᠶ᠎ᠡ ᠵᠢᠨ ᠪᠠᠶ᠋ᠢᠴᠠᠭ᠋ᠠᠯᠲᠠ ᠵᠢᠨ ᠺᠠᠷᠲ᠎ᠢ ᠣᠯᠤᠭᠰᠠᠨ᠎ᠤ ᠳᠠᠷᠠᠭ᠎ᠠ 《ᠳ᠋ᠸ ᠶᠸᠦ》 ᠡᠮᠨᠡᠯᠭᠡ ᠵᠢᠨ ᠬᠣᠷᠢᠶ᠎ᠠ ᠵᠢᠨ᠎ᠬᠢᠨ ᠤᠨᠴᠠ ᠬᠠᠷᠠᠭ᠋ᠠᠯᠵᠠᠯ᠎ᠤᠨ ᠪᠡᠶ᠎ᠡ ᠪᠠᠶ᠋ᠢᠴᠠᠭ᠋ᠠᠯᠲᠠ ᠵᠶ᠋ᠠᠨ ᠰᠢᠰᠲᠸᠮ᠎ᠲᠠᠢ ᠪᠠᠢ᠌ᠴᠠᠭ᠋ᠠᠯᠪᠠ᠃ ᠠᠵᠢᠯᠯᠠᠭ᠎ᠠ ᠳᠤᠮᠳᠠ ᠨᠡᠢ᠌ᠭᠡᠮ᠎ᠤᠨ ᠠᠵᠢᠯᠲᠠᠳ ᠭᠤᠤᠨᠢ ᠨᠠᠰᠤᠲᠠᠶᠴᠤᠳ᠎ᠲᠤ  ᠰᠡᠳᠬᠢᠴᠨ ᠵᠢᠨ ᠵᠦᠪᠯᠡᠯᠭᠡ ᠦᠭᠭᠦᠭᠰᠡᠨ᠎ᠤ ᠬᠠᠮᠲᠤ ᠬᠠᠯᠠᠭᠤᠨ ᠳᠤᠯᠠᠭ᠋ᠠᠨ ᠬᠠᠯᠠᠮᠵᠢ ᠬᠦᠷᠲᠡᠭᠡᠪᠡ᠃ 《ᠬᠠᠯᠠᠮᠵᠢ ᠬᠦᠷᠳᠡᠬᠡᠳ ᠠᠮᠢᠳᠤᠷᠠᠯ ᠮᠢᠨᠢ ᠶᠡᠬᠡ ᠡᠷᠡᠮᠡᠯᠵᠡᠯ᠎ᠲᠠᠢ ᠰᠠᠨᠠᠬᠳᠠᠵᠤ ᠪᠠᠢ᠌ᠨ᠎ᠠ》 ᠭᠡᠵᠦ ᠲᠤᠰᠠᠯᠠᠮᠵᠢ ᠬᠦᠷᠲᠡᠭᠰᠡᠳ ᠰᠡᠳᠬᠢᠯ ᠲᠤᠬᠳᠤᠯᠵᠤ ᠪᠠᠢ᠌ᠯ᠎ᠠ᠃
    
ᠤᠯᠠᠨ ᠲᠠᠯ᠎ᠠ᠎ᠪᠠᠷ ᠬᠣᠯᠪᠣᠭ᠋ᠠᠯᠠᠨ ᠬᠥᠳᠡᠯᠦᠯᠴᠡᠵᠦ ᠬᠠᠯᠠᠮᠵᠢ ᠬᠦᠷᠲᠡᠭᠡᠪᠡ
   
      ᠠᠷᠠᠳ᠎ᠤᠨ ᠶᠠᠪᠤᠳᠠᠯ᠎ᠤᠨ ᠰᠠᠯᠠᠭ᠎ᠠ ᠮᠥᠴᠢᠷ`᠎ᠤᠨ᠎ᠬᠢᠨ ᠨᠡᠶ᠋ᠢᠲᠡ ᠵᠢᠨ ᠠᠰᠠᠷᠠᠮᠵᠢ ᠵᠢᠨ ᠨᠢᠭᠦᠯᠡᠰᠦᠩᠭᠦᠢ ᠵᠢᠨ ᠬᠦᠴᠦᠨ᠎ᠢ  ᠭᠦᠢ᠍ᠴᠡᠳ ᠬᠦᠳᠡᠯᠬᠡᠵᠤ ᠨᠡᠩ ᠤᠯᠠᠨ ᠨᠢᠭᠦᠯᠡᠰᠦᠩᠭᠦᠢ ᠵᠢᠨ ᠡᠬᠢ ᠪᠠᠶᠠᠯᠢᠭ᠎ᠢ ᠨᠡᠢ᠌ᠭᠡᠮ᠎ᠤᠨ ᠲᠤᠰᠠᠯᠠᠮᠵᠢ ᠵᠢᠨ ᠦᠢ᠍ᠯᠡᠰ᠎ᠲᠤ ᠣᠷᠣᠯᠴᠠᠬᠤ ᠵᠢ ᠵᠣᠷᠢᠭᠵᠢᠭᠤᠯᠵᠤ᠂ ᠲᠤᠰᠠᠯᠠᠮᠵᠢ ᠵᠢᠨ ᠬᠡᠷᠡᠭᠴᠡᠭᠡ ᠱᠠᠭ᠋ᠠᠷᠳᠠᠯᠭ᠎ᠠ ᠵᠢ ᠨᠡᠶ᠋ᠢᠲᠡ ᠵᠢᠨ ᠠᠰᠠᠷᠠᠮᠵᠢ ᠵᠢᠨ ᠨᠢᠭᠦᠯᠡᠰᠦᠩᠭᠦᠶ ᠵᠢᠨ ᠬᠦᠴᠦᠨ᠎ᠲᠠᠢ ᠦᠨᠡᠨ ᠪᠣᠳᠠᠲᠠᠶ ᠤᠨᠤᠪᠴᠢᠳᠠᠢ ᠵᠤᠯᠭ᠋ᠠᠭᠤᠯᠪᠠ᠃ ᠲᠤᠰ ᠠᠵᠢᠯᠯᠠᠭ᠎ᠠ᠎ᠨᠢ 《ᠰᠢᠨ ᠲᠢ ᠯᠦ᠍》 ᠵᠠᠮ᠎ᠤᠨ ᠵᠡᠭᠡᠯᠢ ᠭᠤᠳᠤᠮᠵᠢ ᠵᠢᠨ ᠬᠡᠷᠡᠭ ᠡᠷᠬᠢᠯᠡᠬᠦ ᠭᠠᠵᠠᠷ᠎ᠤᠨ  8 ᠨᠡᠢ᠌ᠭᠡᠮ ᠲᠣᠭᠣᠷᠢᠭ᠎ᠤᠨ ᠬᠦᠴᠢᠷᠳᠡᠯ᠎ᠲᠠᠢ 34  ᠰᠠᠭᠤᠭ᠋ᠠᠯᠢ ᠎ᠳᠤ 84714 ᠲᠥᠭᠥᠷᠢᠭ᠎ᠤᠨ ᠬᠠᠪᠰᠤᠷᠤᠨ ᠲᠡᠳᠬᠦᠬᠦ ᠡᠳ᠋ ᠪᠣᠳᠠᠰ ᠪᠠ ᠦᠢ᠍ᠯᠡᠴᠢᠯᠡᠭᠡ ᠬᠠᠩᠭ᠋ᠠᠪᠠ᠃
      


    

ᠢᠷᠡᠯᠲᠡ᠄ ᠦᠪᠤᠷ ᠮᠤᠡᠭᠭᠤᠯ᠎ᠤᠨ ᠦᠪᠡᠷᠳᠡᠬᠡᠨ ᠵᠠᠰᠠᠬᠤ ᠤᠷᠤᠨ᠎ᠤ ᠠᠷᠠᠳ᠎ᠤᠨ ᠶᠠᠪᠤᠳᠠᠯ᠎ᠤᠨ ᠲᠢᠡᠭᠬᠢᠮ᠎ᠤᠨ ᠮᠤᠡᠭᠭᠤᠯ ᠰᠦᠯᠵᠢᠶ᠎ᠡ
          
ᠬᠠᠮᠢᠶ᠎ᠡ ᠪᠦᠬᠦᠢ ᠰᠣᠨᠢᠨ
ᠪᠤᠭᠤᠲᠤ ᠬᠣᠲᠠ ᠵᠢᠨ ᠠᠷᠠᠳ᠎ᠤᠨ ᠶᠠᠪᠤᠳᠠᠯ᠎ᠤᠨ ᠲᠣᠪᠴᠢᠶ᠎ᠠ ᠵᠢᠨ᠎ᠬᠢᠨ 《ᠪᠦᠷᠢᠨ᠂ ᠤᠨᠤᠪᠴᠢᠲᠠᠢ᠂ ᠪᠤᠳᠠᠲᠠᠢ》 ᠠᠷᠭ᠎ᠠ ᠎ᠪᠠᠷ ᠵᠠᠮ᠎ᠤᠨ ᠮᠡᠳᠡᠭᠡ ᠵᠠᠩᠭᠢ ᠵᠢᠨ ᠨᠠᠷᠢᠯᠢᠭᠵᠢᠭᠤᠯᠤᠭᠰᠠᠨ ᠬᠠᠮᠢᠶᠠᠷᠤᠯᠲᠠ ᠵᠢ ᠲᠦᠷᠬᠡᠳᠬᠡᠵᠤ ᠪᠠᠢ᠌ᠨ᠎ᠠ
ᠲᠦᠩᠯᠢᠶᠣᠣ ᠬᠣᠲᠠ ᠵᠢᠨ ᠬᠣᠷᠴᠢᠨ ᠵᠡᠭᠦᠨ ᠭᠠᠷᠤᠨ ᠳᠤᠮᠳᠠᠳᠤ ᠬᠣᠰᠢᠭᠤ᠎ᠤ᠎ᠬᠢᠨ ᠨᠠᠰᠤᠲᠠᠢ᠌ᠴᠤᠳ᠎ᠤᠨ ᠰᠡᠳᠬᠢᠯ᠎ᠢ ᠦᠶᠦᠭ ᠲᠤᠯᠠᠭ᠋ᠠᠨ ᠵᠶ᠋ᠡᠷ ᠪᠢᠯᠬᠠᠭᠤᠯᠵᠤ ᠪᠠᠢ᠌ᠨ᠎ᠠ
ᠬᠡᠷ᠎ᠲᠤ᠎ᠪᠠᠨ ᠬᠣᠴᠣᠷᠤᠭᠰᠠᠨ ᠬᠡᠤᠬᠡᠳ ᠪᠠ ᠬᠦᠴᠢᠷᠳᠡᠯ᠎ᠳᠤ ᠲᠤᠯᠭ᠋ᠠᠷᠠᠭᠰᠠᠨ ᠬᠡᠤᠬᠡᠳ᠎ᠲᠤ ᠣᠶᠤᠨ ᠰᠠᠨᠠᠭ᠋ᠠᠨ᠎ᠤ 《ᠬᠠᠮᠠᠭ᠋ᠠᠯᠠᠭᠴᠢ》 ᠪᠤᠯᠤᠶ᠎ᠠ — ᠦᠬᠠᠶ ᠬᠣᠲᠠ ᠵᠢᠨ ᠠᠷᠠᠳ᠎ᠤᠨ ᠶᠠᠪᠤᠳᠠᠯ᠎ᠤᠨ ᠲᠣᠪᠴᠢᠶ᠎ᠠ ᠵᠢᠨ᠎ᠬᠢᠨ 《ᠶᠡᠬᠡ ᠬᠠᠢ᠌ᠷ᠎ᠠ ᠵᠢᠨ ᠤᠮᠠᠷᠠᠲᠤ ᠬᠢᠯᠢ ᠂ ᠬᠡᠤᠬᠡᠳ᠎ᠤᠨ ᠢᠷᠡᠭᠡᠳᠦᠶ ᠵᠢ ᠬᠠᠮᠠᠭ᠋ᠠᠯᠠᠶ᠎ᠠ》 ᠭᠡᠬᠦ ᠰᠡᠳᠬᠢᠴᠡ ᠵᠢᠨ ᠪᠤᠯᠪᠠᠰᠤᠷᠠᠯ᠎ᠤᠨ ᠠᠵᠢᠯᠯᠠᠭ᠎ᠠ ᠡᠷᠬᠢᠯᠡᠪᠡ
ᠲᠦᠩᠯᠢᠶᠣᠣ ᠬᠣᠲᠠ ᠵᠢᠨ᠎ᠬᠢᠨ ᠭᠡᠷ ᠪᠦᠯᠢ ᠵᠢᠨ ᠨᠠᠰᠤᠵᠢᠯᠳᠠ ᠵᠢᠨ ᠥᠭᠡᠷᠡᠴᠢᠯᠡᠯᠲᠡ᠎ᠪᠠᠷ ᠠᠷᠠᠳ᠎ᠤᠨ ᠠᠮᠢᠳᠤᠷᠠᠯ᠎ᠳᠤ ᠠᠰᠢᠭ ᠬᠦᠷᠲᠡᠭᠡᠵᠦ ᠨᠠᠰᠤᠵᠢᠯᠳᠠ᠎ᠳᠤ ᠲᠤᠬᠢᠷᠠᠬᠤ ᠦᠬᠡᠷᠡᠴᠢᠯᠡᠯᠳᠡ ᠵᠢᠨ ᠨᠦᠬᠦᠪᠤᠷᠢ᠎ᠪᠠᠷ ᠲᠦᠭ ᠲᠦᠮᠡᠨ ᠠᠢ᠌ᠯ ᠡᠷᠦᠬᠡ ᠵᠢ ᠬᠠᠯᠠᠮᠵᠢᠯᠠᠵᠤ ᠪᠠᠢ᠌ᠨ᠎ᠠ
ᠲᠦᠩᠯᠢᠶᠣᠣ ᠬᠤᠳᠠ ᠵᠢᠨ᠎ᠬᠢᠨ ᠨᠡᠢ᠌ᠭᠡᠮ ᠲᠣᠭᠣᠷᠢᠭ᠎ᠢ ᠨᠠᠰᠤᠲᠠᠢ᠌ᠴᠤᠳ᠎ᠤᠨ ᠬᠠᠯᠠᠭᠤᠨ ᠳᠤᠯᠠᠭ᠋ᠠᠨ ᠭᠡᠷ ᠣᠷᠣᠨ ᠪᠤᠯᠭ᠋ᠠᠵᠤ ᠪᠠᠢ᠌ᠨ᠎ᠠ
 
            