12 ᠳ᠋ᠤᠭ᠋ᠠᠷ ᠰᠠᠷᠠ ᠵᠢᠨ 15ᠤ ᠡᠳᠦᠷ᠂ ᠠᠮᠤᠷ ᠠᠮᠤᠭᠤᠯᠠᠩ ᠳᠤᠮᠳᠠᠳᠤ ᠤᠯᠤᠰᠤᠨ ᠪᠥᠲᠥᠭᠡᠨ ᠪᠠᠶ᠋ᠢᠭᠤᠯᠤᠯᠲᠠ ᠵᠢᠨ ᠬᠥᠬᠢᠭᠦᠯᠦᠨ ᠰᠠᠶ᠋ᠢᠰᠢᠶᠠᠬᠤ ᠶᠡᠬᠡ ᠬᠤᠷᠠᠯ ᠪᠡᠭᠡᠵᠢᠩᠳᠤ ᠬᠤᠷᠠᠯᠳᠤᠵᠤ᠂ ᠮᠠᠨᠤ ᠣᠷᠣᠨᠤ 4 ᠬᠠᠮᠲᠤ ᠨᠡᠶ᠋ᠢᠲᠡ᠂ 3 ᠬᠤᠪᠢ ᠬᠥᠮᠦᠨ ᠬᠥᠬᠢᠭᠦᠯᠦᠨ ᠰᠠᠶ᠋ᠢᠰᠢᠶᠠᠭᠳᠠᠪᠠ᠃
ᠥᠪᠥᠷ ᠮᠣᠩᠭᠣᠯᠤᠨ ᠥᠪᠡᠷᠲᠡᠭᠡᠨ ᠵᠠᠰᠠᠬᠤ ᠣᠷᠣᠨᠤ ᠵᠠᠬᠢᠳᠠᠯ ᠰᠤᠷᠪᠤᠯᠵᠢᠯᠠᠭᠠ ᠵᠢᠨ ᠲᠣᠪᠴᠢᠶᠠ ᠵᠢᠨ ᠰᠤᠷᠪᠤᠯᠵᠢᠯᠠᠭᠠ ᠵᠢ ᠭᠥᠯᠢᠶᠡᠨ ᠠᠪᠬᠤ ᠨᠢᠬᠡᠳᠤᠬᠡᠷ ᠭᠠᠵᠠᠷ᠂ ᠬᠥᠬᠡᠬᠣᠲᠠ ᠵᠢᠨ ᠳᠣᠲᠣᠭ᠋ᠠᠳᠤ ᠵᠢ ᠬᠠᠮᠠᠭ᠋ᠠᠯᠠᠬᠤ ᠲᠣᠪᠴᠢᠶᠠ ᠵᠢᠨ ᠨᠢᠭᠤᠴᠠ ᠮᠡᠳᠡᠭᠡᠨᠤ ᠵᠢᠯᠣᠭᠣᠳᠬᠤ ᠲᠥᠪᠤᠨ 110 ᠴᠠᠭᠳᠠᠭᠠ ᠵᠢ ᠭᠥᠯᠢᠶᠡᠨ ᠠᠪᠴᠤ ᠰᠢᠢ᠍ᠳᠪᠤᠷᠢᠯᠡᠬᠦ ᠶᠡᠬᠡ ᠠᠩᠭᠢ᠂ ᠥᠪᠥᠷ ᠮᠣᠩᠭᠣᠯᠤᠨ ᠥᠪᠡᠷᠲᠡᠭᠡᠨ ᠵᠠᠰᠠᠬᠤ ᠣᠷᠣᠨᠤ ᠨᠠᠮᠤᠨ ᠬᠣᠷᠢᠶᠠ ᠵᠢᠨ ᠰᠦᠯᠵᠢᠶᠡᠨᠤ ᠮᠡᠳᠡᠭᠡ ᠵᠠᠩᠭᠢ ᠵᠢᠨ ᠠᠯᠪᠠᠨ ᠬᠡᠷᠤᠨ ᠰᠦᠯᠵᠢᠶᠡᠨᠤ ᠠᠮᠤᠷ ᠲᠦᠪᠰᠢᠨᠤ ᠪᠠᠴᠢᠮ ᠪᠠᠶ᠋ᠢᠳᠠᠯᠢ ᠠᠷᠭ᠋ᠠᠴᠠᠭ᠋ᠠᠬᠤ ᠵᠢᠯᠣᠭᠣᠳᠬᠤ ᠲᠥᠪ᠂ ᠬᠥᠯᠥᠨ ᠪᠣᠶ᠋ᠢᠷᠤᠨ ᠬᠢᠯᠢ ᠵᠢᠨ ᠬᠠᠮᠢᠶᠠᠷᠤᠯᠲᠠ ᠵᠢᠨ ᠰᠠᠯᠪᠤᠷᠢ ᠠᠩᠭᠢ ᠠᠮᠤᠷ ᠠᠮᠤᠭᠤᠯᠠᠩ ᠳᠤᠮᠳᠠᠳᠤ ᠤᠯᠤᠰᠤᠨ ᠪᠥᠲᠥᠭᠡᠨ ᠪᠠᠶ᠋ᠢᠭᠤᠯᠤᠯᠲᠠ ᠵᠢᠨ ᠲᠡᠷᠢᠭᠦᠨᠤ ᠬᠠᠮᠲᠤ ᠨᠡᠶ᠋ᠢᠲᠡᠪᠠᠷ ᠦᠨᠡᠯᠡᠭᠳᠡᠵᠦ᠂ ᠯᠢᠦ ᠠᠨ᠂ ᠵᠧᠤ ᠲᠢᠶᠠᠨ ᠹᠠᠩ᠂ ᠰᠢᠤᠢ ᠰᠢᠨ ᠠᠮᠤᠷ ᠠᠮᠤᠭᠤᠯᠠᠩ ᠳᠤᠮᠳᠠᠳᠤ ᠤᠯᠤᠰᠤᠨ ᠪᠥᠲᠥᠭᠡᠨ ᠪᠠᠶ᠋ᠢᠭᠤᠯᠤᠯᠲᠠ ᠵᠢᠨ ᠲᠡᠷᠢᠭᠦᠨᠤ ᠬᠤᠪᠢ ᠬᠥᠮᠦᠨ ᠵᠶ᠋ᠠᠷ ᠦᠨᠡᠯᠡᠭᠳᠡᠪᠡ᠃ ᠬᠤᠷᠠᠯ ᠳᠡᠭᠡᠷᠡ᠂ ᠤᠷᠳᠤᠰ ᠬᠤᠳᠠ ᠠᠮᠤᠷ ᠠᠮᠤᠭᠤᠯᠠᠩ ᠳᠤᠮᠳᠠᠳᠤ ᠤᠯᠤᠰᠤᠨ ᠪᠦᠳᠦᠭᠡᠨ ᠪᠠᠶ᠋ᠢᠭᠤᠯᠤᠯᠲᠠ ᠵᠢᠨ ᠵᠢᠱ᠌ᠢᠶᠡ ᠦᠵᠡᠭᠦᠯᠬᠦ ᠬᠤᠳᠠᠪᠠᠷ ᠨᠡᠷᠡᠶ᠋ᠢᠳᠦᠭᠳᠡᠵᠦ ᠫᠠᠢ᠌ᠰᠨ ᠬᠦᠷᠳᠡᠭᠰᠡᠨ ᠪᠦᠬᠡᠳ ᠬᠢᠩᠭ᠋ᠠᠨ ᠠᠶ᠋ᠢᠮᠠᠭᠤᠨ ᠵᠠᠯᠠᠶ᠋ᠢᠳ ᠬᠣᠰᠢᠭᠤ᠂ ᠪᠠᠶᠠᠨᠨᠠᠭᠤᠷ ᠬᠤᠳᠠ ᠵᠢᠨ ᠦᠶᠤᠸᠠᠨ ᠰᠢᠶᠠᠨ᠂ ᠤᠯᠠᠭ᠋ᠠᠨᠴᠠᠪ ᠬᠤᠳᠠ ᠵᠢᠨ ᠰᠢᠩ ᠾᠧ ᠰᠢᠶᠠᠨ ᠠᠮᠤᠷ ᠠᠮᠤᠭᠤᠯᠠᠩ ᠳᠤᠮᠳᠠᠳᠤ ᠤᠯᠤᠰᠤᠨ ᠪᠦᠳᠦᠭᠡᠨ ᠪᠠᠶ᠋ᠢᠭᠤᠯᠤᠯᠲᠠ ᠵᠢᠨ ᠵᠢᠱ᠌ᠢᠶᠡ ᠦᠵᠡᠭᠦᠯᠬᠦ ᠰᠢᠶᠠᠨ ᠵᠶ᠋ᠡᠷ ᠨᠡᠷᠡᠶ᠋ᠢᠳᠦᠭᠳᠡᠵᠦ ᠫᠠᠢ᠌ᠰᠨ ᠤᠯᠵᠤ᠂ ᠤᠷᠳᠤᠰ ᠬᠤᠳᠠ᠂ ᠬᠢᠩᠭ᠋ᠠᠨ ᠠᠶ᠋ᠢᠮᠠᠭᠤᠨ ᠵᠠᠯᠠᠶ᠋ᠢᠳ ᠬᠣᠰᠢᠭᠤ 《ᠦᠨᠢᠳᠡ ᠠᠮᠤᠭᠤᠯᠠᠡᠭ ᠬᠤᠨᠳᠠᠭᠠ》 ᠬᠦᠷᠳᠡᠪᠡ᠃ 《ᠠᠮᠤᠷ ᠠᠮᠤᠭᠤᠯᠠᠩ ᠳᠤᠮᠳᠠᠳᠤ ᠤᠯᠤᠰᠤᠨ ᠪᠥᠲᠥᠭᠡᠨ ᠪᠠᠶ᠋ᠢᠭᠤᠯᠤᠯᠲᠠ ᠵᠢᠨ ᠵᠢᠱ᠌ᠢᠶᠡ ᠦᠵᠡᠭᠦᠯᠬᠦ ᠬᠣᠲᠠ》 ᠪᠠ 《ᠠᠮᠤᠷ ᠠᠮᠤᠭᠤᠯᠠᠩ ᠳᠤᠮᠳᠠᠳᠤ ᠤᠯᠤᠰᠤᠨ ᠪᠥᠲᠥᠭᠡᠨ ᠪᠠᠶ᠋ᠢᠭᠤᠯᠤᠯᠲᠠ ᠵᠢᠨ ᠵᠢᠱ᠌ᠢᠶᠡ ᠦᠵᠡᠭᠦᠯᠬᠦ ᠰᠢᠶᠠᠨ》ᠢ 4 ᠵᠢᠯᠳᠤ ᠨᠢᠭᠡ ᠤᠳᠠᠭᠠ ᠫᠠᠶ᠋ᠢᠰᠠ ᠣᠯᠭᠣᠨ ᠨᠡᠷᠡᠶ᠋ᠢᠳᠴᠦ᠂ ᠳᠠᠷᠠᠭ᠋ᠠᠯᠠᠨ 3 ᠤᠳᠠᠭᠠ ᠫᠠᠶ᠋ᠢᠰᠠ ᠣᠯᠭᠣᠨ ᠨᠡᠷᠡᠶ᠋ᠢᠳᠦᠭᠰᠡᠨ ᠬᠣᠲᠠ᠂ ᠰᠢᠶᠠᠨ ᠠᠮᠤᠷ ᠠᠮᠤᠭᠤᠯᠠᠩ ᠳᠤᠮᠳᠠᠳᠤ ᠤᠯᠤᠰᠤᠨ ᠪᠥᠲᠥᠭᠡᠨ ᠪᠠᠶ᠋ᠢᠭᠤᠯᠤᠯᠲᠠ ᠵᠢᠨ ᠬᠠᠮᠤᠭᠤᠨ ᠥᠨᠳᠥᠷ ᠱᠠᠩᠨᠠᠯ 《ᠦᠨᠢᠳᠡ ᠠᠮᠤᠭᠤᠯᠠᠡᠭ ᠬᠤᠨᠳᠠᠭᠠ》 ᠵᠢ ᠭᠥᠷᠳᠡᠬᠦ ᠬᠢᠷᠢ ᠬᠡᠮᠲᠠᠢ ᠶᠤᠮ᠃