ᠸᠠᠩ ᠢ ᠳᠤᠮᠳᠠᠳᠤ ᠪᠢᠷᠮᠠ ᠵᠢᠨ ᠬᠢᠯᠢ ᠵᠢᠨ ᠵᠠᠭ᠋ᠠᠭᠤᠨ ᠱᠣᠩ᠂ ᠵᠠᠭ᠋ᠠᠭ ᠱᠤᠭᠤᠮᠤᠨ ᠳᠦᠬᠦᠭᠡᠷᠤᠮᠵᠢ᠂ ᠷᠦᠢ ᠯᠢ ᠬᠢᠯᠢ ᠵᠢᠨ ᠪᠣᠭᠣᠮᠲᠠ᠂ ᠳᠤᠮᠳᠠᠳᠤ ᠪᠢᠷᠮᠠ ᠵᠢᠨ ᠳᠤᠰᠤ ᠰᠢᠲᠠᠮᠠᠬᠠᠢ ᠬᠡᠢ ᠵᠢᠨ ᠬᠣᠭᠣᠯᠠᠢ ᠪᠣᠯᠤᠨ 《ᠨᠢᠭᠡ ᠳᠤᠰᠬᠤᠨᠳᠠᠬᠢ ᠬᠣᠶᠠᠷ ᠤᠯᠤᠰ》 ᠤᠨ ᠬᠢᠯᠢ ᠵᠢᠨ ᠨᠡᠢ᠌ᠬᠡᠮ ᠲᠣᠭᠣᠷᠢᠭ ᠵᠶ᠋ᠠᠷ ᠬᠦᠷᠴᠤ ᠪᠠᠢ᠌ᠴᠠᠭ᠋ᠠᠨ ᠦᠵᠡᠭᠰᠡᠨ ᠪᠦᠭᠡᠳ ᠶᠠᠷᠢᠯᠴᠠᠬᠤ ᠬᠤᠷᠠᠯ ᠬᠢᠵᠤ᠂ ᠦᠨᠳᠤᠰᠤᠨ ᠱᠠᠲᠤᠨᠤ ᠨᠢᠭᠡᠴᠡ ᠪᠠ ᠠ᠋ᠮᠤᠨᠡ ᠹᠷᠤᠨᠲᠤᠨ ᠠᠵᠢᠯᠲᠠᠨᠤ ᠰᠠᠨᠠᠯ ᠵᠦᠪᠯᠡᠯᠭᠡ ᠵᠢ ᠰᠣᠨᠣᠰᠴᠠᠢ᠃ ᠲᠡᠷᠡ᠂ ᠳᠤᠮᠳᠠᠳᠤ ᠪᠢᠷᠮᠠ ᠵᠢᠨ ᠬᠢᠯᠢ ᠪᠣᠯ ᠬᠣᠶᠠᠷ ᠤᠯᠤᠰᠤᠨ ᠨᠦᠬᠦᠷᠰᠡᠭ ᠬᠠᠷᠢᠴᠠᠭ᠋ᠠᠨᠤ ᠴᠢᠬᠤᠯᠠ ᠬᠣᠯᠪᠣᠭ᠋ᠠᠰᠤ ᠶᠤᠮ᠃ ᠮᠠᠨᠤ ᠤᠯᠤᠰᠤᠨ ᠪᠠᠷᠠᠭᠤᠨ ᠠ᠋ᠮᠤᠨᠡᠲᠤ ᠵᠠᠬᠠ ᠬᠢᠵᠠᠭ᠋ᠠᠷᠤᠨ ᠠᠮᠤᠷ ᠳᠦᠪᠰᠢᠨᠲᠠᠢ ᠰᠢᠭᠤᠳ ᠬᠣᠯᠪᠣᠭᠠᠲᠠᠢ ᠪᠦᠭᠡᠳ《ᠨᠢᠭᠡ ᠪᠦᠰᠡ ᠨᠢᠭᠡ ᠵᠠᠮ》ᠤᠨ ᠬᠠᠮᠲᠤᠷᠠᠯᠴᠠᠭ᠋ᠠᠨᠢ ᠬᠠᠮᠲᠤᠪᠠᠷ ᠪᠠᠢ᠌ᠭᠤᠯᠬᠤ ᠠᠬᠢᠴᠠᠲᠠᠢ ᠰᠢᠭᠤᠳ ᠬᠣᠯᠪᠣᠭᠠᠲᠠᠢ ᠶᠤᠮ᠃ ᠲᠡᠷᠡ᠂ ᠳᠤᠮᠳᠠᠳᠤ ᠪᠢᠷᠮᠠ ᠵᠢᠨ ᠬᠢᠯᠢ ᠵᠢᠨ ᠠᠵᠢᠯᠤᠨ ᠴᠢᠬᠤᠯᠠ ᠴᠢᠨᠠᠷᠢ ᠪᠦᠷᠢᠨ ᠭᠦᠢ᠍ᠴᠡᠳ ᠲᠠᠨᠢᠵᠤ᠂ ᠪᠢᠷᠮᠠ ᠵᠢᠨᠬᠢᠨ ᠪᠠ ᠤᠯᠤᠰᠤᠨ ᠳᠣᠲᠣᠭ᠋ᠠᠳᠤ ᠵᠢᠨ ᠬᠠᠮᠢᠶᠠ ᠪᠦᠬᠦᠢ ᠰᠠᠯᠠᠭᠠ ᠮᠦᠴᠢᠷᠤᠨ ᠨᠢᠭᠡᠳᠤᠯᠲᠠᠢ ᠲᠦᠯᠣᠪᠯᠡᠨ ᠵᠣᠬᠢᠴᠠᠬᠤ ᠵᠢ ᠤᠯᠠᠮ ᠨᠢᠭᠡ ᠠᠯᠬᠤᠮ ᠲᠡᠭᠦᠯᠲᠡᠷᠵᠢᠭᠦᠯᠤᠨ᠂ ᠬᠠᠮᠲᠤᠪᠠᠷ ᠬᠢᠯᠢ ᠵᠢᠨ ᠬᠠᠮᠠᠭ᠋ᠠᠯᠠᠯᠲᠠ ᠵᠢᠨ ᠬᠠᠮᠢᠶᠠᠷᠤᠯᠲᠠ ᠵᠢᠨ ᠠᠵᠢᠯ ᠵᠶ᠋ᠠᠨ ᠰᠠᠢ᠌ᠨ ᠬᠢᠵᠤ᠂ ᠬᠢᠯᠢᠤᠨ ᠠᠮᠤᠷ ᠳᠦᠪᠰᠢᠨᠢ ᠬᠠᠮᠠᠭ᠋ᠠᠯᠠᠬᠤ ᠬᠡᠷᠡᠭᠲᠠᠢ᠃ ᠬᠢᠯᠢ ᠵᠢᠨ ᠠ᠋ᠮᠬᠢ ᠵᠠᠮᠪᠠᠷᠠᠭᠠ ᠪᠠ ᠮᠠᠨᠤ ᠤᠯᠤᠰᠤᠨ ᠬᠢᠯᠢ ᠬᠢᠵᠠᠭ᠋ᠠᠷ ᠣᠷᠣᠨᠤ ᠠᠷᠠᠳ ᠲᠦᠮᠡᠨᠤ ᠠᠮᠢ ᠨᠠᠰᠤ ᠠ᠋ᠳ᠋ ᠬᠦᠷᠣᠩᠭᠡ ᠵᠢᠨ ᠠᠶᠤᠯ ᠦᠭᠡᠢ ᠪᠠᠢ᠌ᠬᠤ ᠵᠢ ᠦᠨᠡᠨᠬᠦ ᠬᠡᠷᠡᠭᠲᠠᠢ᠃ ᠪᠢᠷᠮᠠ ᠤᠯᠤᠰᠤᠨ ᠲᠣᠳᠣᠭ᠋ᠠᠳᠤ ᠵᠢᠨ ᠨᠠᠢ᠌ᠷᠠᠮᠳᠠᠯᠤᠨ ᠠᠬᠢᠴᠠᠳᠤ ᠦᠷᠭᠦᠯᠵᠢᠯᠡᠨ ᠳᠡᠮᠵᠢᠯᠭᠡ ᠬᠠᠪᠰᠤᠷᠣᠯᠭᠠ ᠬᠠᠩᠭ᠋ᠠᠵᠤ᠂ ᠳᠤᠮᠳᠠᠳᠤ ᠪᠢᠷᠮᠠ ᠵᠢᠨ ᠬᠢᠯᠢ ᠵᠢᠨ ᠭᠠᠵᠠᠷ ᠣᠷᠣᠨᠢ ᠦᠨᠢ ᠤᠳᠠᠭ᠋ᠠᠨ ᠠᠮᠤᠷ ᠳᠦᠪᠰᠢᠨ ᠪᠠᠢ᠌ᠯᠭ᠋ᠠᠬᠤ ᠵᠢ ᠴᠢᠷᠮᠠᠢ᠌ᠨ ᠪᠡᠶᠡᠯᠡᠭᠦᠯᠤᠨ᠂ ᠬᠣᠶᠠᠷ ᠤᠯᠤᠰᠤᠨ ᠬᠢᠯᠢ ᠵᠢᠨ ᠠᠷᠠᠳᠤᠨ ᠠᠮᠢᠳᠤᠷᠠᠯᠳᠤ ᠲᠠᠢ᠌ᠪᠤᠩ ᠨᠦᠬᠦᠷᠰᠡᠭ ᠣᠷᠴᠢᠨ ᠲᠣᠭᠣᠷᠢᠨᠢ ᠪᠣᠢ ᠪᠣᠯᠭ᠋ᠠᠬᠤ ᠬᠡᠷᠡᠭᠲᠠᠢ᠃ ᠳᠤᠮᠳᠠᠳᠤ ᠪᠢᠷᠮᠠ ᠵᠢᠨ ᠠᠵᠤ ᠠᠬᠤᠢ ᠵᠢᠨ ᠬᠣᠩᠬᠢᠯ ᠪᠠ ᠳᠤᠮᠳᠠᠳᠤ ᠪᠢᠷᠮᠠ ᠵᠢᠨ ᠬᠢᠯᠢ ᠵᠢᠨ ᠠᠵᠤ ᠠᠬᠤᠢ ᠵᠢᠨ ᠬᠠᠮᠲᠤᠷᠠᠯᠴᠠᠭ᠋ᠠᠨᠤ ᠲᠣᠭᠣᠷᠢᠭᠤᠨ ᠪᠦᠲᠤᠭᠡᠨ ᠪᠠᠢ᠌ᠭᠤᠯᠤᠯᠲᠠ ᠵᠢ ᠬᠦᠴᠤᠲᠠᠢ ᠳᠦᠯᠬᠢᠨ ᠠᠬᠢᠭᠤᠯᠵᠤ᠂ ᠬᠣᠶᠠᠷ ᠤᠯᠤᠰᠤᠨ ᠬᠢᠯᠢ ᠵᠢᠨ ᠣᠷᠣᠨᠤ ᠬᠠᠮᠲᠤᠷᠠᠯᠴᠠᠭᠠ ᠵᠢ ᠨᠢᠭᠲᠠᠷᠠᠭᠤᠯᠵᠤ᠂ ᠬᠣᠶᠠᠷ ᠤᠯᠤᠰᠤᠨ ᠬᠢᠯᠢ ᠵᠢᠨ ᠣᠷᠣᠨᠤ ᠬᠦᠮᠤᠰᠤᠨ ᠶᠠᠪᠤᠯᠴᠠᠭ᠋ᠠᠨᠳᠤ ᠨᠡᠩ ᠳᠦᠭᠦᠮ ᠦᠵᠡᠭᠦᠯᠵᠤ᠂ ᠬᠣᠶᠠᠷ ᠤᠯᠤᠰᠤᠨ ᠠᠵᠤ ᠠᠬᠤᠢ ᠨᠡᠢ᠌ᠬᠡᠮᠤᠨ ᠬᠦᠭᠵᠢᠯᠲᠡᠳᠤ ᠦᠢ᠍ᠯᠡᠴᠢᠯᠡᠬᠦ ᠬᠡᠷᠡᠭᠲᠠᠢ ᠭᠡᠪᠡ᠃