ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠡᠶ᠋ᠢᠭᠡᠮ ᠰᠡᠳᠬᠦᠯ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠢᠨ ᠮᠡᠳᠡᠭᠡ   -   ᠠᠯᠪᠠᠨ ᠨᠡᠶ᠋ᠢᠲᠡᠯᠡᠯ
ᠯᠢ ᠺᠸ ᠴᠢᠶᠠᠡᠭ ᠲᠦᠷᠤ ᠵᠢᠨ ᠶᠠᠪᠤᠳᠠᠯ᠎ᠤᠨ ᠬᠤᠷᠢᠶᠠᠨ᠎ᠤ ᠵᠠᠷᠯᠢᠭ ᠲᠡᠬᠡᠷ᠎ᠡ ᠭᠠᠷ᠎ᠤᠨ ᠦᠰᠦᠭ ᠵᠢᠷᠤᠵᠤ᠂ ᠬᠠᠤᠯᠢ ᠪᠤᠰᠤ᠎ᠪᠠᠷ ᠪᠡᠯᠨ ᠴᠤᠬᠯᠠᠭᠤᠯᠬᠤ ᠵᠢ ᠰᠡᠷᠬᠡᠢ᠌ᠯᠡᠵᠤ ᠰᠢᠢ᠍ᠳᠪᠤᠷᠢᠯᠡᠬᠦ ᠲᠦᠷᠢᠮ᠎ᠢ ᠨᠡᠢ᠌ᠳᠡᠯᠡᠪᠡ
ᠨᠡᠶᠢᠲᠡᠯᠡᠭᠰᠡᠨ ᠴᠠᠭ᠄ 2021-02-23

  ᠯᠢ ᠺᠸ ᠴᠢᠶᠠᠡᠭ ᠲᠦᠷᠤ ᠵᠢᠨ ᠶᠠᠪᠤᠳᠠᠯ᠎ᠤᠨ ᠬᠤᠷᠢᠶᠠᠨ᠎ᠤ ᠵᠠᠷᠯᠢᠭ ᠲᠡᠬᠡᠷ᠎ᠡ ᠭᠠᠷ᠎ᠤᠨ ᠦᠰᠦᠭ ᠵᠢᠷᠤᠵᠤ᠂ ᠬᠠᠤᠯᠢ ᠪᠤᠰᠤ᠎ᠪᠠᠷ ᠪᠡᠯᠨ ᠴᠤᠬᠯᠠᠭᠤᠯᠬᠤ ᠵᠢ ᠰᠡᠷᠬᠡᠢ᠌ᠯᠡᠵᠤ ᠰᠢᠢ᠍ᠳᠪᠤᠷᠢᠯᠡᠬᠦ ᠲᠦᠷᠢᠮ᠎ᠢ ᠨᠡᠢ᠌ᠳᠡᠯᠡᠪᠡ
                        ᠰᠡᠴᠡᠨ ᠤᠷᠴᠢᠭᠤᠯᠪᠠ  
  ᠰᠢᠨᠬᠤᠸᠨ ᠬᠤᠷᠢᠶᠠᠨ᠎ᠤ ᠪᠡᠬᠡᠵᠢᠡᠭ᠎ᠤᠨ 2 ᠳ᠋ᠤᠭ᠋ᠠᠷ ᠰᠠᠷ᠎ᠠ ᠵᠢᠨ 10᠎ᠤ ᠡᠳᠤᠷ᠎ᠤᠨ ᠴᠠᠬᠢᠯᠭ᠋ᠠᠨ ᠮᠡᠳᠡᠬᠡ᠄ ᠲᠦᠷᠤ ᠵᠢᠨ ᠶᠠᠪᠤᠳᠠᠯ᠎ᠤᠨ ᠬᠤᠷᠢᠶᠠᠨ᠎ᠤ ᠶᠡᠷᠤᠡᠭᠭᠡᠢ ᠰᠠᠢ᠌ᠳ ᠯᠢ ᠺᠸ ᠴᠢᠶᠠᠡᠭ ᠲᠦᠷᠤ ᠵᠢᠨ ᠶᠠᠪᠤᠳᠠᠯ᠎ᠤᠨ ᠬᠤᠷᠢᠶᠠᠨ᠎ᠤ ᠵᠠᠷᠯᠢᠭ ᠲᠡᠬᠡᠷ᠎ᠡ ᠭᠠᠷ᠎ᠤᠨ ᠦᠰᠦᠭ ᠵᠢᠷᠤᠵᠤ᠂ ᠬᠠᠤᠯᠢ ᠪᠤᠰᠤ᠎ᠪᠠᠷ ᠪᠡᠯᠨ ᠴᠤᠬᠯᠠᠭᠤᠯᠬᠤ ᠵᠢ ᠰᠡᠷᠬᠡᠢ᠌ᠯᠡᠵᠤ ᠰᠢᠢ᠍ᠳᠪᠤᠷᠢᠯᠡᠬᠦ ᠲᠦᠷᠢᠮ᠎ᠢ ᠨᠡᠢ᠌ᠳᠡᠯᠡᠪᠡ (ᠲᠠᠷᠠᠭ᠎ᠠ᠎ᠪᠠᠷ 《ᠲᠦᠷᠢᠮ》 ᠭᠡᠵᠤ ᠲᠦᠬᠦᠮᠴᠢᠯᠡᠶ᠎ᠡ)᠂ 2021 ᠤᠨ᠎ᠤ 5 ᠳ᠋ᠤᠭ᠋ᠠᠷ ᠰᠠᠷ᠎ᠠ ᠵᠢᠨ 1᠎ᠤ ᠡᠳᠤᠷ᠎ᠠᠴᠠ ᠡᠬᠢᠯᠡᠨ ᠬᠡᠷᠡᠭᠵᠢᠬᠦᠯᠤᠨ᠎ᠡ᠃
    ᠬᠠᠤᠯᠢ ᠪᠤᠰᠤ᠎ᠪᠠᠷ ᠪᠡᠯᠨ ᠴᠤᠬᠯᠠᠭᠤᠯᠬᠤ ᠵᠢ ᠰᠡᠷᠬᠡᠢ᠌ᠯᠡᠵᠤ ᠰᠢᠢ᠍ᠳᠪᠤᠷᠢᠯᠡᠬᠦ ᠪᠤᠯ ᠤᠷᠳᠤ ᠬᠤᠭᠤᠴᠠᠭ᠋ᠠᠨ᠎ᠤ᠂ ᠪᠤᠳᠤᠯᠢᠶᠠᠨᠳᠠᠢ᠂ ᠬᠠᠳᠠᠭᠤᠵᠢᠯᠳᠠᠢ ᠰᠢᠰᠲᠸᠮᠳᠤ ᠠᠵᠢᠯ ᠪᠦᠬᠡᠳ ᠠᠷᠠᠳ ᠲᠦᠮᠡᠨ᠎ᠤ ᠠᠰᠢᠭ ᠲᠤᠰᠨ᠂ ᠠᠵᠤ ᠠᠬᠤᠢ ᠮᠦᠡᠭᠭᠦᠨ ᠬᠦᠢ᠍ᠯᠬᠡᠬᠡ ᠵᠢᠨ ᠡᠷᠡᠬᠦᠯ ᠬᠦᠭᠵᠢᠯᠳᠡ ᠪᠠ ᠨᠡᠢ᠌ᠬᠡᠮ᠎ᠤᠨ ᠲᠤᠬᠳᠠᠭᠤᠨ᠎ᠤ ᠶᠡᠬᠡ ᠪᠠᠢ᠌ᠳᠠᠯ᠎ᠯᠤᠭ᠎ᠠ ᠬᠤᠯᠪᠤᠬᠳᠠᠬᠤ ᠶᠤᠮ᠃ ᠨᠠᠮ᠎ᠤᠨ ᠲᠦᠪ ᠬᠤᠷᠢᠶ᠎ᠠ᠂ ᠲᠦᠷᠤ ᠵᠢᠨ ᠶᠠᠪᠤᠳᠠᠯ᠎ᠤᠨ ᠬᠤᠷᠢᠶ᠎ᠠ᠎ᠠᠴᠠ ᠡᠨᠡ ᠶᠠᠪᠤᠳᠠᠯ᠎ᠢ ᠮᠠᠰᠢᠳᠠ ᠬᠦᠨᠳᠤᠳᠬᠡᠵᠤ ᠪᠠᠢ᠌ᠨ᠎ᠠ᠃ ᠤᠢ᠌ᠷ᠎ᠠ ᠵᠢᠨ ᠵᠢᠯ ᠬᠠᠤᠯᠢ ᠪᠤᠰᠤ᠎ᠪᠠᠷ ᠪᠡᠯᠨ ᠴᠤᠬᠯᠠᠭᠤᠯᠬᠤ ᠬᠡᠷᠡᠭ ᠤᠯᠠᠳᠠᠵᠤ ᠪᠠᠢ᠌ᠭ᠎ᠠ ᠪᠠᠢ᠌ᠳᠠᠯ᠎ᠳᠤ ᠴᠢᠭᠯᠡᠬᠦᠯᠤᠨ ᠡᠯ᠎ᠡ ᠭᠠᠵᠠᠷ ᠤᠷᠤᠨ ᠡᠯ᠎ᠡ ᠰᠠᠯᠠᠭ᠎ᠠ ᠮᠦᠴᠢᠷ ᠪᠦᠳᠦᠮᠵᠢᠳᠡᠢ ᠠᠷᠭ᠎ᠠ ᠬᠡᠮᠵᠢᠶ᠎ᠡ᠎ᠪᠠᠷ ᠬᠦᠨᠳᠤ ᠴᠤᠬᠢᠯᠳᠠ ᠦᠭᠴᠤ᠂ ᠨᠢᠬᠡᠨᠳᠡ ᠡᠬᠦᠰᠦᠭᠰᠡᠨ᠎ᠢ᠎ᠨᠢ ᠰᠢᠢ᠍ᠳᠪᠤᠷᠢᠯᠡᠵᠤ᠂ ᠬᠡᠷᠡᠭ ᠨᠡᠮᠡᠭᠳᠡᠬᠦ ᠵᠢ ᠬᠤᠷᠢᠬᠯᠠᠨ ᠢᠳᠡᠪᠬᠢᠳᠡᠢ ᠬᠢᠷᠢ ᠪᠦᠳᠦᠮᠵᠢ ᠤᠯᠤᠬᠰᠠᠨ ᠪᠤᠯᠪᠠᠴᠤ ᠪᠠᠢ᠌ᠳᠠᠯ ᠮᠥᠨ ᠨᠤᠴᠢᠳᠠᠢ ᠪᠠᠢ᠌ᠬᠰᠠᠭ᠋ᠠᠷ᠃ 《ᠲᠦᠷᠢᠮ》᠎ᠢ ᠲᠤᠬᠳᠠᠭ᠋ᠠᠬᠰᠠᠨ᠎ᠨᠢ ᠭᠤᠤᠯᠳᠠᠯᠭ᠎ᠠ᠎ᠲᠠᠢ ᠬᠦᠷᠢᠶ᠎ᠡ ᠬᠡᠪᠴᠢᠶ᠎ᠡ ᠵᠢ ᠬᠠᠤᠯᠢ᠎ᠪᠠᠷ ᠬᠢᠨᠠᠨ ᠬᠠᠮᠢᠶᠠᠷᠴᠤ᠂ ᠵᠡᠷᠬᠡ᠎ᠪᠠᠷ ᠠᠳᠬᠤᠵᠤ ᠬᠠᠮᠳᠤ᠎ᠪᠠᠷ ᠬᠠᠮᠢᠶᠠᠷᠬᠤ᠂ ᠤᠯᠠᠨ ᠵᠶ᠋ᠡᠷ ᠵᠶ᠋ᠡᠨ ᠰᠡᠷᠬᠡᠢ᠌ᠯᠡᠵᠤ ᠤᠯᠠᠨ ᠵᠶ᠋ᠡᠷ ᠵᠶ᠋ᠡᠨ ᠴᠡᠭᠴᠡᠯᠡᠬᠦ᠂ ᠦᠪᠡᠷ ᠦᠪᠡᠷ᠎ᠤᠨ ᠬᠠᠷᠢᠭᠤᠴᠠᠯᠭ᠎ᠠ᠎ᠪᠠᠨ ᠡᠬᠦᠷᠬᠡᠯᠡᠵᠤ᠂ ᠬᠠᠮᠳᠤ᠎ᠪᠠᠷ ᠵᠶ᠋ᠡᠨ ᠬᠠᠪᠰᠤᠷᠤᠯᠴᠠᠬᠰᠠᠨ ᠬᠠᠤᠯᠢ ᠪᠤᠰᠤ᠎ᠪᠠᠷ ᠪᠡᠯᠨ ᠴᠤᠬᠯᠠᠭᠤᠯᠬᠤ ᠵᠢ ᠶᠡᠷᠤᠡᠭᠭᠡᠢ᠌ᠯᠡᠨ ᠵᠠᠰᠠᠬᠤ ᠪᠠᠢ᠌ᠳᠠᠯ᠎ᠢ ᠪᠤᠢ ᠪᠤᠯᠭ᠋ᠠᠨ᠂ ᠲᠦᠭᠰᠢᠬᠦᠷᠢ ᠵᠢ ᠰᠡᠷᠬᠡᠢ᠌ᠯᠡᠵᠤ ᠦᠬᠡᠢ᠌ᠰᠬᠡᠬᠦ ᠪᠠ ᠤᠯᠠᠨ ᠲᠦᠮᠡᠨ᠎ᠤ ᠬᠠᠤᠯᠢ ᠶᠤᠰᠤᠨ᠎ᠤ ᠡᠷᠬᠡ ᠠᠰᠢᠭ᠎ᠢ ᠬᠠᠮᠠᠭ᠋ᠠᠯᠠᠬᠤ ᠶᠤᠮ᠃
   《ᠲᠦᠷᠢᠮ》᠎ᠳᠤ ᠶᠠᠮᠠᠷᠪᠠ ᠬᠡᠯᠪᠡᠷᠢ᠎ᠪᠠᠷ ᠬᠠᠤᠯᠢ ᠪᠤᠰᠤ᠎ᠪᠠᠷ ᠪᠡᠯᠨ ᠴᠤᠬᠯᠠᠭᠤᠯᠬᠤ ᠵᠢ ᠤᠯᠤᠰ᠎ᠠᠴᠠ ᠡᠷᠡᠰ ᠬᠤᠷᠢᠬᠯᠠᠨ᠂ ᠬᠠᠤᠯᠢ ᠪᠤᠰᠤ᠎ᠪᠠᠷ ᠪᠡᠯᠨ ᠴᠤᠬᠯᠠᠭᠤᠯᠬᠤ᠎ᠳᠤ ᠰᠡᠷᠬᠡᠢ᠌ᠯᠡᠬᠦ᠎ᠪᠠᠷ ᠭᠤᠤᠯ ᠪᠤᠯᠭ᠋ᠠᠬᠤ᠂ ᠡᠷᠳᠡ ᠪᠦᠬᠡᠳ ᠪᠠᠭ᠎ᠠ᠎ᠳᠤ᠎ᠨᠢ ᠲᠠᠷᠤᠬᠤ᠂ ᠶᠡᠷᠤᠡᠭᠭᠡᠢ᠌ᠯᠡᠨ ᠵᠠᠰᠠᠬᠤ᠂ ᠯᠠᠪᠳᠠᠭᠤᠨ ᠲᠤᠭᠳᠠᠭᠤᠨ ᠰᠢᠢ᠍ᠳᠪᠤᠷᠢᠯᠡᠬᠦ ᠵᠡᠷᠬᠡ ᠵᠠᠷᠴᠢᠮ᠎ᠢ ᠪᠠᠷᠢᠮᠳᠠᠯᠠᠨ᠎ᠠ᠃ 《ᠲᠦᠷᠢᠮ》᠎ᠤᠨ ᠭᠤᠤᠯ ᠠᠭᠤᠯᠭ᠎ᠠ᠎ᠨᠢ ᠲᠠᠷᠠᠭ᠋ᠠᠬᠢ ᠮᠡᠳᠤ᠄
    ᠨᠢᠬᠡ᠎ᠳᠤ᠂ ᠠᠵᠢᠯ᠎ᠤᠨ ᠲᠤᠬᠳᠠᠯᠴᠠᠭ᠎ᠠ ᠵᠢ ᠲᠡᠬᠦᠯᠳᠡᠷᠵᠢᠬᠦᠯᠪᠡ᠃ 《ᠲᠦᠷᠢᠮ》᠎ᠳᠤ ᠮᠤᠵᠢ ᠵᠢᠨ ᠲᠡᠰ᠎ᠤᠨ ᠠᠷᠠᠳ᠎ᠤᠨ ᠵᠠᠰᠠᠭ᠎ᠤᠨ ᠤᠷᠳᠤᠨ ᠲᠤᠰ ᠵᠠᠰᠠᠭ ᠵᠠᠬᠢᠷᠭ᠋ᠠᠨ᠎ᠤ ᠬᠦᠷᠢᠶ᠎ᠡ ᠬᠡᠪᠴᠢᠶᠡᠨ᠎ᠳᠤ᠎ᠬᠢ ᠬᠠᠤᠯᠢ ᠪᠤᠰᠤ᠎ᠪᠠᠷ ᠪᠡᠯᠨ ᠴᠤᠬᠯᠠᠭᠤᠯᠬᠤ ᠠᠵᠢᠯ᠎ᠢ ᠰᠡᠷᠬᠡᠢ᠌ᠯᠡᠵᠤ ᠰᠢᠢ᠍ᠳᠪᠤᠷᠢᠯᠡᠬᠦ ᠵᠢ ᠶᠡᠷᠤᠡᠭᠬᠡᠢ᠎ᠳᠤ᠎ᠨᠢ ᠬᠠᠷᠢᠭᠤᠴᠠᠵᠤ᠂ ᠤᠷᠤᠨ ᠨᠤᠳᠤᠭ᠎ᠤᠨ ᠡᠯ᠎ᠡ ᠱᠠᠳᠤᠨ᠎ᠤ ᠠᠷᠠᠳ᠎ᠤᠨ ᠵᠠᠰᠠᠭ᠎ᠤᠨ ᠤᠷᠳᠤᠨ᠎ᠨᠢ ᠵᠠᠰᠠᠭ᠎ᠤᠨ ᠤᠷᠳᠤᠨ᠎ᠠᠴᠠ ᠨᠢᠬᠡᠳᠤᠯᠳᠡᠢ ᠤᠳᠤᠷᠢᠳᠤᠬᠰᠠᠨ ᠠᠵᠢᠯ᠎ᠤᠨ ᠲᠤᠬᠳᠠᠯᠴᠠᠭ᠎ᠠ ᠵᠢ ᠪᠠᠢ᠌ᠭᠤᠯᠤᠨ ᠲᠡᠬᠦᠯᠳᠡᠷᠵᠢᠬᠦᠯᠬᠦ ᠪᠦᠬᠡᠳ ᠲᠤᠯᠤᠭ᠋ᠠᠢ᠌ᠯᠠᠵᠤ ᠬᠢᠬᠦ ᠰᠠᠯᠠᠭ᠎ᠠ ᠮᠦᠴᠢᠷ᠎ᠢ ᠲᠤᠳᠤᠷᠬᠠᠢ᠌ᠯᠠᠬᠤ ᠬᠡᠷᠡᠭᠳᠡᠢ᠃ ᠲᠤᠬᠠᠢ᠌ᠯᠠᠬᠰᠠᠨ ᠠᠵᠢᠯ᠎ᠤᠨ ᠭᠤᠤᠯᠯᠠᠨ ᠬᠠᠮᠢᠶᠠᠷᠤᠬ᠍ᠴᠢ ᠪᠠ ᠬᠢᠨᠠᠨ ᠬᠠᠮᠢᠶᠠᠷᠤᠬ᠍ᠴᠢ ᠰᠠᠯᠠᠭ᠎ᠠ ᠮᠦᠴᠢᠷ᠎ᠨᠢ ᠬᠠᠷᠢᠭᠤᠴᠠᠯᠭ᠎ᠠ᠎ᠪᠠᠷ ᠵᠶ᠋ᠡᠨ ᠠᠵᠢᠯ ᠵᠶ᠋ᠡᠨ ᠬᠤᠪᠢᠶᠠᠷᠢᠯᠠᠵᠤ᠂ ᠲᠤᠰ ᠠᠵᠢᠯ ᠲᠦᠷᠤᠯ ᠪᠠ ᠬᠦᠷᠢᠶ᠎ᠡ ᠬᠡᠪᠴᠢᠶᠡᠨ᠎ᠳᠤ᠎ᠬᠢ ᠬᠠᠤᠯᠢ ᠪᠤᠰᠤ᠎ᠪᠠᠷ ᠪᠡᠯᠨ ᠴᠤᠬᠯᠠᠭᠤᠯᠬᠤ ᠵᠢ ᠰᠡᠷᠬᠡᠢ᠌ᠯᠡᠬᠦ ᠪᠠ ᠰᠢᠢ᠍ᠳᠪᠤᠷᠢᠯᠡᠬᠦ ᠠᠵᠢᠯ᠎ᠳᠤ᠎ᠨᠢ ᠬᠠᠮᠵᠢᠬᠤ ᠬᠡᠷᠡᠭᠳᠡᠢ᠃ ᠲᠦᠷᠤ ᠵᠢᠨ ᠶᠠᠪᠤᠳᠠᠯ᠎ᠤᠨ ᠬᠤᠷᠢᠶ᠎ᠠ᠎ᠨᠢ ᠬᠠᠤᠯᠢ ᠪᠤᠰᠤ᠎ᠪᠠᠷ ᠪᠡᠯᠨ ᠴᠤᠬᠯᠠᠭᠤᠯᠬᠤ ᠵᠢ ᠰᠢᠢ᠍ᠳᠪᠤᠷᠢᠯᠡᠬᠦ ᠶᠠᠮᠤᠨ᠎ᠤ ᠬᠤᠭᠤᠷᠤᠨᠳᠤ ᠵᠢᠨ ᠬᠤᠯᠪᠤᠭ᠎ᠠ ᠠᠪᠬᠤ ᠬᠤᠷᠠᠯ᠎ᠤᠨ ᠲᠦᠷᠢᠮ᠎ᠢ ᠪᠠᠢ᠌ᠭᠤᠯᠵᠤ᠂ ᠬᠠᠮᠢᠶ᠎ᠠ ᠪᠦᠬᠦᠢ ᠰᠠᠯᠠᠭ᠎ᠠ ᠮᠦᠴᠢᠷ ᠪᠠ ᠭᠠᠵᠠᠷ ᠤᠷᠤᠨ᠎ᠤ ᠠᠵᠢᠯ ᠵᠶ᠋ᠡᠨ ᠦᠷᠨᠢᠬᠦᠯᠬᠦ ᠵᠢ ᠱᠠᠭ᠋ᠠᠷᠳᠠᠨ ᠵᠢᠯᠤᠭᠤᠳᠴᠤ᠂ ᠬᠦᠨᠳᠤ ᠴᠢᠬᠤᠯᠨ ᠠᠰᠠᠭᠤᠳᠠᠯ᠎ᠢ ᠬᠠᠮᠵᠢᠯᠴᠠᠨ ᠰᠢᠢ᠍ᠳᠪᠤᠷᠢᠯᠡᠬᠦ ᠬᠡᠷᠡᠭᠳᠡᠢ ᠭᠡᠵᠤ ᠲᠤᠬᠳᠠᠭ᠋ᠠᠪᠠ᠃
    ᠬᠤᠶᠠᠷ᠎ᠲᠤ᠂ ᠰᠡᠷᠬᠡᠢ᠌ᠯᠡᠵᠤ᠂ ᠬᠢᠨᠠᠨ ᠰᠢᠯᠭ᠋ᠠᠬᠤ᠎ᠪᠠᠨ ᠴᠢᠡᠭᠭ᠋ᠠᠳᠬᠠᠨ᠎ᠠ᠃ 《ᠲᠦᠷᠢᠮ》᠎ᠳᠤ ᠰᠡᠷᠬᠡᠢ᠌ᠯᠡᠬᠦ ᠵᠢ ᠲᠤᠪᠤᠢ᠌ᠯᠭ᠋ᠠᠬᠤ ᠵᠢ ᠭᠤᠤᠯ ᠵᠠᠷᠴᠢᠮ ᠪᠤᠯᠭ᠋ᠠᠨ᠂ ᠵᠠᠰᠠᠭ ᠵᠠᠬᠢᠷᠭ᠋ᠠᠨ᠎ᠤ ᠪᠠᠢ᠌ᠭᠤᠯᠭ᠎ᠠ᠂ ᠮᠦᠡᠭᠬᠦᠨ ᠬᠦᠢ᠍ᠯᠬᠡᠬᠡᠨ᠎ᠤ ᠪᠠᠢ᠌ᠭᠤᠯᠤᠮᠵᠢ᠂ ᠲᠤᠬᠠᠢ᠌ᠯᠠᠬᠰᠠᠨ ᠠᠵᠢᠯ᠎ᠤᠨ ᠡᠪᠯᠡᠯ᠂ ᠬᠤᠳᠠᠯᠳᠤᠭ᠋ᠠᠴᠢᠨ᠎ᠤ ᠡᠪᠯᠡᠯ᠂ ᠰᠤᠨᠢᠨ ᠮᠡᠳᠡᠬᠡ ᠵᠠᠭᠤᠴᠢᠯᠠᠭᠤᠷ᠂ ᠦᠨᠳᠤᠰᠤᠨ ᠱᠠᠳᠤᠨ᠎ᠤ ᠤᠯᠠᠨ ᠲᠦᠮᠡᠨ᠎ᠤ ᠦᠪᠡᠷᠳᠡᠬᠡᠨ ᠵᠠᠰᠠᠬᠤ ᠵᠤᠬᠢᠶᠠᠨ ᠪᠠᠢ᠌ᠭᠤᠯᠤᠯᠳᠠ ᠪᠤᠯᠤᠨ ᠡᠷᠬᠡᠳᠤ ᠠᠷᠠᠳ ᠬᠤᠪᠢ ᠬᠦᠮᠦᠨ ᠵᠡᠷᠬᠡ ᠲᠠᠯ᠎ᠠ ᠵᠢᠨ ᠦᠢ᠍ᠯᠡᠳᠤᠯ᠎ᠢ ᠬᠦᠢ᠍ᠴᠡᠳ ᠪᠠᠳᠠᠷᠠᠭᠤᠯᠵᠤ᠂ ᠬᠢᠨᠠᠨ ᠰᠢᠯᠭ᠋ᠠᠬᠤ ᠪᠠ ᠤᠷᠢᠳᠴᠢᠯᠠᠨ ᠰᠡᠷᠡᠮᠵᠢᠯᠡᠬᠦᠯᠬᠦ᠂ ᠤᠬᠠᠭᠤᠯᠤᠨ ᠰᠤᠷᠭ᠋ᠠᠨ ᠬᠦᠮᠦᠵᠢᠬᠦᠯᠬᠦ᠂ ᠠᠵᠢᠯ ᠲᠦᠷᠤᠯ᠎ᠤᠨ ᠦᠪᠡᠷ᠎ᠤᠨ ᠰᠠᠬᠢᠯᠭ᠎ᠠ᠂ ᠢᠯᠡᠴᠢᠯᠡᠨ ᠮᠡᠳᠡᠬᠦᠯᠬᠦ ᠵᠢ ᠬᠦᠬᠢᠬᠦᠯᠬᠦ ᠵᠡᠷᠬᠡ ᠡᠯ᠎ᠡ ᠲᠦᠷᠤᠯ᠎ᠤᠨ ᠲᠦᠷᠢᠮ᠎ᠢ ᠪᠠᠢ᠌ᠭᠤᠯᠤᠨ ᠲᠡᠬᠦᠯᠳᠡᠷᠵᠢᠬᠦᠯᠵᠤ᠂ ᠵᠠᠬ᠎ᠠ ᠲᠡᠯᠬᠡᠬᠦᠷ᠎ᠤᠨ ᠭᠤᠤᠯ ᠴᠤᠬ᠍ᠴᠨ ᠵᠢ ᠲᠠᠡᠭᠰᠠᠯᠠᠬᠤ᠂ ᠰᠦᠯᠵᠢᠶ᠎ᠡ ᠪᠠ ᠵᠠᠷ᠎ᠤᠨ ᠬᠠᠮᠢᠶᠠᠷᠤᠯᠳᠠ᠂ ᠪᠡᠯᠨ ᠮᠦᠡᠭᠭᠦ ᠵᠢ ᠬᠢᠨᠠᠨ ᠰᠢᠯᠭ᠋ᠠᠬᠤ ᠵᠡᠷᠬᠡ ᠠᠵᠢᠯ᠎ᠢ ᠯᠠᠪᠳᠠᠭᠤᠨ ᠪᠠᠳᠤᠳᠠᠢ ᠬᠢᠵᠤ᠂ ᠬᠠᠤᠯᠢ ᠪᠤᠰᠤ᠎ᠪᠠᠷ ᠪᠡᠯᠨ ᠴᠤᠬᠯᠠᠭᠤᠯᠬᠤ ᠬᠡᠷᠡᠭ ᠲᠤᠳᠠᠭᠤ ᠡᠬᠦᠰᠬᠦ᠂ ᠡᠷᠳᠡ ᠢᠯᠡᠷᠡᠬᠦᠯᠬᠦ ᠵᠢ ᠪᠡᠶᠡᠯᠡᠬᠦᠯᠵᠤ᠂ ᠬᠠᠤᠯᠢ ᠪᠤᠰᠤ᠎ᠪᠠᠷ ᠪᠡᠯᠨ ᠴᠤᠬᠯᠠᠭᠤᠯᠬᠤ ᠲᠦᠭᠰᠢᠬᠦᠷᠢ ᠵᠢ ᠦᠨᠳᠤᠰᠤ᠎ᠠᠴᠠ᠎ᠨᠢ ᠪᠠᠭ᠋ᠠᠰᠬᠠᠬᠤ ᠬᠡᠷᠡᠭᠳᠡᠢ ᠭᠡᠵᠤ ᠲᠤᠬᠳᠠᠭ᠋ᠠᠪᠠ᠃
    ᠭᠤᠷᠪᠠ  ᠎ᠳᠤ᠂ ᠵᠠᠰᠠᠭ ᠵᠠᠬᠢᠷᠭ᠋ᠠᠨ᠎ᠤ ᠰᠢᠢ᠍ᠳᠪᠤᠷᠢᠯᠡᠯᠳᠡ ᠵᠢ ᠴᠢᠡᠭᠭ᠋ᠠᠳᠬᠠᠬᠤ ᠬᠡᠷᠡᠭᠳᠡᠢ᠃ 《ᠲᠦᠷᠢᠮ》᠎ᠳᠤ ᠬᠠᠤᠯᠢ ᠪᠤᠰᠤ᠎ᠪᠠᠷ ᠪᠡᠯᠨ ᠴᠤᠬᠯᠠᠭᠤᠯᠬᠤ ᠵᠢ ᠰᠢᠢ᠍ᠳᠪᠤᠷᠢᠯᠡᠬᠦ ᠲᠤᠯᠤᠭ᠋ᠠᠢ᠌ᠯᠠᠬ᠍ᠴᠢ ᠰᠠᠯᠠᠭ᠎ᠠ ᠮᠦᠴᠢᠷ᠂ ᠪᠠᠢ᠌ᠭᠤᠯᠤᠮᠵᠢ᠎ᠨᠢ ᠬᠠᠤᠯᠢ ᠪᠤᠰᠤ᠎ᠪᠠᠷ ᠪᠡᠯᠨ ᠴᠤᠬᠯᠠᠭᠤᠯᠤᠬᠰᠠᠨ ᠰᠡᠵᠢᠭᠳᠡᠢ ᠠᠵᠢᠯᠯᠠᠭ᠎ᠠ ᠵᠢ ᠪᠠᠢ᠌ᠴᠠᠭ᠋ᠠᠵᠤ᠂ ᠬᠢᠨᠠᠨ ᠲᠤᠬᠳᠠᠭ᠋ᠠᠬᠤ ᠲᠤᠬᠠᠢ ᠪᠠᠢ᠌ᠴᠠᠭ᠋ᠠᠵᠤ ᠰᠢᠢ᠍ᠳᠪᠤᠷᠢᠯᠡᠬᠦ ᠠᠷᠭ᠎ᠠ ᠪᠠ ᠠᠯᠪᠠᠳᠠᠯᠭ᠎ᠠ ᠵᠢᠨ ᠠᠷᠭ᠎ᠠ ᠵᠢ ᠲᠤᠳᠤᠷᠬᠠᠢ᠌ᠯᠠᠨ᠂ ᠬᠠᠤᠯᠢ ᠪᠤᠰᠤ᠎ᠪᠠᠷ ᠪᠡᠯᠨ ᠴᠤᠬᠯᠠᠭᠤᠯᠤᠬᠰᠠᠨ ᠵᠠᠰᠠᠭ ᠵᠠᠬᠢᠷᠭ᠋ᠠᠨ᠎ᠤ ᠪᠠ ᠡᠷᠡᠬᠦᠤ ᠵᠢᠨ ᠬᠠᠷᠢᠭᠤᠴᠠᠯᠭ᠎ᠠ᠂ ᠪᠡᠯᠨ ᠮᠦᠡᠭᠭᠦ ᠵᠢ᠎ᠨᠢ ᠪᠤᠴᠠᠭ᠋ᠠᠬᠤ ᠪᠠ ᠬᠠᠤᠯᠢ ᠪᠤᠰᠤ᠎ᠪᠠᠷ ᠪᠡᠯᠨ ᠴᠤᠬᠯᠠᠭᠤᠯᠬᠤ᠎ᠳᠤ ᠤᠷᠤᠯᠴᠠᠬᠰᠠᠳ᠎ᠤᠨ ᠤᠯᠪᠠᠰᠤ ᠵᠤᠬᠢᠬᠤ ᠦᠷ᠎ᠡ ᠳ᠋ᠦᠡᠭ ᠵᠡᠷᠬᠡ ᠲᠠᠯ᠎ᠠ᠎ᠪᠠᠷ ᠴᠢᠡᠭᠭ᠎ᠠ ᠲᠤᠬᠳᠠᠭ᠋ᠠᠵᠠᠢ᠃
   《ᠲᠦᠷᠢᠮ》᠎ᠳᠤ ᠶᠠᠮᠠᠷᠪᠠ ᠪᠠᠢ᠌ᠭᠤᠯᠭ᠎ᠠ ᠪᠠ ᠬᠤᠪᠢ ᠬᠦᠮᠦᠨ ᠬᠠᠤᠯᠢ ᠪᠤᠰᠤ᠎ᠪᠠᠷ ᠪᠡᠯᠨ ᠴᠤᠬᠯᠠᠭᠤᠯᠬᠤ ᠲᠤᠮᠳᠠ᠎ᠠᠴᠠ ᠠᠵᠤ ᠠᠬᠤᠢ ᠵᠢᠨ ᠠᠰᠢᠭ ᠬᠦᠷᠳᠡᠵᠤ ᠪᠤᠯᠬᠤ ᠦᠬᠡᠢ᠃ ᠬᠠᠤᠯᠢ ᠪᠤᠰᠤ᠎ᠪᠠᠷ ᠪᠡᠯᠨ ᠴᠤᠬᠯᠠᠭᠤᠯᠤᠬ᠍ᠴᠢ᠂ ᠬᠠᠤᠯᠢ ᠪᠤᠰᠤ᠎ᠪᠠᠷ ᠪᠡᠯᠨ ᠴᠤᠬᠯᠠᠭᠤᠯᠬᠤ᠎ᠳᠤ ᠬᠠᠮᠵᠢᠬ᠍ᠴᠢ᠎ᠨᠢ ᠪᠡᠯᠨ ᠴᠤᠭᠯᠠᠭᠤᠯᠬᠤ᠎ᠳᠤ ᠤᠷᠤᠯᠴᠠᠬᠰᠠᠳ᠎ᠤᠨ ᠪᠡᠯᠨ ᠮᠦᠡᠭᠬᠦ ᠵᠢ᠎ᠨᠢ ᠪᠤᠴᠠᠭ᠋ᠠᠨ ᠦᠭᠭᠦ ᠬᠡᠷᠡᠭᠳᠡᠢ᠃ ᠬᠠᠤᠯᠢ ᠪᠤᠰᠤ᠎ᠪᠠᠷ ᠪᠡᠯᠨ ᠴᠤᠬᠯᠠᠭᠤᠯᠬᠤ᠎ᠳᠤ ᠤᠷᠤᠯᠴᠠᠭ᠋ᠠᠳ ᠡᠬᠦᠰᠦᠭᠰᠡᠨ ᠬᠤᠬᠢᠷᠠᠯ᠎ᠢ ᠪᠡᠯᠨ ᠮᠦᠡᠭᠭᠦ ᠴᠤᠬᠯᠠᠭᠤᠯᠬᠤ᠎ᠳᠤ ᠤᠷᠤᠯᠴᠠᠬ᠍ᠴᠢ ᠦᠪᠡᠷ ᠵᠶ᠋ᠡᠨ ᠬᠠᠷᠢᠭᠤᠴᠠᠨ᠎ᠠ ᠭᠡᠵᠤ ᠴᠢᠬᠤᠯᠠᠴᠢᠯᠠᠵᠠᠢ᠃
    ᠲᠦᠷᠪᠡ᠎ᠳᠤ᠂ ᠬᠠᠤᠯᠢ ᠵᠢᠨ ᠬᠠᠷᠢᠭᠤᠴᠠᠯᠭ᠎ᠠ ᠵᠢ ᠲᠤᠳᠤᠷᠬᠠᠢ᠌ᠯᠠᠪᠠ᠃ 《ᠲᠦᠷᠢᠮ》᠎ᠳᠤ ᠬᠠᠤᠯᠢ ᠪᠤᠰᠤ᠎ᠪᠠᠷ ᠪᠡᠯᠨ ᠴᠤᠬᠯᠠᠭᠤᠯᠤᠬ᠍ᠴᠢ᠂ ᠬᠠᠤᠯᠢ ᠪᠤᠰᠤ᠎ᠪᠠᠷ ᠪᠡᠯᠨ ᠴᠤᠬᠯᠠᠭᠤᠯᠬᠤ᠎ᠳᠤ ᠬᠠᠮᠵᠢᠬ᠍ᠴᠢ ᠪᠠ ᠪᠤᠰᠤᠳ ᠬᠠᠮᠢᠶ᠎ᠠ ᠪᠦᠬᠦᠢ ᠵᠠᠬ᠎ᠠ ᠲᠡᠯᠬᠡᠬᠦᠷ᠎ᠤᠨ ᠭᠤᠤᠯ ᠴᠤᠬ᠍ᠴᠨ᠂ ᠤᠯᠤᠰ᠎ᠤᠨ ᠪᠠᠢ᠌ᠭᠤᠯᠭ᠎ᠠ ᠵᠢᠨ ᠠᠵᠢᠯᠳᠠᠨ ᠵᠡᠷᠬᠡ ᠪᠠᠢ᠌ᠭᠤᠯᠭ᠎ᠠ ᠪᠠ ᠬᠤᠪᠢ ᠬᠦᠮᠦᠨ᠎ᠤ ᠬᠠᠤᠯᠢ ᠵᠢ ᠵᠦᠷᠢᠴᠡᠭᠰᠡᠨ ᠠᠵᠢᠯᠯᠠᠭ᠎ᠠ᠎ᠳᠤ ᠬᠠᠤᠯᠢ ᠵᠢᠨ ᠬᠠᠷᠢᠭᠤᠴᠠᠯᠭ᠎ᠠ ᠲᠤᠬᠳᠠᠭ᠋ᠠᠵᠤ᠂ ᠶᠠᠯᠠᠳᠤ ᠠᠵᠢᠯᠯᠠᠭ᠎ᠠ ᠪᠤᠯᠤᠬᠰᠠᠨ᠎ᠠᠴᠠ᠎ᠨᠢ ᠬᠠᠤᠯᠢ ᠶᠤᠰᠣᠭ᠋ᠠᠷ ᠡᠷᠡᠬᠦᠤ ᠵᠢᠨ ᠬᠠᠷᠢᠭᠤᠴᠠᠯᠭ᠎ᠠ ᠨᠡᠬᠡᠮᠵᠢᠯᠡᠨ᠎ᠡ ᠭᠡᠵᠤ ᠲᠤᠬᠳᠠᠭ᠋ᠠᠯ᠎ᠠ᠃
      ᠡᠬᠦᠨ᠎ᠠᠴᠠ ᠭᠠᠳᠠᠨ᠎ᠠ 《ᠲᠦᠷᠢᠮ》᠎ᠳᠤ ᠲᠤᠬᠳᠠᠭ᠋ᠠᠬᠰᠠᠨ᠎ᠨᠢ ᠲᠤᠰ ᠲᠤᠬᠳᠠᠭ᠋ᠠᠯ᠎ᠢ ᠬᠡᠷᠡᠭᠵᠢᠬᠦᠯᠦᠭᠰᠡᠨ ᠴᠠᠭ᠎ᠠᠴᠠ ᠡᠬᠢᠯᠡᠨ 《ᠬᠠᠤᠯᠢ ᠪᠤᠰᠤ ᠮᠦᠡᠭᠭᠦᠨ ᠬᠦᠢ᠍ᠯᠬᠡᠬᠡᠨ᠎ᠤ ᠪᠠᠢ᠌ᠭᠤᠯᠤᠮᠵᠢ ᠪᠠ ᠬᠠᠤᠯᠢ ᠪᠤᠰᠤ ᠮᠦᠡᠭᠭᠦᠨ ᠬᠦᠢ᠍ᠯᠬᠡᠬᠡᠨ᠎ᠤ ᠲᠤᠬᠠᠢ᠌ᠯᠠᠬᠰᠠᠨ ᠠᠵᠢᠯ᠎ᠤᠨ ᠠᠵᠢᠯᠯᠠᠭ᠋ᠠᠨ᠎ᠢ ᠰᠢᠢ᠍ᠳᠬᠡᠬᠦ ᠠᠷᠭ᠎ᠠ》 ᠵᠢ ᠬᠦᠴᠤᠨ ᠦᠬᠡᠢ ᠪᠤᠯᠭ᠋ᠠᠨ᠎ᠠ ᠭᠡᠵᠡᠢ᠃
                 
ᠤᠷᠴᠢᠭᠤᠯᠤᠬ᠍ᠴᠢ ᠵᠢᠨ ᠬᠠᠶᠢᠭ᠄ ᠬᠦᠬᠡᠬᠤᠳᠠ ᠵᠢᠨ ᠮᠤᠡᠭᠭᠤᠯ ᠦᠨᠳᠤᠰᠤᠳᠡᠨ᠎ᠤ ᠰᠤᠷᠭ᠋ᠠᠭᠤᠯᠢ

ᠢᠷᠡᠯᠲᠡ᠄ ᠠᠷᠠᠳ᠎ᠤᠨ ᠶᠠᠪᠤᠳᠠᠯ᠎ᠤᠨ ᠲᠢᠡᠭᠬᠢᠮ᠎ᠤᠨ ᠬᠢᠳᠡᠳ ᠬᠡᠯᠡᠨ᠎ᠤ ᠰᠦᠯᠵᠢᠶ᠎ᠡ
          
ᠬᠠᠮᠢᠶ᠎ᠡ ᠪᠦᠬᠦᠢ ᠰᠣᠨᠢᠨ
《ᠦᠨᠡᠨ》 ᠰᠡᠳᠬᠦᠯ ᠶᠡᠷᠤᠡᠭᠭᠡᠢ ᠱᠦᠵᠢ ᠰᠢ ᠵᠢᠨ ᠫᠢᠡᠭ᠎ᠤᠨ ᠴᠢᠬᠤᠯᠨ ᠵᠤᠬᠢᠶᠠᠯ᠎ᠢ ᠨᠡᠢ᠌ᠳᠡᠯᠡᠪᠡ
ᠰᠢ ᠵᠢᠨ ᠫᠢᠡᠭ ᠨᠠᠮ᠎ᠤᠨ ᠲᠦᠪ ᠬᠤᠷᠢᠶᠠᠨ᠎ᠤ ᠤᠯᠤᠰ ᠲᠦᠷᠤ ᠵᠢᠨ ᠲᠤᠪᠴᠢᠶᠠᠨ᠎ᠤ ᠬᠤᠷᠢᠨ ᠨᠠᠢ᠍ᠮᠠᠳᠤᠭ᠋ᠠᠷ ᠤᠳᠠᠭ᠎ᠠ ᠵᠢᠨ ᠬᠠᠮᠳᠤ ᠵᠢᠨ ᠰᠤᠷᠤᠯᠴᠠᠯᠭ᠎ᠠ ᠲᠡᠬᠡᠷ᠎ᠡ ᠴᠢᠬᠤᠯᠠᠴᠢᠯᠠᠬᠰᠠᠨ᠎ᠨᠢ ᠪᠦᠬᠦ ᠠᠷᠠᠳ᠎ᠢ ᠬᠠᠮᠤᠷᠤᠬᠰᠠᠨ ᠨᠡᠢ᠌ᠬᠡᠮ᠎ᠤᠨ ᠪᠠᠳᠤᠯᠠᠭ᠎ᠠ ᠵᠢᠨ ᠰᠢᠰᠲᠸᠮ᠎ᠢ ᠲᠡᠬᠦᠯᠳᠡᠷᠵᠢᠬᠦᠯᠵᠤ ᠨᠡᠢ᠌ᠬᠡᠮ᠎ᠤᠨ ᠪᠠᠳᠤᠯᠠᠭ᠎ᠠ ᠵᠢᠨ ᠦᠢ᠍ᠯᠡᠰ᠎ᠤᠨ ᠴᠢᠨᠠᠷ ᠰᠠᠢ᠌ᠳᠠᠢ ᠬᠦᠭᠵᠢᠯᠳᠡ ᠲᠠᠭ᠋ᠠᠭ᠋ᠠᠮᠠᠭ᠋ᠠᠢ ᠬᠦᠭᠵᠢᠯᠳᠡ ᠵᠢ ᠠᠬᠢᠭᠤᠯᠬᠤ ᠬᠡᠷᠡᠭᠳᠡᠢ
ᠦᠪᠡᠷᠳᠡᠭᠡᠨ ᠵᠠᠰᠠᠬᠤ ᠤᠷᠤᠨ ᠠᠷᠠᠤᠨ᠎ᠤᠨ ᠶᠠᠪᠤᠳᠠᠯ᠎ᠤᠨ ᠲᠢᠩᠭᠢᠮ ᠵᠡᠷᠭᠡ 16 ᠰᠠᠯᠠᠭ᠎ᠠ ᠮᠦᠴᠢᠷ᠎ᠤᠨ᠎ᠬᠢᠨ ᠬᠠᠮᠳᠤᠷᠠᠨ 《ᠦᠪᠤᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠨᠠᠢ᠌ᠭᠡᠮ᠎ᠤᠨ ᠠᠵᠢᠯ᠎ᠤᠨ ᠲᠤᠰᠬᠠᠢ ᠠᠵᠢᠯ᠎ᠤᠨ ᠪᠠᠢ᠌ᠷᠢ ᠵᠢᠨ ᠨᠡᠭᠡᠭᠡᠯᠳᠠ ᠪᠠ ᠴᠢᠳᠠᠪᠤᠷᠢᠳᠠᠨ᠎ᠢ ᠤᠷᠮᠠᠰᠢᠭᠤᠯᠬᠤ ᠪᠠᠳᠤᠯᠭ᠎ᠠ ᠵᠢ ᠴᠢᠩᠭ᠋ᠠᠳᠬᠠᠬᠤ ᠲᠤᠬᠠᠢ ᠭᠡᠷᠡᠭᠵᠢᠬᠦᠯᠬᠦ ᠰᠠᠨᠠᠯ》᠎ᠢ ᠲᠤᠭᠳᠠᠭ᠋ᠠᠪᠠ
ᠲᠤᠮᠳᠠᠳᠤ ᠵᠢᠨ ᠦᠨᠳᠤᠰᠤᠳᠡᠨ᠎ᠤ ᠬᠠᠮᠳᠤ ᠵᠢᠨ ᠴᠤᠬ᠍ᠴᠨ ᠵᠢᠨ ᠤᠬᠠᠮᠰᠠᠷ᠎ᠢ ᠪᠠᠳᠤ ᠴᠤᠬ᠍ᠴᠠᠯᠠᠰᠤᠭ᠋ᠠᠢ
ᠰᠢᠨ᠎ᠡ ᠬᠦᠭᠵᠢᠯᠳᠡ ᠵᠢᠨ ᠤᠢ᠌ᠯᠠᠭ᠋ᠠᠬᠳᠠᠬᠤᠨ᠎ᠢ ᠪᠦᠷᠢᠨ ᠪᠦᠳᠦᠨ ᠵᠦᠪ ᠤᠨᠤᠪᠴᠢᠳᠠᠢ ᠪᠦᠬᠦ ᠲᠠᠯ᠎ᠠ᠎ᠪᠠᠷ ᠲᠤᠭᠤᠰᠢᠯᠠᠭᠤᠯᠵᠤ ᠲᠤᠮᠳᠠᠳᠤ ᠵᠢᠨ ᠦᠨᠳᠤᠰᠤᠳᠡᠨ᠎ᠤ ᠬᠠᠮᠳᠤ ᠵᠢᠨ ᠴᠤᠬ᠍ᠴᠨ ᠵᠢᠨ ᠤᠬᠠᠮᠰᠠᠷ᠎ᠢ ᠪᠠᠳᠤ ᠴᠤᠬ᠍ᠴᠠᠯᠠᠬᠤ ᠬᠡᠷᠡᠭᠳᠡᠢ
 
            