ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠡᠶ᠋ᠢᠭᠡᠮ ᠰᠡᠳᠬᠦᠯ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠢᠨ ᠮᠡᠳᠡᠭᠡ   -   ᠠᠯᠪᠠᠨ ᠨᠡᠶ᠋ᠢᠲᠡᠯᠡᠯ
ᠸᠠᠡᠭ ᠯᠢ ᠰᠢᠶᠨ ᠬᠦᠯᠤᠨ ᠪᠤᠢ᠌ᠷ᠎ᠲᠤ 《ᠠᠷᠪᠠᠨ ᠲᠦᠷᠪᠡᠳᠤᠬᠡᠷ ᠬᠤᠭᠤᠴᠠᠭ᠋ᠠᠨ᠎ᠤ ᠪᠦᠬᠦ ᠤᠯᠤᠰ᠎ᠤᠨ ᠡᠪᠤᠯ᠎ᠤᠨ ᠪᠡᠶ᠎ᠡ ᠵᠢᠨ ᠲᠠᠮᠢᠷ᠎ᠤᠨ ᠤᠷᠤᠯᠳᠤᠭ᠋ᠠᠨ》᠎ᠤ ᠪᠡᠯᠡᠳᠬᠡᠯ ᠠᠵᠢᠯ᠎ᠢ ᠱᠠᠭ᠋ᠠᠷᠳᠠᠨ ᠲᠤᠬᠢᠷᠠᠭᠤᠯᠪᠠ
ᠨᠡᠶᠢᠲᠡᠯᠡᠭᠰᠡᠨ ᠴᠠᠭ᠄ 2023-12-07

    ᠦᠪᠤᠷ ᠮᠤᠡᠭᠭᠤᠯ᠎ᠤᠨ ᠦᠪᠡᠷᠳᠡᠬᠡᠨ ᠵᠠᠰᠠᠬᠤ ᠤᠷᠤᠨ᠎ᠤ ᠨᠠᠮ᠎ᠤᠨ ᠬᠤᠷᠢᠶᠠᠨ᠎ᠤ ᠲᠡᠳ᠋ ᠱᠦᠵᠢ᠂ ᠦᠪᠡᠷᠳᠡᠬᠡᠨ ᠵᠠᠰᠠᠬᠤ ᠤᠷᠤᠨ᠎ᠤ ᠲᠡᠷᠢᠬᠦᠯᠡᠭᠴᠢ ᠸᠠᠡᠭ ᠯᠢ ᠰᠢᠶᠨ 12 ᠳ᠋ᠤᠭ᠋ᠠᠷ ᠰᠠᠷ᠎ᠠ ᠵᠢᠨ 5᠂ 6᠎ᠤ ᠡᠳᠤᠷ ᠬᠦᠯᠤᠨ ᠪᠤᠢ᠌ᠷ᠎ᠲᠤ ᠠᠷᠪᠠᠨ ᠲᠦᠷᠪᠡᠳᠤᠬᠡᠷ ᠬᠤᠭᠤᠴᠠᠭ᠋ᠠᠨ᠎ᠤ ᠪᠦᠬᠦ ᠤᠯᠤᠰ᠎ᠤᠨ ᠡᠪᠤᠯ᠎ᠤᠨ ᠪᠡᠶ᠎ᠡ ᠵᠢᠨ ᠲᠠᠮᠢᠷ᠎ᠤᠨ ᠤᠷᠤᠯᠳᠤᠭ᠋ᠠᠨ᠎ᠤ ᠪᠡᠯᠡᠳᠬᠡᠯ ᠠᠵᠢᠯ᠎ᠢ ᠱᠠᠭ᠋ᠠᠷᠳᠠᠨ ᠲᠤᠬᠢᠷᠠᠭᠤᠯᠪᠠ᠃
 W020231207329651860296_ORIGIN.jpg


    ᠸᠠᠡᠭ ᠯᠢ ᠰᠢᠶᠨ 12 ᠳ᠋ᠤᠭ᠋ᠠᠷ ᠰᠠᠷ᠎ᠠ ᠵᠢᠨ 5᠎ᠤ ᠡᠳᠤᠷ ᠬᠠᠢ᠌ᠯᠠᠷ ᠨᠢᠰᠬᠡᠯ᠎ᠤᠨ ᠪᠠᠭᠤᠳᠠᠯ᠎ᠳᠤ 《ᠠᠷᠪᠠᠨ ᠲᠦᠷᠪᠡᠳᠤᠬᠡᠷ ᠬᠤᠭᠤᠴᠠᠭ᠋ᠠᠨ᠎ᠤ ᠪᠦᠬᠦ ᠤᠯᠤᠰ᠎ᠤᠨ ᠡᠪᠤᠯ᠎ᠤᠨ ᠪᠡᠶ᠎ᠡ ᠵᠢᠨ ᠲᠠᠮᠢᠷ᠎ᠤᠨ ᠤᠷᠤᠯᠳᠤᠭ᠋ᠠᠨ》 ᠠᠭᠤᠷ ᠠᠮᠢᠰᠬᠤᠯ᠎ᠢ ᠪᠦᠷᠢᠯᠳᠤᠬᠦᠯᠵᠤ ᠪᠠᠢ᠌ᠭ᠎ᠠ ᠪᠠ ᠵᠢᠭᠤᠯᠴᠢᠳ᠎ᠢ ᠲᠤᠰᠴᠤ ᠮᠤᠷᠳᠠᠭᠤᠯᠬᠤ ᠦᠢ᠍ᠯᠡᠴᠢᠯᠡᠬᠡᠨ᠎ᠤ ᠪᠠᠢ᠌ᠳᠠᠯ᠎ᠢ ᠤᠢ᠌ᠯᠠᠭ᠋ᠠᠵᠤ ᠪᠠᠢ᠌ᠭ᠎ᠠ᠎ᠨᠢ
     ᠸᠠᠡᠭ ᠯᠢ ᠰᠢᠶᠨ ᠬᠠᠢ᠌ᠯᠠᠷ ᠨᠢᠰᠬᠡᠯ᠎ᠤᠨ ᠪᠠᠭᠤᠳᠠᠯ᠎ᠳᠤ ᠤᠷᠤᠯᠳᠤᠭ᠋ᠠᠨ᠎ᠤ ᠲᠠᠯᠠᠪᠠᠢ ᠵᠢᠨ ᠵᠢᠭ᠋ᠠᠯᠳᠠ ᠲᠡᠮᠳᠡᠭ ᠢᠯᠨ ᠪᠤᠰᠤ᠂ ᠤᠬᠠᠭᠤᠯᠭ᠎ᠠ ᠵᠢᠨ ᠠᠭᠤᠷ ᠠᠮᠢᠰᠬᠤᠯ ᠦᠳᠬᠡᠨ ᠪᠤᠰᠤ ᠠᠰᠠᠭᠤᠳᠠᠯ᠎ᠢ ᠲᠤᠬᠠᠢ ᠵᠢᠨ ᠲᠠᠯᠠᠪᠤᠷ᠎ᠲᠤ ᠵᠢᠭ᠋ᠠᠨ ᠭᠠᠷᠭ᠋ᠠᠬᠤ᠎ᠳᠤ᠎ᠪᠠᠨ᠄ 《ᠵᠤᠴᠢᠳ᠎ᠤᠨ ᠵᠤᠬᠰᠤᠴᠨ᠎ᠠᠴᠠ ᠪᠤᠳᠤᠯᠬᠢᠯᠠᠨ᠂ ᠨᠢᠰᠬᠡᠯ᠎ᠠᠴᠠ ᠪᠠᠭᠤᠡᠭᠭᠤᠳᠠ᠎ᠤ ᠤᠷᠤᠯᠳᠤᠭ᠋ᠠᠨ ᠡᠷᠬᠢᠯᠡᠵᠤ ᠪᠠᠢ᠌ᠭ᠎ᠠ ᠦᠨᠢᠷ ᠦᠳᠬᠡᠨ ᠠᠭᠤᠷ ᠠᠮᠢᠰᠬᠤᠯ ᠪᠤᠯᠤᠨ ᠢᠯᠨ ᠲᠤᠳᠤᠷᠬᠠᠢ ᠤᠷᠤᠨ᠎ᠤ ᠨᠤᠳᠤᠭ᠎ᠤᠨ ᠤᠨᠴᠠᠯᠢᠭ᠎ᠢ ᠢᠯᠡᠷᠡᠬᠦᠯᠬᠦ ᠬᠡᠷᠡᠭᠳᠡᠢ᠃ ᠵᠤᠴᠢᠳ  ᠎ᠤᠨ ᠲᠤᠭ᠎ᠠ ᠨᠢᠬᠡ ᠯᠨ ᠲᠡᠬᠡᠷ᠎ᠡ ᠨᠡᠮᠡᠭᠳᠡᠵᠤ ᠮᠡᠳᠡᠬᠦ ᠪᠠᠢ᠌ᠳᠠᠯ᠎ᠳᠤ ᠬᠠᠨᠳᠤᠭᠤᠯᠤᠨ ᠬᠦᠯᠢᠶᠡᠨ ᠠᠪᠬᠤ ᠲᠦᠰᠤᠯ ᠵᠶ᠋ᠡᠨ ᠨᠠᠷᠢᠯᠢᠬ᠍ᠵᠢᠭᠤᠯᠵᠤ᠂ ᠪᠦᠬᠦ ᠶᠠᠪᠤᠴᠨ ᠵᠢᠨ ᠰᠤᠷᠢᠭ᠎ᠠ ᠵᠢ ᠠᠬᠢᠨ ᠲᠠᠬᠢᠨ ᠬᠢᠵᠤ᠂ ᠠᠮᠤᠷ ᠲᠦᠪᠰᠢᠨ ᠪᠦᠬᠡᠳ ᠢᠯᠭᠤᠮ ᠤᠷᠤᠬᠰᠢᠳᠠᠢ ᠪᠠᠢ᠌ᠬᠤ ᠵᠢ ᠪᠠᠳᠤᠯᠠᠬᠤ ᠬᠡᠷᠡᠭᠳᠡᠢ》 ᠬᠡᠵᠡᠢ᠃

W020231207329651897690_ORIGIN.jpg


    ᠸᠠᠡᠭ ᠯᠢ ᠰᠢᠶᠨ 12 ᠳ᠋ᠤᠭ᠋ᠠᠷ ᠰᠠᠷ᠎ᠠ ᠵᠢᠨ 5᠎ᠤ ᠡᠳᠤᠷ ᠺᠠᠢ ᠵᠢᠡᠭ ᠵᠢᠶᠨ ᠬᠤᠸᠨ ᠵᠤᠴᠢᠳ᠎ᠤᠨ ᠪᠠᠭᠤᠳᠠᠯ᠎ᠳᠤ ᠲᠠᠮᠢᠷᠴᠢᠳ᠎ᠤᠨ ᠰᠠᠭᠤᠬᠤ ᠭᠠᠵᠠᠷ᠎ᠤᠨ ᠬᠦᠯᠢᠶᠡᠨ ᠠᠪᠬᠤ ᠦᠢ᠍ᠯᠡᠴᠢᠯᠡᠬᠡᠨ᠎ᠤ ᠪᠠᠳᠤᠯᠠᠭ᠎ᠠ ᠵᠢᠨ ᠠᠵᠢᠯ᠎ᠤᠨ ᠪᠠᠢ᠌ᠳᠠᠯ᠎ᠢ ᠪᠠᠢ᠌ᠴᠠᠭ᠋ᠠᠨ ᠰᠤᠳᠤᠯᠵᠤ ᠪᠠᠢ᠌ᠭ᠎ᠠ᠎ᠨᠢ 
 W020231207329651928409_ORIGIN.jpg


    ᠸᠠᠡᠭ ᠯᠢ ᠰᠢᠶᠨ 12 ᠳ᠋ᠤᠭ᠋ᠠᠷ ᠰᠠᠷ᠎ᠠ ᠵᠢᠨ 5᠎ᠤ ᠡᠳᠤᠷ  ᠪᠠᠢ ᠹᠦ᠋ ᠶᠦᠸᠸ ᠵᠤᠴᠢᠳ᠎ᠤᠨ ᠪᠠᠭᠤᠳᠠᠯ᠎ᠳᠤ ᠤᠷᠤᠯᠳᠤᠭ᠋ᠠᠨ ᠎ᠤ ᠠᠭᠤᠷ ᠠᠮᠢᠰᠬᠤᠯ᠎ᠢ ᠪᠦᠷᠢᠯᠳᠤᠬᠦᠯᠵᠤ ᠪᠠᠢ᠌ᠭ᠎ᠠ ᠪᠠ ᠦᠢ᠍ᠯᠡᠴᠢᠯᠡᠬᠡᠨ᠎ᠤ ᠪᠠᠳᠤᠯᠠᠭ᠎ᠠ ᠵᠢᠨ ᠪᠠᠢ᠌ᠳᠠᠯ᠎ᠢ ᠤᠢ᠌ᠯᠠᠭ᠋ᠠᠵᠤ ᠪᠠᠢ᠌ᠭ᠎ᠠ᠎ᠨᠢ 
    ᠺᠠᠢ ᠵᠢᠡᠭ ᠵᠢᠶᠨ ᠬᠤᠸᠨ ᠵᠤᠴᠢᠳ᠎ᠤᠨ ᠪᠠᠭᠤᠳᠠᠯ᠂ ᠪᠠᠢ ᠹᠦ᠋ ᠶᠦᠸᠸ ᠵᠤᠴᠢᠳ᠎ᠤᠨ ᠪᠠᠭᠤᠳᠠᠯ ᠪᠠ ᠲᠢᠶᠠᠨ ᠵᠢᠶᠤᠤ ᠵᠤᠴᠢᠳ᠎ᠤᠨ ᠪᠠᠭᠤᠳᠠᠯ᠎ᠳᠤ ᠸᠠᠡᠭ ᠯᠢ ᠰᠢᠶᠨ ᠦᠢ᠍ᠯᠡᠴᠢᠯᠡᠬᠡᠨ᠎ᠤ ᠪᠠᠳᠤᠯᠠᠭ᠎ᠠ ᠵᠢᠨ ᠠᠵᠢᠯ᠎ᠢ ᠨᠢᠮᠪᠠᠢ ᠪᠠᠢ᠌ᠴᠠᠭ᠋ᠠᠬᠰᠠᠨ᠎ᠤ ᠲᠠᠷᠠᠭ᠎ᠠ᠄ 《ᠨᠢᠬᠡᠳᠤᠯᠳᠡᠢ ᠲᠦᠰᠤᠯ᠂ ᠪᠠᠷᠢᠮᠵᠢᠶ᠎ᠠ ᠪᠠ ᠱᠠᠭ᠋ᠠᠷᠳᠠᠯᠭ᠎ᠠ ᠶᠤᠰᠤᠭ᠋ᠠᠷ ᠬᠦᠯᠤᠨ ᠪᠤᠢ᠌ᠷ ᠬᠤᠳᠠ ᠵᠢᠨ ᠭᠤᠤᠯ ᠬᠠᠷᠢᠭᠤᠴᠠᠯᠭ᠋ᠠᠳᠠᠨ ᠨᠦᠬᠦᠳ ᠦᠪᠡᠷᠰᠡᠳ ᠵᠶ᠋ᠡᠨ ᠭᠠᠷ ᠤᠷᠤᠵᠤ᠂ ᠡᠮᠦᠨ᠎ᠡ ᠹᠷᠤᠨᠲ᠎ᠲᠤ ᠬᠦᠨᠵᠡᠬᠡᠢ᠌ᠷᠡᠨ᠂ ᠨᠠᠷᠢᠨ ᠵᠦᠢ᠍ᠯᠡᠰ᠎ᠢ ᠨᠢᠳᠤᠯᠠᠨ᠂ ᠠᠵᠢᠯ᠎ᠢ ᠨᠢᠮᠪᠠᠢ ᠠᠳᠬᠤᠬᠤ ᠬᠡᠷᠡᠭᠳᠡᠢ》  ᠭᠡᠵᠤ ᠱᠠᠭ᠋ᠠᠷᠳᠠᠵᠠᠢ᠃

W020231207329651954569_ORIGIN.jpg


    ᠸᠠᠡᠭ ᠯᠢ ᠰᠢᠶᠨ 12 ᠳ᠋ᠤᠭ᠋ᠠᠷ ᠰᠠᠷ᠎ᠠ ᠵᠢᠨ 6᠎ᠤ ᠡᠳᠤᠷ ᠮᠦᠰᠤᠨ ᠲᠡᠬᠡᠷᠡᠬᠢ ᠪᠡᠶ᠎ᠡ ᠵᠢᠨ ᠲᠠᠮᠢᠷ᠎ᠤᠨ ᠲᠦᠪ᠎ᠲᠤ 《ᠠᠷᠪᠠᠨ ᠲᠦᠷᠪᠡᠳᠤᠬᠡᠷ ᠬᠤᠭᠤᠴᠠᠭ᠋ᠠᠨ᠎ᠤ ᠪᠦᠬᠦ ᠤᠯᠤᠰ᠎ᠤᠨ ᠡᠪᠤᠯ᠎ᠤᠨ ᠪᠡᠶ᠎ᠡ ᠵᠢᠨ ᠲᠠᠮᠢᠷ᠎ᠤᠨ ᠤᠷᠤᠯᠳᠤᠭ᠋ᠠᠨ》᠎ᠤ ᠡᠬᠢᠯᠡᠯᠳᠡ ᠵᠢᠨ ᠶᠤᠰᠤᠯᠠᠯ᠎ᠤᠨ ᠪᠡᠯᠡᠳᠬᠡᠯ ᠠᠵᠢᠯ᠎ᠤᠨ ᠠᠬᠢᠴᠨ ᠵᠢ ᠤᠢ᠌ᠯᠠᠭ᠋ᠠᠵᠤ ᠪᠠᠢ᠌ᠭ᠎ᠠ᠎ᠨᠢ 
    ᠮᠦᠰᠤᠨ ᠲᠡᠬᠡᠷᠡᠬᠢ ᠪᠡᠶ᠎ᠡ ᠵᠢᠨ ᠲᠠᠮᠢᠷ᠎ᠤᠨ ᠲᠦᠪ ᠪᠤᠯᠤᠨ ᠮᠦᠰᠤ ᠴᠠᠰᠤᠨ᠎ᠤ ᠲᠠᠮᠢᠷ᠎ᠤᠨ ᠰᠤᠷᠭ᠋ᠠᠭᠤᠯᠢ ᠸᠠᠡᠭ ᠯᠢ ᠰᠢᠶᠨ  ᠡᠬᠢᠯᠡᠯᠳᠡ ᠵᠢᠨ ᠶᠤᠰᠤᠯᠠᠯ᠎ᠤᠨ ᠪᠡᠯᠡᠳᠬᠡᠯ᠂ ᠵᠢᠯᠤᠭᠤᠳᠬᠤ ᠰᠢᠰᠲᠸᠮ᠎ᠤᠨ ᠡᠵᠡᠡᠭᠨᠡᠯᠳᠡ ᠪᠤᠯᠤᠨ ᠠᠷᠤ ᠲᠠᠯ᠎ᠠ ᠵᠢᠨ ᠠᠵᠢᠯ᠎ᠤᠨ ᠪᠠᠳᠤᠯᠠᠭ᠎ᠠ ᠵᠢ ᠦᠵᠡᠬᠦ᠎ᠳᠤ᠎ᠪᠠᠨ᠄ 《ᠪᠤᠳᠠᠳᠠᠢ᠌ᠴᠢᠯᠠᠬᠰᠠᠨ ᠰᠤᠷᠢᠯᠳᠠ ᠬᠢᠵᠤ᠂ ᠨᠠᠷᠢᠯᠢᠭ ᠵᠦᠢ᠍ᠢ᠍ᠯᠡᠰ᠎ᠢ ᠤᠯᠠᠨ ᠨᠠᠷᠢᠯᠢᠬ᠍ᠵᠢᠭᠤᠯᠵᠤ᠂ ᠵᠢᠯᠤᠭᠤᠳᠬᠤ ᠲᠦᠪ᠎ᠢ ᠡᠷᠳᠡᠬᠡᠨ ᠠᠰᠢᠬᠯᠠᠯᠳᠠ᠎ᠳᠤ ᠤᠷᠤᠭᠤᠯᠤᠨ᠂ ᠡᠵᠡᠡᠭᠨᠡᠯᠳᠡ ᠵᠢᠨ ᠶᠠᠪᠤᠴᠨ᠎ᠳᠤ ᠠᠰᠠᠭᠤᠳᠠᠯ᠎ᠢ ᠢᠯᠡᠷᠡᠬᠦᠯᠵᠤ ᠪᠠᠢ᠌ᠭ᠋ᠠᠳ ᠲᠤᠬᠢᠷᠠᠭᠤᠯᠤᠨ ᠰᠢᠯᠢᠳᠡᠭᠵᠢᠬᠦᠯᠬᠦ ᠬᠡᠷᠡᠭᠳᠡᠢ》 ᠭᠡᠵᠤ ᠴᠢᠬᠤᠯᠠᠴᠢᠯᠠᠯ᠎ᠠ᠃

W020231207329651993003_ORIGIN.jpg


    ᠸᠠᠡᠭ ᠯᠢ ᠰᠢᠶᠨ 12 ᠳ᠋ᠤᠭ᠋ᠠᠷ ᠰᠠᠷ᠎ᠠ ᠵᠢᠨ 6᠎ᠤ ᠡᠳᠤᠷ 《ᠠᠷᠪᠠᠨ ᠲᠦᠷᠪᠡᠳᠤᠬᠡᠷ ᠬᠤᠭᠤᠴᠠᠭ᠋ᠠᠨ᠎ᠤ ᠪᠦᠬᠦ ᠤᠯᠤᠰ᠎ᠤᠨ ᠡᠪᠤᠯ᠎ᠤᠨ ᠪᠡᠶ᠎ᠡ ᠵᠢᠨ ᠲᠠᠮᠢᠷ᠎ᠤᠨ ᠤᠷᠤᠯᠳᠤᠭ᠋ᠠᠨ》᠎ᠤ ᠡᠵᠡᠡᠭᠨᠡᠯᠳᠡ ᠵᠢ ᠵᠢᠯᠤᠭᠤᠳᠤᠨ ᠵᠤᠬᠢᠴᠠᠭᠤᠯᠬᠤ ᠲᠦᠪ᠎ᠲᠤ ᠪᠦᠳᠤᠬᠡᠨ ᠪᠠᠢ᠌ᠭᠤᠯᠤᠯᠳᠠ ᠪᠠ ᠡᠵᠡᠡᠭᠨᠡᠯᠳᠡ ᠵᠢᠨ ᠪᠠᠢ᠌ᠳᠠᠯ᠎ᠢ ᠪᠠᠢ᠌ᠴᠠᠭ᠋ᠠᠨ ᠰᠤᠳᠤᠯᠵᠤ ᠪᠠᠢ᠌ᠭ᠎ᠠ᠎ᠨᠢ 

W020231207329652017930_ORIGIN.jpg


    ᠸᠠᠡᠭ ᠯᠢ ᠰᠢᠶᠨ 12 ᠳ᠋ᠤᠭ᠋ᠠᠷ ᠰᠠᠷ᠎ᠠ ᠵᠢᠨ 6᠎ᠤ ᠡᠳᠤᠷ ᠬᠠᠢ᠌ᠯᠠᠷ᠎ᠲᠤ 《ᠠᠷᠪᠠᠨ ᠲᠦᠷᠪᠡᠳᠤᠬᠡᠷ ᠬᠤᠭᠤᠴᠠᠭ᠋ᠠᠨ᠎ᠤ ᠪᠦᠬᠦ ᠤᠯᠤᠰ᠎ᠤᠨ ᠡᠪᠤᠯ᠎ᠤᠨ ᠪᠡᠶ᠎ᠡ ᠵᠢᠨ ᠲᠠᠮᠢᠷ᠎ᠤᠨ ᠤᠷᠤᠯᠳᠤᠭ᠋ᠠᠨ》᠎ᠤ ᠪᠡᠯᠡᠳᠬᠡᠯ ᠠᠵᠢᠯ᠎ᠤᠨ ᠲᠤᠬᠠᠢ ᠮᠡᠳᠡᠬᠦᠯᠤᠯᠳᠡ ᠵᠢ ᠰᠤᠨᠤᠰᠴᠤ ᠪᠠᠢ᠌ᠭ᠎ᠠ᠎ᠨᠢ 

     ᠪᠡᠯᠡᠳᠬᠡᠯ ᠠᠵᠢᠯ᠎ᠤᠨ ᠮᠡᠳᠡᠬᠦᠯᠤᠯᠳᠡ ᠵᠢ ᠰᠤᠨᠤᠰᠤᠬᠰᠠᠨ᠎ᠤ ᠲᠠᠷᠠᠭ᠎ᠠ ᠸᠠᠡᠭ ᠯᠢ ᠰᠢᠶᠨ᠄ 《ᠤᠯᠤᠰ᠎ᠤᠨ ᠲᠤᠮᠤ ᠤᠷᠤᠯᠳᠤᠭ᠋ᠠᠨ᠎ᠢ ᠡᠷᠬᠢᠯᠡᠬᠦ᠎ᠳᠤ ᠤᠯᠤᠰ᠎ᠤᠨ ᠲᠤᠮᠤ ᠤᠷᠤᠯᠳᠤᠭ᠋ᠠᠨ᠎ᠢ ᠡᠷᠬᠢᠯᠡᠬᠦ ᠶᠠᠡᠭᠵᠤ᠎ᠲᠠᠢ ᠪᠠᠢ᠌ᠬᠤ ᠬᠡᠷᠡᠭᠳᠡᠢ᠃ ᠡᠯ᠎ᠡ ᠤᠷᠤᠯᠳᠤᠭ᠋ᠠᠨ᠎ᠤ ᠲᠤᠭᠤᠷᠢᠭ᠂ ᠡᠯ᠎ᠡ ᠠᠵᠢᠯ᠎ᠤᠨ ᠬᠡᠯᠳᠡᠰ᠎ᠤᠨ᠎ᠬᠢᠨ ᠵᠤᠬᠰᠤᠴᠨ᠎ᠪᠠᠨ ᠤᠯᠠᠮ ᠲᠡᠭᠡᠭᠰᠢᠯᠡᠬᠦᠯᠵᠤ᠂ ᠪᠠᠢ᠌ᠯᠳᠤᠭ᠋ᠠᠨ᠎ᠤ ᠪᠠᠢ᠌ᠳᠠᠯ᠎ᠲᠠᠢ ᠪᠠᠢ᠌ᠬᠤ ᠵᠢ ᠴᠢᠡᠭᠭ᠋ᠠᠳᠬᠠᠵᠤ᠂ ᠤᠯᠨ ᠰᠠᠭᠤᠷᠢ᠎ᠲᠠᠢ ᠠᠵᠢᠯᠯᠠᠨ᠂ ᠡᠯ᠎ᠡ ᠵᠦᠢ᠍ᠯ᠎ᠤᠨ ᠪᠠᠢ᠌ᠷᠢᠯᠠᠭᠤᠯᠤᠯᠳᠠ ᠲᠤᠬᠢᠷᠠᠭᠤᠯᠤᠯᠳᠠ ᠵᠢᠨ ᠪᠦᠷᠢᠯᠳᠤᠵᠤ ᠲᠦᠬᠦᠷᠵᠢᠬᠦ ᠵᠢ ᠠᠬᠢᠭᠤᠯᠬᠤ ᠬᠡᠷᠡᠭᠳᠡᠢ᠃ ᠴᠠᠭ᠎ᠢ ᠡᠵᠡᠮᠳᠡᠵᠤ᠂ ᠪᠠᠷᠢᠯᠭ᠎ᠠ ᠵᠢᠨ ᠬᠤᠭᠤᠴᠠᠭ᠎ᠠ ᠵᠢ ᠲᠦᠷᠬᠡᠳᠬᠡᠨ᠂ ᠬᠡᠯᠡᠪᠡᠯ ᠬᠢᠬᠦ ᠬᠡᠷᠡᠭᠳᠡᠢ᠃ ᠨᠠᠷᠢᠯᠢᠭ ᠵᠦᠢ᠍ᠯ᠎ᠢ ᠲᠡᠭᠡᠭᠰᠢᠯᠡᠬᠦᠯᠬᠦ ᠠᠵᠢᠯ᠎ᠢ ᠴᠢᠡᠭᠭ᠎ᠠ ᠠᠳᠬᠤᠨ᠂ ᠢᠳᠡᠬᠡᠨ ᠤᠮᠳᠠᠭ᠋ᠠᠨ᠂ ᠠᠶᠤᠯ ᠦᠬᠡᠢ ᠵᠢᠨ ᠪᠠᠢ᠌ᠴᠠᠭ᠋ᠠᠯᠳᠠ᠂ ᠤᠬᠠᠭᠤᠯᠭ᠎ᠠ᠂ ᠬᠦᠯᠢᠶᠡᠨ ᠠᠪᠬᠤ ᠵᠡᠷᠬᠡ ᠵᠠᠡᠭᠭᠢᠯᠠᠭ᠎ᠠ ᠵᠢ ᠤᠯᠠᠮ ᠨᠠᠷᠢᠯᠢᠭ᠂ ᠤᠯᠠᠮ ᠨᠢᠮᠪᠠᠢ ᠠᠳᠬᠤᠬᠤ ᠬᠡᠷᠡᠭᠳᠡᠢ᠃ ᠠᠮᠤᠷ ᠲᠦᠪᠰᠢᠨ᠎ᠤ ᠬᠤᠷᠢᠭ᠎ᠠ ᠵᠢ ᠰᠠᠢ᠌ᠳᠤᠷ ᠰᠠᠬᠢᠵᠤ ᠵᠠᠮ ᠬᠠᠷᠢᠯᠴᠠᠭ᠎ᠠ᠂ ᠡᠮ ᠲᠠᠡᠭ᠂ ᠤᠷᠤᠯᠳᠤᠭ᠋ᠠᠨ᠎ᠤ ᠲᠠᠯᠠᠪᠠᠢ᠂ ᠭᠠᠯ᠎ᠢ ᠰᠡᠷᠬᠡᠢ᠌ᠯᠡᠬᠦ ᠵᠡᠷᠬᠡ ᠵᠠᠡᠭᠬᠢᠯᠠᠭ᠎ᠠ ᠵᠢᠨ ᠲᠦᠭᠰᠢᠬᠦᠷᠢ ᠵᠢ ᠬᠡᠮ ᠰᠤᠭᠤᠭ᠎ᠢ ᠦᠨᠡᠨ ᠬᠦ᠌ ᠪᠠᠢ᠌ᠴᠠᠭ᠋ᠠᠨ᠂ ᠦᠨᠡᠨ ᠬᠦ᠌ ᠴᠡᠭᠴᠡᠯᠡᠵᠤ᠂ ᠠᠰᠠᠭᠤᠳᠠᠯ᠎ᠢ ᠪᠦᠬᠦᠨ᠎ᠢ ᠤᠬᠤᠴᠢᠯᠠᠨ ᠭᠠᠷᠭ᠋ᠠᠵᠤ᠂ ᠲᠤᠢ᠌ᠯᠪᠤᠷᠢᠳᠠᠢ ᠵᠠᠰᠠᠬᠤ ᠵᠢ ᠪᠠᠳᠤᠯᠠᠬᠤ ᠬᠡᠷᠡᠭᠳᠡᠢ᠃》 ᠭᠡᠵᠤ ᠴᠢᠬᠤᠯᠠᠴᠢᠬᠠᠰᠠᠨ ᠪᠠᠢ᠌ᠨ᠎ᠠ᠃  ᠡᠯ᠎ᠡ ᠲᠠᠯ᠎ᠠ ᠵᠢᠨ᠎ᠬᠢᠨ᠎ᠤ ᠬᠠᠷᠢᠭᠤᠴᠠᠯᠭ᠎ᠠ ᠵᠢ ᠪᠤᠳᠠᠳᠠᠢ᠌ᠵᠢᠭᠤᠯᠵᠤ᠂ ᠠᠰᠠᠭᠤᠳᠠᠯ᠎ᠢ ᠭᠠᠷᠠᠭ ᠪᠦᠷᠢ ᠰᠢᠯᠤᠭᠤᠳᠬᠠᠨ᠂ ᠬᠦᠮᠦᠨ ᠪᠤᠯᠭ᠋ᠠᠨ᠎ᠳᠤ ᠨᠠᠢ᠌ᠳᠠᠪᠤᠷᠢᠵᠢᠭᠤᠯᠵᠤ᠂ ᠬᠠᠷᠢᠭᠤᠴᠠᠯᠭ᠎ᠠ ᠵᠢ ᠲᠡᠰ ᠲᠡᠰ ᠵᠶ᠋ᠡᠷ ᠰᠢᠯᠵᠢᠬᠦᠯᠬᠦ᠂ ᠲᠤᠰᠢᠶᠠᠪᠠᠯ ᠲᠠᠭᠤᠰᠴᠢᠬᠠᠵᠤ ᠪᠤᠯᠬᠤ ᠦᠬᠡᠢ᠃ ᠬᠦᠯᠤᠨ ᠪᠤᠢ᠌ᠷ ᠬᠤᠳᠠ ᠵᠢᠨ᠎ᠬᠢᠨ ᠪᠦᠬᠦ ᠲᠠᠯ᠎ᠠ᠎ᠪᠠᠷ ᠦᠨᠳᠤᠰᠤᠨ᠎ᠠᠴᠠ ᠪᠠᠳᠤᠯᠠᠵᠤ᠂ ᠲᠦᠬᠦᠮ ᠠᠪᠰᠠᠷ᠂ ᠠᠮᠤᠷ ᠲᠦᠪᠰᠢᠨ᠂ ᠦᠵᠡᠮᠤᠷᠢ᠎ᠲᠠᠢ᠂ ᠠᠷᠢᠭᠤᠨ ᠴᠢᠭᠴᠢ ᠡᠪᠤᠯ᠎ᠤᠨ ᠪᠡᠶ᠎ᠡ ᠵᠢᠨ ᠲᠠᠮᠢᠷ᠎ᠤᠨ ᠦᠪᠡᠳᠡᠰᠢ ᠤᠷᠤᠯᠳᠤᠭ᠋ᠠᠨ ᠡᠷᠬᠢᠯᠡᠬᠦ ᠵᠢ ᠪᠠᠳᠤᠯᠠᠬᠤ ᠬᠡᠷᠡᠭᠳᠡᠢ》 ᠭᠡᠵᠤ ᠴᠢᠬᠤᠯᠠᠴᠢᠯᠠᠬᠰᠠᠨ ᠪᠠᠢ᠌ᠨ᠎ᠠ᠃



  







   

 

ᠢᠷᠡᠯᠲᠡ᠄ ᠦᠪᠤᠷ ᠮᠤᠡᠭᠭᠤᠯ᠎ᠤᠨ ᠦᠪᠡᠷᠳᠡᠬᠡᠨ ᠵᠠᠰᠠᠬᠤ ᠤᠷᠤᠨ᠎ᠤ ᠠᠷᠠᠳ᠎ᠤᠨ ᠶᠠᠪᠤᠳᠠᠯ᠎ᠤᠨ ᠲᠢᠡᠭᠬᠢᠮ᠎ᠤᠨ ᠮᠤᠡᠭᠭᠤᠯ ᠰᠦᠯᠵᠢᠶ᠎ᠡ
          
ᠬᠠᠮᠢᠶ᠎ᠡ ᠪᠦᠬᠦᠢ ᠰᠣᠨᠢᠨ
ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ ᠵᠢᠨ ᠪᠠᠢ᠌ᠩᠭᠤ ᠵᠢᠨ ᠬᠣᠷᠢᠶ᠎ᠠ ᠬᠤᠷᠠᠯ ᠬᠤᠷᠠᠯᠳᠤᠭᠤᠯᠵᠤ ᠲᠥᠪ᠎ᠤᠨ ᠠᠵᠤ ᠠᠬᠤᠢ ᠵᠢᠨ ᠠᠵᠢᠯ᠎ᠤᠨ ᠬᠤᠷᠠᠯ᠎ᠤᠨ ᠵᠣᠷᠢᠭ ᠰᠠᠨᠠᠭ᠎ᠠ ᠵᠢ ᠰᠤᠷᠤᠯᠴᠠᠨ ᠲᠤᠭᠤᠰᠢᠯᠠᠭᠤᠯᠪᠠ ᠰᠦᠨ ᠱᠤᠤ ᠴᠧᠩ ᠬᠤᠷᠠᠯ᠎ᠢ ᠡᠷᠬᠢᠯᠡᠵᠡᠢ
ᠦᠪᠤᠷ ᠮᠤᠡᠭᠭᠤᠯ᠎ᠤᠨ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ ᠵᠢᠨ ᠪᠠᠢ᠌ᠩᠭᠤ ᠵᠢᠨ ᠬᠣᠷᠢᠶ᠎ᠠ ᠥᠷᠭᠡᠳᠬᠡᠭᠰᠡᠨ ᠬᠤᠷᠠᠯ ᠬᠤᠷᠠᠯᠳᠤᠭᠤᠯᠵᠤ᠂ ᠡᠯ᠎ᠡ ᠠᠢ᠌ᠮᠠᠭ ᠬᠤᠳᠠ ᠵᠢᠨ ᠨᠠᠮ᠎ᠤᠨ ᠬᠣᠷᠢᠶ᠎ᠠ ᠪᠣᠯᠣᠨ ᠥᠪᠡᠷᠲᠡᠭᠡᠨ ᠵᠠᠰᠠᠬᠤ ᠣᠷᠣᠨ᠎ᠤ ᠰᠢᠭᠤᠳ ᠬᠠᠷᠢᠶ᠎ᠠ ᠨᠠᠮ (ᠠᠵᠤ ᠠᠬᠤᠢ᠌ᠯᠠᠯ)᠎ᠤᠨ ᠬᠣᠷᠢᠶ᠎ᠠ ᠵᠢᠨ ᠱᠦᠵᠢ ᠵᠢᠨ ᠦᠨᠳᠦᠰᠦᠨ ᠱᠠᠲᠤᠨ᠎ᠤ ᠨᠠᠮ᠎ᠤᠨ ᠪᠠᠢ᠌ᠭᠤᠯᠤᠯᠲᠠ ᠵᠢᠨ ᠠᠵᠢᠯ᠎ᠢ ᠠᠳᠬᠤᠭᠰᠠᠨ ᠠᠵᠢᠯ᠎ᠤᠨ ᠮᠡᠳᠡᠭᠦᠯᠦᠯᠲᠡ ᠵᠢ ᠰᠣᠨᠣᠰᠪᠠ
 
            