6 ᠳ᠋ᠤᠭ᠋ᠠᠷ ᠰᠠᠷ᠎ᠠ ᠵᠢᠨ 19᠎ᠤ ᠡᠳᠦᠷ ᠬᠢᠩᠭ᠋ᠠᠨ ᠠᠶ᠋ᠢᠮᠠᠭ᠎ᠤᠨ ᠳᠤᠰᠠᠯᠠᠮᠵᠢ ᠵᠢᠨ ᠬᠠᠮᠢᠶᠠᠷᠤᠯᠲᠠ ᠵᠢᠨ ᠥᠷᠲᠡᠭᠡ 《ᠪᠢᠯᠬᠠᠮ᠎ᠠ ᠬᠠᠶ᠋ᠢᠷ᠎ᠠ᠎ᠪᠠᠷ ᠲᠥᠷᠥᠯ ᠰᠠᠳᠤᠨ ᠵᠶ᠋ᠠᠨ ᠡᠷᠢᠵᠦ᠂ ᠪᠠᠶᠠᠷ ᠬᠦᠷ᠎ᠲᠠᠢ ᠨᠠᠢ᠌ᠷᠰᠠᠭ ᠰᠠᠢ᠌ᠬᠠᠨ ᠠᠮᠢᠳᠤᠷᠠᠬᠤ》 ᠭᠣᠤᠯ ᠰᠡᠳᠦᠪᠲᠦ ᠪᠥᠬᠥ ᠤᠯᠤᠰ᠎ᠤᠨ ᠨᠠᠢ᠍ᠮᠠᠳᠤᠭ᠋ᠠᠷ ᠤᠳᠠᠭ᠋ᠠᠨ᠎ᠤ ᠳᠤᠰᠠᠯᠠᠮᠵᠢ ᠵᠢᠨ ᠪᠠᠶ᠋ᠢᠭᠤᠯᠤᠮᠵᠢ ᠵᠢᠨ 《ᠨᠡᠭᠡᠭᠡᠯᠲᠡ ᠵᠢᠨ ᠡᠳᠦᠷ》᠎ᠤᠨ ᠠᠵᠢᠯᠯᠠᠭ᠎ᠠ ᠵᠢ ᠡᠷᠭᠢᠯᠡᠪᠡ᠃

ᠲᠤᠰ ᠤᠳᠠᠭ᠋ᠠᠨ᠎ᠤ 《ᠨᠡᠭᠡᠭᠡᠯᠲᠡ ᠵᠢᠨ ᠡᠳᠦᠷ》᠎ᠤᠨ ᠠᠵᠢᠯᠯᠠᠭ᠎ᠠ ᠵᠢ ᠡᠷᠬᠢᠯᠡᠵᠦ ᠪᠠᠢ᠌ᠭ᠎ᠠ ᠵᠢᠨ ᠤᠴᠢᠷ ᠪᠣᠯ ᠬᠣᠲᠠ ᠵᠢᠨ ᠠᠷᠠᠳ᠎ᠲᠤ ᠨᠡᠢ᠌ᠬᠡᠮ᠎ᠤᠨ ᠳᠤᠰᠠᠯᠠᠮᠵᠢ ᠵᠢᠨ ᠬᠠᠮᠢᠶᠠᠷᠤᠯᠲᠠ ᠪᠣᠯᠤᠨ ᠬᠡᠤᠬᠡᠳ᠎ᠢ ᠬᠠᠢ᠌ᠷᠠᠯᠠᠨ ᠬᠠᠮᠠᠭ᠋ᠠᠯᠠᠬᠤ ᠠᠵᠢᠯ᠎ᠢ ᠨᠡᠩ ᠭᠦᠨᠵᠡᠭᠡᠶ ᠣᠶ᠋ᠢᠯᠠᠭ᠋ᠠᠭᠤᠯᠵᠤ ᠲᠠᠨᠢᠭᠤᠯᠬᠤ ᠭᠡᠰᠡᠨ᠎ᠳᠤ ᠣᠷᠣᠰᠢᠨ᠎ᠠ᠃
