ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠡᠶ᠋ᠢᠭᠡᠮ ᠰᠡᠳᠬᠦᠯ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠢᠨ ᠮᠡᠳᠡᠭᠡ   -   ᠵᠢᠷᠤᠬᠲᠦ᠍ ᠨᠡᠶ᠋ᠢᠳᠡᠯᠡᠯ
《〈ᠰᠡᠳᠬᠢᠯ᠎ᠢ᠎ᠨᠢ ᠤᠮᠳᠠᠯᠠᠨ ᠬᠡᠤᠬᠡᠤᠨ᠎ᠤᠨ ᠦᠰᠦᠨ ᠪᠣᠶ᠋ᠢᠵᠢᠯᠲᠠ ᠵᠢ ᠬᠠᠮᠠᠭ᠋ᠠᠯᠠᠬᠤ〉 ᠭᠣᠣᠯ ᠰᠡᠳᠦᠪᠲᠦ ᠠᠵᠢᠯᠯᠠᠭ᠎ᠠ — ᠪᠠᠶᠠᠨᠨᠠᠭᠤᠷ ᠬᠣᠲᠠ ᠵᠢᠨ᠎ᠬᠢᠨ 《ᠰᠡᠳᠬᠢᠯ᠎ᠢ᠎ᠨᠢ ᠤᠮᠳᠠᠯᠠᠨ ᠬᠡᠤᠬᠡᠤᠨ᠎ᠤᠨ ᠦᠰᠦᠨ ᠪᠣᠶ᠋ᠢᠵᠢᠯᠲᠠ ᠵᠢ ᠬᠠᠮᠠᠭ᠋ᠠᠯᠠᠶ᠎ᠠ》 ᠭᠡᠬᠦ ᠰᠢᠷᠢᠰ ᠭᠣᠣᠯ ᠰᠡᠳᠦᠪᠲᠦ ᠠᠵᠢᠯᠯᠠᠭ᠎ᠠ ᠵᠢ ᠥᠷᠨᠢᠭᠦᠯᠵᠦ᠂ ᠬᠠᠢ᠌ᠷ᠎ᠠ᠎ᠪᠠᠷ ᠬᠡᠦᠬᠡᠳ᠎ᠤᠨ ᠦᠰᠦᠨ ᠪᠣᠶ᠋ᠢᠵᠢᠯᠲᠠ ᠵᠢ ᠬᠠᠮᠠᠭ᠋ᠠᠯᠠᠵᠤ ᠪᠠᠢ᠌ᠨ᠎ᠠ
ᠨᠡᠶᠢᠲᠡᠯᠡᠭᠰᠡᠨ ᠴᠠᠭ᠄ 2025-06-10

   ᠪᠠᠶᠠᠨᠨᠠᠭᠤᠷ ᠬᠤᠳᠠ ᠵᠢᠨ᠎ᠬᠢᠨ ᠰᠢ ᠵᠢᠨ ᠫᠢᠩ ᠶᠡᠷᠦᠩᠬᠡᠢ ᠱᠦᠵᠢ ᠵᠢᠨ ᠪᠠᠭ᠋ᠠᠴᠤᠳ ᠬᠡᠦᠬᠡᠳ ᠎ᠤᠨ ᠠᠵᠢᠯ ᠎ᠤᠨ ᠲᠤᠬᠠᠢ ᠴᠢᠬᠤᠯᠠ ᠥᠭᠦᠯᠡᠯᠲᠡ ᠵᠢ ᠭᠦᠨᠵᠡᠭᠡᠢ ᠨᠠᠢ᠌ᠳᠠᠪᠤᠷᠢᠵᠢᠭᠤᠯᠵᠤ᠂ ᠬᠡᠦᠬᠡᠳ᠎ᠢ ᠬᠥᠭᠵᠢᠭᠦᠯᠬᠦ ᠠᠵᠢᠯ᠎ᠢ ᠤᠷᠢᠳ ᠵᠶ᠋ᠡᠷ ᠬᠢᠬᠦ ᠪᠠ ᠬᠡᠦᠬᠡᠳ᠎ᠲᠤ ᠬᠠᠮᠤᠭ ᠎ᠤᠨ ᠠᠰᠢᠭᠲᠠᠢ ᠪᠠᠢ᠌ᠬᠤ ᠵᠠᠷᠴᠢᠮ ᠎ᠢ  ᠤᠯᠠᠮ ᠲᠤᠭᠤᠰᠢᠯᠠᠭᠤᠯᠬᠤ ᠵᠢᠨ ᠲᠥᠯᠥᠭᠡ ᠪᠠᠶᠠᠨᠨᠠᠭᠤᠷ ᠬᠤᠳᠠ 《ᠰᠡᠳᠬᠢᠯ᠎ᠢ᠎ᠨᠢ ᠤᠮᠳᠠᠯᠠᠨ ᠬᠡᠤᠬᠡᠤᠨ᠎ᠤᠨ ᠦᠰᠦᠨ ᠪᠣᠶ᠋ᠢᠵᠢᠯᠲᠠ ᠵᠢ ᠬᠠᠮᠠᠭ᠋ᠠᠯᠠᠶ᠎ᠠ》 ᠭᠡᠬᠦ ᠰᠢᠷᠢᠰ ᠭᠣᠣᠯ ᠰᠡᠳᠦᠪᠲᠦ ᠠᠵᠢᠯᠯᠠᠭ᠎ᠠ ᠥᠷᠨᠢᠭᠦᠯᠵᠦ᠂ ᠨᠡᠢ᠍ᠢ᠍ᠳᠡ ᠵᠢᠨ ᠠᠰᠠᠷᠠᠮᠵᠢ ᠵᠢᠨ ᠲᠤᠯᠠᠭ᠋ᠠᠴᠨ ᠵᠢ ᠳᠠᠮᠵᠢᠭᠤᠯᠵᠤ  ᠨᠡᠢ᠌ᠭᠡᠮ ᠎ᠤᠨ ᠬᠦᠴᠦᠨ ᠎ᠢ ᠨᠢᠭᠲᠠᠷᠠᠭᠤᠯᠵᠤ ᠪᠠᠢ᠌ᠭ᠋ᠠᠳ ᠬᠡᠦᠬᠡᠳ ᠎ᠤᠨ ᠡᠷᠡᠭᠦᠯ ᠵᠢᠨᠷ ᠦᠰᠦᠨ  ᠪᠤᠢ᠌ᠵᠢᠯᠳᠠ ᠵᠢ ᠬᠠᠮᠳᠤ᠎ᠪᠠᠷ ᠬᠠᠮᠠᠭ᠋ᠠᠯᠠᠵᠤ ᠪᠠᠢ᠌ᠨ᠎ᠠ᠃

微信图片_20250616094022.jpg

 


    ᠪᠠᠶᠠᠨᠨᠠᠭᠤᠷ ᠬᠤᠳᠠ ᠵᠢᠨ ᠬᠡᠦᠬᠡᠳ᠎ᠤᠨ ᠠᠰᠠᠷᠠᠮᠵᠢ ᠵᠢᠨ ᠬᠦᠷᠢᠶᠡᠯᠡᠩ᠎ᠤᠨ ᠬᠡᠦᠬᠡᠳ᠎ᠤᠳ ᠪᠠᠶᠠᠷ᠎ᠤᠨ ᠡᠳᠦᠷ᠎ᠤᠨ ᠭᠣᠶᠣᠯᠠᠯ ᠵᠶ᠋ᠠᠨ ᠡᠮᠦᠰᠴᠦ᠂ 《ᠬᠡᠷᠡᠯᠳᠤ ᠢᠷᠡᠭᠡᠳᠦᠢ》᠂ 《ᠲᠡᠪᠡᠷᠢᠯᠲᠡ》᠂ 《ᠥᠨᠢ ᠡᠭᠦᠷᠢᠳᠡ ᠡᠷᠡᠭᠦᠯ ᠲᠡᠩᠬᠡᠯᠡᠭᠦᠨ》 ᠵᠡᠷᠭᠡ ᠲᠣᠭᠯᠠᠯᠲᠠ ᠵᠢ ᠲᠣᠭᠯᠠᠵᠤ᠂ ᠬᠡᠦᠬᠡᠳ᠎ᠤᠳ ᠨᠢᠯᠬᠠᠰᠠᠭ ᠲᠣᠭᠯᠠᠯᠲᠠ᠎ᠪᠠᠷ ᠵᠶ᠋ᠠᠨ ᠪᠠᠶᠠᠰᠤᠩᠭᠤᠢ ᠥᠭᠡᠳᠡᠷᠬᠡᠭ ᠤᠶᠤᠨ ᠰᠠᠨᠠᠭ᠋ᠠᠨ᠎ᠤ ᠳᠦᠷᠰᠦ ᠪᠠᠢ᠌ᠳᠠᠯ᠎ᠢ ᠳᠠᠮᠵᠢᠭᠤᠯᠵᠤ᠂ ᠨᠢᠵᠢᠭᠢᠨᠡᠲᠡᠯ᠎ᠡ ᠠᠯᠠᠭ᠎ᠠ ᠲᠡᠰᠢᠯᠲᠡ ᠪᠠ ᠮᠠᠭᠲᠠᠭ᠋ᠠᠯ ᠰᠠᠢ᠌ᠰᠢᠶᠠᠯ᠎ᠢ ᠣᠯᠪᠠ᠃ 《ᠢᠯᠠᠭᠳᠠᠰᠢ ᠦᠭᠡᠢ ᠭᠠᠯᠲᠤ ᠬᠦᠷᠳᠦ》᠂ 《ᠵᠡᠬᠦᠨᠰᠢ ᠪᠠᠷᠠᠭᠤᠨᠰᠢ ᠬᠣᠢ᠌ᠰᠢ᠎ᠪᠠᠨ ᠭᠦᠶᠦᠬᠦ》᠂ 《ᠮᠦᠬᠡᠷᠰᠤᠨ ᠪᠥᠮᠪᠥᠭᠡ ᠲᠠᠮᠵᠢᠭᠤᠯᠬᠤ》 ᠵᠡᠷᠭᠡ ᠰᠣᠨᠢᠷᠬᠠᠯᠲᠠᠢ ᠲᠣᠭᠯᠠᠭ᠋ᠠᠮ᠎ᠨᠢ ᠤᠷᠮ᠎ᠠ ᠵᠣᠷᠢᠭ᠎ᠢ ᠬᠥᠭᠵᠢᠭᠡᠵᠦ᠂ ᠭᠠᠷ ᠨᠢᠳᠦᠨ᠎ᠤ ᠵᠣᠬᠢᠴᠠᠭᠤᠯᠬᠤ ᠴᠢᠳᠠᠪᠤᠷᠢ ᠵᠢ᠎ᠨᠢ ᠪᠣᠯᠪᠠᠰᠤᠷᠠᠭᠤᠯᠵᠤ᠂ ᠬᠡᠦᠬᠡᠳ᠎ᠤᠳ᠎ᠢ ᠭᠦᠶᠦᠯᠳᠦᠨ ᠬᠠᠮᠵᠢᠯᠴᠠᠬᠤ ᠳᠤᠮᠳᠠ ᠬᠠᠮᠲᠤᠷᠠᠯᠴᠠᠭ᠋ᠠᠨ᠎ᠤ ᠤᠬᠠᠮᠰᠠᠷ᠎ᠢ᠎ᠨᠢ ᠬᠦᠮᠤᠵᠢᠬᠦᠯᠪᠡ᠃
   ᠦᠳᠡ᠎ᠳᠤ ᠬᠡᠦᠬᠡᠳ᠎ᠤᠨ ᠠᠰᠠᠷᠠᠮᠵᠢ ᠵᠢᠨ ᠬᠦᠷᠢᠶᠡᠯᠡᠩ᠎ᠤᠨ ᠠᠵᠢᠯᠲᠠᠳ ᠬᠡᠦᠬᠡᠳ ᠵᠶ᠋ᠡᠨ ᠳᠠᠭ᠋ᠠᠭᠤᠯᠤᠨ ᠳᠠᠯᠠᠢ ᠵᠢᠨ ᠢᠳᠡᠭᠡᠨ᠎ᠤ ᠥᠪᠡᠷᠲᠡᠭᠡᠨ ᠦᠢ᠍ᠯᠡᠴᠢᠯᠡᠬᠦ ᠢᠳᠡᠭᠡᠨ᠎ᠢ ᠰᠣᠨᠢᠷᠬᠠᠭᠤᠯᠵᠤ᠂ ᠬᠡᠦᠬᠡᠳ᠎ᠤᠳ ᠫᠢᠯᠨ ᠲᠦᠬᠦᠷᠡᠡᠭ ᠢᠳᠡᠭᠡᠨ᠎ᠲᠠᠢ ᠫᠢᠯᠠ ᠵᠢ ᠡᠷᠭᠦᠨ ᠢᠨᠢᠶᠡᠮᠰᠦᠭᠯᠡᠬᠦ᠎ᠳᠤ ᠳᠠᠯᠠᠢ ᠵᠢᠨ ᠢᠳᠡᠭᠡᠨ᠎ᠤ ᠦᠨᠦᠷ  ᠬᠠᠡᠭᠬᠤᠯᠬᠤ᠎ᠪᠠᠷ ᠪᠠᠷᠠᠬᠤ ᠦᠭᠡᠢ᠂ ᠨᠡᠩ ᠴᠤ᠌ 《ᠠᠢ᠌ᠯ ᠪᠦᠯᠢ》 ᠵᠢᠨ ᠬᠠᠯᠠᠭᠤᠨ ᠳᠤᠯᠠᠭ᠋ᠠᠨ ᠠᠭᠤᠷ ᠠᠮᠢᠰᠬᠤᠯ ᠪᠢᠯᠬᠠᠬᠤ ᠪᠢᠯᠨ᠃

 



    ᠪᠠᠶᠠᠨᠨᠠᠭᠤᠷ ᠬᠤᠳᠠ ᠵᠢᠨ ᠠᠮᠢ ᠠᠬᠤᠢ ᠵᠢᠨ ᠬᠠᠮᠠᠭ᠋ᠠᠯᠠᠯᠲᠠ ᠵᠢᠨ ᠲᠥᠪ᠎ᠤᠨ᠎ᠬᠢᠨ ᠪᠠᠶᠠᠨᠨᠠᠭᠤᠷ ᠬᠤᠳᠠ ᠵᠢᠨ ᠠᠷᠠᠳ᠎ᠤᠨ ᠶᠠᠪᠤᠳᠠᠯ᠎ᠤᠨ ᠲᠣᠪᠴᠢᠶ᠎ᠠ᠂ ᠬᠤᠳᠠ ᠲᠣᠭᠣᠷᠢᠭ ᠬᠣᠶᠠᠷ ᠱᠠᠲᠤᠨ᠎ᠤ ᠵᠡᠮᠳᠡᠭᠴᠦᠳ᠎ᠤᠨ ᠬᠣᠯᠪᠣᠭ᠎ᠠ᠂ ᠪᠠᠶᠠᠨᠨᠠᠭᠤᠷ ᠬᠤᠳᠠ ᠵᠢᠨ ᠨᠢᠭᠦᠯᠡᠰᠦᠩᠭᠦᠢ ᠵᠢᠨ ᠦᠢ᠍ᠯᠡᠰ᠎ᠤᠨ ᠬᠣᠯᠪᠣᠭ᠋ᠠᠲᠤ ᠬᠤᠷᠠᠯ ᠂ ᠪᠠᠶᠠᠨᠨᠠᠭᠤᠷ ᠬᠤᠳᠠ ᠵᠢᠨ ᠠᠰᠠᠷᠠᠮᠵᠢ ᠵᠢᠨ ᠱᠠᠡᠭᠨᠠᠯᠳᠤ ᠰᠤᠭᠤᠯᠤᠭ᠎ᠠ ᠵᠢᠨ ᠲᠥᠪ ᠵᠡᠷᠭᠡ ᠰᠠᠯᠠᠭ᠎ᠠ ᠮᠥᠴᠢᠷ᠎ᠤᠨ᠎ᠲᠠᠢ ᠬᠠᠮᠲᠤᠷᠠᠨ ᠰᠢᠷᠢᠰ ᠠᠵᠢᠯᠯᠠᠭ᠎ᠠ ᠥᠷᠨᠢᠭᠦᠯᠪᠡ᠃ ᠯᠢᠨ ᠾᠧ ᠲᠣᠭᠣᠷᠢᠭ᠎ᠤᠨ ᠤᠷᠭᠤᠮᠠᠯ᠎ᠤᠨ ᠬᠦᠷᠢᠶᠡᠯᠡᠩ᠎ᠳᠤ 《ᠬᠡᠤᠬᠡᠳ᠎ᠲᠠᠢ᠎ᠪᠠᠨ ᠬᠦᠳᠤᠯᠤᠯᠴᠡᠨ ᠰᠡᠯᠡᠬᠦᠴᠡᠶ᠎ᠡ》 ᠭᠡᠬᠦ ᠭᠣᠣᠯ ᠰᠡᠳᠦᠪᠲᠦ ᠠᠵᠢᠯᠯᠠᠭ᠎ᠠ ᠥᠷᠨᠢᠭᠦᠯᠪᠡ᠃  ᠣᠶᠤᠨ᠎ᠤ ᠰᠠᠭ᠋ᠠᠳ᠎ᠲᠠᠢ 20  ᠬᠡᠦᠬᠡᠳ ᠪᠠ ᠭᠡᠷ᠎ᠤᠨ ᠠᠬᠠᠮᠠᠳ ᠤᠷᠭᠤᠮᠠᠯ᠎ᠤᠨ ᠬᠡᠪ ᠵᠠᠭᠪᠤᠷ ᠦᠢ᠍ᠯᠡᠳᠬᠦ᠂ ᠪᠣᠳᠠᠰ᠎ᠤᠨ ᠪᠤᠰᠤ ᠰᠣᠶᠣᠯ᠎ᠤᠨ ᠥᠪ᠎ᠤᠨ ᠲᠣᠮᠣᠷᠠᠭᠤᠯᠤᠯ ᠵᠢᠷᠤᠭ᠎ᠤᠨ  ᠶᠠᠪᠤᠴᠨ ᠵᠢ ᠦᠵᠡᠵᠤ᠂ ᠳᠡᠪᠦᠷ᠎ᠡ ᠬᠠᠶᠠᠬᠤ᠂ ᠳᠤᠭᠤᠢ ᠤᠨᠤᠬᠤ ᠤᠷᠤᠯᠳᠤᠭ᠋ᠠᠨ ᠵᠡᠷᠭᠡ ᠰᠣᠨᠢᠷᠬᠠᠯᠲᠤ ᠲᠣᠭᠯᠠᠭ᠋ᠠᠮ ᠵᠶ᠋ᠠᠷ ᠳᠡᠮᠵᠢᠨ ᠬᠠᠷᠢᠭᠤ ᠲᠤᠰᠬᠠᠬᠤ ᠴᠢᠳᠠᠪᠤᠷᠢ ᠵᠢ᠎ᠨᠢ ᠳᠡᠭᠡᠭᠰᠢᠯᠡᠭᠦᠯᠪᠡ᠃ 《ᠬᠡᠦᠬᠡᠳ᠎ᠤᠨ ᠰᠡᠳᠬᠢᠯ ᠨᠠᠮ ᠵᠶ᠋ᠠᠨ ᠲᠠᠭ᠋ᠠᠵᠤ᠂  ᠦᠰᠦᠨ ᠪᠣᠶ᠋ᠢᠵᠢᠯᠲᠠ ᠵᠢ᠎ᠨᠢ ᠦᠨᠡᠨ ᠰᠡᠳᠬᠢᠯ ᠵᠶ᠋ᠡᠷ ᠬᠠᠮᠠᠭ᠋ᠠᠯᠠᠬᠤ》 ᠬᠠᠯᠠᠭᠤᠮᠰᠤᠭ ᠡᠵᠢ ᠭᠠᠷ ᠬᠣᠯᠪᠣᠯᠴᠠᠨ ᠬᠣᠣᠰᠯᠠᠬᠤ ᠠᠵᠢᠯᠯᠠᠭ᠎ᠠ ᠥᠷᠨᠢᠭᠦᠯᠵᠦ᠂ ᠭᠡᠷ᠎ᠲᠤ᠎ᠪᠠᠨ ᠬᠣᠴᠣᠷᠤᠭᠰᠠᠨ 10 ᠬᠡᠦᠬᠡᠳ᠂ ᠬᠦᠴᠢᠷᠳᠡᠯ᠎ᠳᠤ ᠲᠤᠯᠭ᠋ᠠᠷᠠᠭᠰᠠᠨ 10 ᠬᠡᠦᠬᠡᠳ᠎ᠲᠤ ᠨᠣᠮ ᠬᠤᠳᠠᠯᠳᠤᠨ ᠠᠪᠬᠤ ᠺᠠᠷᠲ ᠬᠠᠨᠳᠢᠪᠯᠡᠵᠤ᠂ ᠬᠡᠦᠬᠡᠳ᠎ᠤᠨ ᠨᠣᠮ ᠤᠩᠰᠢᠬᠤ᠎ᠪᠠᠷ ᠳᠠᠮᠵᠢᠭᠤᠯᠤᠨ ᠬᠠᠷᠠᠭ᠎ᠠ᠎ᠪᠠᠨ ᠥᠷᠭᠡᠳᠬᠡᠬᠦ ᠵᠢ ᠵᠤᠷᠢᠬ᠍ᠵᠢᠭᠤᠯᠪᠠ᠃ ᠥᠨᠥᠴᠢᠨ ᠵᠡᠮᠳᠡᠭ ᠬᠡᠦᠬᠡᠳ᠎ᠤᠨ ᠦᠢ᠍ᠯᠡᠴᠢᠯᠡᠭᠡᠨ᠎ᠤ ᠲᠥᠪ᠎ᠤᠨ᠎ᠬᠢᠨ᠎ᠲᠠᠢ ᠬᠠᠮᠲᠤᠷᠠᠨ ᠭᠣᠣᠯ ᠰᠡᠳᠦᠪᠲᠦ ᠠᠵᠢᠯᠯᠠᠭ᠎ᠠ ᠵᠢ ᠡᠷᠭᠢᠯᠡᠵᠦ᠂ ᠡᠷᠡᠭᠦᠯᠵᠢᠭᠦᠯᠦᠨ ᠨᠠᠢ᠌ᠳᠠᠨ ᠠᠰᠠᠷᠠᠭᠤᠯᠵᠤ ᠪᠠᠢ᠌ᠭ᠎ᠠ ᠥᠨᠥᠴᠢᠷᠡᠮᠡᠯ ᠬᠡᠮ᠎ᠲᠠᠢ᠂ ᠵᠡᠮᠳᠡᠭ ᠬᠡᠦᠬᠡᠳ᠎ᠲᠤ ᠠᠮᠢᠳᠤᠷᠠᠯ᠎ᠤᠨ ᠬᠡᠷᠡᠭᠰᠡᠯ᠂ ᠰᠤᠷᠤᠯᠭ᠎ᠠ ᠵᠢᠨ ᠬᠡᠷᠡᠭᠰᠡᠯ ᠵᠡᠷᠭᠡ ᠡᠳ᠋ ᠪᠣᠳᠠᠰ  ᠬᠠᠨᠳᠢᠪᠯᠠᠯ᠎ᠠ᠃ ᠪᠠᠶᠠᠨᠨᠠᠭᠤᠷ  ᠬᠣᠲᠠ ᠵᠢᠨ ᠠᠷᠠᠳ᠎ᠤᠨ ᠶᠠᠪᠤᠳᠠᠯ᠎ᠤᠨ ᠲᠣᠪᠴᠢᠶ᠎ᠠ᠂ ᠪᠠᠶᠠᠨᠨᠠᠭᠤᠷ ᠬᠣᠲᠠ ᠵᠢᠨ  ᠠᠰᠠᠷᠠᠮᠵᠢ ᠵᠢᠨ ᠱᠠᠡᠭᠨᠠᠯᠳᠤ ᠰᠤᠭᠤᠯᠤᠭ᠎ᠠ ᠵᠢᠨ ᠲᠥᠪ᠎ᠤᠨ᠎ᠬᠢᠨ ᠬᠠᠮᠲᠤᠷᠠᠨ ᠯᠢᠨ ᠾᠧ ᠲᠣᠭᠣᠷᠢᠭ᠎ᠤᠨ ᠪᠤᠷᠤ ᠪᠠᠯᠭ᠋ᠠᠰᠤ ᠪᠠᠯᠭ᠋ᠠᠰᠤᠨ᠎ᠳᠤ ᠬᠦᠷᠴᠦ᠂ ᠭᠡᠷ ᠎ᠲᠤ᠎ᠪᠠᠨ ᠬᠣᠴᠣᠷᠤᠭᠰᠠᠨ 20 ᠬᠡᠦᠬᠡᠳ᠂ ᠬᠦᠴᠢᠷᠳᠡᠯ᠎ᠳᠤ ᠲᠤᠯᠭ᠋ᠠᠷᠠᠭᠰᠠᠨ ᠬᠡᠦᠬᠡᠳ᠎ᠲᠤ ᠪᠢᠴᠢᠭ᠎ᠤᠨ ᠪᠣᠭᠴᠣ᠂ ᠪᠢᠴᠢᠭ᠎ᠤᠨ ᠬᠡᠷᠡᠭᠰᠡᠯ᠂ ᠨᠣᠮ ᠪᠢᠴᠢᠭ ᠵᠡᠷᠭᠡ 《ᠥᠴᠥᠬᠡᠨ ᠬᠦᠰᠡᠯ᠎ᠢ᠎ᠨᠢ ᠪᠡᠶᠡᠯᠡᠬᠦᠯᠬᠦ》 ᠪᠡᠯᠡᠭ ᠬᠦᠷᠭᠡᠬᠦ ᠵᠢᠨ ᠬᠠᠮᠲᠤ ᠨᠢᠭᠤᠷᠲᠠᠨ ᠶᠠᠷᠢᠯᠴᠠᠬᠤ᠎ᠪᠠᠷ  ᠲᠠᠮᠵᠢᠨ ᠬᠡᠦᠬᠡᠳ᠎ᠤᠨ ᠰᠤᠷᠤᠯᠭ᠎ᠠ ᠠᠮᠢᠳᠤᠷᠠᠯ᠎ᠤᠨ ᠬᠡᠷᠡᠭᠴᠡᠭᠡ ᠵᠢ ᠣᠢ᠌ᠯᠠᠭ᠋ᠠᠵᠤ᠂ ᠨᠠᠮ ᠪᠠ ᠵᠠᠰᠠᠭ᠎ᠤᠨ ᠣᠷᠳᠣᠨ᠎ᠤ ᠬᠠᠯᠠᠮᠵᠢ ᠵᠢ ᠪᠣᠳᠠᠲᠠᠢ ᠠᠵᠢᠯᠯᠠᠭ᠎ᠠ ᠪᠣᠯᠭ᠋ᠠᠨ ᠬᠤᠪᠢᠷᠠᠭᠤᠯᠵᠤ᠂ ᠬᠡᠦᠬᠡᠳ᠎ᠤᠨ ᠪᠣᠳᠠᠲᠠᠢ ᠬᠦᠴᠢᠷᠳᠡᠯ᠎ᠢ ᠦᠨᠡᠨ ᠬᠦ᠌ ᠰᠢᠢ᠍ᠳᠪᠤᠷᠢᠯᠡᠭᠰᠡᠨ ᠪᠠᠢ᠌ᠨ᠎ᠠ᠃


    ᠯᠢᠨ ᠾᠧ ᠲᠣᠭᠣᠷᠢᠭ᠎ᠲᠤ 《ᠨᠣᠮ ᠪᠢᠴᠢᠭ ᠵᠶ᠋ᠡᠷ ᠬᠡᠦᠬᠡᠳ᠎ᠤᠨ ᠰᠣᠨᠢᠷᠬᠠᠯ᠎ᠢ ᠪᠠᠳᠠᠷᠠᠭᠤᠯᠬᠤ》 ᠨᠣᠮ ᠤᠩᠰᠢᠬᠤ ᠬᠤᠷᠠᠯ᠎ᠤᠨ ᠭᠣᠣᠯ ᠰᠡᠳᠦᠪᠲᠦ ᠠᠵᠢᠯᠯᠠᠭ᠎ᠠ ᠪᠠ 《ᠬᠡᠦᠬᠡᠳ᠎ᠤᠨ ᠬᠥᠭᠵᠢᠮ ᠬᠡᠦᠬᠡᠳ᠎ᠤᠨ ᠰᠣᠨᠢᠷᠬᠠᠯ ᠲᠠᠭ᠋ᠠᠯᠠᠮᠵᠢᠲᠠᠢ · ᠬᠡᠦᠬᠡᠳ᠎ᠤᠨ ᠰᠡᠳᠬᠢᠯ ᠬᠡᠦᠬᠡᠳ᠎ᠤᠨ ᠠᠶᠠᠯᠠᠯ᠎ᠤᠨ ᠢᠷᠡᠭᠡᠳᠦᠢ ᠲᠡᠢ᠌ᠰᠢ ᠬᠦᠭᠵᠢᠬᠦᠯᠬᠦ》 ᠠᠵᠢᠯᠯᠠᠭ᠎ᠠ ᠵᠢ ᠥᠷᠨᠢᠭᠦᠯᠵᠦ᠂ ᠬᠡᠤᠬᠡᠳ᠎ᠤᠳ ᠨᠢᠯᠬᠠᠰᠠᠭ ᠦᠭᠡ ᠬᠡᠯᠡ᠎ᠪᠠᠷ ᠨᠣᠮ᠎ᠤᠨ ᠳᠣᠲᠣᠷᠠᠬᠢ ᠭᠠᠢ᠌ᠬᠠᠮᠰᠢᠭᠲᠤ ᠶᠢᠷᠲᠢᠨᠴᠦ ᠪᠣᠯᠣᠨ ᠬᠤᠪᠢ ᠬᠥᠮᠥᠨ᠎ᠤ ᠲᠥᠷᠥᠭᠳᠡᠯ ᠵᠶ᠋ᠡᠨ ᠶᠠᠷᠢᠵᠤ᠂ ᠲᠤᠬᠠᠢ ᠵᠢᠨ ᠲᠠᠯᠠᠪᠠᠢ ᠵᠢᠨ ᠬᠠᠷᠢᠯᠴᠠᠭ᠎ᠠ ᠶᠠᠪᠤᠯᠴᠠᠭ᠎ᠠ ᠵᠢ ᠵᠤᠭ᠋ᠠᠵᠠᠳᠬᠠᠵᠤ᠂ ᠬᠦᠷ ᠬᠥᠭᠵᠢᠶᠡᠨᠲᠡᠢ ᠠᠭᠤᠷ ᠠᠮᠢᠰᠬᠤᠯ ᠵᠶ᠋ᠠᠷ ᠪᠢᠯᠬᠠᠨ᠎ᠠ᠃ ᠲᠣᠭᠣᠷᠢᠭ᠎ᠤᠨ ᠠᠷᠠᠳ᠎ᠤᠨ ᠶᠠᠪᠤᠳᠠᠯ᠎ᠤᠨ ᠲᠣᠪᠴᠢᠶ᠎ᠠ ᠪᠤᠯᠤᠨ ᠡᠯ᠎ᠡ ᠰᠤᠮᠤ ᠰᠢᠶᠠᠩ ᠪᠠᠯᠭ᠋ᠠᠰᠤᠨ᠎ᠤ᠎ᠬᠢᠨ ᠨᠠᠷᠢᠨ ᠨᠢᠮᠪᠠᠢ ᠪᠡᠯᠡᠳᠬᠡᠭᠰᠡᠨ ᠪᠢᠴᠢᠭ᠎ᠤᠨ ᠪᠣᠭᠴᠣ᠂ ᠪᠢᠷ᠎ᠤᠨ ᠤᠭᠤᠲᠠ᠂ ᠥᠩᠭᠡᠲᠦ ᠪᠢᠴᠢᠭ᠎ᠤᠨ ᠬᠡᠷᠡᠭᠰᠡᠯ᠂ ᠥᠪᠴᠢ ᠬᠤᠪᠴᠠᠰᠤ ᠵᠡᠷᠭᠡ ᠰᠤᠷᠤᠯᠭ᠎ᠠ ᠵᠢᠨ ᠬᠡᠷᠡᠭᠰᠡᠯ ᠪᠣᠯᠣᠨ ᠴᠣᠮᠣ᠂ ᠢᠳᠡᠭᠡᠨ᠎ᠤ ᠲᠣᠰᠣ ᠵᠡᠷᠭᠡ ᠠᠮᠢᠳᠤᠷᠠᠯ᠎ᠤᠨ ᠡᠳ᠋ ᠪᠣᠳᠠᠰ᠎ᠢ ᠬᠦᠴᠢᠷᠳᠡᠯ᠎ᠳᠤ ᠲᠤᠯᠭ᠋ᠠᠷᠠᠭᠰᠠᠨ ᠬᠡᠦᠬᠡᠳ᠎ᠤᠨ ᠭᠡᠷ᠎ᠲᠤ ᠬᠦᠷᠭᠡᠵᠦ᠂ ᠬᠡᠦᠬᠡᠳ᠎ᠤᠳ᠎ᠲᠤ ᠡᠳᠦᠷ ᠲᠤᠳᠤᠮ᠎ᠤᠨ ᠬᠡᠷᠡᠭᠴᠡᠭᠡ ᠵᠢ ᠬᠠᠩᠭ᠋ᠠᠵᠤ᠂ ᠬᠡᠦᠬᠡᠳ᠎ᠤᠳ᠎ᠤᠨ ᠠᠯᠤᠰ ᠬᠡᠳᠦ ᠵᠢᠨ ᠬᠦᠰᠡᠯ ᠵᠣᠷᠢᠯᠲᠠ ᠪᠠ ᠡᠷᠬᠢᠮ ᠳᠡᠭᠡᠳᠦ ᠬᠦᠰᠡᠯᠡᠩ᠎ᠢ ᠪᠤᠢ ᠪᠣᠯᠭ᠋ᠠᠵᠤ᠂ ᠬᠢᠨᠠᠮᠠᠭ᠋ᠠᠢ ᠰᠤᠷᠤᠯᠴᠠᠵᠤ᠂ ᠢᠳᠡᠪᠬᠢᠲᠡᠢ᠎ᠪᠠᠷ ᠥᠭᠡᠳᠡᠯᠡᠨ ᠳᠠᠪᠰᠢᠵᠤ᠂ ᠶᠣᠰᠣ ᠰᠤᠷᠲᠠᠬᠤᠨ ᠤᠶᠤᠨ ᠤᠬᠠᠭ᠋ᠠᠨ ᠪᠡᠶ᠎ᠡ ᠮᠠᠬᠠᠪᠤᠳ ᠭᠤᠸ᠎ᠠ ᠰᠠᠢ᠌ᠬᠠᠨ ᠬᠥᠳᠡᠯᠮᠦᠷᠢ ᠵᠡᠷᠭᠡ ᠪᠦᠬᠦ ᠲᠠᠯ᠎ᠠ᠎ᠪᠠᠷ ᠬᠥᠭᠵᠢᠭᠰᠡᠨ ᠰᠢᠨ᠎ᠡ ᠴᠠᠭ ᠦᠶ᠎ᠡ ᠵᠢᠨ ᠰᠠᠢ᠌ᠨ ᠪᠠᠭ᠋ᠠᠴᠤᠳ ᠪᠣᠯᠬᠤ᠎ᠪᠠᠷ ᠴᠢᠷᠮᠠᠢ᠌ᠬᠤ ᠵᠢ ᠬᠦᠰᠡᠭᠰᠡᠨ ᠪᠠᠢ᠌ᠨ᠎ᠠ᠃

微信图片_20250616094058.jpg

 


   ᠤᠷᠠᠳ᠎ᠤᠨ ᠡᠮᠦᠨᠡᠲᠦ ᠬᠣᠰᠢᠭᠤᠨ᠎ᠤ ᠠᠷᠠᠳ᠎ᠤᠨ ᠶᠠᠪᠤᠳᠠᠯ᠎ᠤᠨ ᠲᠣᠪᠴᠢᠶ᠎ᠠ ᠵᠢᠨ᠎ᠬᠢᠨ ᠪᠠᠭ᠎ᠠ ᠰᠢᠪᠠᠷᠳᠠᠢ ᠪᠠᠯᠭ᠋ᠠᠰᠤᠨ᠎ᠤ ᠠᠷᠠᠳ᠎ᠤᠨ ᠵᠠᠰᠠᠭ᠎ᠤᠨ ᠣᠷᠳᠣᠨ᠎ᠤ᠎ᠬᠢᠨ᠎ᠲᠠᠢ ᠬᠠᠮᠲᠤᠷᠠᠨ ᠪᠠᠭ᠎ᠠ ᠰᠢᠪᠠᠷᠳᠠᠢ ᠪᠠᠭ᠎ᠠ ᠰᠤᠷᠭ᠋ᠠᠭᠤᠯᠢ᠎ᠳᠤ ᠬᠦᠷᠴᠦ᠂ 《ᠰᠡᠳᠬᠢᠯ᠎ᠢ᠎ᠨᠢ ᠤᠮᠳᠠᠯᠠᠨ ᠬᠡᠤᠬᠡᠤᠨ᠎ᠤᠨ ᠦᠰᠦᠨ ᠪᠣᠶ᠋ᠢᠵᠢᠯᠲᠠ ᠵᠢ ᠬᠠᠮᠠᠭ᠋ᠠᠯᠠᠬᠤ》 ᠭᠣᠣᠯ ᠰᠡᠳᠦᠪᠲᠦ ᠬᠠᠯᠠᠮᠵᠢᠯᠠᠬᠤ ᠠᠵᠢᠯᠯᠠᠭ᠎ᠠ ᠦᠷᠨᠢᠬᠦᠯᠦᠭᠰᠡᠨ᠎ᠳᠤ ᠰᠤᠷᠤᠭᠴᠢᠳ  ᠨᠢᠯᠬᠠᠰᠠᠭ ᠪᠣᠯᠪᠠᠴᠤ ᠠᠮᠢᠵᠢᠷᠠᠯ᠎ᠤᠨ ᠬᠦᠴᠦᠨ ᠵᠶ᠋ᠡᠷ ᠪᠢᠯᠬᠠᠮ᠎ᠠ ᠲᠣᠭᠯᠠᠯᠲᠠ ᠭᠠᠷᠭ᠋ᠠᠵᠤ᠂ ᠬᠥᠳᠡᠭᠡ ᠲᠣᠰᠬᠣᠨ᠎ᠤ ᠬᠡᠦᠬᠡᠳ᠎ᠤᠨ ᠢᠷᠡᠭᠡᠳᠦᠢ ᠵᠢᠨ ᠰᠠᠢ᠌ᠨ ᠰᠠᠢ᠌ᠬᠠᠨ ᠠᠮᠢᠳᠤᠷᠠᠯ᠎ᠤᠨ ᠲᠤᠬᠠᠢ ᠬᠦᠰᠡᠯ ᠡᠷᠡᠮᠡᠯᠵᠡᠯ᠎ᠢ ᠢᠯᠡᠷᠡᠭᠦᠯᠦᠭᠰᠡᠨ ᠪᠠᠢ᠌ᠨ᠎ᠠ᠃ ᠡᠭᠦᠨ᠎ᠤ ᠬᠠᠮᠲᠤ᠂ ᠭᠡᠷ᠎ᠲᠤ᠎ᠪᠠᠨ ᠬᠣᠴᠣᠷᠤᠭᠰᠠᠨ 10 ᠬᠡᠦᠬᠡᠳ᠂ ᠨᠡᠭᠦᠳᠡᠯ ᠬᠡᠦᠬᠡᠳ᠎ᠲᠤ ᠪᠠᠶᠠᠷ᠎ᠤᠨ ᠡᠳᠦᠷ᠎ᠤᠨ ᠮᠡᠨᠳᠦᠴᠢᠯᠡᠯ ᠪᠠ ᠬᠠᠯᠠᠮᠵᠢᠯᠠᠯ ᠬᠦᠷᠭᠡᠪᠡ᠃
    ᠦᠶᠤᠸᠠᠨ ᠰᠢᠶᠠᠨ᠎ᠤ ᠠᠷᠠᠳ᠎ᠤᠨ ᠶᠠᠪᠤᠳᠠᠯ᠎ᠤᠨ ᠲᠣᠪᠴᠢᠶ᠎ᠠ ᠵᠢᠨ᠎ᠬᠢᠨ ᠲᠤᠬᠠᠢ ᠵᠢᠨ ᠭᠠᠵᠠᠷ᠎ᠤᠨ ᠰᠠᠢ᠌ᠨ  ᠲᠤᠷᠠᠴᠤᠤᠯ᠎ᠤᠨ᠎ᠤᠨ ᠨᠡᠢ᠌ᠭᠡᠮᠯᠢᠭ᠂ ᠨᠡᠶ᠋ᠢᠲᠡ ᠵᠢᠨ ᠠᠰᠠᠷᠠᠮᠵᠢ ᠵᠢᠨ ᠰᠠᠭᠤᠷᠢ ᠮᠥᠩᠭᠥ ᠵᠢᠨ᠎ᠬᠢᠨ᠂  ᠪᠤᠶᠠᠨᠰᠠᠭ ᠠᠵᠤ ᠠᠬᠤᠢ᠌ᠯᠠᠯ᠎ᠤᠨ᠎ᠬᠢᠨ᠎ᠲᠠᠢ ᠬᠠᠮᠲᠤᠷᠠᠨ ᠰᠤᠷᠭ᠋ᠠᠭᠤᠯᠢ᠎ᠳᠤ ᠰᠠᠭᠰᠤᠨ ᠪᠥᠮᠪᠥᠭᠡ ᠵᠢᠨ ᠤᠷᠤᠯᠳᠤᠭ᠋ᠠᠨ᠂ ᠲᠡᠪᠡᠭ ᠢᠰᠬᠦᠯᠬᠦ ᠵᠡᠷᠭᠡ ᠪᠠᠶᠠᠯᠢᠭ ᠰᠠᠢ᠌ᠬᠠᠨ ᠠᠵᠢᠯᠯᠠᠭ᠎ᠠ ᠵᠢ ᠥᠷᠨᠢᠭᠦᠯᠵᠡᠢ᠃ ᠬᠠᠷᠢᠶ᠎ᠠ ᠤᠷᠤᠨ᠎ᠳᠤ᠎ᠬᠢ ᠥᠨᠥᠴᠢᠨ ᠬᠡᠦᠬᠡᠳ᠂ ᠨᠡᠭᠦᠳᠡᠯ ᠬᠡᠦᠬᠡᠳ᠂ ᠭᠡᠷ᠎ᠲᠤ᠎ᠪᠠᠨ ᠬᠣᠴᠣᠷᠤᠭᠰᠠᠨ ᠬᠡᠦᠬᠡᠳ ᠵᠡᠷᠭᠡ ᠣᠨᠴᠠᠭ᠋ᠠᠢ ᠬᠦᠮᠦᠰ᠎ᠢ ᠲᠣᠬᠣᠨᠢᠭᠤᠯᠵᠤ᠂ ᠲᠡᠳᠡᠨ᠎ᠳᠤ ᠪᠠᠶᠠᠷ᠎ᠤᠨ ᠡᠳᠦᠷ᠎ᠤᠨ ᠲᠣᠬᠣᠨᠢᠭᠤᠯᠤᠯ ᠬᠦᠷᠭᠡᠬᠦ ᠵᠢᠨ ᠬᠠᠮᠲᠤ ᠬᠡᠦᠬᠡᠳ᠎ᠢ ᠢᠳᠡᠪᠬᠢᠲᠡᠢ ᠪᠠᠶᠠᠰᠤᠩᠭᠤᠢ ᠠᠮᠢᠳᠤᠷᠠᠯ᠎ᠤᠨ ᠣᠪᠣᠷ᠎ᠲᠠᠢ ᠪᠣᠯᠭ᠋ᠠᠵᠤ᠂ ᠬᠦᠴᠢᠷ ᠪᠡᠷᠬᠡᠰᠢᠶᠡᠯ᠎ᠳᠤ ᠵᠣᠷᠢᠭᠲᠠᠢ᠎ᠪᠠᠷ ᠬᠠᠨᠳᠤᠵᠤ᠂ ᠴᠢᠷᠮᠠᠢ᠌ᠨ ᠰᠤᠷᠤᠯᠴᠠᠵᠤ᠂ ᠮᠡᠳᠡᠯᠭᠡ᠎ᠪᠠᠷ ᠬᠤᠪᠢ ᠵᠠᠶᠠᠭ᠎ᠠ᠎ᠪᠠᠨ ᠬᠤᠪᠢᠷᠠᠭᠤᠯᠬᠤ ᠵᠢ ᠵᠣᠷᠢᠭᠵᠢᠭᠤᠯᠪᠠ᠃

微信图片_20250616094101.jpg


     ᠪᠠᠶᠠᠨᠨᠠᠭᠤᠷ ᠬᠤᠳᠠ ᠵᠢᠨ ᠬᠠᠩᠭᠢᠨ ᠬᠣᠢ᠌ᠲᠤ ᠬᠣᠰᠢᠭᠤᠨ᠎ᠤ ᠠᠷᠠᠳ᠎ᠤᠨ ᠶᠠᠪᠤᠳᠠᠯ᠎ᠤᠨ ᠲᠣᠪᠴᠢᠶ᠎ᠠ ᠵᠢᠨ᠎ᠬᠢᠨ ᠳᠠᠭᠤᠯᠠᠬᠤ᠂ ᠰᠢᠯᠦᠭᠯᠡᠬᠦ᠂ ᠭᠡᠷ ᠪᠦᠯᠢ ᠵᠢᠨ᠎ᠬᠢᠨ᠎ᠨᠢ ᠦᠷ᠎ᠡ ᠬᠡᠦᠬᠡᠳ᠎ᠲᠠᠢ᠎ᠪᠠᠨ ᠬᠣᠷᠰᠢᠯᠴᠠᠬᠤ ᠵᠡᠷᠭᠡ ᠠᠵᠢᠯᠯᠠᠭ᠎ᠠ ᠵᠢ ᠥᠷᠨᠢᠭᠦᠯᠵᠦ᠂ ᠬᠡᠦᠬᠡᠳ᠎ᠤᠳ᠎ᠲᠤ ᠰᠤᠷᠤᠯᠭ᠎ᠠ ᠵᠢᠨ ᠬᠡᠷᠡᠭᠰᠡᠯ᠂ ᠤᠶᠤᠨ᠎ᠳᠤ ᠲᠤᠰᠠᠲᠠᠢ ᠲᠣᠭᠯᠠᠭ᠋ᠠᠮ ᠵᠡᠷᠬᠡ ᠪᠠᠶᠠᠷ᠎ᠤᠨ ᠡᠳᠦᠷ᠎ᠤᠨ ᠲᠠᠡᠭᠰᠤᠭ ᠪᠡᠯᠡᠭ ᠪᠡᠯᠡᠳᠴᠡᠢ᠃
   ᠪᠠᠶᠠᠨᠨᠠᠭᠤᠷ ᠬᠤᠳᠠ ᠵᠢᠨ᠎ᠬᠢᠨ  ᠬᠠᠢ᠌ᠷ᠎ᠠ ᠵᠢᠨ ᠨᠡᠷ᠎ᠡ᠎ᠪᠠᠷ 《ᠬᠠᠢ᠌ᠷ᠎ᠠ᠎ᠪᠠᠷ ᠢᠷᠡᠭᠡᠳᠦᠢ᠎ᠪᠠᠨ ᠬᠠᠮᠠᠭ᠋ᠠᠯᠠᠬᠤ》 ᠬᠡᠦᠬᠡᠳ᠎ᠢ ᠬᠠᠯᠠᠮᠵᠢᠯᠠᠨ ᠬᠠᠮᠠᠭ᠋ᠠᠯᠠᠬᠤ ᠠᠵᠢᠯᠯᠠᠭ᠎ᠠ ᠵᠢᠨ ᠦᠢ᠍ᠯᠡᠳᠦᠯᠭᠡ᠎ᠳᠤ ᠦᠷᠬᠦᠯᠵᠢᠯᠡᠨ ᠢᠳᠡᠪᠬᠢᠲᠡᠢ ᠣᠷᠣᠯᠴᠠᠵᠤ᠂ ᠬᠡᠦᠬᠡᠳ᠎ᠤᠨ  ᠶᠢᠷᠳᠢᠨᠴᠤ᠎ᠳᠤ ᠨᠡᠩ ᠤᠯᠠᠨ ᠬᠦᠰᠡᠯ ᠡᠷᠡᠮᠡᠯᠵᠡᠯ᠎ᠤᠨ ᠭᠡᠷᠡᠯ ᠭᠢᠯᠪᠠᠭ᠎ᠠ ᠵᠢ ᠨᠡᠮᠡᠷᠢᠯᠡᠭᠰᠡᠬᠡᠷ ᠪᠠᠢ᠌ᠬᠤ ᠪᠤᠯᠤᠨ᠎ᠠ᠃ 


 



   

 

ᠢᠷᠡᠯᠲᠡ᠄ ᠦᠪᠤᠷ ᠮᠤᠡᠭᠭᠤᠯ᠎ᠤᠨ ᠦᠪᠡᠷᠳᠡᠬᠡᠨ ᠵᠠᠰᠠᠬᠤ ᠤᠷᠤᠨ᠎ᠤ ᠠᠷᠠᠳ᠎ᠤᠨ ᠶᠠᠪᠤᠳᠠᠯ᠎ᠤᠨ ᠲᠢᠡᠭᠭᠢᠮ᠎ᠤᠨ ᠮᠤᠡᠭᠭᠤᠯ ᠰᠦᠯᠵᠢᠶ᠎ᠡ
          
ᠬᠠᠮᠢᠶ᠎ᠡ ᠪᠦᠬᠦᠢ ᠰᠣᠨᠢᠨ
ᠪᠦᠬᠦ ᠤᠯᠤᠰ᠎ᠤᠨ ᠰᠢᠨ᠎ᠡ ᠳᠢᠳᠢᠮᠯᠢᠭ ᠠᠭᠤᠰᠬᠢᠨ ᠦᠷᠪᠢᠰᠤᠯ᠎ᠤᠨ ᠬᠢᠵᠢᠭ᠎ᠲᠠᠢ ᠲᠡᠮᠡᠴᠡᠭᠰᠡᠨ ᠰᠠᠢ᠌ᠴᠤᠤᠯ᠎ᠢ ᠬᠦᠬᠢᠭᠦᠯᠬᠦ ᠶᠡᠬᠡ ᠬᠤᠷᠠᠯ ᠪᠡᠭᠡᠵᠢᠩ᠎ᠳᠤ ᠦᠪᠡᠳᠡᠭᠰᠢ ᠶᠡᠬᠡ᠎ᠪᠠᠷ ᠶᠠᠪᠤᠭᠳᠠᠪᠠ
ᠬᠥᠯᠥᠨ ᠪᠤᠢ᠍ᠢ᠍ᠷ ᠬᠤᠳᠠ ᠠᠩᠬᠠᠳᠤᠭ᠋ᠠᠷ ᠬᠤᠭᠤᠴᠠᠭ᠋ᠠᠨ᠎ᠤ ᠰᠢᠨ᠎ᠡ ᠴᠠᠭ ᠦᠶ᠎ᠡ ᠵᠢᠨ ᠪᠣᠯᠪᠠᠰᠤᠨ᠎ᠤ ᠦᠢ᠍ᠯᠡᠳᠦᠯᠭᠡ ᠵᠢᠨ ᠰᠠᠢ᠍ᠢ᠍ᠨ ᠳᠤᠷ᠎ᠠ ᠵᠢᠨ ᠦᠢ᠍ᠯᠡᠴᠢᠯᠡᠭᠡᠨ᠎ᠤ ᠨᠡᠶ᠋ᠢᠲᠡ ᠵᠢᠨ ᠠᠰᠠᠷᠠᠮᠵᠢ ᠵᠢᠨ ᠲᠦᠷᠦᠯ ᠵᠦᠢ᠍ᠯ᠎ᠤᠨ ᠰᠢᠨᠡᠴᠢᠯᠡᠯᠲᠡ ᠵᠢᠨ ᠤᠷᠤᠯᠳᠤᠭ᠋ᠠᠨ ᠬᠢᠪᠡ
ᠯᠢᠦ ᠯᠢ ᠫᠢᠩ ᠨᠠᠰᠤᠵᠢᠯ᠎ᠤᠨ ᠠᠰᠠᠷᠠᠮᠵᠢ ᠵᠢᠨ ᠦᠢ᠍ᠯᠡᠴᠢᠯᠡᠭᠡᠨ ᠎ᠤ ᠠᠵᠢᠯ᠎ᠢ ᠪᠠᠶ᠋ᠢᠴᠠᠭ᠋ᠠᠨ ᠰᠤᠳᠤᠯᠪᠠ
ᠪᠤᠭᠤᠲᠤ ᠬᠣᠲᠠ ᠵᠢᠨ ᠰᠢᠭᠤᠶ᠋ᠢᠲᠤ ᠲᠣᠭᠣᠷᠢᠭ᠎ᠤᠨ ᠠᠷᠠᠳ᠎ᠤᠨ ᠶᠠᠪᠤᠳᠠᠯ᠎ᠤᠨ ᠲᠣᠪᠴᠢᠶ᠎ᠠ 《ᠬᠡᠷ᠎ᠤᠨ ᠰᠤᠷᠲᠠᠯ᠎ᠢ ᠤᠯᠠᠮᠵᠢᠯᠠᠨ ᠬᠡᠤᠬᠡᠳ᠎ᠢ ᠬᠠᠯᠠᠮᠵᠢᠯᠠᠨ ᠬᠠᠶ᠋ᠢᠷᠠᠯᠠᠬᠤ》 ᠨᠡᠶ᠋ᠢᠭᠡᠮ᠎ᠤᠨ ᠠᠵᠢᠯᠲᠠᠨ᠎ᠤ ᠰᠢᠷᠢᠰ ᠭᠣᠤᠯ ᠰᠡᠳᠦᠪᠲᠦ ᠤᠬᠠᠭᠤᠯᠭ᠎ᠠ ᠵᠢᠨ ᠠᠵᠢᠯᠯᠠᠭ᠎ᠠ ᠥᠷᠨᠢᠭᠦᠯᠪᠡ
ᠣᠷᠳᠣᠰ᠎ᠤᠨ 《ᠪᠢᠴᠢᠬᠠᠨ ᠨᠡᠶ᠋ᠢᠭᠡᠮ᠎ᠤᠨ ᠠᠵᠢᠯᠲᠠᠳ 》 《ᠶᠡᠬᠡ ᠴᠢᠳᠠᠪᠤᠷᠢ》 ᠎ᠲᠠᠢ
 
            