ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠡᠶ᠋ᠢᠭᠡᠮ ᠰᠡᠳᠬᠦᠯ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠢᠯᠡ ᠵᠠᠰᠠᠭ   -   ᠪᠢᠴᠢᠭ ᠮᠠᠲ᠋ᠧᠷᠢᠶᠠᠯ
2022 ᠣᠨ᠎ᠤ ᠰᠢᠨ᠎ᠡ ᠵᠢᠯ᠂ ᠴᠠᠭ᠋ᠠᠨ ᠰᠠᠷ᠎ᠠ ᠵᠢᠨ ᠬᠤᠭᠤᠴᠠᠭ᠋ᠠᠨ᠎ᠳᠤ ᠬᠦᠴᠢᠷᠳᠡᠯᠲᠡᠶ ᠣᠯᠠᠨ ᠲᠦᠮᠡᠨ᠎ᠤ ᠦᠨᠳᠦᠰᠦᠨ ᠠᠮᠢᠳᠤᠷᠠᠯ᠎ᠢ ᠦᠨᠡᠨ ᠬᠦ᠌ ᠪᠠᠲᠤᠯᠠᠬᠤ ᠬᠡᠷᠡᠭᠲᠡᠶ ᠭᠡᠵᠤ ᠱᠠᠭ᠋ᠠᠷᠳᠠᠪᠠ
ᠨᠡᠶᠢᠲᠡᠯᠡᠭᠰᠡᠨ ᠴᠠᠭ᠄ 2021-12-30


    
          
        ᠣᠶ᠋ᠢᠷ᠎ᠠ᠎ᠳᠤ᠂ ᠦᠪᠤᠷ ᠮᠤᠡᠭᠭᠤᠯ᠎ᠤᠨ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠶᠠᠪᠤᠳᠠᠯ᠎ᠤᠨ ᠲᠢᠩᠬᠢᠮ 《2022 ᠣᠨ᠎ᠤ ᠰᠢᠨ᠎ᠡ ᠵᠢᠯ᠂ ᠴᠠᠭ᠋ᠠᠨ ᠰᠠᠷ᠎ᠠ ᠵᠢᠨ ᠬᠤᠭᠤᠴᠠᠭ᠋ᠠᠨ᠎ᠳᠤ᠎ᠬᠢ ᠬᠦᠴᠢᠷᠳᠡᠯᠲᠡᠶ ᠣᠯᠠᠨ ᠲᠦᠮᠡᠨ᠎ᠤ ᠦᠨᠳᠦᠰᠦᠨ ᠠᠮᠢᠳᠤᠷᠠᠯ᠎ᠤᠨ ᠪᠠᠲᠤᠯᠠᠭ᠎ᠠ ᠵᠢᠨ ᠠᠵᠢᠯ᠎ᠢ ᠯᠠᠪᠳᠠᠭᠤᠨ ᠪᠠᠲᠤᠲᠠᠶ ᠰᠠᠶ᠋ᠢᠲᠤᠷ ᠬᠢᠬᠦ ᠲᠤᠬᠠᠶ ᠮᠡᠳᠡᠭᠳᠡᠯ》 (ᠥᠪᠥᠷ ᠠᠷᠠᠳ᠎ᠤᠨ ᠶᠠᠪᠤᠳᠠᠯ᠎ᠤᠨ ᠴᠠᠬᠢᠯᠭ᠋ᠠᠨ ᠮᠡᠳᠡᠭᠡ [2021] 27 ᠳ᠋ᠤᠭ᠋ᠠᠷ ᠲᠣᠭ᠋ᠠᠲᠤ)᠎ᠢ ᠳᠠᠷᠤᠮᠠᠯᠯᠠᠨ ᠲᠠᠷᠬᠠᠭ᠋ᠠᠪᠠ᠃
      《2022 ᠣᠨ᠎ᠤ ᠰᠢᠨ᠎ᠡ ᠵᠢᠯ᠂ ᠴᠠᠭ᠋ᠠᠨ ᠰᠠᠷ᠎ᠠ ᠵᠢᠨ ᠬᠤᠭᠤᠴᠠᠭ᠋ᠠᠨ᠎ᠳᠤ᠎ᠬᠢ ᠬᠦᠴᠢᠷᠳᠡᠯᠲᠡᠶ ᠣᠯᠠᠨ ᠲᠦᠮᠡᠨ᠎ᠤ ᠦᠨᠳᠦᠰᠦᠨ ᠠᠮᠢᠳᠤᠷᠠᠯ᠎ᠤᠨ ᠪᠠᠲᠤᠯᠠᠭ᠎ᠠ ᠵᠢᠨ ᠠᠵᠢᠯ᠎ᠢ ᠯᠠᠪᠳᠠᠭᠤᠨ ᠪᠠᠲᠤᠲᠠᠶ ᠰᠠᠶ᠋ᠢᠲᠤᠷ ᠬᠢᠬᠦ ᠲᠤᠬᠠᠶ ᠮᠡᠳᠡᠭᠳᠡᠯ》᠎ᠳᠤ᠂2022 ᠣᠨ᠎ᠤ ᠰᠢᠨ᠎ᠡ ᠵᠢᠯ᠂ ᠴᠠᠭ᠋ᠠᠨ ᠰᠠᠷ᠎ᠠ ᠵᠢᠨ ᠬᠤᠭᠤᠴᠠᠭ᠋ᠠᠨ᠎ᠳᠤ᠎ᠬᠢ ᠬᠦᠴᠢᠷᠳᠡᠯᠲᠡᠶ ᠣᠯᠠᠨ ᠲᠦᠮᠡᠨ᠎ᠤ ᠦᠨᠳᠦᠰᠦᠨ ᠠᠮᠢᠳᠤᠷᠠᠯ᠎ᠤᠨ ᠠᠵᠢᠯ᠎ᠳᠤ ᠲᠣᠬᠢᠷᠠᠭᠤᠯᠤᠯᠲᠠ ᠪᠠᠶ᠋ᠢᠷᠢᠯᠠᠭᠤᠯᠤᠯᠲᠠ ᠬᠢᠵᠦ᠂ 2022 ᠣᠨ᠎ᠤ 1 — 2 ᠳ᠋ᠤᠭ᠋ᠠᠷ ᠰᠠᠷ᠎ᠠ ᠵᠢᠨ ᠠᠮᠢᠳᠤᠷᠠᠯ᠎ᠤᠨ ᠨᠠᠭ᠋ᠠᠳᠤ ᠵᠠᠬ᠎ᠠ ᠵᠢᠨ ᠪᠠᠲᠤᠯᠠᠭ᠎ᠠ᠂ ᠣᠨᠴᠠ ᠬᠦᠴᠢᠷᠳᠡᠯᠲᠡᠶ᠂ ᠵᠡᠮᠳᠡᠭᠴᠦᠳ᠎ᠤᠨ 《ᠬᠣᠶᠠᠷ  ᠨᠥᠬᠥᠪᠥᠷᠢ》᠂ ᠥᠨᠥᠴᠢᠨ ᠬᠡᠤᠬᠡᠳ ᠪᠠ ᠪᠣᠳᠠᠲᠠᠶ ᠠᠰᠠᠷᠠᠨ ᠲᠡᠵᠢᠭᠡᠬᠦ ᠬᠥᠮᠦᠨ ᠥᠬᠡᠶ ᠬᠡᠤᠬᠡᠳ᠂ ᠰᠣᠶᠣᠯ᠎ᠤᠨ ᠶᠡᠬᠡ ᠬᠤᠪᠢᠰᠬᠠᠯ᠎ᠤᠨ 《ᠭᠤᠷᠪᠠᠨ ᠵᠦᠢ᠍ᠯ᠎ᠤᠨ ᠬᠦᠮᠦᠰ》᠎ᠤᠨ ᠠᠮᠢᠳᠤᠷᠠᠯ᠎ᠤᠨ ᠨᠥᠬᠥᠪᠥᠷᠢ ᠵᠡᠷᠭᠡ ᠬᠦᠴᠢᠷᠳᠡᠯᠲᠡᠶ ᠣᠯᠠᠨ ᠲᠦᠮᠡᠨ᠎ᠤ ᠦᠨᠳᠦᠰᠦᠨ ᠠᠮᠢᠳᠤᠷᠠᠯ᠎ᠤᠨ ᠪᠠᠲᠤᠯᠠᠭ᠎ᠠ ᠵᠢᠨ ᠪᠠᠯᠠ ᠮᠥᠩᠭᠥ ᠵᠢ 2022 ᠣᠨ᠎ᠤ 1 ᠳ᠋ᠤᠬᠡᠷ ᠰᠠᠷ᠎ᠠ ᠵᠢᠨ 10᠎ᠤ ᠡᠳᠦᠷ᠎ᠠᠴᠠ ᠡᠮᠦᠨ᠎ᠡ ᠴᠠᠭ ᠲᠤᠬᠠᠶ᠎ᠳᠤ᠎ᠨᠢ ᠣᠯᠭᠣᠬᠤ ᠵᠢ  ᠦᠨᠡᠨ ᠬᠦ᠌ ᠪᠠᠳᠤᠯᠠᠬᠤ ᠬᠡᠷᠡᠭᠳᠡᠢ ᠭᠡᠵᠤ ᠱᠠᠭ᠋ᠠᠷᠳᠠᠬᠰᠠᠨ ᠪᠠᠢ᠌ᠨ᠎ᠠ᠃
         《2022 ᠣᠨ᠎ᠤ ᠰᠢᠨ᠎ᠡ ᠵᠢᠯ᠂ ᠴᠠᠭ᠋ᠠᠨ ᠰᠠᠷ᠎ᠠ ᠵᠢᠨ ᠬᠤᠭᠤᠴᠠᠭ᠋ᠠᠨ᠎ᠳᠤ ᠬᠦᠴᠢᠷᠳᠡᠯᠲᠡᠶ ᠣᠯᠠᠨ ᠲᠦᠮᠡᠨ᠎ᠤ ᠦᠨᠳᠦᠰᠦᠨ ᠠᠮᠢᠳᠤᠷᠠᠯ᠎ᠤᠨ ᠪᠠᠲᠤᠯᠠᠭ᠎ᠠ ᠵᠢᠨ ᠠᠵᠢᠯ᠎ᠢ ᠯᠠᠪᠳᠠᠭᠤᠨ ᠪᠠᠲᠤᠲᠠᠶ ᠰᠠᠶ᠋ᠢᠲᠤᠷ ᠬᠢᠬᠦ ᠲᠤᠬᠠᠶ ᠮᠡᠳᠡᠭᠳᠡᠯ》᠎ᠳᠤ ᠱᠠᠭ᠋ᠠᠷᠳᠠᠭᠰᠠᠨ᠎ᠨᠢ᠂ ᠡᠯ᠎ᠡ ᠱᠠᠲᠤᠨ᠎ᠤ ᠠᠷᠠᠳ᠎ᠤᠨ ᠶᠠᠪᠤᠳᠠᠯ᠎ᠤᠨ ᠰᠠᠯᠠᠭ᠎ᠠ ᠮᠥᠴᠢᠷ᠎ᠤᠳ ᠤᠯᠤᠰ ᠲᠥᠷᠥ ᠵᠢᠨ ᠵᠣᠭᠰᠣᠴᠠ᠎ᠪᠠᠨ ᠦᠨᠡᠨ ᠬᠦ᠌ ᠳᠡᠭᠡᠭᠰᠢᠯᠡᠭᠦᠯᠵᠦ᠂ ᠠᠵᠢᠯ᠎ᠤᠨ ᠬᠠᠷᠢᠭᠤᠴᠠᠯᠭ᠎ᠠ᠎ᠪᠠᠨ ᠪᠣᠳᠠᠲᠠᠶ᠋ᠢᠵᠢᠭᠤᠯᠵᠤ᠂ ᠰᠢᠨ᠎ᠡ ᠵᠢᠯ᠂ ᠴᠠᠭ᠋ᠠᠨ ᠰᠠᠷ᠎ᠠ ᠵᠢᠨ ᠬᠤᠭᠤᠴᠠᠭ᠋ᠠᠨ᠎ᠳᠤ᠎ᠬᠢ ᠬᠦᠴᠢᠷᠳᠡᠯᠲᠡᠶ ᠣᠯᠠᠨ ᠲᠦᠮᠡᠨ᠎ᠤ ᠦᠨᠳᠦᠰᠦᠨ ᠠᠮᠢᠳᠤᠷᠠᠯ᠎ᠤᠨ ᠪᠠᠲᠤᠯᠠᠭ᠎ᠠ ᠵᠢ ᠰᠠᠶ᠋ᠢᠲᠤᠷ ᠬᠢᠬᠦ ᠵᠢ ᠣᠳᠣᠬᠠᠨ᠎ᠤ ᠴᠢᠬᠤᠯᠠ ᠤᠯᠤᠰ ᠲᠥᠷᠥ ᠵᠢᠨ ᠡᠭᠦᠷᠭᠡ ᠪᠣᠯᠭ᠋ᠠᠬᠤ ᠬᠡᠷᠡᠭᠲᠡᠶ᠃ ᠡᠯ᠎ᠡ ᠭᠠᠵᠠᠷ᠎ᠤᠨ᠎ᠬᠢᠨ ᠨᠡᠶ᠋ᠢᠭᠡᠮ᠎ᠤᠨ ᠲᠡᠩᠬᠡᠷᠡᠭᠦᠯᠦᠨ ᠲᠤᠰᠠᠯᠠᠵᠤ ᠬᠠᠪᠰᠤᠷᠤᠨ ᠲᠡᠳᠬᠦᠬᠦ ᠠᠷᠭ᠎ᠠ ᠵᠠᠮ᠎ᠢ ᠰᠠᠭ᠋ᠠᠳ ᠥᠬᠡᠶ ᠨᠡᠪᠲᠡᠷᠡᠭᠦᠯᠵᠦ᠂ ᠬᠠᠮᠢᠶ᠎ᠠ ᠪᠥᠬᠥᠶ ᠲᠥᠷᠥ ᠵᠢᠨ ᠪᠣᠳᠣᠯᠭ᠎ᠠ ᠵᠢ ᠨᠠᠶ᠋ᠢᠳᠠᠪᠤᠷᠢᠵᠢᠭᠤᠯᠤᠨ᠂ ᠬᠦᠴᠢᠷᠳᠡᠯᠲᠡᠶ ᠣᠯᠠᠨ ᠲᠦᠮᠡᠨ᠎ᠤ 《  ᠲᠤᠯᠭ᠋ᠠᠮᠳᠠᠯ ᠬᠦᠴᠢᠷᠳᠡᠯ ᠵᠤᠪᠠᠨᠢᠯ ᠪᠠᠷᠠᠯᠠᠯ》᠎ᠤᠨ ᠠᠰᠠᠭᠤᠳᠠᠯ᠎ᠢ  ᠦᠨᠡᠨ ᠬᠦ᠌ ᠰᠢᠢ᠍ᠳᠪᠤᠷᠢᠯᠡᠵᠤ᠂ ᠨᠡᠶ᠋ᠢᠭᠡᠮ᠎ᠤᠨ ᠲᠡᠩᠬᠡᠷᠡᠭᠦᠯᠦᠨ ᠲᠤᠰᠠᠯᠠᠬᠤ  ᠦᠢ᠍ᠯᠡᠴᠢᠯᠡᠬᠡᠨ᠎ᠤ  ᠪᠠᠢ᠌ᠡᠭᠭᠤ ᠵᠢᠨ ᠤᠲᠠᠰᠤ ᠵᠢ ᠲᠤᠬᠠᠶ ᠵᠢᠨ ᠭᠠᠵᠠᠷ᠎ᠤᠨ 《12345》 ᠵᠠᠰᠠᠭ᠎ᠤᠨ ᠶᠠᠪᠤᠳᠠᠯ᠎ᠤᠨ ᠦᠢ᠍ᠯᠡᠴᠢᠯᠡᠬᠡᠨ᠎ᠤ ᠠᠷᠠᠳ᠎ᠲᠤ ᠲᠥᠬᠥᠮ ᠦᠵᠡᠭᠦᠯᠬᠦ  ᠪᠠᠢ᠌ᠡᠭᠭᠤ ᠵᠢᠨ ᠤᠲᠠᠰᠤ᠎ᠲᠠᠢ ᠠᠯᠬᠤᠮ ᠠᠯᠬᠤᠮ ᠵᠶ᠋ᠠᠷ ᠨᠡᠢ᠌ᠯᠡᠬᠦᠯᠬᠦ ᠬᠡᠷᠡᠭᠲᠡᠶ᠃
      ᠰᠠᠨᠠᠭ᠋ᠠᠴᠢᠯᠠᠭ᠎ᠠ᠎ᠠᠴᠠ᠎ᠪᠠᠨ ᠣᠯᠵᠤ ᠮᠡᠳᠡᠪᠡᠯ ᠲᠦᠷᠭᠡᠨ ᠳᠠᠭ᠋ᠠᠬᠤ ᠲᠣᠭᠲᠠᠴᠠ ᠵᠢ ᠲᠡᠭᠦᠯᠳᠡᠷᠵᠢᠭᠦᠯᠵᠦ᠂ ᠣᠷᠣᠯᠭ᠎ᠠ ᠪᠠᠭ᠋ᠠᠲᠠᠶ ᠬᠥᠮᠦᠨ ᠠᠮᠠ ᠵᠢ ᠬᠥᠳᠡᠯᠦᠩᠭᠦᠶ᠎ᠪᠠᠷ ᠬᠢᠨᠠᠨ ᠬᠡᠮᠵᠢᠬᠦ ᠵᠢ ᠴᠢᠩᠭ᠋ᠠᠳᠬᠠᠵᠤ᠂ ᠬᠢᠨᠠᠨ ᠬᠡᠮᠵᠢᠭᠡᠳ ᠣᠯᠵᠤ ᠮᠡᠳᠡᠭᠰᠡᠨ ᠲᠤᠰᠠᠯᠠᠬᠤ ᠴᠢᠬᠤᠯᠠᠲᠠᠶ ᠣᠷᠣᠯᠭ᠎ᠠ ᠪᠠᠭ᠋ᠠᠲᠠᠶ ᠬᠥᠮᠦᠨ ᠠᠮᠠ ᠵᠢ ᠴᠠᠭ ᠲᠤᠬᠠᠶ ᠎ᠳᠤ᠎ᠨᠢ ᠲᠤᠰᠠᠯᠠᠬᠤ ᠬᠡᠷᠡᠭᠳᠡᠢ᠃ 《ᠬᠣᠶᠠᠷ ᠪᠠᠶᠠᠷ》᠎ᠤᠨ ᠬᠤᠭᠤᠴᠠᠭ᠋ᠠᠨ ᠎ᠳᠤ᠎ᠬᠢ ᠪᠠᠷᠠᠭ᠋ᠠᠨ᠎ᠤ ᠦᠨ᠎ᠡ ᠵᠢᠨ ᠬᠡᠯᠪᠡᠯᠵᠡᠯᠲᠡ ᠵᠢ ᠨᠢᠭᠲᠠ ᠠᠩᠬᠠᠷᠴᠤ᠂ ᠨᠡᠶ᠋ᠢᠭᠡᠮ᠎ᠤᠨ  ᠲᠤᠰᠠᠯᠠᠮᠵᠢ ᠪᠠ ᠪᠠᠲᠤᠯᠠᠭ᠎ᠠ ᠵᠢᠨ ᠪᠠᠷᠢᠮᠵᠢᠶ᠎ᠠ ᠵᠢ ᠪᠠᠷᠠᠭ᠋ᠠᠨ᠎ᠤ ᠦᠨ᠎ᠡ ᠵᠢᠨ ᠥᠰᠥᠯᠲᠡ᠎ᠲᠠᠢ ᠬᠣᠯᠪᠣᠯᠳᠤᠭᠤᠯᠬᠤ ᠲᠣᠭᠲᠠᠴᠠ ᠵᠢ ᠴᠠᠭ ᠲᠤᠬᠠᠶ᠎ᠳᠤ᠎ᠨᠢ  ᠨᠠᠢ᠌ᠳᠠᠪᠤᠷᠢᠵᠢᠭᠤᠯᠬᠤ ᠬᠡᠷᠡᠭᠳᠡᠢ᠃ ᠬᠦᠴᠢᠷᠳᠡᠯ᠎ᠲᠠᠢ ᠨᠠᠰᠤᠲᠠᠶ᠋ᠢᠴᠤᠳ᠂ ᠥᠨᠥᠴᠢᠨ ᠬᠡᠦᠬᠡᠳ᠂ ᠭᠡᠷ ᠵᠶ᠋ᠠᠨ ᠰᠠᠬᠢᠵᠤ ᠬᠣᠴᠣᠷᠤᠭᠰᠠᠨ ᠡᠮᠡᠭᠲᠡᠶ᠋ᠢᠴᠦᠳ ᠪᠠ ᠬᠡᠦᠬᠡᠳ᠂ ᠠᠮᠢᠳᠤᠷᠠᠯ᠎ᠨᠢ ᠨᠠᠶ᠋ᠢᠳᠠᠪᠤᠷᠢ ᠦᠭᠡᠢ ᠲᠡᠨᠦᠭᠦᠴᠢᠯᠡᠨ ᠭᠤᠶ᠋ᠢᠷᠠᠨᠴᠢᠯᠠᠵᠤ ᠪᠠᠶ᠋ᠢᠭ᠎ᠠ ᠬᠥᠮᠦᠰ᠂ ᠵᠡᠮᠳᠡᠭᠴᠦᠳ ᠵᠡᠷᠭᠡ ᠣᠨᠴᠠᠭ᠋ᠠᠶ ᠬᠦᠴᠢᠷᠳᠡᠯ᠎ᠲᠠᠢ  ᠬᠦᠮᠦᠰ᠎ᠢ ᠰᠤᠷᠪᠤᠯᠵᠢᠯᠠᠨ ᠲᠣᠬᠣᠨᠢᠭᠤᠯᠬᠤ ᠪᠠ ᠬᠠᠯᠠᠮᠵᠢᠯᠠᠨ ᠬᠠᠶ᠋ᠢᠷᠠᠯᠠᠬᠤ ᠠᠵᠢᠯᠯᠠᠭ᠎ᠠ ᠵᠢ ᠥᠷᠨᠢᠭᠦᠯᠵᠦ᠂ ᠲᠡᠳᠡᠨ᠎ᠤ ᠢᠳᠡᠬᠦ᠎ᠠᠴᠠ ᠬᠣᠭᠣᠯᠠ᠎ᠲᠠᠢ᠂ ᠡᠮᠤᠰᠬᠦ᠎ᠠᠴᠠ ᠳᠤᠯᠠᠭ᠋ᠠᠨ ᠬᠤᠪᠴᠠᠰᠤ᠎ᠲᠠᠢ᠂ ᠬᠦᠢ᠍ᠳᠡᠨ᠎ᠠᠴᠠ ᠵᠠᠶ᠋ᠢᠯᠠᠬᠤ ᠲᠠᠯᠠᠪᠤᠷ᠎ᠲᠠᠢ ᠪᠠᠶ᠋ᠢᠬᠤ ᠵᠢ ᠦᠨᠡᠨ ᠬᠦ᠌ ᠪᠠᠳᠤᠯᠠᠬᠤ ᠬᠡᠷᠡᠭᠳᠡᠢ ᠭᠡᠵᠤ ᠱᠠᠭ᠋ᠠᠷᠳᠠᠬᠰᠠᠨ ᠪᠠᠢ᠌ᠨ᠎ᠠ᠃
      《2022 ᠣᠨ᠎ᠤ ᠰᠢᠨ᠎ᠡ ᠵᠢᠯ᠂ ᠴᠠᠭ᠋ᠠᠨ ᠰᠠᠷ᠎ᠠ ᠵᠢᠨ ᠬᠤᠭᠤᠴᠠᠭ᠋ᠠᠨ᠎ᠳᠤ᠎ᠬᠢ ᠬᠦᠴᠢᠷᠳᠡᠯᠲᠡᠶ ᠣᠯᠠᠨ ᠲᠦᠮᠡᠨ᠎ᠤ ᠦᠨᠳᠦᠰᠦᠨ ᠠᠮᠢᠳᠤᠷᠠᠯ᠎ᠤᠨ ᠪᠠᠲᠤᠯᠠᠭ᠎ᠠ ᠵᠢᠨ ᠠᠵᠢᠯ᠎ᠢ ᠯᠠᠪᠳᠠᠭᠤᠨ ᠪᠠᠲᠤᠲᠠᠶ ᠰᠠᠶ᠋ᠢᠲᠤᠷ ᠬᠢᠬᠦ ᠲᠤᠬᠠᠶ ᠮᠡᠳᠡᠭᠳᠡᠯ》᠎ᠳᠤ ᠵᠢᠭ᠋ᠠᠬᠰᠠᠨ᠎ᠨᠢ᠂ ᠡᠯ᠎ᠡ ᠭᠠᠵᠠᠷ᠎ᠤᠨ᠎ᠬᠢᠨ ᠨᠡᠶ᠋ᠢᠭᠡᠮ᠎ᠤᠨ ᠲᠤᠰᠠᠯᠠᠮᠵᠢ ᠵᠢᠨ ᠲᠤᠰᠠᠯᠠᠭᠴᠢ ᠵᠢᠨ ᠪᠠᠶ᠋ᠢᠭᠤᠯᠤᠮᠵᠢ ᠵᠢᠨ ᠲᠦᠷᠢᠮ᠎ᠤᠨ ᠠᠵᠢᠯ᠎ᠢ ᠦᠨᠡᠨ ᠬᠦ᠌ ᠰᠠᠶ᠋ᠢᠲᠤᠷ ᠠᠳᠬᠤᠵᠤ᠂ ᠨᠡᠶ᠋ᠢᠭᠡᠮ᠎ᠤᠨ  ᠲᠤᠰᠠᠯᠠᠮᠵᠢ ᠵᠢᠨ ᠲᠤᠰᠠᠯᠠᠭᠴᠢ ᠵᠢᠨ ᠬᠠᠮᠢᠶᠠᠷᠤᠯᠲᠠ ᠵᠢᠨ ᠠᠷᠭ᠎ᠠ ᠵᠢ ᠱᠠᠯᠠᠪᠳᠠᠨ ᠲᠣᠭᠲᠠᠭ᠋ᠠᠨ ᠨᠡᠶ᠋ᠢᠲᠡᠯᠡᠵᠦ᠂ ᠨᠡᠶ᠋ᠢᠭᠡᠮ᠎ᠤᠨ  ᠲᠤᠰᠠᠯᠠᠮᠵᠢ ᠵᠢᠨ ᠲᠤᠰᠠᠯᠠᠭᠴᠢ ᠵᠢ ᠰᠣᠩᠭᠣᠨ ᠲᠣᠮᠢᠯᠠᠬᠤ᠂ ᠪᠣᠯᠪᠠᠰᠤᠷᠠᠭᠤᠯᠬᠤ ᠠᠵᠢᠯ᠎ᠢ ᠴᠠᠭ ᠲᠤᠬᠠᠶ᠎ᠳᠤ᠎ᠨᠢ ᠪᠡᠶᠡᠯᠡᠭᠦᠯᠵᠦ᠂ ᠦᠨᠳᠦᠰᠦᠨ ᠱᠠᠲᠤᠨ᠎ᠤ ᠠᠷᠠᠳ᠎ᠤᠨ ᠶᠠᠪᠤᠳᠠᠯ᠎ᠤᠨ  ᠦᠢ᠍ᠯᠡᠴᠢᠯᠡᠬᠡᠨ᠎ᠤ ᠴᠢᠳᠠᠪᠤᠷᠢ ᠵᠢ ᠦᠨᠡᠨ ᠬᠦ᠌ ᠴᠢᠩᠭ᠋ᠠᠳᠬᠠᠬᠤ ᠬᠡᠷᠡᠭᠲᠡᠶ᠃
        ᠦᠪᠤᠷ ᠮᠤᠡᠭᠭᠤᠯ᠎ᠤᠨ ᠥᠪᠡᠷᠲᠡᠭᠡᠨ ᠵᠠᠰᠠᠬᠤ ᠣᠷᠣᠨ᠎ᠠᠴᠠ 2022 ᠣᠨ᠎ᠤ ᠲᠥᠪ᠎ᠤᠨ ᠪᠠ ᠥᠪᠡᠷᠲᠡᠭᠡᠨ ᠵᠠᠰᠠᠬᠤ ᠣᠷᠣᠨ᠎ᠤ ᠬᠦᠴᠢᠷᠳᠡᠯᠲᠡᠶ ᠣᠯᠠᠨ ᠲᠦᠮᠡᠨ᠎ᠤ ᠨᠥᠬᠥᠪᠥᠷᠢ ᠵᠢᠨ ᠪᠠᠯᠠ ᠮᠥᠩᠭᠥ ᠵᠢᠨ 90% ᠵᠢ ᠨᠢᠭᠡᠨᠲᠡ ᠡᠯ᠎ᠡ ᠭᠠᠵᠠᠷ᠎ᠲᠤ ᠤᠷᠢᠳᠴᠢᠯᠠᠨ ᠪᠠᠭᠤᠯᠭ᠋ᠠᠪᠠ᠃ ᠡᠯ᠎ᠡ ᠠᠶ᠋ᠢᠮᠠᠭ ᠬᠣᠲᠠ᠂ ᠬᠣᠰᠢᠭᠤ ᠰᠢᠶᠠᠨ (ᠬᠣᠲᠠ᠂ ᠲᠣᠭᠣᠷᠢᠭ)᠎ᠨᠤᠭᠤᠳ ᠴᠠᠭ ᠬᠤᠭᠤᠴᠠᠭ᠎ᠠ ᠵᠢᠨ ᠵᠠᠩᠭᠢᠯᠠᠭ᠎ᠠ ᠵᠢᠨ ᠴᠡᠭ᠎ᠢ ᠡᠵᠡᠮᠳᠡᠵᠦ᠂ ᠬᠦᠴᠢᠷᠳᠡᠯᠲᠡᠶ ᠣᠯᠠᠨ ᠲᠦᠮᠡᠨ᠎ᠤ ᠦᠨᠳᠦᠰᠦᠨ ᠠᠮᠢᠳᠤᠷᠠᠯ᠎ᠤᠨ ᠪᠠᠲᠤᠯᠠᠭ᠎ᠠ ᠵᠢᠨ ᠪᠠᠯᠠ ᠮᠥᠩᠭᠥ ᠵᠢ ᠴᠠᠭ ᠲᠤᠬᠠᠶ᠎ᠳᠤ᠎ᠨᠢ ᠲᠣᠭ᠎ᠠ ᠶᠣᠰᠣᠭ᠋ᠠᠷ ᠣᠯᠭᠣᠬᠤ ᠵᠢ  ᠦᠨᠡᠨ ᠬᠦ᠌ ᠪᠠᠲᠤᠯᠠᠬᠤ ᠬᠡᠷᠡᠭᠲᠡᠶ᠃ ᠡᠭᠦᠨ᠎ᠤ ᠬᠠᠮᠲᠤ ᠡᠯ᠎ᠡ ᠭᠠᠵᠠᠷ ᠣᠷᠣᠨ᠎ᠤ᠎ᠬᠢᠨ 2022 ᠣᠨ᠎ᠠᠴᠠ ᠡᠬᠢᠯᠡᠨ᠂ ᠬᠣᠲᠠ ᠬᠥᠳᠡᠭᠡ ᠵᠢᠨ ᠠᠮᠢᠳᠤᠷᠠᠯ᠎ᠤᠨ ᠨᠠᠭ᠋ᠠᠳᠤ ᠵᠠᠬ᠎ᠠ ᠵᠢᠨ ᠪᠠᠲᠤᠯᠠᠭ᠎ᠠ᠂ ᠣᠨᠴᠠ ᠬᠦᠴᠢᠷᠳᠡᠯᠲᠡᠶ ᠬᠥᠮᠦᠰ᠎ᠢ ᠲᠤᠰᠠᠯᠠᠵᠤ ᠠᠰᠠᠷᠠᠨ ᠲᠡᠵᠢᠭᠡᠬᠦ ᠵᠡᠷᠭᠡ ᠬᠦᠴᠢᠷᠳᠡᠯᠲᠡᠶ ᠣᠯᠠᠨ ᠲᠦᠮᠡᠨ᠎ᠤ ᠲᠤᠰᠠᠯᠠᠮᠵᠢ ᠵᠢᠨ ᠨᠥᠬᠥᠪᠥᠷᠢ ᠵᠢᠨ ᠪᠠᠯᠠ ᠮᠥᠩᠭᠥ ᠵᠢ ᠰᠠᠷ᠎ᠠ᠎ᠪᠠᠷ ᠤᠯᠭᠤᠬᠤ ᠪᠦᠬᠡᠳ ᠰᠠᠷ᠎ᠠ ᠪᠦᠷᠢ ᠵᠢᠨ 10 ᠡᠳᠦᠷ᠎ᠠᠴᠠ ᠡᠮᠦᠨ᠎ᠡ ᠵᠠᠪᠠᠯ ᠣᠯᠭᠣᠬᠤ ᠬᠡᠷᠡᠭᠲᠡᠶ ᠭᠡᠵᠤ ᠱᠠᠭ᠋ᠠᠷᠳᠠᠯ᠎ᠠ᠃

                   






            

 

ᠢᠷᠡᠯᠲᠡ᠄ ᠦᠪᠤᠷ ᠮᠤᠡᠭᠭᠤᠯ᠎ᠤᠨ ᠦᠪᠡᠷᠳᠡᠬᠡᠨ ᠵᠠᠰᠠᠬᠤ ᠤᠷᠤᠨ᠎ᠤ ᠠᠷᠠᠳ᠎ᠤᠨ ᠶᠠᠪᠤᠳᠠᠯ᠎ᠤᠨ ᠲᠢᠡᠭᠬᠢᠮ᠎ᠤᠨ ᠠᠯᠪᠠᠨ ᠰᠦᠯᠵᠢᠶ᠎ᠡ
          
ᠬᠠᠮᠢᠶ᠎ᠡ ᠪᠦᠬᠦᠢ ᠰᠣᠨᠢᠨ
《ᠬᠣᠶᠠᠷ ᠪᠠᠶᠠᠷ》᠎ᠤᠨ ᠬᠤᠭᠤᠴᠠᠭ᠋ᠠᠨ᠎ᠳᠤ᠎ᠬᠢ ᠬᠢᠵᠢᠭ᠎ᠤᠨ ᠪᠠᠶ᠋ᠢᠳᠠᠯ᠎ᠢ ᠰᠡᠷᠭᠡᠶ᠋ᠢᠯᠡᠨ ᠡᠵᠡᠮᠳᠡᠬᠦ᠂ ᠠᠶᠤᠯᠭᠦᠶ ᠦᠢ᠍ᠯᠡᠳᠪᠤᠷᠢᠯᠡᠯ ᠵᠡᠷᠭᠡ ᠬᠣᠯᠪᠣᠭᠳᠠᠯ ᠪᠥᠬᠥᠶ ᠠᠵᠢᠯ᠎ᠢ ᠲᠤᠬᠢᠷᠠᠭᠤᠯᠤᠨ ᠪᠠᠢ᠌ᠷᠢᠯᠠᠭᠤᠯᠪᠠ
ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠠᠷᠪᠠᠨ ᠭᠤᠷᠪᠠᠳᠤᠭ᠋ᠠᠷ ᠬᠤᠭᠤᠴᠠᠭ᠋ᠠᠨ᠎ᠤ ᠠᠷᠠᠳ᠎ᠤᠨ ᠲᠦᠯᠦᠭᠡᠯᠡᠭᠴᠢᠳ᠎ᠤᠨ ᠶᠡᠬᠡ ᠬᠤᠷᠠᠯ᠎ᠤᠨ ᠪᠠᠢ᠌ᠡᠭᠭᠤ ᠵᠢᠨ ᠬᠤᠷᠢᠶ᠎ᠠ ᠵᠢᠨ ᠠᠯᠪᠠᠨ ᠵᠠᠷᠯᠠᠯ
2022 ᠣᠨ᠎ᠤ ᠰᠢᠨ᠎ᠡ ᠵᠢᠯ᠂ ᠴᠠᠭ᠋ᠠᠨ ᠰᠠᠷ᠎ᠠ ᠵᠢᠨ ᠬᠤᠭᠤᠴᠠᠭ᠋ᠠᠨ᠎ᠳᠤ᠎ᠬᠢ 《ᠳᠥᠷᠪᠡᠨ ᠰᠤᠷᠲᠠᠯ》᠎ᠢ ᠵᠠᠯᠠᠷᠠᠭᠤᠯᠵᠤ ᠰᠢᠨ᠎ᠡ ᠰᠤᠷᠲᠠᠯ᠎ᠢ ᠪᠣᠶ ᠪᠣᠯᠭ᠋ᠠᠬᠤ ᠠᠵᠢᠯ᠎ᠢ ᠰᠠᠶ᠋ᠢᠲᠤᠷ ᠬᠢᠬᠦ ᠲᠤᠬᠠᠶ ᠦᠪᠤᠷ ᠮᠤᠡᠭᠭᠤᠯ᠎ᠤᠨ ᠥᠪᠡᠷᠲᠡᠭᠡᠨ ᠵᠠᠰᠠᠬᠤ ᠣᠷᠣᠨ᠎ᠤ ᠰᠠᠬᠢᠯᠭ᠎ᠠ ᠪᠠᠲᠤ ᠪᠠᠶ᠋ᠢᠴᠠᠭ᠋ᠠᠬᠤ ᠬᠤᠷᠢᠶ᠎ᠠ ᠬᠢᠨᠠᠨ ᠪᠠᠶ᠋ᠢᠴᠠᠭ᠋ᠠᠬᠤ ᠵᠥᠪᠯᠡᠯ᠎ᠤᠨ ᠮᠡᠳᠡᠭᠳᠡᠯ
《ᠠᠷᠠᠳ᠎ᠤᠨ ᠶᠠᠪᠤᠳᠠᠯ᠎ᠤᠨ ᠬᠦᠷᠢᠶ᠎ᠡ ᠴᠠᠷᠠᠭ᠎ᠠ᠎ᠳᠤ᠎ᠬᠢ ᠶᠠᠳᠠᠭᠤ᠎ᠠᠴᠠ ᠠᠩᠭᠢᠵᠢᠷᠠᠭᠤᠯᠬᠤ ᠪᠤᠭᠤᠮᠳᠠ ᠰᠢᠪᠳᠤᠯᠤᠯᠳᠠ ᠵᠢᠨ ᠦᠷ᠎ᠡ ᠪᠦᠲᠦᠭᠡᠯ ᠪᠡᠬᠢᠵᠢᠬᠦᠯᠤᠨ ᠦᠷᠬᠡᠳᠬᠡᠬᠦ ᠵᠢ ᠬᠦᠳᠡᠬᠡ ᠲᠤᠰᠬᠤᠨ᠎ᠢ ᠬᠦᠭᠵᠢᠬᠦᠯᠤᠨ ᠮᠠᠨᠳᠤᠭᠤᠯᠬᠤ᠎ᠯᠤᠭ᠎ᠠ ᠪᠦᠳᠦᠮᠵᠢᠳᠡᠢ ᠵᠤᠯᠭ᠋ᠠᠭᠤᠯᠬᠤ ᠲᠤᠬᠠᠢ 2022 ᠣᠨ᠎ᠤ ᠭᠣᠣᠯᠳᠠᠯᠭ᠎ᠠ᠎ᠲᠠᠢ ᠡᠬᠦᠷᠬᠡ ᠵᠢᠨ ᠬᠤᠪᠢᠶᠠᠷᠢᠯᠠᠯ᠎ᠤᠨ ᠲᠥᠰᠥᠯ》᠎ᠤᠨ ᠮᠡᠳᠡᠭᠳᠡᠯ
《ᠠᠷᠠᠳ᠎ᠤᠨ ᠶᠠᠪᠤᠳᠠᠯ᠎ᠤᠨ ᠬᠦᠷᠢᠶ᠎ᠡ ᠴᠠᠷᠠᠭ᠋ᠠᠨ᠎ᠳᠤ᠎ᠬᠢ ᠶᠠᠳᠠᠭᠤ᠎ᠠᠴᠠ ᠠᠩᠭᠢᠵᠢᠷᠠᠭᠤᠯᠬᠤ ᠪᠣᠭᠣᠮᠲᠠ ᠰᠢᠪᠳᠤᠯᠤᠯᠳᠠ ᠵᠢᠨ ᠦᠷ᠎ᠡ ᠪᠦᠲᠦᠭᠡᠯ᠎ᠢ ᠪᠡᠬᠢᠵᠢᠭᠦᠯᠦᠨ ᠦᠷᠬᠡᠳᠬᠡᠬᠦ ᠵᠢ ᠬᠥᠳᠡᠭᠡ ᠲᠣᠰᠬᠣᠨ᠎ᠢ ᠬᠥᠭᠵᠢᠭᠦᠯᠦᠨ ᠮᠠᠨᠳᠤᠭᠤᠯᠬᠤ᠎ᠯᠤᠭ᠎ᠠ ᠪᠦᠳᠦᠮᠵᠢᠳᠡᠢ ᠵᠤᠯᠭ᠋ᠠᠭᠤᠯᠬᠤ 2022 ᠣᠨ᠎ᠤ ᠭᠣᠣᠯᠳᠠᠯᠭ᠎ᠠ᠎ᠲᠠᠢ ᠡᠭᠦᠷᠭᠡ ᠵᠢᠨ ᠠᠵᠢᠯ ᠎ᠤᠨ ᠬᠤᠪᠢᠶᠠᠷᠢᠯᠠᠯ᠎ᠤᠨ ᠲᠥᠰᠥᠯ》
 
            