ᠨᠠᠮ᠎ᠤᠨ ᠬᠣᠷᠢᠳᠤᠭ᠋ᠠᠷ ᠶᠡᠬᠡ ᠬᠤᠷᠠᠯ ᠪᠣᠯᠣᠨ ᠬᠣᠷᠢᠳᠤᠭ᠋ᠠᠷ ᠬᠤᠭᠤᠴᠠᠭ᠋ᠠᠨ᠎ᠤ ᠲᠥᠪ ᠬᠣᠷᠢᠶᠠᠨ᠎ᠤ ᠬᠣᠶᠠᠳᠤᠭ᠋ᠠᠷ᠂ ᠲᠥᠪ ᠬᠣᠷᠢᠶᠠᠨ᠎ᠤ ᠭᠤᠷᠪᠠᠳᠤᠭ᠋ᠠᠷ ᠪᠦᠭᠦᠳᠡ ᠬᠤᠷᠠᠯ᠎ᠤᠨ ᠵᠣᠷᠢᠭ ᠰᠠᠨᠠᠭ᠎ᠠ ᠵᠢ ᠭᠦᠨᠵᠡᠭᠡᠢ ᠰᠤᠷᠤᠯᠴᠠᠨ ᠲᠤᠭᠤᠰᠢᠯᠠᠭᠤᠯᠵᠤ ᠨᠠᠮ᠎ᠤᠨ ᠲᠥᠪ ᠬᠣᠷᠢᠶ᠎ᠠ᠂ ᠲᠥᠷᠥ ᠵᠢᠨ ᠶᠠᠪᠤᠳᠠᠯ᠎ᠤᠨ ᠬᠣᠷᠢᠶ᠎ᠠ ᠪᠣᠯᠣᠨ ᠦᠪᠤᠷ ᠮᠤᠡᠭᠭᠤᠯ᠎ᠤᠨ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ᠂ ᠵᠠᠰᠠᠭ᠎ᠤᠨ ᠣᠷᠳᠣᠨ᠎ᠤ ᠬᠡᠦᠬᠡᠳ᠎ᠤᠨ ᠠᠵᠢᠯ᠎ᠤᠨ ᠪᠠᠢ᠌ᠷᠢᠯᠠᠭᠤᠯᠤᠯᠲᠠ ᠵᠢ ᠨᠠᠢ᠌ᠳᠠᠪᠤᠷᠢᠵᠢᠭᠤᠯᠬᠤ ᠵᠢᠨ ᠲᠦᠯᠤᠬᠡ ᠦᠪᠤᠷ ᠮᠤᠡᠭᠭᠤᠯ᠎ᠤᠨ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠶᠠᠪᠤᠳᠠᠯ᠎ᠤᠨ ᠲᠢᠩᠬᠢᠮ᠎ᠤᠨ᠎ᠬᠢᠨ ᠪᠦᠬᠦ ᠤᠯᠤᠰ᠎ᠤᠨ ᠨᠡᠭᠦᠳᠡᠯ ᠬᠡᠦᠬᠡᠳ ᠪᠠ ᠭᠡᠷ᠎ᠲᠤ᠎ᠪᠠᠨ ᠬᠣᠴᠣᠷᠤᠭᠰᠠᠨ ᠬᠡᠦᠬᠡᠳ᠎ᠤᠨ ᠡᠷᠬᠡ ᠠᠰᠢᠭ᠎ᠢ ᠪᠠᠲᠤᠯᠠᠬᠤ ᠠᠵᠢᠯ᠎ᠤᠨ ᠬᠤᠷᠠᠯ᠎ᠤᠨ ᠵᠣᠷᠢᠭ ᠰᠠᠨᠠᠭ᠎ᠠ ᠪᠠ ᠠᠷᠠᠳ᠎ᠤᠨ ᠶᠠᠪᠤᠳᠠᠯ᠎ᠤᠨ ᠶᠠᠮᠤᠨ᠎ᠤ ᠬᠠᠮᠢᠶ᠎ᠠ ᠪᠦᠬᠦᠢ ᠠᠵᠢᠯ᠎ᠤᠨ ᠱᠠᠭ᠋ᠠᠷᠳᠠᠯᠭ᠎ᠠ ᠶᠣᠰᠣᠭ᠋ᠠᠷ 21 ᠬᠠᠮᠢᠶ᠎ᠠ ᠪᠦᠬᠦᠢ ᠰᠠᠯᠠᠭ᠎ᠠ ᠮᠥᠴᠢᠷ᠎ᠤᠨ᠎ᠬᠢᠨ᠎ᠲᠠᠢ ᠬᠠᠮᠲᠤᠷᠠᠨ 《ᠨᠡᠬᠦᠳᠡᠯ ᠬᠡᠦᠬᠡᠳ᠎ᠢ ᠬᠠᠯᠠᠮᠵᠢᠯᠠᠨ ᠬᠠᠮᠠᠭ᠋ᠠᠯᠠᠬᠤ ᠠᠵᠢᠯ᠎ᠢ ᠴᠢᠩᠭ᠋ᠠᠳᠬᠠᠬᠤ ᠲᠤᠬᠠᠢ ᠬᠡᠷᠡᠭᠵᠢᠭᠦᠯᠬᠦ ᠲᠥᠰᠥᠯ》 ᠪᠠ 《ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠨᠡᠭᠦᠳᠡᠯ ᠬᠡᠦᠬᠡᠳ᠎ᠢ ᠰᠠᠭᠤᠭ᠎ᠠ ᠭᠠᠵᠠᠷ ᠲᠤᠨᠢ ᠬᠠᠯᠠᠮᠵᠢᠯᠠᠨ ᠬᠠᠯᠠᠮᠵᠢᠯᠠᠬᠤ ᠦᠢ᠍ᠯᠡᠴᠢᠯᠡᠭᠡᠨ᠎ᠤ ᠨᠠᠷᠢᠨ ᠬᠠᠭᠤᠳᠠᠰᠤ》 ᠵᠢ ᠲᠣᠭᠲᠠᠭ᠋ᠠᠨ ᠳᠠᠷᠤᠮᠠᠯᠯᠠᠨ ᠲᠠᠷᠬᠠᠭ᠋ᠠᠪᠠ᠃
《ᠨᠡᠬᠦᠳᠡᠯ ᠬᠡᠦᠬᠡᠳ᠎ᠢ ᠬᠠᠯᠠᠮᠵᠢᠯᠠᠨ ᠬᠠᠮᠠᠭ᠋ᠠᠯᠠᠬᠤ ᠠᠵᠢᠯ᠎ᠢ ᠴᠢᠩᠭ᠋ᠠᠳᠬᠠᠬᠤ ᠲᠤᠬᠠᠢ ᠬᠡᠷᠡᠭᠵᠢᠭᠦᠯᠬᠦ ᠲᠥᠰᠥᠯ 》᠎ᠳᠤ ᠭᠣᠣᠯᠳᠠᠭᠤ ᠬᠢᠨᠠᠨ ᠰᠢᠯᠭ᠋ᠠᠵᠤ ᠪᠠᠢ᠌ᠴᠠᠭ᠋ᠠᠨ ᠭᠠᠷᠭ᠋ᠠᠬᠤ᠂ ᠳᠦᠷᠢᠮ ᠪᠠ ᠠᠷᠭ᠎ᠠ ᠵᠢ ᠲᠡᠭᠦᠯᠳᠡᠷᠵᠢᠭᠦᠯᠬᠦ᠂ ᠬᠠᠯᠠᠮᠵᠢᠯᠠᠨ ᠬᠠᠮᠠᠭ᠋ᠠᠯᠠᠬᠤ ᠦᠢ᠍ᠯᠡᠴᠢᠯᠡᠭᠡ ᠵᠢ ᠴᠢᠩᠭ᠋ᠠᠳᠬᠠᠬᠤ ᠵᠡᠷᠭᠡ 3 ᠲᠠᠯ᠎ᠠ ᠵᠢᠨ ᠲᠣᠭᠣᠷᠢᠨ᠎ᠳᠤ ᠬᠠᠯᠠᠮᠵᠢᠯᠠᠨ ᠬᠠᠮᠠᠭ᠋ᠠᠯᠠᠬᠤ 11 ᠠᠷᠭ᠎ᠠ ᠵᠢ ᠲᠣᠳᠣᠷᠬᠠᠢ ᠲᠣᠭᠲᠠᠭ᠋ᠠᠪᠠ᠃ ᠬᠢᠨᠠᠨ ᠬᠡᠮᠵᠢᠵᠦ ᠣᠢ᠌ᠯᠠᠭ᠋ᠠᠨ ᠵᠢᠭᠰᠠᠭ᠋ᠠᠬᠤ ᠲᠠᠯ᠎ᠠ᠎ᠪᠠᠷ 《 ᠨᠡᠬᠦᠳᠡᠯ ᠬᠡᠦᠬᠡᠳ᠎ᠢ ᠬᠠᠯᠠᠮᠵᠢᠯᠠᠨ ᠬᠠᠮᠠᠭ᠋ᠠᠯᠠᠬᠤ ᠠᠵᠢᠯ᠎ᠢ ᠴᠢᠩᠭ᠋ᠠᠳᠬᠠᠬᠤ ᠲᠤᠬᠠᠢ ᠬᠡᠷᠡᠭᠵᠢᠭᠦᠯᠬᠦ ᠲᠥᠰᠥᠯ 》᠎ᠳᠤ ᠲᠣᠭ᠎ᠠ ᠪᠠᠷᠢᠮᠲᠠ ᠵᠢᠨ ᠮᠡᠳᠡᠭᠡ ᠵᠠᠩᠭᠢ ᠵᠢ ᠬᠠᠮᠲᠤ᠎ᠪᠠᠷ ᠡᠳ᠋ᠯᠡᠬᠦ ᠬᠠᠷᠢᠴᠠᠭᠤᠯᠤᠯ ᠪᠠ ᠲᠣᠭᠲᠠᠮᠠᠯ ᠬᠤᠭᠤᠴᠠᠭ᠎ᠠ᠎ᠲᠠᠢ᠎ᠪᠠᠷ ᠬᠢᠨᠠᠨ ᠬᠡᠮᠵᠢᠵᠦ ᠣᠢ᠌ᠯᠠᠭ᠋ᠠᠨ ᠵᠢᠭᠰᠠᠭ᠋ᠠᠬᠤ ᠠᠵᠢᠯ᠎ᠤᠨ ᠲᠣᠭᠲᠠᠴᠠ ᠵᠢ ᠲᠣᠳᠣᠷᠬᠠᠢ ᠪᠠᠢ᠌ᠭᠤᠯᠵᠤ᠂ ᠡᠯ᠎ᠡ ᠭᠠᠵᠠᠷ᠎ᠢ ᠵᠢᠯᠣᠭᠣᠳᠤᠨ ᠨᠡᠭᠦᠳᠡᠯ ᠬᠡᠦᠬᠡᠳ᠎ᠤᠨ ᠶᠡᠷᠦᠩᠬᠡᠢ᠌ᠯᠡᠭᠰᠡᠨ ᠦᠢ᠍ᠯᠡᠴᠢᠯᠡᠭᠡᠨ᠎ᠤ ᠲᠠᠪᠴᠠᠩ᠎ᠢ ᠪᠠᠢ᠌ᠭᠤᠯᠵᠤ᠂ ᠨᠡᠭᠦᠳᠡᠯ ᠬᠡᠦᠬᠡᠳ᠎ᠢ ᠬᠠᠯᠠᠮᠵᠢᠯᠠᠨ ᠬᠠᠮᠠᠭ᠋ᠠᠯᠠᠬᠤ ᠠᠵᠢᠯ᠎ᠤᠨ ᠲᠣᠭ᠋ᠠᠴᠢᠯᠠᠯᠲᠠ᠂ ᠣᠶᠤᠨᠴᠢᠯᠠᠯᠲᠠ ᠵᠢᠨ ᠲᠦᠪᠰᠢᠨ᠎ᠢ ᠲᠠᠰᠤᠷᠠᠯᠲᠠ ᠦᠭᠡᠢ ᠳᠡᠭᠡᠭᠰᠢᠯᠡᠭᠦᠯᠪᠡ᠃ ᠳᠦᠷᠢᠮ ᠪᠠ ᠠᠷᠭ᠎ᠠ ᠬᠡᠮᠵᠢᠶ᠎ᠡ ᠵᠢ ᠲᠡᠭᠦᠯᠳᠡᠷᠵᠢᠭᠦᠯᠬᠦ ᠲᠠᠯ᠎ᠠ᠎ᠪᠠᠷ 《ᠨᠡᠬᠦᠳᠡᠯ ᠬᠡᠦᠬᠡᠳ᠎ᠢ ᠬᠠᠯᠠᠮᠵᠢᠯᠠᠨ ᠬᠠᠮᠠᠭ᠋ᠠᠯᠠᠬᠤ ᠠᠵᠢᠯ᠎ᠢ ᠴᠢᠩᠭ᠋ᠠᠳᠬᠠᠬᠤ ᠲᠤᠬᠠᠢ ᠬᠡᠷᠡᠭᠵᠢᠭᠦᠯᠬᠦ ᠲᠥᠰᠥᠯ》᠎ᠳᠤ ᠭᠣᠣᠯᠳᠠᠭᠤ ᠰᠤᠷᠭ᠋ᠠᠨ ᠬᠥᠮᠦᠵᠢᠯ᠎ᠤᠨ ᠪᠠᠲᠤᠯᠠᠭ᠎ᠠ ᠵᠢ ᠰᠢᠯᠢᠳᠡᠭᠵᠢᠭᠦᠯᠬᠦ᠂ ᠡᠷᠡᠭᠦᠯ ᠬᠠᠮᠠᠭ᠋ᠠᠯᠠᠯ ᠡᠮ ᠡᠮᠨᠡᠯᠭᠡ ᠵᠢᠨ ᠦᠢ᠍ᠯᠡᠴᠢᠯᠡᠭᠡ ᠵᠢ ᠲᠡᠭᠦᠯᠳᠡᠷᠵᠢᠭᠦᠯᠬᠦ᠂ ᠦᠨᠳᠦᠰᠦᠨ ᠠᠮᠢᠳᠤᠷᠠᠯ᠎ᠤᠨ ᠪᠠᠲᠤᠯᠠᠭ᠎ᠠ ᠵᠢᠨ ᠲᠣᠣᠷ᠎ᠢ ᠨᠢᠭᠲᠠ ᠪᠥᠭᠡᠳ ᠪᠠᠲᠤ ᠰᠦᠯᠵᠢᠬᠦ ᠵᠡᠷᠭᠡ 3 ᠲᠠᠯ᠎ᠠ᠎ᠪᠠᠷ ᠨᠠᠷᠢᠯᠢᠭᠵᠢᠭᠤᠯᠬᠤ ᠠᠷᠭ᠎ᠠ ᠳᠤᠷᠠᠳᠴᠤ᠂ ᠬᠣᠯᠪᠣᠭᠳᠠᠯ ᠪᠦᠬᠦᠢ ᠰᠠᠯᠠᠭ᠎ᠠ ᠮᠥᠴᠢᠷ᠎ᠢ ᠬᠣᠯᠪᠤᠭ᠋ᠠᠯᠠᠨ ᠬᠥᠳᠡᠯᠦᠯᠴᠡᠬᠦ ᠵᠢ ᠴᠢᠩᠭ᠋ᠠᠳᠬᠠᠨ ᠰᠠᠯᠠᠭ᠎ᠠ ᠮᠥᠴᠢᠷ᠎ᠤᠨ ᠳᠦᠷᠢᠮ᠎ᠢ ᠨᠢᠭᠡᠳᠦᠯᠲᠡᠢ ᠲᠥᠯᠥᠪᠯᠡᠵᠦ ᠠᠷᠠᠳ᠎ᠤᠨ ᠠᠮᠢᠳᠤᠷᠠᠯ᠎ᠤᠨ ᠪᠠᠲᠤᠯᠠᠭ᠎ᠠ ᠵᠢᠨ ᠬᠠᠮ ᠬᠦᠴᠦᠨ᠎ᠢ ᠪᠣᠶ ᠪᠣᠯᠭ᠋ᠠᠵᠤ᠂ ᠨᠡᠭᠦᠳᠡᠯ ᠬᠡᠦᠬᠡᠳ᠎ᠢ ᠬᠠᠯᠠᠮᠵᠢᠯᠠᠨ ᠬᠠᠮᠠᠭ᠋ᠠᠯᠠᠬᠤ ᠠᠵᠢᠯ᠎ᠤᠨ ᠦᠢ᠍ᠯᠡᠴᠢᠯᠡᠭᠡᠨ᠎ᠤ ᠲᠦᠪᠰᠢᠨ ᠪᠠ ᠦᠢ᠍ᠯᠡᠴᠢᠯᠡᠭᠡᠨ᠎ᠤ ᠶᠠᠰᠤ ᠴᠢᠨᠠᠷ᠎ᠢ ᠪᠦᠲᠦᠮᠵᠢᠲᠡᠶ ᠳᠡᠭᠡᠭᠰᠢᠯᠡᠭᠦᠯᠬᠦ ᠬᠡᠷᠡᠭᠲᠡᠢ ᠭᠡᠵᠦ ᠱᠠᠭ᠋ᠠᠷᠳᠠᠪᠠ᠃ ᠬᠠᠯᠠᠮᠵᠢᠯᠠᠨ ᠬᠠᠮᠠᠭ᠋ᠠᠯᠠᠬᠤ ᠦᠢ᠍ᠯᠡᠴᠢᠯᠡᠭᠡ ᠵᠢ ᠴᠢᠩᠭ᠋ᠠᠳᠬᠠᠬᠤ ᠲᠠᠯ᠎ᠠ᠎ᠪᠠᠷ 《ᠨᠡᠬᠦᠳᠡᠯ ᠬᠡᠦᠬᠡᠳ᠎ᠢ ᠬᠠᠯᠠᠮᠵᠢᠯᠠᠨ ᠬᠠᠮᠠᠭ᠋ᠠᠯᠠᠬᠤ ᠠᠵᠢᠯ᠎ᠢ ᠴᠢᠩᠭ᠋ᠠᠳᠬᠠᠬᠤ ᠲᠤᠬᠠᠢ ᠬᠡᠷᠡᠭᠵᠢᠭᠦᠯᠬᠦ ᠲᠥᠰᠥᠯ》᠎ᠳᠤ ᠭᠣᠣᠯᠳᠠᠭᠤ ᠭᠡᠷ ᠪᠦᠯᠢ ᠵᠢᠨ ᠬᠥᠮᠦᠵᠢᠯ᠎ᠤᠨ ᠵᠢᠯᠤᠭᠣᠳᠬᠤ ᠲᠦᠪᠰᠢᠨ᠎ᠢ ᠳᠡᠭᠡᠭᠰᠢᠯᠡᠭᠦᠯᠬᠦ᠂ ᠰᠡᠳᠬᠢᠴᠡ ᠵᠢᠨ ᠡᠷᠡᠭᠦᠯ ᠮᠡᠨᠳᠦ ᠵᠢ ᠬᠠᠯᠠᠮᠵᠢᠯᠠᠬᠤ ᠦᠢ᠍ᠯᠡᠴᠢᠯᠡᠭᠡ ᠬᠠᠩᠭ᠋ᠠᠬᠤ᠂ ᠣᠶᠤᠨ᠎ᠤ ᠰᠣᠶᠣᠯ᠎ᠤᠨ ᠠᠮᠢᠳᠤᠷᠠᠯ᠎ᠢ ᠴᠢᠩᠭ᠋ᠠᠳᠬᠠᠬᠤ᠂ ᠬᠠᠤᠯᠢ᠎ᠪᠠᠷ ᠵᠠᠰᠠᠬᠤ ᠠᠮᠤᠷ ᠲᠦᠪᠰᠢᠨ᠎ᠤ ᠬᠥᠮᠦᠵᠢᠯ᠎ᠢ ᠴᠢᠩᠭ᠋ᠠᠳᠬᠠᠬᠤ ᠪᠠ ᠬᠣᠲᠠ ᠵᠢᠨ ᠠᠭᠤᠰᠤᠯᠴᠠᠯ᠎ᠢ ᠥᠷᠨᠢᠭᠦᠯᠬᠦ ᠵᠡᠷᠭᠡ 5 ᠲᠠᠯ᠎ᠠ᠎ᠪᠠᠷ ᠠᠵᠢᠯ᠎ᠤᠨ ᠡᠭᠦᠷᠭᠡ ᠵᠢ ᠲᠣᠳᠣᠷᠬᠠᠢ᠌ᠯᠠᠵᠤ ᠵᠠᠰᠠᠭ᠎ᠤᠨ ᠣᠷᠳᠣᠨ᠎ᠤ ᠰᠠᠯᠠᠭ᠎ᠠ ᠮᠥᠴᠢᠷ ᠪᠣᠯᠣᠨ ᠨᠡᠢ᠌ᠭᠡᠮ᠎ᠤᠨ ᠬᠦᠴᠦᠨ ᠬᠠᠮᠵᠢᠯᠴᠠᠨ ᠨᠡᠭᠦᠳᠡᠯ ᠬᠡᠦᠬᠡᠳ᠎ᠢ ᠬᠠᠯᠠᠮᠵᠢᠯᠠᠨ ᠬᠠᠮᠠᠭ᠋ᠠᠯᠠᠬᠤ ᠠᠵᠢᠯ᠎ᠢ ᠬᠠᠮᠲᠤ᠎ᠪᠠᠷ ᠰᠠᠢ᠌ᠲᠤᠷ ᠬᠢᠬᠦ ᠵᠢ ᠴᠢᠬᠤᠯᠠᠴᠢᠯᠠᠪᠠ᠃
《ᠦᠢ᠍ᠯᠡᠴᠢᠯᠡᠭᠡᠨ᠎ᠤ ᠨᠠᠷᠢᠨ ᠲᠠᠩᠰᠠ》᠎ᠨᠢ ᠨᠢᠯᠬ᠎ᠠ ᠬᠡᠦᠬᠡᠳ ᠰᠠᠭᠤᠬᠤ ᠴᠡᠴᠡᠷᠯᠢᠭ᠎ᠲᠠᠢ᠂ ᠰᠤᠷᠤᠯᠴᠠᠬᠤ᠎ᠠᠴᠠ ᠰᠤᠷᠭ᠋ᠠᠨ ᠬᠥᠮᠦᠵᠢᠯ᠎ᠲᠠᠢ᠂ ᠡᠪᠡᠳᠴᠢᠯᠡᠪᠡᠯ ᠵᠠᠰᠠᠭᠤᠯᠬᠤ ᠡᠮᠨᠡᠯᠭᠡ᠎ᠲᠠᠢ᠂ ᠰᠠᠭᠤᠬᠤ᠎ᠠᠴᠠ ᠣᠷᠣᠨ ᠰᠠᠭᠤᠴᠠ᠎ᠲᠠᠢ᠂ ᠪᠠᠭᠤᠷᠠᠢ᠌ᠴᠤᠤᠯᠳᠤ ᠲᠡᠳᠬᠦᠮᠵᠢ᠎ᠲᠠᠢ᠂ ᠬᠥᠭᠵᠢᠯᠲᠡ ᠵᠢᠨ ᠪᠠᠲᠤᠯᠠᠭ᠎ᠠ᠎ᠲᠠᠢ ᠵᠡᠷᠭᠡ 6 ᠲᠠᠯ᠎ᠠ᠎ᠪᠠᠷ ᠤᠯᠤᠰ᠎ᠤᠨ 19 ᠵᠦᠢ᠍ᠯ᠎ᠤᠨ ᠦᠢ᠍ᠯᠡᠴᠢᠯᠡᠭᠡᠨ᠎ᠤ ᠠᠭᠤᠯᠭ᠎ᠠ ᠵᠢ ᠨᠠᠢ᠌ᠳᠠᠪᠤᠷᠢᠵᠢᠭᠤᠯᠤᠭᠰᠠᠨ ᠰᠠᠭᠤᠷᠢᠨ ᠳᠡᠭᠡᠷ᠎ᠡ 21 ᠵᠦᠢ᠍ᠯ᠎ᠤᠨ ᠦᠢ᠍ᠯᠡᠴᠢᠯᠡᠭᠡᠨ᠎ᠤ ᠠᠭᠤᠯᠭ᠎ᠠ ᠵᠢ ᠬᠠᠮᠤᠷᠤᠭᠰᠠᠨ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠬᠠᠯᠠᠮᠵᠢᠯᠠᠨ ᠬᠠᠮᠠᠭ᠋ᠠᠯᠠᠬᠤ ᠦᠢ᠍ᠯᠡᠴᠢᠯᠡᠭᠡᠨ᠎ᠤ ᠨᠠᠷᠢᠨ ᠲᠠᠩᠰᠠ ᠵᠢ ᠲᠣᠭᠲᠠᠭ᠋ᠠᠵᠤ᠂ ᠨᠡᠭᠦᠳᠡᠯ ᠬᠡᠦᠬᠡᠳ᠎ᠲᠤ ᠣᠷᠣᠰᠢᠨ ᠰᠠᠭᠤᠭ᠎ᠠ ᠭᠠᠵᠠᠷ᠎ᠲᠤᠨᠢ ᠨᠠᠩ ᠲᠥᠪ ᠭᠣᠥᠯᠴᠢ᠂ ᠳᠥᠭᠥᠮ ᠳᠥᠲᠡ᠂ ᠴᠢᠨᠠᠷᠵᠢᠭᠤᠨ ᠦᠢ᠍ᠯᠡᠴᠢᠯᠡᠭᠡ ᠬᠦᠷᠳᠡᠬᠡᠨ ᠲᠡᠳᠡᠨ᠎ᠤ ᠠᠮᠤᠷ ᠠᠮᠤᠭᠤᠯᠠᠡᠭ ᠲᠦᠷᠦᠭᠳᠡᠯ᠂ ᠬᠦᠷᠲᠡᠮᠵᠢ ᠵᠢᠨ ᠲᠦᠷᠦᠭᠳᠡᠯ ᠪᠠ ᠵᠣᠯ ᠵᠢᠷᠭ᠋ᠠᠯ᠎ᠤᠨ ᠲᠥᠷᠥᠭᠳᠡᠯ᠎ᠢ ᠲᠠᠰᠤᠷᠠᠯᠲᠠ ᠦᠭᠡᠢ ᠲᠡᠭᠡᠭᠰᠢᠯᠡᠬᠦᠯᠬᠦ ᠪᠤᠯᠤᠨ᠎ᠠ᠃