ᠡᠯ᠎ᠡ ᠮᠤᠵᠢ᠂ ᠥᠪᠡᠷᠲᠡᠭᠡᠨ ᠵᠠᠰᠠᠬᠤ ᠣᠷᠣᠨ᠂ ᠰᠢᠭᠤᠳ ᠬᠠᠷᠢᠶ᠎ᠠ ᠬᠣᠲᠠ ᠵᠢᠨ ᠠᠷᠠᠳ᠎ᠤᠨ ᠶᠠᠪᠤᠳᠠᠯ᠎ᠤᠨ ᠲᠢᠩᠬᠢᠮ (ᠲᠣᠪᠴᠢᠶ᠎ᠠ)᠂ ᠰᠢᠨᠵᠢᠶᠠᠩ᠎ᠤᠨ ᠦᠢ᠍ᠯᠡᠳᠪᠦᠷᠢᠯᠡᠯ ᠪᠦᠲᠦᠭᠡᠨ ᠪᠠᠢ᠌ᠭᠤᠯᠤᠯᠲᠠ ᠵᠢᠨ ᠪᠢᠩᠲ᠋ᠤᠸᠠᠨ᠎ᠤ ᠠᠷᠠᠳ᠎ᠤᠨ ᠶᠠᠪᠤᠳᠠᠯ᠎ᠤᠨ ᠲᠣᠪᠴᠢᠶ᠎ᠠ᠎ᠳᠤ᠄
ᠲᠥᠷᠥ ᠵᠢᠨ ᠶᠠᠪᠤᠳᠠᠯ᠎ᠤᠨ ᠬᠣᠷᠢᠶᠠᠨ᠎ᠤ ᠠᠯᠪᠠᠨ ᠲᠢᠩᠬᠢᠮ᠎ᠤᠨ ᠲᠠᠷᠬᠠᠭ᠋ᠠᠭᠰᠠᠨ ᠠᠷᠠᠳ᠎ᠤᠨ ᠶᠠᠪᠤᠳᠠᠯ᠎ᠤᠨ ᠶᠠᠮᠤᠨ ᠵᠡᠷᠭᠡ ᠨᠢᠬᠡᠴᠢ ᠵᠢᠨ 《ᠣᠷᠣᠯᠭ᠎ᠠ ᠪᠠᠭ᠎ᠠ ᠬᠦᠮᠦᠰ᠎ᠤᠨ ᠬᠥᠳᠡᠯᠦᠩᠭᠦᠢ ᠪᠠᠢ᠌ᠳᠠᠯ᠎ᠤᠨ ᠬᠢᠨᠠᠨ ᠬᠡᠮᠵᠢᠯᠲᠡ ᠵᠢ ᠴᠢᠩᠭ᠋ᠠᠳᠬᠠᠵᠤ᠂ ᠨᠡᠢ᠌ᠭᠡᠮ᠎ᠤᠨ ᠲᠤᠰᠠᠯᠠᠮᠵᠢ ᠵᠢᠨ ᠠᠵᠢᠯ᠎ᠢ ᠳᠡᠰ ᠲᠥᠷᠥᠯ ᠬᠤᠪᠢᠶᠠᠨ ᠰᠠᠢ᠌ᠲᠤᠷ ᠬᠢᠬᠦ ᠲᠤᠬᠠᠢ ᠰᠠᠨᠠᠯ》᠎ᠢ ᠭᠦᠨᠵᠡᠭᠡᠢ ᠨᠠᠢ᠌ᠳᠠᠪᠤᠷᠢᠵᠢᠭᠤᠯᠤᠨ᠂ ᠣᠷᠣᠯᠭ᠎ᠠ ᠪᠠᠭ᠎ᠠ ᠬᠦᠮᠦᠰ᠎ᠤᠨ ᠬᠥᠳᠡᠯᠦᠩᠭᠦᠢ ᠪᠠᠢ᠌ᠳᠠᠯ᠎ᠢ ᠬᠢᠨᠠᠨ ᠬᠡᠮᠵᠢᠬᠦ ᠪᠠ ᠲᠤᠰᠠᠯᠠᠵᠤ ᠲᠡᠳᠬᠦᠬᠦ ᠠᠵᠢᠯ᠎ᠢ ᠴᠢᠩᠭ᠋ᠠᠳᠬᠠᠵᠤ᠂ ᠨᠡᠢ᠌ᠭᠡᠮ᠎ᠤᠨ ᠲᠤᠰᠠᠯᠠᠮᠵᠢᠨ ᠵᠢᠨ 《ᠦᠨᠳᠦᠰᠦᠨ ᠪᠠᠳᠤᠯᠠᠭ᠎ᠠ᠂ ᠠᠶᠤᠯ ᠲᠦᠭᠰᠢᠭᠦᠷᠢ ᠵᠢ ᠰᠡᠷᠭᠡᠢ᠌ᠯᠡᠬᠦ᠂ ᠬᠥᠭᠵᠢᠯᠲᠡ ᠵᠢ ᠠᠬᠢᠭᠤᠯᠬᠤ》 ᠴᠢᠳᠠᠮᠵᠢ ᠦᠢ᠍ᠯᠡᠳᠦᠯ᠎ᠢ ᠨᠡᠩ ᠰᠠᠢ᠌ᠲᠤᠷ ᠪᠠᠳᠠᠷᠠᠭᠤᠯᠵᠤ᠂ ᠠᠷᠠᠳ᠎ᠤᠨ ᠠᠮᠢᠳᠤᠷᠠᠯ᠎ᠤᠨ ᠦᠨᠳᠦᠰᠦᠨ ᠪᠠᠳᠤᠯᠠᠭ᠎ᠠ ᠵᠢᠨ ᠠᠶᠤᠯ ᠦᠬᠡᠢ ᠵᠢᠨ ᠲᠤᠤᠷᠵᠢᠯ᠎ᠢ ᠨᠢᠭᠲᠠ ᠪᠠᠲᠤ ᠰᠦᠯᠵᠢᠬᠦ ᠵᠢᠨ ᠲᠦᠯᠤᠬᠡ ᠣᠷᠣᠯᠭ᠎ᠠ ᠪᠠᠭ᠎ᠠ ᠬᠦᠮᠦᠰ᠎ᠢ ᠮᠠᠭ᠋ᠠᠳᠯᠠᠨ ᠲᠣᠭᠲᠠᠭ᠋ᠠᠬᠤ ᠪᠠ ᠬᠥᠳᠡᠯᠦᠩᠭᠦᠢ ᠪᠠᠢ᠌ᠳᠠᠯ᠎ᠢ᠎ᠨᠢ ᠬᠢᠨᠠᠨ ᠬᠡᠮᠵᠢᠬᠦ ᠠᠵᠢᠯ᠎ᠢ ᠴᠢᠩᠭ᠋ᠠᠳᠬᠠᠬᠤ ᠲᠤᠬᠠᠢ ᠬᠣᠯᠪᠣᠭᠳᠠᠯ ᠪᠦᠬᠦᠢ ᠵᠦᠢ᠍ᠯᠡᠰ᠎ᠢ ᠮᠡᠳᠡᠭᠳᠡᠶ᠎ᠡ᠃
ᠨᠢᠭᠡ᠂ ᠣᠷᠣᠯᠭ᠎ᠠ ᠪᠠᠭ᠎ᠠ ᠬᠦᠮᠦᠰ᠎ᠢ ᠮᠠᠭ᠋ᠠᠳᠯᠠᠨ ᠲᠣᠭᠲᠠᠭ᠋ᠠᠬᠤ ᠠᠵᠢᠯ᠎ᠢ ᠪᠦᠬᠦ ᠲᠠᠯ᠎ᠠ᠎ᠪᠠᠷ ᠥᠷᠨᠢᠭᠦᠯᠦᠨ᠎ᠡ᠃ ᠡᠯ᠎ᠡ ᠭᠠᠵᠠᠷ᠎ᠤᠨ᠎ᠬᠢᠨ ᠨᠠᠭ᠋ᠠᠲᠤ ᠵᠠᠬ᠎ᠠ ᠵᠢᠨ ᠠᠮᠢᠳᠤᠷᠠᠯ᠎ᠤᠨ ᠪᠠᠲᠤᠯᠠᠭ᠎ᠠ ᠬᠦᠷᠳᠡᠭᠰᠡᠳ᠂ ᠣᠨᠴᠠ ᠬᠦᠴᠢᠷᠳᠡᠯᠲᠡᠢ ᠬᠥᠮᠥᠰ᠎ᠢ ᠦᠨᠡᠯᠡᠬᠦ ᠠᠵᠢᠯ᠎ᠢ ᠰᠠᠢ᠌ᠲᠤᠷ ᠬᠢᠭᠰᠡᠨ ᠰᠠᠭᠤᠷᠢᠨ ᠳᠡᠭᠡᠷ᠎ᠡ᠂ ᠨᠠᠭ᠋ᠠᠲᠤ ᠵᠠᠬ᠎ᠠ ᠵᠢᠨ ᠠᠮᠢᠳᠤᠷᠠᠯ᠎ᠤᠨ ᠪᠠᠲᠤᠯᠠᠭ᠎ᠠ ᠵᠢᠨ ᠨᠠᠭ᠋ᠠᠨ᠎ᠠ ᠴᠠᠭ᠋ᠠᠨ᠎ᠠ ᠪᠠᠢ᠌ᠭ᠎ᠠ ᠭᠡᠷ ᠪᠦᠯᠢ᠂ ᠵᠠᠢ᠌ᠯᠠᠰᠢ ᠦᠭᠡᠢ ᠵᠠᠷᠤᠯᠭ᠎ᠠ ᠲᠠᠢ ᠬᠦᠴᠢᠷᠳᠡᠯᠲᠡᠢ ᠭᠡᠷ ᠪᠦᠯᠢ ᠵᠢ ᠦᠨᠡᠯᠡᠬᠦ ᠠᠵᠢᠯ᠎ᠢ ᠪᠥᠬᠥ ᠲᠠᠯ᠎ᠠ᠎ᠪᠠᠷ ᠥᠷᠨᠢᠭᠦᠯᠬᠦ ᠬᠡᠷᠡᠭᠲᠡᠢ᠃ ᠰᠢᠶᠠᠨ (ᠬᠣᠲᠠ᠂ ᠲᠣᠭᠣᠷᠢᠭ᠂ ᠬᠣᠰᠢᠭᠤ) ᠵᠶ᠋ᠠᠷ ᠨᠢᠭᠡᠴᠢ ᠪᠣᠯᠭ᠋ᠠᠵᠤ᠂ ᠭᠡᠷ ᠪᠦᠯᠢ ᠵᠢᠨ ᠪᠡᠶ᠎ᠡ᠎ᠪᠠᠨ ᠳᠠᠭ᠋ᠠᠭ᠋ᠠᠵᠤ ᠭᠤᠶᠤᠴᠢᠯᠠᠨ ᠮᠡᠳᠡᠭᠦᠯᠬᠦ ᠵᠢ ᠭᠤᠶᠤᠴᠢᠯᠠᠬᠤ ᠵᠢᠨ ᠬᠠᠮᠲᠤ᠂ ᠰᠠᠨᠠᠭ᠋ᠠᠴᠢᠯᠠᠭ᠎ᠠ᠎ᠠᠴᠠ᠎ᠪᠠᠨ ᠢᠯᠡᠷᠡᠭᠦᠯᠬᠦ ᠲᠣᠭᠲᠠᠴᠠ ᠵᠢ ᠰᠠᠢ᠌ᠲᠤᠷ ᠬᠡᠷᠡᠭᠯᠡᠨ᠂ 《ᠲᠣᠮᠣ ᠳ᠋ᠠᠢ᠌ᠲ᠋ᠠ + ᠭᠠᠡᠭ ᠲᠦᠷᠤᠬᠡ》 ᠵᠢᠨ ᠦᠢ᠍ᠯᠡᠳᠦᠯ᠎ᠢ ᠭᠦᠢ᠍ᠴᠡᠳ ᠪᠠᠳᠠᠷᠠᠭᠤᠯᠵᠤ᠂ ᠠᠮᠢᠳᠤᠷᠠᠯ᠎ᠤᠨ ᠨᠠᠭ᠋ᠠᠲᠤ ᠵᠠᠬ᠎ᠠ ᠵᠢᠨ ᠪᠠᠲᠤᠯᠠᠭ᠎ᠠ ᠵᠢᠨ ᠨᠥᠬᠥᠴᠡᠯ᠎ᠳᠤ ᠨᠡᠢ᠌ᠴᠡᠬᠦ ᠦᠭᠡᠢ ᠪᠣᠯᠪᠠᠴᠤ ᠭᠡᠷ ᠪᠦᠯᠢ ᠵᠢᠨ ᠬᠥᠮᠥᠨ ᠳᠤᠮᠳᠠᠴᠢ ᠵᠢᠨ ᠣᠷᠣᠯᠭ᠎ᠠ᠎ᠨᠢ ᠲᠤᠬᠠᠢ ᠵᠢᠨ ᠭᠠᠵᠠᠷ᠎ᠤᠨ ᠠᠮᠢᠳᠤᠷᠠᠯ᠎ᠤᠨ ᠨᠠᠭ᠋ᠠᠲᠤ ᠵᠠᠬ᠎ᠠ ᠵᠢᠨ ᠪᠠᠲᠤᠯᠠᠭ᠎ᠠ ᠵᠢᠨ ᠪᠠᠷᠢᠮᠵᠢᠶ᠎ᠠ᠎ᠠᠴᠠ 1.5 ᠳᠠᠬᠢᠨ ᠳᠣᠣᠷ᠎ᠠ ᠮᠥᠷᠲᠡᠭᠡᠨ ᠭᠡᠷ ᠪᠦᠯᠢ ᠵᠢᠨ ᠡᠳ᠋ ᠬᠥᠷᠥᠩᠭᠡ ᠵᠢᠨ ᠪᠠᠢ᠌ᠳᠠᠯ᠎ᠨᠢ ᠲᠤᠬᠠᠢ ᠵᠢᠨ ᠭᠠᠵᠠᠷ᠎ᠤᠨ ᠬᠠᠮᠢᠶ᠎ᠠ ᠪᠦᠬᠦᠢ ᠲᠣᠭᠲᠠᠭ᠋ᠠᠯ᠎ᠳᠤ ᠨᠡᠢ᠌ᠴᠡᠭᠰᠡᠨ ᠭᠡᠷ ᠪᠦᠯᠢ ᠵᠢ ᠠᠮᠢᠳᠤᠷᠠᠯ᠎ᠤᠨ ᠨᠠᠭ᠋ᠠᠲᠤ ᠵᠠᠬ᠎ᠠ ᠵᠢᠨ ᠪᠠᠲᠤᠯᠠᠭ᠎ᠠ ᠵᠢᠨ ᠨᠠᠭ᠋ᠠᠨ᠎ᠠ ᠴᠠᠭ᠋ᠠᠨ᠎ᠠ ᠪᠠᠢ᠌ᠭ᠎ᠠ ᠭᠡᠷ ᠪᠦᠯᠢ᠎ᠪᠠᠷ ᠮᠠᠭ᠋ᠠᠳᠯᠠᠨ ᠲᠣᠭᠲᠠᠭ᠋ᠠᠨ᠎ᠠ᠃ ᠭᠡᠷ ᠪᠦᠯᠢ ᠵᠢᠨ ᠬᠥᠮᠥᠨ ᠳᠤᠮᠳᠠᠴᠢ ᠵᠢᠨ ᠣᠷᠣᠯᠭ᠎ᠠ᠎ᠨᠢ ᠳᠡᠭᠡᠷ᠎ᠡ ᠵᠢᠯ᠎ᠤᠨ ᠲᠤᠬᠠᠢ ᠵᠢᠨ ᠭᠠᠵᠠᠷ᠎ᠤᠨ ᠰᠠᠭᠤᠭ᠋ᠠᠯᠢ ᠠᠷᠠᠳ᠎ᠤᠨ ᠬᠥᠮᠥᠨ ᠳᠤᠮᠳᠠᠴᠢ ᠵᠢᠨ ᠡᠵᠡᠮᠳᠡᠵᠦ ᠪᠣᠯᠬᠤ ᠣᠷᠣᠯᠭ᠎ᠠ᠎ᠠᠴᠠ ᠳᠣᠣᠷ᠎ᠠ᠂ ᠭᠡᠷ ᠪᠦᠯᠢ ᠵᠢᠨ ᠡᠳ᠋ ᠬᠥᠷᠥᠩᠭᠡ ᠵᠢᠨ ᠪᠠᠢ᠌ᠳᠠᠯ᠎ᠨᠢ ᠲᠤᠬᠠᠢ ᠵᠢᠨ ᠭᠠᠵᠠᠷ᠎ᠤᠨ ᠬᠠᠮᠢᠶ᠎ᠠ ᠪᠦᠬᠦᠢ ᠲᠣᠭᠲᠠᠭ᠋ᠠᠯ᠎ᠳᠤ ᠨᠡᠢ᠌ᠴᠡᠬᠦ ᠮᠥᠷᠲᠡᠭᠡᠨ ᠭᠡᠷ ᠪᠦᠯᠢ ᠵᠢᠨ ᠶᠡᠷᠦᠩᠬᠡᠢ ᠣᠷᠣᠯᠭ᠎ᠠ᠎ᠳᠤ᠎ᠬᠢ ᠡᠮᠴᠢᠯᠡᠭᠡ᠂ ᠰᠤᠷᠭ᠋ᠠᠨ ᠬᠥᠮᠦᠵᠢᠯ ᠵᠡᠷᠭᠡ ᠴᠢᠬᠤᠯᠠ ᠪᠦᠬᠦᠢ ᠵᠠᠷᠤᠯᠭ᠎ᠠ ᠵᠢᠨ ᠡᠵᠡᠯᠡᠬᠦ ᠬᠠᠷᠢᠴᠠᠯ᠎ᠨᠢ ᠲᠤᠬᠠᠢ ᠵᠢᠨ ᠭᠠᠵᠠᠷ᠎ᠤᠨ ᠲᠣᠭᠲᠠᠭ᠋ᠠᠭᠰᠠᠨ ᠬᠠᠷᠢᠴᠠᠯ᠎ᠠᠴᠠ ᠬᠡᠲᠦᠷᠡᠭᠰᠡᠨ ᠭᠡᠷ ᠪᠦᠯᠢ ᠵᠢ ᠵᠠᠪᠠᠯ ᠵᠠᠷᠤᠴᠠᠭᠤᠯᠬᠤ᠎ᠳᠤ ᠬᠦᠴᠢᠷᠲᠡᠢ ᠭᠡᠷ ᠪᠦᠯᠢ᠎ᠪᠠᠷ ᠮᠠᠭ᠋ᠠᠳᠯᠠᠨ ᠲᠣᠭᠲᠠᠭ᠋ᠠᠨ᠎ᠠ᠃ ᠦᠨᠡᠯᠡᠭᠳᠡᠭᠴᠢ ᠵᠢᠨ ᠮᠡᠳᠡᠭᠡ ᠵᠠᠩᠭᠢ ᠵᠢ ᠣᠷᠣᠯᠭ᠎ᠠ ᠪᠠᠭ᠎ᠠ ᠬᠦᠮᠦᠰ᠎ᠤᠨ ᠲᠣᠭ᠎ᠠ ᠪᠠᠷᠢᠮᠲᠠ ᠵᠢᠨ ᠬᠥᠮᠥᠷᠭᠡ ᠵᠢ ᠡᠯ᠎ᠡ ᠭᠠᠵᠠᠷ᠎ᠤᠨ᠎ᠬᠢᠨ ᠭᠤᠶᠤᠴᠢᠯᠠᠭᠰᠠᠨ ᠭᠡᠷ ᠪᠦᠯᠢ ᠵᠢᠨ ᠪᠣᠳᠠᠲᠠᠢ ᠠᠮᠢᠳᠤᠷᠠᠯ᠎ᠤᠨ ᠪᠠᠢ᠌ᠳᠠᠯ᠎ᠢ ᠦᠨᠳᠦᠰᠦᠯᠡᠨ ᠣᠷᠣᠯᠭ᠎ᠠ ᠪᠠᠭ᠎ᠠ ᠬᠦᠮᠦᠰ᠎ᠢ ᠮᠠᠭ᠋ᠠᠳᠯᠠᠨ ᠲᠣᠭᠲᠠᠭ᠋ᠠᠬᠤ ᠠᠵᠢᠯ᠎ᠢ ᠦᠷᠨᠢᠬᠦᠯᠬᠦ ᠬᠡᠷᠡᠭᠲᠡᠢ᠃ ᠠᠮᠢᠳᠤᠷᠠᠯ᠎ᠤᠨ ᠨᠠᠭ᠋ᠠᠲᠤ ᠵᠠᠬ᠎ᠠ ᠵᠢᠨ ᠪᠠᠲᠤᠯᠠᠭ᠎ᠠ ᠵᠢᠨ ᠨᠠᠭ᠋ᠠᠨ᠎ᠠ ᠴᠠᠭ᠋ᠠᠨ᠎ᠠ ᠪᠠᠢ᠌ᠭ᠎ᠠ ᠭᠡᠷ ᠪᠦᠯᠢ ᠪᠠ ᠵᠠᠢ᠌ᠯᠠᠰᠢ ᠦᠭᠡᠢ ᠵᠠᠷᠤᠯᠭ᠎ᠠ ᠵᠢᠨ ᠬᠦᠴᠢᠷᠳᠡᠯ᠎ᠲᠠᠢ ᠭᠡᠷ ᠪᠦᠯᠢ ᠵᠢ ᠮᠠᠭ᠋ᠠᠳᠯᠠᠨ ᠲᠣᠭᠲᠠᠭ᠋ᠠᠬᠤ᠎ᠳᠤ ᠮᠠᠭ᠋ᠠᠳᠯᠠᠨ ᠲᠣᠭᠲᠠᠭ᠋ᠠᠬᠤ ᠪᠠ ᠲᠤᠰᠠᠯᠠᠵᠤ ᠲᠡᠳᠬᠦᠬᠦ ᠵᠢᠨ ᠬᠠᠷᠢᠴᠠᠭ᠎ᠠ ᠵᠢ ᠣᠨᠣᠪᠴᠢᠲᠠᠶ ᠡᠵᠡᠮᠳᠡᠨ᠂ ᠭᠤᠶᠤᠴᠢᠯᠠᠭᠰᠠᠨ ᠭᠡᠷ ᠪᠦᠯᠢ ᠵᠢᠨ ᠬᠤᠪᠢ ᠬᠥᠮᠥᠨ᠎ᠤ ᠨᠢᠭᠤᠴᠠ ᠵᠢ ᠬᠠᠮᠠᠭ᠋ᠠᠯᠠᠬᠤ᠎ᠠᠴᠠ ᠡᠭᠦᠰᠴᠦ᠂ 《ᠬᠡᠨ ᠲᠤᠰᠠᠯᠠᠪᠠᠯ ᠬᠡᠨ ᠢᠯᠡᠵᠢᠬᠦᠯᠬᠦ》 ᠵᠢ ᠪᠠᠷᠢᠮᠲᠠᠯᠠᠨ᠂ ᠮᠠᠭ᠋ᠠᠳᠯᠠᠨ ᠲᠣᠭᠲᠠᠭ᠋ᠠᠬᠤ ᠠᠵᠢᠯ᠎ᠢ ᠪᠥᠬᠥ ᠲᠠᠯ᠎ᠠ᠎ᠪᠠᠷ ᠥᠷᠨᠢᠭᠦᠯᠦᠭᠰᠡᠨ ᠰᠠᠭᠤᠷᠢᠨ ᠳᠡᠭᠡᠷ᠎ᠡ᠂ ᠬᠠᠮᠢᠶ᠎ᠠ ᠪᠦᠬᠦᠢ ᠰᠠᠯᠠᠭ᠎ᠠ ᠮᠥᠴᠢᠷ᠎ᠤᠨ᠎ᠬᠢᠨ᠎ᠲᠠᠢ ᠬᠠᠮᠲᠤᠷᠠᠨ ᠲᠥᠷᠥᠯ ᠬᠤᠪᠢᠶᠠᠨ ᠲᠤᠰᠠᠯᠠᠬᠤ ᠬᠡᠷᠡᠭᠲᠡᠢ᠃
ᠬᠣᠶᠠᠷ᠂ ᠣᠷᠣᠯᠭ᠎ᠠ ᠪᠠᠭ᠎ᠠ ᠬᠦᠮᠦᠰ᠎ᠤᠨ ᠬᠥᠳᠡᠯᠦᠩᠭᠦᠢ᠎ᠪᠠᠷ ᠬᠢᠨᠠᠨ ᠬᠡᠮᠵᠢᠬᠦ ᠠᠵᠢᠯ᠎ᠢ ᠴᠢᠡᠭᠭ᠋ᠠᠳᠬᠠᠬᠤ ᠬᠡᠷᠡᠭᠳᠡᠢ᠃ ᠡᠯ᠎ᠡ ᠭᠠᠵᠠᠷ᠎ᠤᠨ᠎ᠬᠢᠨ 《ᠠᠶᠤᠯ ᠲᠦᠭᠰᠢᠭᠦᠷᠢ ᠵᠢ ᠰᠡᠷᠭᠡᠢ᠌ᠯᠡᠬᠦ》᠎ᠪᠠᠷ ᠬᠠᠷᠠᠯᠲᠠ ᠪᠣᠯᠭ᠋ᠠᠵᠤ᠂ ᠬᠢᠨᠠᠨ ᠰᠢᠯᠭ᠋ᠠᠬᠤ ᠬᠦᠷᠢᠶ᠎ᠡ ᠬᠡᠪᠴᠢᠶ᠎ᠡ᠎ᠪᠠᠨ ᠠᠯᠬᠤᠮ ᠠᠯᠬᠤᠮ ᠵᠶ᠋ᠠᠷ ᠥᠷᠭᠡᠳᠬᠡᠵᠦ ᠠᠮᠢᠳᠤᠷᠠᠯ᠎ᠤᠨ ᠨᠠᠭ᠋ᠠᠲᠤ ᠵᠠᠬ᠎ᠠ ᠵᠢᠨ ᠪᠠᠲᠤᠯᠠᠭ᠎ᠠ ᠬᠦᠷᠳᠡᠭᠰᠡᠳ᠂ ᠣᠨᠴᠠ ᠬᠦᠴᠢᠷᠳᠡᠯ᠎ᠲᠠᠢ ᠬᠥᠮᠥᠰ᠂ ᠠᠮᠢᠳᠤᠷᠠᠯ᠎ᠤᠨ ᠨᠠᠭ᠋ᠠᠲᠤ ᠵᠠᠬ᠎ᠠ ᠵᠢᠨ ᠪᠠᠲᠤᠯᠠᠭ᠎ᠠ ᠵᠢᠨ ᠨᠠᠭ᠋ᠠᠨ᠎ᠠ ᠴᠠᠭ᠋ᠠᠨ᠎ᠠ ᠪᠠᠢ᠌ᠭ᠎ᠠ ᠭᠡᠷ ᠪᠦᠯᠢ᠂ ᠵᠠᠷᠤᠯᠭ᠎ᠠ ᠵᠢᠨ ᠲᠠᠯ᠎ᠠ᠎ᠪᠠᠷ ᠬᠦᠴᠢᠷᠳᠡᠯ᠎ᠲᠠᠢ ᠭᠡᠷ ᠪᠦᠯᠢ ᠵᠢᠨ ᠬᠢᠨᠠᠨ ᠬᠡᠮᠵᠢᠯᠲᠡ ᠵᠢ ᠰᠠᠢ᠌ᠲᠤᠷ ᠬᠢᠭᠰᠡᠨ ᠰᠠᠭᠤᠷᠢᠨ ᠳᠡᠭᠡᠷ᠎ᠡ᠂ ᠳᠠᠬᠢᠨ ᠶᠠᠳᠠᠭᠤᠷᠠᠬᠤ᠎ᠠᠴᠠ᠎ᠨᠢ ᠰᠡᠷᠬᠡᠢ᠌ᠯᠡᠵᠤ ᠬᠢᠨᠠᠨ ᠰᠢᠯᠭ᠋ᠠᠬᠤ ᠡᠲᠡᠭᠡᠳ᠎ᠢ ᠰᠡᠷᠭᠡᠢ᠌ᠯᠡᠵᠦ᠂ ᠠᠮᠢᠳᠤᠷᠠᠯ᠎ᠤᠨ ᠨᠠᠭ᠋ᠠᠲᠤ ᠵᠠᠬ᠎ᠠ ᠵᠢᠨ ᠪᠠᠲᠤᠯᠠᠭ᠎ᠠ᠂ ᠣᠨᠴᠠ ᠬᠦᠴᠢᠷᠳᠡᠯ᠎ᠲᠠᠢ ᠬᠥᠮᠥᠰ᠎ᠢ ᠲᠤᠰᠠᠯᠠᠵᠤ ᠠᠰᠠᠷᠠᠨ ᠲᠡᠵᠢᠭᠡᠬᠦ ᠨᠥᠬᠥᠴᠡᠯ᠎ᠳᠤ ᠨᠡᠢ᠌ᠴᠡᠬᠦ ᠦᠭᠡᠢ ᠭᠤᠶᠤᠴᠢᠯᠠᠭᠰᠠᠳ ᠠᠮᠢᠳᠤᠷᠠᠯ᠎ᠤᠨ ᠨᠠᠭ᠋ᠠᠲᠤ ᠵᠠᠬ᠎ᠠ ᠵᠢᠨ ᠪᠠᠲᠤᠯᠠᠭ᠎ᠠ᠎ᠠᠴᠠ ᠭᠠᠷᠤᠭᠰᠠᠨ᠂ ᠣᠨᠴᠠ ᠬᠦᠴᠢᠷᠳᠡᠯᠲᠡᠢ ᠬᠥᠮᠥᠰ᠎ᠢ ᠲᠤᠰᠠᠯᠠᠵᠤ ᠠᠰᠠᠷᠠᠨ ᠲᠡᠵᠢᠭᠡᠭᠡᠳ ᠬᠣᠶᠠᠷ ᠵᠢᠯ ᠪᠣᠯᠣᠭ᠋ᠠᠳᠤᠢ ᠬᠦᠮᠦᠰ ᠪᠠ ᠲᠤᠬᠠᠢ ᠵᠢᠨ ᠭᠠᠵᠠᠷ᠎ᠤᠨ ᠵᠠᠰᠠᠭ᠎ᠤᠨ ᠣᠷᠳᠣᠨ᠎ᠠᠴᠠ ᠮᠠᠭ᠋ᠠᠳᠯᠠᠨ ᠲᠣᠭᠲᠠᠭ᠋ᠠᠭᠰᠠᠨ ᠪᠤᠰᠤᠳ ᠬᠦᠴᠢᠷᠳᠡᠯᠲᠡᠢ ᠬᠥᠮᠥᠰ ᠵᠡᠷᠭᠡ ᠨᠠᠩ ᠣᠯᠠᠨ ᠳᠠᠯᠳᠠ ᠬᠦᠴᠢᠷᠳᠡᠯ᠎ᠲᠠᠢ ᠪᠤᠶᠤ ᠣᠷᠣᠯᠭ᠎ᠠ ᠪᠠᠭ᠎ᠠ ᠬᠦᠮᠦᠰ᠎ᠢ ᠴᠥᠮ ᠣᠷᠣᠯᠭ᠎ᠠ ᠪᠠᠭ᠎ᠠ ᠬᠦᠮᠦᠰ᠎ᠤᠨ ᠬᠥᠳᠡᠯᠦᠩᠭᠦᠢ ᠪᠠᠢ᠌ᠳᠠᠯ᠎ᠢ ᠬᠢᠨᠠᠨ ᠬᠡᠮᠵᠢᠬᠦ ᠮᠡᠳᠡᠭᠡ ᠵᠠᠩᠭᠢ ᠵᠢᠨ ᠲᠠᠪᠴᠠᠩ᠎ᠳᠤ ᠣᠷᠣᠭᠤᠯᠵᠤ᠂ ᠱᠠᠲᠤ ᠬᠤᠪᠢᠶᠠᠨ ᠬᠠᠮᠢᠶᠠᠷᠬᠤ᠂ ᠬᠥᠳᠡᠯᠦᠩᠭᠦᠢ ᠪᠠᠢ᠌ᠳᠠᠯ᠎ᠢ ᠬᠢᠨᠠᠨ ᠬᠡᠮᠵᠢᠬᠦ ᠵᠢ ᠴᠢᠩᠭ᠋ᠠᠷᠠᠭᠤᠯᠤᠨ᠎ᠠ᠃ ᠰᠠᠭᠤᠭ᠋ᠠᠯᠢ ᠠᠷᠠᠳ᠎ᠤᠨ ᠭᠡᠷ ᠪᠦᠯᠢ ᠵᠢᠨ ᠠᠵᠤ ᠠᠬᠤᠢ ᠵᠢᠨ ᠪᠠᠢ᠌ᠳᠠᠯ᠎ᠢ ᠬᠠᠷᠭᠤᠭᠤᠯᠬᠤ ᠠᠭᠤᠯᠭ᠎ᠠ ᠵᠢ ᠢᠳᠡᠪᠬᠢᠲᠡᠢ ᠥᠷᠭᠡᠳᠬᠡᠵᠦ᠂ ᠠᠵᠢᠯ᠎ᠤᠨ ᠬᠡᠷᠡᠭᠴᠡᠭᠡ᠎ᠪᠠᠨ ᠦᠨᠳᠦᠰᠦᠯᠡᠨ᠂ ᠬᠠᠷᠭᠤᠭᠤᠯᠬᠤ ᠲᠣᠭ᠎ᠠ ᠪᠠᠷᠢᠮᠲᠠ ᠵᠢᠨ ᠵᠦᠢ᠍ᠯᠡᠰ᠎ᠢ ᠠᠯᠬᠤᠮ ᠠᠯᠬᠤᠮ ᠵᠶ᠋ᠠᠷ ᠨᠡᠮᠡᠭᠳᠡᠭᠦᠯᠬᠦ ᠬᠡᠷᠡᠭᠲᠡᠢ᠃ ᠣᠷᠣᠯᠭ᠎ᠠ ᠪᠠᠭ᠎ᠠ ᠬᠦᠮᠦᠰ᠎ᠤᠨ ᠬᠥᠳᠡᠯᠦᠩᠭᠦᠢ ᠪᠠᠢ᠌ᠳᠠᠯ᠎ᠢ ᠬᠢᠨᠠᠨ ᠬᠡᠮᠵᠢᠬᠦ ᠮᠡᠳᠡᠭᠡ ᠵᠠᠩᠭᠢ ᠵᠢᠨ ᠲᠠᠪᠴᠠᠩ᠎ᠤᠨ ᠴᠢᠳᠠᠮᠵᠢ ᠵᠢᠨ ᠬᠡᠰᠡᠭ᠎ᠢ ᠥᠷᠭᠡᠳᠬᠡᠵᠦ᠂ ᠬᠥᠳᠡᠯᠮᠦᠷᠢᠯᠡᠬᠦ ᠴᠢᠳᠠᠪᠤᠷᠢ᠂ ᠬᠥᠳᠡᠯᠮᠦᠷᠢᠯᠡᠬᠦ ᠨᠥᠬᠥᠴᠡᠯ᠂ ᠬᠥᠳᠡᠯᠮᠦᠷᠢᠯᠡᠬᠦ ᠬᠦᠰᠡᠯ᠂ ᠢᠳᠡᠬᠦ ᠤᠰᠤᠨ᠎ᠤ ᠠᠶᠤᠯ ᠦᠬᠡᠢ᠂ ᠣᠷᠣᠨ ᠰᠠᠭᠤᠴᠠ ᠵᠢᠨ ᠠᠮᠤᠷ ᠲᠦᠪᠰᠢᠨ᠎ᠤ ᠱᠣᠰᠢᠭ᠎ᠠ ᠲᠡᠮᠳᠡᠭ᠎ᠢ ᠨᠡᠮᠡᠵᠦ᠂ ᠬᠠᠮᠢᠶ᠎ᠠ ᠪᠦᠬᠦᠢ ᠲᠣᠭ᠎ᠠ ᠪᠠᠷᠢᠮᠲᠠ ᠵᠢᠨ ᠬᠡᠷᠡᠭᠯᠡᠯᠲᠡ ᠵᠢ ᠴᠢᠩᠭ᠋ᠠᠷᠠᠭᠤᠯᠤᠨ᠎ᠠ᠃ ᠬᠢᠨᠠᠨ ᠬᠡᠮᠵᠢᠵᠦ ᠰᠡᠷᠡᠮᠵᠢᠯᠡᠭᠦᠯᠬᠦ ᠭᠦᠢ᠍ᠴᠡᠳᠬᠡᠯ ᠲᠣᠭ᠎ᠠ ᠵᠢᠨ ᠰᠢᠰᠲᠸᠮ᠎ᠢ ᠲᠡᠬᠦᠯᠳᠡᠷᠵᠢᠬᠦᠯᠤᠨ᠂ ᠡᠮᠴᠢᠯᠡᠭᠡᠨ᠎ᠤ ᠵᠠᠷᠤᠯᠭ᠎ᠠ᠂ ᠰᠤᠷᠭ᠋ᠠᠭᠤᠯᠢ᠎ᠳᠤ ᠣᠷᠣᠬᠤ᠂ ᠵᠡᠮᠳᠡᠭᠷᠡᠬᠦ ᠵᠡᠷᠭᠡ ᠵᠢᠨ ᠰᠡᠷᠡᠮᠵᠢᠯᠡᠭᠦᠯᠬᠦ ᠭᠦᠢ᠍ᠴᠡᠳᠬᠡᠯ ᠲᠣᠭ᠎ᠠ ᠵᠢ ᠲᠡᠭᠦᠯᠳᠡᠷᠵᠢᠭᠦᠯᠦᠨ᠂ ᠴᠠᠭ ᠲᠤᠬᠠᠢᠳᠤᠨᠢ ᠬᠢᠨᠠᠨ ᠬᠡᠮᠵᠢᠵᠦ᠂ ᠴᠠᠭ ᠲᠤᠬᠠᠢ ᠳᠤᠨᠢ ᠰᠡᠷᠡᠮᠵᠢᠯᠡᠬᠦᠯᠤᠨ᠎ᠡ᠃ ᠱᠠᠲᠤ ᠬᠤᠪᠢᠶᠠᠨ ᠬᠠᠮᠢᠶᠠᠷᠬᠤ᠂ ᠬᠥᠳᠡᠯᠦᠩᠭᠦᠢ᠎ᠪᠠᠷ ᠬᠢᠨᠠᠨ ᠬᠡᠮᠵᠢᠬᠦ᠂ ᠬᠡᠷᠡᠭᠴᠡᠭᠡ᠎ᠠᠴᠠ ᠪᠣᠯᠵᠤ ᠬᠦᠷᠭᠡᠬᠦ᠂ ᠦᠷ᠎ᠡ ᠳ᠋ᠦᠩ᠎ᠢ ᠬᠠᠷᠢᠭᠤ ᠲᠤᠰᠬᠠᠬᠤ ᠠᠵᠢᠯ᠎ᠤᠨ ᠶᠠᠪᠤᠴᠨ ᠶᠣᠰᠣᠭ᠋ᠠᠷ ᠣᠷᠣᠯᠭ᠎ᠠ ᠪᠠᠭ᠎ᠠ ᠬᠦᠮᠦᠰ᠎ᠢ ᠡᠮᠴᠢᠯᠡᠬᠦ᠂ ᠰᠤᠷᠭ᠋ᠠᠨ ᠬᠥᠮᠦᠵᠢᠯ᠂ ᠣᠷᠣᠨ ᠰᠠᠭᠤᠴᠠ᠂ ᠠᠵᠢᠯ ᠣᠯᠭᠣᠯᠲᠠ᠂ ᠠᠵᠤ ᠦᠢ᠍ᠯᠡᠰ ᠵᠶ᠋ᠡᠷ ᠲᠡᠳᠬᠦᠬᠦ ᠵᠡᠷᠭᠡ ᠬᠡᠷᠡᠭᠴᠡᠭᠡ ᠱᠠᠭ᠋ᠠᠷᠳᠠᠯᠭ᠎ᠠ ᠵᠢᠨ ᠮᠡᠳᠡᠭᠡ ᠵᠠᠩᠭᠢ ᠵᠢ ᠬᠠᠮᠢᠶ᠎ᠠ ᠪᠦᠬᠦᠢ ᠰᠠᠯᠠᠭ᠎ᠠ ᠮᠥᠴᠢᠷ᠎ᠲᠤ ᠴᠠᠭ ᠲᠤᠬᠠᠢᠳᠤᠨᠢ ᠬᠦᠷᠭᠡᠵᠦ᠂ ᠬᠠᠮᠢᠶ᠎ᠠ ᠪᠦᠬᠦᠢ ᠰᠠᠯᠠᠭ᠎ᠠ ᠮᠥᠴᠢᠷ᠎ᠢ ᠨᠢᠭᠡᠳᠦᠯᠲᠡᠢ ᠲᠥᠯᠥᠪᠯᠡᠨ ᠵᠣᠬᠢᠴᠠᠭᠤᠯᠵᠤ ᠪᠠᠢ᠌ᠭ᠋ᠠᠳ ᠲᠤᠰᠠᠯᠠᠵᠤ ᠲᠡᠳᠬᠦᠬᠦ ᠮᠡᠳᠡᠭᠡ ᠵᠠᠩᠭᠢ ᠵᠢ ᠴᠠᠭ ᠲᠤᠬᠠᠢᠳᠤᠨᠢ ᠬᠠᠷᠢᠭᠤ ᠲᠤᠰᠬᠠᠵᠤ᠂ 《ᠨᠢᠭᠡ ᠡᠷᠦᠬᠡ (ᠬᠥᠮᠥᠨ) ᠵᠢ ᠨᠢᠭᠡ ᠠᠷᠭ᠎ᠠ᠎ᠪᠠᠷ ᠲᠤᠰᠠᠯᠠᠬᠤ》 ᠬᠠᠮᠢᠶᠠᠷᠤᠯᠲᠠ ᠵᠢᠨ ᠲᠣᠭᠲᠠᠴᠠ ᠵᠢ ᠪᠣᠶ ᠪᠣᠯᠭ᠋ᠠᠬᠤ ᠬᠡᠷᠡᠭᠲᠡᠢ᠃
ᠭᠤᠷᠪᠠ᠂ ᠲᠦᠷᠦ ᠵᠢᠨ ᠪᠣᠳᠣᠯᠭ᠎ᠠ ᠵᠢᠨ ᠤᠬᠠᠭᠤᠯᠭ᠎ᠠ ᠵᠢ ᠴᠢᠩᠭ᠋ᠠᠳᠬᠠᠵᠤ᠂ ᠵᠢᠱ᠌ᠢᠯᠲᠡ ᠵᠢ ᠵᠦᠢ ᠵᠣᠬᠢᠰᠲᠠᠢ ᠵᠢᠯᠣᠭᠣᠳᠤᠨ᠎ᠠ᠃ ᠡᠯ᠎ᠡ ᠭᠠᠵᠠᠷ᠎ᠤᠨ᠎ᠬᠢᠨ ᠨᠡᠢ᠌ᠭᠡᠮ᠎ᠤᠨ ᠲᠤᠰᠠᠯᠠᠮᠵᠢ ᠵᠢᠨ ᠲᠥᠷᠥ ᠵᠢᠨ ᠪᠣᠳᠣᠯᠭ᠎ᠠ ᠵᠢ ᠶᠡᠬᠡ᠎ᠪᠠᠷ ᠤᠬᠠᠭᠤᠯᠬᠤ ᠵᠢᠨ ᠬᠠᠮᠲᠤ᠂ ᠣᠷᠣᠯᠭ᠎ᠠ ᠪᠠᠭ᠎ᠠ ᠬᠦᠮᠦᠰ᠎ᠤᠨ ᠬᠥᠳᠡᠯᠦᠩᠭᠦᠢ ᠪᠠᠢ᠌ᠳᠠᠯ᠎ᠢ ᠬᠢᠨᠠᠨ ᠬᠡᠮᠵᠢᠬᠦ ᠠᠵᠢᠯ ᠪᠠ ᠱᠠᠲᠤ ᠲᠥᠷᠥᠯ ᠬᠤᠪᠢᠶᠠᠭᠰᠠᠨ ᠨᠡᠢ᠌ᠭᠡᠮ᠎ᠤᠨ ᠲᠤᠰᠠᠯᠠᠮᠵᠢ ᠵᠢᠨ ᠰᠢᠰᠲ᠋ᠧᠮ᠎ᠤᠨ ᠤᠬᠠᠭᠤᠯᠭ᠎ᠠ ᠵᠢ ᠴᠢᠩᠭ᠋ᠠᠳᠬᠠᠵᠤ᠂ ᠣᠷᠣᠯᠭ᠎ᠠ ᠪᠠᠭ᠎ᠠ ᠬᠦᠮᠦᠰ᠎ᠢ ᠬᠥᠳᠡᠯᠦᠩᠭᠦᠢ᠎ᠪᠠᠷ ᠬᠢᠨᠠᠨ ᠬᠡᠮᠵᠢᠬᠦ ᠠᠷᠭ᠎ᠠ ᠵᠢ ᠬᠡᠷᠡᠭᠵᠢᠭᠦᠯᠬᠦ᠎ᠨᠢ ᠠᠶᠤᠯ ᠲᠦᠭᠰᠢᠭᠦᠷᠢ ᠵᠢ ᠪᠦᠲᠦᠮᠵᠢᠲᠡᠶ᠎ᠪᠠᠷ ᠰᠡᠷᠭᠡᠢ᠌ᠯᠡᠬᠦ ᠪᠠ ᠠᠮᠢᠳᠤᠷᠠᠯ᠎ᠤᠨ ᠬᠦᠴᠢᠷᠳᠡᠯ᠎ᠢ ᠨᠠᠮᠳᠠᠭᠤᠯᠬᠤ᠎ᠳᠤ ᠦᠵᠡᠭᠦᠯᠬᠦ ᠢᠳᠡᠪᠬᠢᠲᠡᠢ ᠦᠢ᠍ᠯᠡᠳᠦᠯ᠎ᠢ ᠤᠯᠠᠨ ᠲᠦᠮᠡᠨ᠎ᠳᠤ ᠥᠷᠭᠡᠨ ᠵᠶ᠋ᠡᠷ ᠮᠡᠳᠡᠭᠦᠯᠵᠦ᠂ ᠠᠮᠢᠳᠤᠷᠠᠯ᠎ᠤᠨ ᠦᠨᠳᠤᠰᠤᠨ ᠲᠤᠰᠠᠯᠠᠮᠵᠢ᠂ ᠲᠤᠰᠬᠠᠢ ᠵᠦᠢ᠍ᠯ᠎ᠤᠨ ᠨᠡᠢ᠌ᠭᠡᠮ᠎ᠤᠨ ᠲᠤᠰᠠᠯᠠᠮᠵᠢ ᠪᠠ ᠪᠤᠰᠤᠳ ᠲᠤᠰᠠᠯᠠᠮᠵᠢ ᠵᠢᠨ ᠲᠦᠷᠦ ᠵᠢᠨ ᠪᠣᠳᠣᠯᠭ᠎ᠠ ᠵᠢ ᠭᠤᠶᠤᠴᠢᠯᠠᠬᠤ ᠨᠥᠬᠥᠴᠡᠯ᠂ ᠲᠤᠰᠠᠯᠠᠮᠵᠢ ᠵᠢᠨ ᠠᠭᠤᠯᠭ᠎ᠠ ᠵᠡᠷᠭᠡ ᠵᠢ ᠣᠢ᠌ᠯᠠᠭ᠋ᠠᠭᠤᠯᠵᠤ᠂ ᠤᠯᠠᠨ ᠲᠦᠮᠡᠨ᠎ᠤ ᠲᠠᠭ᠋ᠠᠮᠠᠭᠢ ᠵᠦᠢ ᠵᠣᠬᠢᠰᠲᠠᠢ᠎ᠪᠠᠷ ᠵᠢᠯᠣᠭᠣᠳᠤᠨ᠎ᠠ᠃ ᠨᠡᠢ᠌ᠭᠡᠮ᠎ᠤᠨ ᠲᠤᠰᠠᠯᠠᠮᠵᠢ ᠵᠢᠨ 《ᠬᠦᠴᠢᠷᠳᠡᠯ᠎ᠲᠠᠢ ᠪᠣᠯ ᠵᠠᠪᠠᠯ ᠬᠠᠪᠰᠤᠷᠴᠤ᠂ ᠬᠦᠴᠢᠷᠳᠡᠯ᠎ᠲᠠᠢ ᠪᠣᠯ ᠵᠠᠪᠠᠯ ᠠᠪᠤᠷᠠᠬᠤ》 ᠪᠤᠳᠤᠯᠭ᠎ᠠ ᠵᠢ ᠢᠳᠡᠪᠬᠢᠲᠡᠢ ᠤᠬᠠᠭᠤᠯᠵᠤ᠂ ᠬᠦᠴᠢᠷᠳᠡᠯ᠎ᠲᠠᠢ ᠤᠯᠠᠨ ᠲᠦᠮᠡᠨ᠎ᠢ ᠰᠠᠨᠠᠭ᠋ᠠᠴᠢᠯᠠᠭ᠎ᠠ᠎ᠠᠴᠠ᠎ᠪᠠᠨ ᠲᠤᠰᠠᠯᠠᠮᠵᠢ ᠭᠤᠶᠤᠴᠢᠯᠠᠬᠤ ᠲᠡᠢ᠌ᠰᠢ ᠵᠢᠯᠤᠭᠤᠳᠤᠨ ᠠᠮᠢᠳᠤᠷᠠᠯ᠎ᠤᠨ ᠢᠲᠡᠭᠡᠯ᠎ᠢ᠎ᠨᠢ ᠪᠤᠢ ᠪᠣᠯᠭ᠋ᠠᠵᠤ᠂ ᠨᠡᠢ᠌ᠭᠡᠮ᠎ᠤᠨ ᠶᠣᠰᠣ ᠰᠤᠷᠲᠠᠬᠤᠨ᠎ᠠᠴᠠ ᠲᠡᠷᠰᠯᠡᠬᠦ ᠬᠡᠷᠡᠭ ᠡᠭᠦᠰᠬᠦ ᠵᠢ ᠰᠡᠷᠭᠡᠢ᠌ᠯᠡᠬᠦ ᠬᠡᠷᠡᠭᠲᠡᠢ᠃ ᠦᠨᠳᠦᠰᠦᠨ ᠱᠠᠲᠤᠨ᠎ᠤ ᠨᠠᠮ᠎ᠤᠨ ᠵᠣᠬᠢᠶᠠᠨ ᠪᠠᠢ᠌ᠭᠤᠯᠤᠯᠲᠠ ᠵᠢᠨ ᠦᠢ᠍ᠯᠡᠳᠦᠯ᠎ᠢ ᠪᠠᠳᠠᠷᠠᠭᠤᠯᠬᠤ ᠵᠢ ᠴᠢᠬᠤᠯᠠᠴᠢᠯᠠᠵᠤ᠂ ᠬᠥᠳᠡᠯᠮᠦᠷᠢᠯᠡᠬᠦ ᠴᠢᠳᠠᠪᠤᠷᠢ᠎ᠲᠠᠢ ᠣᠷᠣᠯᠭ᠎ᠠ ᠪᠠᠭ᠎ᠠ ᠬᠦᠮᠦᠰ᠎ᠢ ᠥᠪᠡᠷ᠎ᠢ᠎ᠪᠠᠨ ᠬᠦᠴᠦᠷᠬᠡᠭᠵᠢᠭᠦᠯᠦᠨ ᠪᠡᠶ᠎ᠡ᠎ᠪᠠᠨ ᠳᠠᠭ᠋ᠠᠭ᠋ᠠᠬᠤ ᠲᠡᠢ᠌ᠰᠢ ᠵᠢᠯᠤᠭᠣᠳᠴᠤ᠂ ᠳᠣᠲᠣᠭ᠋ᠠᠳᠤ ᠬᠥᠳᠡᠯᠭᠡᠬᠦ ᠬᠦᠴᠦᠨ᠎ᠢ ᠬᠥᠭᠵᠢᠭᠡᠵᠦ᠂ ᠠᠵᠢᠯ ᠣᠯᠭᠣᠯᠲᠠ᠂ ᠠᠵᠤ ᠦᠢ᠍ᠯᠡᠰ ᠵᠶ᠋ᠡᠷ ᠲᠡᠳᠬᠦᠬᠦ ᠵᠡᠷᠭᠡ ᠠᠷᠭ᠎ᠠ᠎ᠪᠠᠷ ᠬᠦᠴᠢᠷᠳᠡᠯ᠎ᠠᠴᠠ᠎ᠨᠢ ᠠᠩᠭᠢᠵᠢᠷᠠᠭᠤᠯᠬᠤ ᠬᠡᠷᠡᠭᠲᠡᠢ᠃
ᠡᠯ᠎ᠡ ᠭᠠᠵᠠᠷ᠎ᠤᠨ᠎ᠬᠢᠨ ᠣᠷᠣᠯᠭ᠎ᠠ ᠪᠠᠭ᠎ᠠ ᠬᠦᠮᠦᠰ᠎ᠢ ᠮᠠᠭ᠋ᠠᠳᠯᠠᠨ ᠲᠣᠭᠲᠠᠭ᠋ᠠᠬᠤ ᠪᠠ ᠬᠥᠳᠡᠯᠦᠩᠭᠦᠢ ᠪᠠᠢ᠌ᠳᠠᠯ᠎ᠢ ᠬᠢᠨᠠᠨ ᠬᠡᠮᠵᠢᠬᠦ ᠠᠵᠢᠯ᠎ᠢ ᠴᠢᠩᠭ᠋ᠠᠳᠬᠠᠬᠤ ᠵᠢᠨ ᠴᠢᠬᠤᠯᠠ ᠠᠴᠢ ᠬᠣᠯᠪᠣᠭᠳᠠᠯ᠎ᠢ ᠭᠦᠢ᠍ᠴᠡᠳ ᠲᠠᠨᠢᠵᠤ᠂ ᠤᠯᠤᠰ ᠲᠥᠷᠥ ᠵᠢᠨ ᠵᠣᠭᠰᠣᠴᠠ᠎ᠪᠠᠨ ᠳᠡᠭᠡᠭᠰᠢᠯᠡᠭᠦᠯᠵᠦ᠂ ᠣᠷᠣᠯᠭ᠎ᠠ ᠪᠠᠭ᠎ᠠ ᠬᠦᠮᠦᠰ᠎ᠢ ᠮᠠᠭ᠋ᠠᠳᠯᠠᠨ ᠲᠣᠭᠲᠠᠭ᠋ᠠᠬᠤ ᠪᠠ ᠬᠥᠳᠡᠯᠦᠩᠭᠦᠢ ᠪᠠᠢ᠌ᠳᠠᠯ᠎ᠢ ᠬᠢᠨᠠᠨ ᠬᠡᠮᠵᠢᠬᠦ ᠠᠵᠢᠯ᠎ᠢ ᠰᠠᠢ᠌ᠲᠤᠷ ᠬᠢᠬᠦ ᠵᠢ ᠨᠠᠮ᠎ᠤᠨ ᠬᠣᠷᠢᠳᠤᠭ᠋ᠠᠷ ᠶᠡᠬᠡ ᠬᠤᠷᠠᠯ᠎ᠤᠨ ᠰᠢᠢ᠍ᠳᠪᠦᠷᠢᠲᠦ ᠪᠣᠳᠣᠯᠭ᠎ᠠ ᠵᠢᠨ ᠪᠠᠢ᠌ᠷᠢᠯᠠᠭᠤᠯᠤᠯᠲᠠ ᠵᠢ ᠨᠠᠢ᠌ᠳᠠᠪᠤᠷᠢᠵᠢᠭᠤᠯᠬᠤ ᠶᠠᠪᠤᠳᠠᠯ ᠪᠣᠯᠭ᠋ᠠᠵᠤ᠂ ᠳᠡᠰ ᠲᠥᠷᠥᠯ ᠬᠤᠪᠢᠶᠠᠭᠰᠠᠨ ᠨᠡᠢ᠌ᠭᠡᠮ᠎ᠤᠨ ᠲᠤᠰᠠᠯᠠᠮᠵᠢ ᠵᠢᠨ ᠰᠢᠰᠲ᠋ᠧᠮ᠎ᠤᠨ ᠴᠢᠬᠤᠯᠠ ᠰᠠᠭᠤᠷᠢ ᠴᠢᠨᠠᠷᠲᠠᠢ ᠠᠵᠢᠯ᠎ᠢ ᠲᠡᠭᠦᠯᠳᠡᠷᠵᠢᠭᠦᠯᠵᠦ᠂ ᠬᠠᠷᠢᠭᠤᠴᠠᠯᠭ᠋ᠠᠲᠤ ᠰᠡᠳᠬᠢᠯᠭᠡ᠂ ᠲᠤᠯᠭ᠋ᠠᠮ ᠰᠡᠳᠬᠢᠯᠭᠡ᠂ ᠵᠣᠬᠢᠶᠠᠨ ᠪᠠᠢ᠌ᠭᠤᠯᠤᠯᠲᠠ ᠵᠢᠨ ᠤᠳᠤᠷᠢᠳᠤᠯᠭ᠎ᠠ᠂ ᠪᠡᠶᠡᠴᠢ ᠴᠣᠭᠴᠠ ᠵᠢᠨ ᠬᠠᠷᠢᠭᠤᠴᠠᠯᠭ᠎ᠠ᠎ᠪᠠᠨ ᠴᠢᠩᠭ᠋ᠠᠳᠬᠠᠵᠤ᠂ 《ᠴᠢᠩᠭ᠎ᠠ ᠪᠣᠳᠠᠲᠠᠢ ᠲᠦᠷᠭᠡᠨ》 ᠠᠵᠢᠯ᠎ᠤᠨ ᠰᠤᠷᠲᠠᠯ ᠵᠶ᠋ᠠᠷ ᠠᠵᠢᠯ᠎ᠤᠨ ᠨᠠᠢ᠌ᠳᠠᠪᠤᠷᠢᠵᠢᠭᠤᠯᠤᠯᠲᠠ ᠵᠢ ᠴᠢᠩᠭ᠎ᠠ ᠠᠳᠬᠤᠵᠤ᠂ ᠠᠷᠠᠳ᠎ᠤᠨ ᠠᠮᠢᠳᠤᠷᠠᠯ᠎ᠤᠨ ᠦᠨᠳᠦᠰᠦᠨ ᠬᠣᠷᠢᠭ᠎ᠠ ᠱᠤᠭᠤᠮ᠎ᠢ ᠪᠠᠲᠤ ᠰᠠᠬᠢᠬᠤ ᠬᠡᠷᠡᠭᠲᠡᠢ᠃
ᠡᠯ᠎ᠡ ᠭᠠᠵᠠᠷ᠎ᠤᠨ᠎ᠬᠢᠨ ᠣᠷᠣᠯᠭ᠎ᠠ ᠪᠠᠭ᠎ᠠ ᠬᠦᠮᠦᠰ᠎ᠢ ᠮᠠᠭ᠋ᠠᠳᠯᠠᠨ ᠲᠣᠭᠲᠠᠭ᠋ᠠᠬᠤ ᠪᠠ ᠬᠥᠳᠡᠯᠦᠩᠭᠦᠢ ᠪᠠᠢ᠌ᠳᠠᠯ᠎ᠢ ᠬᠢᠨᠠᠨ ᠬᠡᠮᠵᠢᠬᠦ ᠠᠵᠢᠯ᠎ᠢ ᠥᠷᠨᠢᠭᠦᠯᠦᠭᠰᠡᠨ ᠬᠣᠯᠪᠣᠭᠳᠠᠯ ᠪᠦᠬᠦᠢ ᠪᠠᠢ᠌ᠳᠠᠯ᠎ᠢ ᠠᠷᠠᠳ᠎ᠤᠨ ᠶᠠᠪᠤᠳᠠᠯ᠎ᠤᠨ ᠶᠠᠮᠤᠨ᠎ᠤ ᠨᠡᠢ᠌ᠭᠡᠮ᠎ᠤᠨ ᠲᠤᠰᠠᠯᠠᠮᠵᠢ ᠵᠢᠨ ᠵᠤᠷᠭ᠋ᠠᠨ᠎ᠳᠤ ᠴᠠᠭ ᠲᠤᠬᠠᠢᠳᠤᠨᠢ ᠮᠡᠳᠡᠬᠦᠯᠬᠦ ᠬᠡᠷᠡᠭᠳᠡᠢ᠃
ᠠᠷᠠᠳ᠎ᠤᠨ ᠶᠠᠪᠤᠳᠠᠯ᠎ᠤᠨ ᠶᠠᠮᠤᠨ᠎ᠤ ᠠᠯᠪᠠᠨ ᠲᠢᠩᠬᠢᠮ
2024 ᠣᠨ᠎ᠤ 4 ᠳ᠋ᠤᠬᠡᠷ ᠰᠠᠷ᠎ᠠ ᠵᠢᠨ 26᠎ᠤ ᠡᠳᠤᠷ