ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠡᠶ᠋ᠢᠭᠡᠮ ᠰᠡᠳᠬᠦᠯ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠢᠯᠡ ᠵᠠᠰᠠᠭ   -   ᠲᠥᠷᠥ᠎ᠶᠢᠨ ᠪᠣᠳᠣᠯᠭ᠎ᠠ᠎ᠶᠢᠨ ᠲᠠᠶ᠋ᠢᠯᠤᠮᠵᠢ
ᠬᠢᠵᠢᠭ᠎ᠤᠨ ᠰᠡᠷᠭᠡᠢ᠌ᠯᠡᠯᠲᠡ ᠳᠤᠮᠳᠠ ᠨᠡᠢ᠌ᠭᠡᠮ᠎ᠤᠨ ᠪᠠᠲᠤᠯᠠᠪᠤᠷᠢ ᠵᠢᠨ ᠯᠤᠭᠢᠭ ᠡᠷᠴᠢᠮᠵᠢᠭᠰᠡᠨ᠎ᠨᠢ
ᠨᠡᠶᠢᠲᠡᠯᠡᠭᠰᠡᠨ ᠴᠠᠭ᠄ 2020-11-13

          ᠬᠢᠵᠢᠭ᠎ᠤᠨ ᠰᠡᠷᠭᠡᠢ᠌ᠯᠡᠯᠲᠡ ᠳᠤᠮᠳᠠ ᠨᠡᠢ᠌ᠭᠡᠮ᠎ᠤᠨ ᠪᠠᠲᠤᠯᠠᠪᠤᠷᠢ ᠵᠢᠨ ᠯᠤᠭᠢᠭ ᠡᠷᠴᠢᠮᠵᠢᠭᠰᠡᠨ᠎ᠨᠢ
                    ᠭᠦ᠋ ᠶᠤᠸᠠᠢ ᠵᠤᠬᠢᠶᠠᠵᠤ
                  ᠮᠦᠡᠭᠭᠡᠪᠠᠶᠠᠷ ᠤᠷᠴᠢᠭᠤᠯᠪᠠ
      ᠰᠢᠨ᠎ᠡ ᠬᠡᠯᠪᠡᠷᠢ ᠵᠢᠨ ᠲᠢᠲᠢᠮᠯᠢᠭ ᠸᠢᠷᠦ᠋ᠰ (ᠺᠤᠷᠤᠨᠠ ᠸᠢᠷᠦ᠋ᠰ)᠎ᠤᠨ ᠬᠢᠵᠢᠭ᠎ᠤᠨ ᠪᠠᠢ᠌ᠳᠠᠯ ᠭᠠᠭ᠋ᠠᠷᠠᠵᠤ ᠪᠦᠬᠦ ᠳᠡᠯᠡᠬᠡᠢ᠎ᠳᠤ ᠲᠠᠷᠬᠠᠨ ᠲᠦᠭᠦᠭᠰᠡᠨ᠎ᠠᠴᠠ ᠦᠷᠭᠦᠯᠵᠢᠯᠡᠭᠰᠡᠨ ᠰᠡᠷᠭᠡᠢ᠌ᠯᠡᠯᠲᠡ ᠵᠢᠨ 《ᠳᠠᠢ᠌ᠨ》᠎ᠤ ᠰᠢᠨᠵᠢ ᠪᠠᠢ᠌ᠳᠠᠯ ᠮᠠᠰᠢ ᠢᠯᠡ ᠲᠤᠳᠤ ᠪᠤᠯᠵᠠᠢ᠃ 2020 ᠤᠨ᠎ᠤ 4 ᠰᠠᠷ᠎ᠠ᠎ᠠᠴᠠ ᠤᠯᠤᠰ᠎ᠤᠨ ᠳᠤᠲᠤᠭ᠋ᠠᠳᠤ᠎ᠳᠠᠬᠢ ᠬᠢᠵᠢᠭ᠎ᠤᠨ ᠪᠠᠢ᠌ᠳᠠᠯ ᠢᠯᠡᠷᠬᠡᠢ ᠡᠷᠭᠢᠯᠲᠡ ᠭᠠᠷᠤᠭᠰᠠᠨ ᠠᠪᠠᠴᠤ ᠪᠠᠲᠤ ᠴᠢᠩᠭ᠎ᠠ ᠰᠡᠷᠭᠡᠢ᠌ᠯᠡᠯᠲᠡ ᠵᠢᠨ ᠠᠵᠢᠯ ᠵᠶ᠋ᠠᠨ ᠦᠷᠭᠦᠯᠵᠢᠯᠡᠭᠦᠯᠬᠦ ᠵᠢᠨ ᠳᠠᠭ᠋ᠠᠤ ᠡᠯ᠎ᠡ ᠹᠷᠤᠨᠲ᠎ᠤᠨ ᠦᠢ᠍ᠯᠡᠳᠪᠦᠷᠢ ᠠᠵᠢᠯ ᠵᠶ᠋ᠠᠨ ᠠᠯᠬᠤᠮ ᠳᠠᠷᠠᠭ᠎ᠠ᠎ᠲᠠᠢ ᠡᠬᠢᠯᠡᠭᠦᠯᠬᠦ᠎ᠨᠢ ᠶᠡᠬᠡᠩᠭᠢ ᠬᠠᠨᠲᠤᠰᠢ ᠪᠤᠯᠵᠠᠢ᠃ ᠡᠨᠡ ᠬᠦ᠌ ᠤᠨᠴᠠᠭ᠋ᠠᠢ ᠴᠠᠭ ᠦᠶ᠎ᠡ᠎ᠳᠤ᠂ ᠬᠢᠵᠢᠭ᠎ᠤᠨ ᠰᠡᠷᠭᠡᠢ᠌ᠯᠡᠯᠲᠡ ᠳᠤᠮᠳᠠ ᠨᠡᠢ᠌ᠭᠡᠮ᠎ᠤᠨ ᠪᠠᠲᠤᠯᠠᠪᠤᠷᠢ ᠵᠢᠨ ᠠᠵᠢᠯ᠎ᠤᠨ ᠪᠠᠴᠢᠮ ᠪᠠᠢ᠌ᠳᠠᠯ᠎ᠢ ᠰᠢᠢ᠍ᠳᠪᠦᠷᠢᠯᠡᠬᠦ ᠪᠠ ᠠᠷᠭ᠎ᠠ ᠠᠪᠴᠠᠯ ᠵᠶ᠋ᠠᠨ ᠦᠭᠡᠷᠡᠴᠢᠯᠡᠨ ᠪᠤᠳᠠᠲᠠᠢ ᠪᠠᠢ᠌ᠳᠠᠯ᠎ᠳᠤ ᠲᠤᠬᠢᠷᠠᠭᠤᠯᠤᠨ ᠠᠵᠢᠯᠯᠠᠭᠰᠠᠨ᠎ᠤ ᠠᠰᠢᠭ ᠲᠤᠰᠠ᠎ᠨᠢ ᠤᠯᠠᠮ ᠢᠯᠡᠷᠭᠡᠢ ᠪᠤᠯᠵᠤ᠂ ᠨᠡᠩ ᠭᠦᠨ ᠭᠦᠨᠵᠡᠭᠡᠢ ᠠᠰᠠᠭᠤᠳᠠᠯ᠎ᠳᠤ ᠰᠠᠨᠠᠭᠤᠯᠤᠮᠵᠢ ᠪᠤᠯᠬᠤ ᠵᠦᠢ᠍ᠯ ᠢᠯᠡᠷᠡᠵᠡᠢ᠃
      ᠨᠡᠢ᠌ᠭᠡᠮ᠎ᠤᠨ ᠪᠠᠲᠤᠯᠠᠪᠤᠷᠢ᠎ᠨᠢ ᠠᠵᠤ ᠠᠬᠤᠢ ᠵᠢᠨ ᠪᠠ ᠨᠡᠢ᠌ᠭᠡᠮ᠎ᠤᠨ ᠪᠦᠲᠦᠭᠡᠨ ᠪᠠᠢ᠌ᠭᠤᠯᠤᠯᠲᠠ ᠵᠢᠨ ᠬᠤᠶᠠᠷᠳᠠᠮᠠᠯ ᠰᠢᠨᠵᠢ᠎ᠲᠠᠢ᠃
    ᠨᠡᠢ᠌ᠭᠡᠮ᠎ᠤᠨ ᠪᠠᠲᠤᠯᠠᠪᠤᠷᠢ ᠪᠤᠯ 《ᠲᠠᠪᠤ ᠵᠢ ᠨᠢᠭᠡ ᠴᠤᠭᠴᠠᠵᠢᠭᠤᠯᠬᠤ》 ᠠᠵᠢᠯ ᠳᠤᠮᠳᠠᠬᠢ ᠨᠡᠢ᠌ᠭᠡᠮ᠎ᠤᠨ ᠪᠦᠲᠦᠭᠡᠨ ᠪᠠᠢ᠌ᠭᠤᠯᠤᠯᠲᠠ ᠵᠢᠨ ᠭᠤᠤᠯ ᠠᠭᠤᠯᠭ᠎ᠠ ᠮᠦᠨ᠃ ᠭᠡᠪᠡᠴᠦ ᠨᠡᠢ᠌ᠭᠡᠮ᠎ᠤᠨ ᠪᠦᠲᠦᠭᠡᠨ ᠪᠠᠢ᠌ᠭᠤᠯᠤᠯᠲᠠ ᠵᠢᠨ ᠪᠤᠰᠤᠳ ᠬᠦᠷᠢᠶ᠎ᠡ ᠴᠠᠷᠠᠭ᠎ᠠ᠎ᠲᠠᠢ ᠠᠳᠠᠯᠢᠳᠬᠠᠪᠠᠯ ᠲᠡᠭᠦᠨ᠎ᠤ ᠠᠵᠤ ᠠᠬᠤᠢ ᠵᠢᠨ ᠪᠦᠲᠦᠭᠡᠨ ᠪᠠᠢ᠌ᠭᠤᠯᠤᠯᠲᠠ ᠵᠢᠨ ᠬᠤᠭᠤᠷᠤᠨᠳᠤᠬᠢ ᠬᠠᠷᠢᠴᠠᠭ᠎ᠠ᠎ᠨᠢ ᠨᠡᠩ ᠨᠢᠬᠲᠠ ᠴᠢᠩᠭ᠎ᠠ ᠪᠠᠢ᠌ᠳᠠᠭ᠃ ᠨᠢᠭᠡ ᠲᠠᠯ᠎ᠠ᠎ᠪᠠᠷ᠂ ᠨᠡᠢ᠌ᠭᠡᠮ᠎ᠤᠨ ᠪᠠᠲᠤᠯᠠᠪᠤᠷᠢ ᠵᠢᠨ ᠠᠰᠤᠷᠤ ᠶᠡᠬᠡ ᠬᠡᠮᠵᠢᠶᠠᠨ᠎ᠤ ᠪᠡᠯᠡ ᠮᠦᠩᠭᠦ᠎ᠨᠢ ᠠᠵᠤ ᠠᠬᠤᠢ ᠵᠢᠨ ᠬᠦᠭᠵᠢᠯᠲᠡ᠎ᠪᠠᠷ ᠡᠳ᠋ ᠬᠦᠷᠦᠩᠭᠡ᠎ᠪᠠᠨ ᠪᠠᠶᠠᠯᠢᠬ᠍ᠵᠢᠭᠤᠯᠬᠤ᠎ᠳᠤ ᠶᠡᠬᠡ ᠲᠦᠰᠢᠭᠯᠡᠳᠡᠭ᠃ ᠤᠰᠤ ᠶᠡᠬᠡ᠎ᠲᠠᠢ ᠪᠤᠯᠠᠭ᠎ᠠᠴᠠ ᠭᠦᠨ ᠠᠭ᠋ᠠᠳ ᠳᠦᠯᠭᠡᠨ ᠭᠤᠤᠯ ᠤᠷᠤᠰᠤᠨ᠎ᠠ ᠭᠡᠳᠡᠭ ᠡᠨᠡ ᠪᠤᠯᠠᠢ᠃ ᠨᠦᠭᠦᠭᠡ ᠲᠠᠯ᠎ᠠ᠎ᠪᠠᠷ᠂   ᠨᠡᠢ᠌ᠭᠡᠮ᠎ᠤᠨ ᠪᠠᠲᠤᠯᠠᠪᠤᠷᠢ᠎ᠨᠢ ᠦᠢ᠍ᠯᠡᠳᠪᠦᠷᠢᠯᠡᠯ᠂ ᠭᠦᠢ᠍ᠯᠭᠡᠭᠡᠨ᠂ ᠬᠤᠪᠢᠶᠠᠷᠢᠯᠠᠯ᠂ ᠬᠡᠷᠡᠭᠯᠡᠭᠡ᠎ᠪᠠᠷ ᠪᠦᠷᠢᠯᠳᠦᠭᠰᠡᠨ ᠠᠵᠤ ᠠᠬᠤᠢ ᠵᠢᠨ ᠠᠵᠢᠯᠯᠠᠭ᠋ᠠᠨ᠎ᠤ ᠪᠢᠲᠡᠭᠦᠦ ᠲᠤᠭᠤᠷᠢᠭ᠎ᠲᠤ ᠳᠠᠬᠢᠨ ᠬᠤᠪᠢᠶᠠᠷᠢᠯᠠᠯ᠎ᠤᠨ ᠴᠢᠬᠤᠯᠠ ᠠᠷᠭ᠎ᠠ ᠪᠠᠷᠢᠯ ᠪᠤᠯᠵᠤ ᠪᠠᠢ᠌ᠬᠤ ᠪᠦᠭᠡᠳ ᠵᠤᠩᠬᠢᠯᠠᠬᠤ ᠢᠷᠭᠡᠳ᠎ᠤᠨ ᠠᠮᠢᠳᠤᠷᠠᠯ᠎ᠤᠨ ᠵᠠᠷᠤᠳᠠᠯ᠎ᠤᠨ ᠡᠬᠢ ᠰᠤᠷᠪᠤᠯᠵᠢ ᠪᠤᠯᠵᠤ ᠪᠠᠢ᠌ᠳᠠᠭ᠃ ᠲᠡᠭᠦᠨ᠎ᠤ ᠲᠦᠪ ᠭᠤᠤᠯᠴᠢ᠂ ᠬᠠᠷᠠᠭ᠋ᠠᠯᠵᠠᠯ (ᠬᠦᠷᠲᠡᠭᠡᠯ)᠎ᠤᠨ ᠰᠢᠨᠵᠢ᠎ᠨᠢ ᠤᠷᠤᠯᠭ᠎ᠠ ᠵᠢᠨ ᠬᠤᠪᠢᠶᠠᠷᠢᠯᠠᠯ᠎ᠤᠨ ᠪᠦᠲᠦᠴᠡ ᠵᠢᠨ ᠵᠤᠬᠢᠰᠲᠤ ᠰᠢᠨᠵᠢ ᠪᠠ ᠠᠵᠤ ᠠᠬᠤᠢ ᠵᠢᠨ ᠬᠠᠷᠢᠴᠠᠭ᠋ᠠᠨ᠎ᠤ ᠡᠶ᠎ᠡ ᠵᠤᠬᠢᠴᠠᠯ᠎ᠲᠠᠢ ᠪᠠᠢ᠌ᠬᠤ ᠵᠢ ᠰᠢᠭᠤᠳ ᠨᠦᠯᠦᠭᠡᠯᠡᠳᠡᠭ᠃ ᠡᠭᠦᠨ ᠵᠶ᠋ᠠᠷ ᠦᠯᠦ ᠪᠠᠷᠠᠮ᠂ ᠨᠡᠢ᠌ᠭᠡᠮ᠎ᠤᠨ ᠪᠠᠲᠤᠯᠠᠪᠤᠷᠢ ᠵᠢᠨ ᠰᠠᠭᠤᠷᠢ ᠮᠦᠩᠭᠦᠨ᠎ᠤ ᠤᠯᠤᠰ ᠠᠷᠠᠳ᠎ᠤᠨ ᠤᠷᠤᠯᠭ᠎ᠠ᠎ᠳᠤ᠎ᠬᠢ ᠬᠤᠪᠢ ᠵᠢᠨ ᠵᠢᠩ᠎ᠨᠢ ᠨᠡᠩᠳᠡ ᠶᠡᠬᠡᠰᠴᠦ (ᠤᠳᠤᠬᠠᠨ᠎ᠤ ᠮᠠᠨ᠎ᠤ ᠤᠯᠤᠰ᠎ᠤᠨ ᠡᠯ᠎ᠡ ᠲᠦᠷᠦᠯ᠎ᠤᠨ ᠨᠡᠢ᠌ᠭᠡᠮ᠎ᠤᠨ ᠳᠠᠭ᠋ᠠᠳᠬᠠᠯ᠂ ᠨᠡᠢ᠌ᠭᠡᠮ᠎ᠤᠨ ᠲᠤᠰᠠᠯᠠᠮᠵᠢ ᠪᠤᠯᠤᠨ ᠪᠠᠢ᠌ᠯᠳᠤᠬᠤ ᠪᠤᠳᠤᠯᠭ᠎ᠠ ᠵᠢᠨ ᠬᠠᠳᠠᠭ᠋ᠠᠯᠠᠮᠵᠢ ᠵᠢᠨ ᠪᠡᠯᠡ ᠮᠦᠩᠭᠦ᠎ᠨᠢ ᠨᠡᠢ᠌ᠲᠡ ᠠᠷᠪᠠᠭ᠋ᠠᠳ ᠲᠦᠮᠡᠨ ᠳ᠋ᠦᠩᠰᠢᠭᠤᠷ᠎ᠲᠤ ᠲᠤᠯᠵᠤ᠂ ᠤᠷᠤᠨ ᠰᠠᠭᠤᠴᠠ ᠵᠢᠨ ᠪᠠᠲᠤᠯᠠᠪᠤᠷᠢ ᠵᠢ ᠨᠡᠮᠡᠪᠡᠯ ᠬᠦᠷᠢᠶ᠎ᠡ ᠴᠠᠷᠠᠭ᠎ᠠ᠎ᠨᠢ ᠨᠡᠩ ᠬᠠᠡᠭᠭ᠋ᠠᠮᠵᠢᠳᠠᠢ ᠪᠤᠯᠤᠨ᠎ᠠ)᠂ ᠮᠦᠩᠭᠦᠨ ᠭᠦᠢ᠍ᠯᠭᠡᠭᠡ ᠵᠢ ᠬᠠᠮᠤᠷᠤᠭᠰᠠᠨ ᠠᠵᠤ ᠠᠬᠤᠢ ᠵᠢᠨ ᠪᠤᠲᠠᠲᠠᠢ ᠠᠵᠢᠯᠯᠠᠭ᠋ᠠᠨ᠎ᠳᠤ ᠨᠢᠭᠡᠨᠲᠡ ᠦᠷᠭᠡᠨ ᠵᠶ᠋ᠠᠷ ᠤᠷᠤᠯᠴᠠᠬᠤ ᠪᠤᠯᠵᠠᠢ᠃ ᠡᠢ᠌ᠮᠦ᠎ᠠᠴᠠ᠂ ᠨᠡᠢ᠌ᠭᠡᠮ᠎ᠤᠨ ᠪᠠᠲᠤᠯᠠᠪᠤᠷᠢ᠎ᠨᠢ ᠠᠵᠤ ᠠᠬᠤᠢ — ᠤᠯᠤᠰ ᠲᠦᠷᠦ ᠬᠡᠮᠡᠬᠦ ᠬᠤᠶᠠᠷ ᠲᠤᠮᠤ ᠬᠦᠷᠢᠶ᠎ᠡ ᠴᠠᠷᠠᠭ᠎ᠠ ᠵᠢ ᠰᠤᠨᠳᠠᠯᠠᠵᠤ ᠪᠤᠢ ᠬᠡᠵᠦ ᠬᠡᠯᠡᠬᠦ᠎ᠨᠢ ᠶᠤᠰᠤ ᠵᠦᠢ ᠵᠢᠨ ᠬᠡᠷᠡᠭ ᠪᠤᠯᠠᠢ᠃ ᠶᠠᠷᠢᠶᠠᠨ ᠦᠭᠡᠢ ᠲᠡᠭᠦᠨ᠎ᠤ ᠨᠡᠢ᠌ᠭᠡᠮ᠎ᠤᠨ ᠪᠦᠲᠦᠭᠡᠨ ᠪᠠᠢ᠌ᠭᠤᠯᠤᠯᠲᠠ ᠵᠢᠨ ᠰᠢᠨᠵᠢ ᠴᠢᠨᠠᠷ᠎ᠨᠢ ᠨᠡᠩ ᠢᠯᠡ ᠲᠤᠳᠤ ᠪᠠᠢ᠌ᠳᠠᠭ᠃ ᠦᠭᠡᠷᠡᠴᠢᠯᠡᠯᠲᠡ ᠬᠢᠵᠦ ᠴᠢᠯᠦᠭᠡᠲᠡᠢ ᠶᠠᠪᠤᠯᠴᠠᠭᠰᠠᠨ᠎ᠠᠴᠠ ᠢᠨᠠᠭᠰᠢ᠂ ᠮᠠᠨ᠎ᠤ ᠤᠯᠤᠰ ᠠᠵᠤ ᠠᠬᠤᠢ ᠵᠢᠨ ᠪᠦᠲᠦᠭᠡᠨ ᠪᠠᠢ᠌ᠭᠤᠯᠤᠯᠲᠠ᠎ᠪᠠᠷ ᠭᠤᠤᠯ ᠪᠤᠯᠭ᠋ᠠᠬᠤ ᠵᠢ ᠪᠠᠷᠢᠮᠲᠠᠯᠠᠭᠰᠠᠨ᠎ᠠᠴᠠ ᠤᠯᠤᠰ᠎ᠤᠨ ᠬᠦᠴᠦᠨ ᠡᠳᠦᠷ ᠢᠷᠡᠭᠦᠶ᠎ᠡ ᠬᠦᠴᠦᠷᠬᠡᠭᠵᠢᠵᠦ᠂ ᠠᠷᠠᠳ᠎ᠤᠨ ᠠᠮᠢᠲᠤᠷᠠᠯ ᠪᠠᠶᠠᠵᠢᠨ ᠴᠢᠨᠡᠭᠡᠯᠢᠭᠵᠢᠵᠦ᠂ ᠠᠰᠤᠷᠤ ᠶᠡᠬᠡ ᠠᠮᠵᠢᠯᠲᠠ ᠤᠯᠤᠭᠰᠠᠨ ᠪᠤᠯᠪᠠᠴᠤ ᠠᠵᠤ ᠠᠬᠤᠢ᠂ ᠨᠡᠢ᠌ᠭᠡᠮ᠎ᠤᠨ ᠪᠦᠲᠦᠭᠡᠨ ᠪᠠᠢ᠌ᠭᠤᠯᠤᠯᠲᠠ ᠬᠡᠮᠡᠬᠦ ᠬᠤᠶᠠᠷ ᠬᠦᠯ᠎ᠤᠨ 《ᠨᠢᠭᠡ᠎ᠨᠢ ᠤᠷᠲᠤ᠂ ᠨᠢᠭᠡ᠎ᠨᠢ ᠪᠤᠭᠤᠨᠢ》 ᠦᠵᠡᠭᠳᠡᠯ ᠭᠠᠷᠴᠠᠢ᠃ 2003 ᠤᠨ᠎ᠳᠤ SARS ᠬᠢᠵᠢᠭ ᠳᠡᠯᠭᠡᠷᠡᠭᠡᠳ ᠡᠨᠡ ᠬᠦ᠌ ᠵᠦᠷᠢᠴᠡᠯ᠎ᠢ᠎ᠨᠢ ᠨᠡᠩᠲᠡ ᠢᠯᠡ ᠳᠤᠲᠤ ᠪᠤᠯᠭ᠋ᠠᠵᠤ ᠨᠡᠢ᠌ᠭᠡᠮ᠎ᠤᠨ ᠪᠦᠲᠦᠭᠡᠨ ᠪᠠᠢ᠌ᠭᠤᠯᠤᠯᠲᠠ ᠵᠢ ᠲᠦᠷᠭᠡᠳᠬᠡᠵᠡᠢ᠃ ᠡᠭᠦᠨ᠎ᠳᠤ ᠪᠦᠬᠦ ᠠᠷᠠᠳ᠎ᠤᠨ ᠡᠮᠨᠡᠯᠭᠡ ᠵᠢᠨ ᠪᠠᠲᠤᠯᠠᠪᠤᠷᠢ᠂ ᠬᠦᠳᠡᠭᠡ ᠲᠤᠰᠬᠤᠨ᠎ᠤ ᠰᠠᠭᠤᠭ᠋ᠠᠯᠢ ᠠᠷᠠᠳ᠎ᠤᠨ ᠪᠠᠲᠤᠯᠠᠪᠤᠷᠢ᠂ ᠨᠡᠢ᠌ᠭᠡᠮ᠎ᠤᠨ ᠲᠤᠰᠠᠯᠠᠮᠵᠢ ᠵᠡᠷᠭᠡ ᠪᠠᠢ᠌ᠭᠤᠯᠤᠯ᠎ᠢ ᠮᠠᠰᠢ ᠲᠦᠷᠭᠡᠨ ᠵᠶ᠋ᠠᠷ ᠲᠤᠭᠲᠠᠭ᠋ᠠᠨ ᠲᠦᠭᠡᠮᠡᠯᠵᠢᠭᠦᠯᠵᠦ᠂ ᠨᠡᠢ᠌ᠭᠡᠮ᠎ᠤᠨ ᠪᠠᠲᠤᠯᠠᠪᠤᠷᠢ ᠵᠢᠨ ᠲᠤᠭᠲᠠᠯᠴᠠᠭ᠎ᠠ ᠵᠢᠨ ᠪᠦᠲᠦᠭᠡᠨ ᠪᠠᠢ᠌ᠭᠤᠯᠤᠯᠲᠠ᠎ᠨᠢ ᠦᠨᠳᠦᠷ ᠨᠢᠭᠡ ᠳᠠᠪᠬᠤᠷᠭ᠎ᠠ ᠲᠡᠢ᠌ᠰᠢ ᠬᠦᠭᠵᠢᠵᠡᠢ᠃ ᠺᠤᠷᠤᠨᠠ ᠸᠢᠷᠦ᠋ᠰ᠎ᠤᠨ ᠬᠦᠨᠳᠦ ᠬᠡᠴᠡᠭᠦᠦ ᠴᠠᠭ ᠦᠶ᠎ᠡ᠎ᠳᠤ᠂ ᠨᠡᠢ᠌ᠭᠡᠮ᠎ᠤᠨ ᠪᠦᠲᠦᠭᠡᠨ ᠪᠠᠢ᠌ᠭᠤᠯᠤᠯᠲᠠ ᠵᠢ ᠡᠷᠬᠡᠪᠰᠢ ᠤᠯᠤᠰ᠎ᠤᠨ ᠬᠦᠭᠵᠢᠯᠲᠡ ᠵᠢᠨ ᠯᠠᠪᠳᠠᠭᠤᠨ ᠲᠤᠭᠲᠠᠭᠤᠨ᠎ᠠᠴᠠ ᠨᠡᠩ ᠴᠢᠬᠤᠯᠠ ᠪᠠᠢ᠌ᠷᠢᠨ᠎ᠳᠤ ᠲᠠᠯᠪᠢᠵᠤ᠂ ᠨᠡᠩ ᠶᠡᠬᠡ ᠡᠬᠢ ᠰᠤᠷᠪᠤᠯᠵᠢ ᠬᠠᠩᠭ᠋ᠠᠵᠤ᠂ ᠰᠠᠭᠤᠷᠢ ᠵᠢ᠎ᠨᠢ ᠨᠡᠩ ᠪᠠᠲᠤ ᠪᠡᠬᠢ ᠪᠤᠯᠭ᠋ᠠᠬᠤ ᠵᠢ ᠰᠠᠨᠠᠭᠤᠯᠵᠠᠢ᠃ ᠡᠰᠡ ᠪᠦᠭᠡᠰᠦ ᠠᠵᠤ ᠠᠬᠤᠢ ᠵᠢᠨ ᠪᠦᠲᠦᠭᠡᠨ ᠪᠠᠢ᠌ᠭᠤᠯᠤᠯᠲᠠ ᠵᠢᠨ ᠦᠷ᠎ᠡ ᠪᠦᠲᠦᠭᠡᠯ᠎ᠨᠢ ᠭᠡᠨᠡᠳᠲᠡ ᠵᠢᠨ ᠬᠢᠮᠤᠷᠠᠯ᠎ᠳᠤ ᠨᠤᠷᠠᠭ᠋ᠠᠭᠳᠠᠬᠤ ᠠᠶᠤᠯᠲᠠᠢ᠃ 《ᠬᠢᠵᠢᠭ᠎ᠤᠨ ᠰᠢᠯᠭ᠋ᠠᠯᠲᠠ》᠎ᠤᠨ ᠳᠠᠷᠠᠭ᠎ᠠ ᠡᠪᠡᠳᠬᠦ᠎ᠨᠢ ᠵᠤᠭᠰᠤᠪᠠᠴᠤ ᠡᠪᠡᠷᠰᠢᠶᠡᠯ ᠵᠶ᠋ᠠᠨ ᠪᠤᠳᠤᠵᠤ᠂ ᠮᠠᠨ᠎ᠤ ᠤᠯᠤᠰ᠎ᠤᠨ ᠨᠡᠢ᠌ᠭᠡᠮ᠎ᠤᠨ ᠪᠠᠲᠤᠯᠠᠪᠤᠷᠢ ᠵᠢᠨ ᠲᠤᠭᠲᠠᠯᠴᠠᠭ᠎ᠠ ᠵᠢᠨ ᠪᠦᠲᠦᠭᠡᠨ ᠪᠠᠢ᠌ᠭᠤᠯᠤᠯᠲᠠ᠎ᠳᠤ ᠰᠢᠨ᠎ᠡ ᠦᠰᠦᠷᠦᠯᠲᠡ᠎ᠲᠠᠢ ᠪᠤᠯᠬᠤ ᠵᠢ ᠤᠷᠢᠳᠴᠢᠯᠠᠨ ᠲᠦᠰᠦᠭᠡᠯᠡᠵᠦ᠂ ᠢᠷᠡᠭᠡᠳᠦᠢ ᠵᠢᠨ ᠬᠡᠳᠦᠨ ᠵᠢᠯ᠎ᠳᠤ ᠳᠤᠲᠠᠭᠤ᠎ᠪᠠᠨ ᠨᠦᠬᠦᠪᠦᠷᠢᠯᠡᠨ᠂ ᠳᠤᠤᠷᠠᠲᠤ ᠬᠢᠵᠠᠭ᠋ᠠᠷ᠎ᠢ ᠪᠠᠲᠤᠯᠠᠨ᠂ ᠵᠤᠬᠢᠵᠠᠮᠵᠢ ᠪᠠᠢ᠌ᠭᠤᠯᠬᠤ ᠡᠭᠦᠷᠭᠡ ᠮᠠᠰᠢ ᠬᠦᠨᠳᠦ ᠪᠤᠯᠬᠤ ᠤᠴᠢᠷ᠎ᠠᠴᠠ ᠪᠦᠬᠦ ᠤᠯᠤᠰ᠎ᠤᠨ ᠨᠡᠢ᠌ᠭᠡᠮ᠎ᠤᠨ ᠪᠠᠲᠤᠯᠠᠪᠤᠷᠢ ᠬᠦᠷᠲᠡᠵᠦ ᠪᠠᠢ᠌ᠭ᠎ᠠ ᠢᠷᠭᠡᠳ ᠦᠵᠡᠯ ᠰᠠᠨᠠᠭ᠎ᠠ᠂ ᠦᠢ᠍ᠯᠡ ᠠᠵᠢᠯᠯᠠᠭ᠎ᠠ᠎ᠳᠤ᠎ᠪᠠᠨ ᠪᠦᠷᠢᠨ ᠭᠦᠢ᠍ᠴᠡᠳ ᠪᠡᠯᠡᠳᠬᠡᠯ᠎ᠲᠠᠢ ᠪᠠᠢ᠌ᠬᠤ ᠬᠡᠷᠡᠭᠲᠡᠢ᠃
        ᠵᠠᠬ᠎ᠠ ᠳᠡᠯᠭᠡᠭᠦᠷ ᠬᠢᠭᠡᠳ ᠵᠠᠰᠠᠭ᠎ᠤᠨ ᠤᠷᠳᠤᠨ᠎ᠤ ᠬᠠᠷᠢᠴᠠᠭ᠎ᠠ ᠵᠢ ᠳᠠᠬᠢᠨ ᠲᠠᠨᠢᠬᠤ᠃
      ᠡᠷᠲᠡᠨ᠎ᠤ ᠠᠵᠤ ᠠᠬᠤᠢ ᠵᠢᠨ ᠤᠬᠠᠭ᠋ᠠᠨ ᠪᠤᠢ ᠪᠤᠯᠤᠭᠰᠠᠨ᠎ᠠᠴᠠ ᠨᠠᠭ᠋ᠠᠰᠢᠬᠢ ᠬᠡᠳᠦᠨ ᠵᠠᠭᠤᠨ ᠵᠢᠯ᠎ᠤᠨ ᠲᠤᠷᠰᠢᠲᠠ᠂ ᠵᠠᠬ᠎ᠠ ᠳᠡᠯᠭᠡᠭᠦᠷ ᠬᠢᠭᠡᠳ ᠵᠠᠰᠠᠭ᠎ᠤᠨ ᠤᠷᠳᠤᠨ᠎ᠤ ᠴᠢᠳᠠᠮᠵᠢ ᠵᠢᠨ ᠤᠷᠤᠨ ᠲᠤᠭᠲᠠᠭ᠋ᠠᠯᠲᠠ ᠵᠢᠨ ᠠᠰᠠᠭᠤᠳᠠᠯ᠎ᠤᠨ ᠲᠠᠯ᠎ᠠ᠎ᠪᠠᠷ᠎ᠬᠢ ᠮᠡᠳᠬᠡᠯᠴᠡᠭᠡᠨ ᠶᠡᠷᠦ᠎ᠠᠴᠠ ᠨᠠᠮᠳᠠᠵᠤ ᠦᠵᠡᠭᠡ ᠦᠭᠡᠢ᠃ 17 ᠳ᠋ᠤᠭ᠋ᠠᠷ ᠵᠠᠭᠤᠨ᠎ᠤ ᠡᠬᠢ᠎ᠪᠠᠷ ᠠᠩᠭ᠍ᠯᠢ ᠵᠢᠨ ᠠᠯᠪᠠᠨ᠎ᠠᠴᠠ ᠡᠷᠬᠢᠯᠡᠭᠰᠡᠨ ᠶᠠᠳᠠᠭᠤ ᠵᠢ ᠳᠡᠳᠬᠦᠬᠦ ᠪᠤᠳᠤᠯᠭ᠎ᠠ ᠪᠤᠶᠤ 19 ᠳ᠋ᠤᠭᠡᠷ ᠵᠠᠭᠤᠨ᠎ᠤ ᠰᠡᠭᠦᠯᠴᠢ᠎ᠪᠠᠷ ᠭ᠋ᠸᠷᠮᠠᠨ᠎ᠤ ᠨᠡᠢ᠌ᠭᠡᠮ᠎ᠤᠨ ᠳᠠᠭ᠋ᠠᠳᠬᠠᠯ᠎ᠤᠨ ᠬᠠᠤᠯᠢ ᠪᠠᠲᠤᠯᠠᠭᠳᠠᠭᠰᠠᠨ᠎ᠠᠴᠠ ᠡᠬᠢᠯᠡᠯ ᠪᠤᠯᠭ᠋ᠠᠭᠰᠠᠨ ᠴᠦ᠍ ᠭᠡᠯ᠎ᠡ ᠨᠡᠢ᠌ᠭᠡᠮ᠎ᠤᠨ ᠪᠠᠲᠤᠯᠠᠪᠤᠷᠢ᠎ᠨᠢ ᠵᠠᠰᠠᠭ᠎ᠤᠨ ᠤᠷᠳᠤᠨ᠎ᠤ ᠤᠯᠠᠨ ᠨᠡᠢ᠌ᠲᠡ ᠵᠢᠨ ᠲᠦᠷᠦ ᠪᠤᠳᠤᠯᠭ᠎ᠠ ᠵᠢᠨ ᠰᠢᠨᠵᠢ ᠴᠢᠨᠠᠷ ᠵᠶ᠋ᠠᠷ ᠢᠯᠡᠷᠬᠡᠢ ᠲᠤᠯᠠᠳᠠ ᠡᠯ᠎ᠡ ᠤᠷᠤᠰᠬᠠᠯ ᠪᠦᠯᠦᠭ᠎ᠤᠨ᠎ᠬᠢᠨ᠎ᠤ   ᠦᠢ᠍ᠮᠡᠬᠡᠨ ᠱᠤᠤᠭᠢᠶᠠᠨ᠎ᠳᠤ ᠤᠷᠢᠶᠠᠴᠠᠯᠳᠤᠵᠠᠢ᠃ ᠵᠢᠱ᠌ᠢᠶᠡᠯᠡᠪᠡᠯ  ᠂ 《ᠵᠠᠰᠠᠭ᠎ᠤᠨ ᠤᠷᠳᠤᠨ᠎ᠤ ᠠᠰᠠᠷᠠᠮᠵᠢ ᠵᠢᠨ ᠠᠵᠢᠯᠯᠠᠭ᠎ᠠ᠎ᠨᠤᠭᠤᠳ᠎ᠤᠨ ᠡᠷᠬᠡ ᠴᠢᠯᠦᠭᠡᠨ᠎ᠳᠤ ᠰᠦᠷᠳᠡᠭᠦᠯᠦᠯ ᠪᠤᠯᠵᠤ ᠪᠠᠢ᠌ᠭ᠎ᠠ᠎ᠨᠢ ᠴᠤᠯᠭᠤᠢ ᠦᠢ᠍ᠯᠡᠴᠢᠯᠡᠭᠡᠨ᠎ᠤ ᠠᠵᠢᠯᠯᠠᠭ᠎ᠠ᠎ᠪᠠᠷ ᠢᠯᠡᠷᠡᠵᠦ ᠪᠠᠢ᠌ᠭ᠎ᠠ ᠪᠤᠯᠪᠠᠴᠤ ᠦᠨᠡᠨ ᠬᠡᠷᠡᠭ᠎ᠲᠤ᠎ᠪᠠᠨ ᠵᠠᠰᠠᠭ᠎ᠤᠨ ᠤᠷᠳᠤᠨ᠎ᠤ ᠠᠯᠪᠠᠳᠠᠬᠤ ᠡᠷᠭᠡ᠎ᠪᠠᠨ ᠬᠡᠷᠡᠭᠵᠢᠭᠦᠯᠵᠦ ᠪᠠᠢ᠌ᠭ᠎ᠠ ᠪᠦᠭᠡᠳ ᠵᠠᠰᠠᠭ᠎ᠤᠨ ᠤᠷᠳᠤᠨ᠎ᠠᠴᠠ ᠵᠠᠷᠢᠮ ᠤᠨᠴᠠᠭ᠋ᠠᠢ ᠬᠦᠷᠢᠶ᠎ᠡ ᠴᠠᠷᠠᠭ᠋ᠠᠨ᠎ᠳᠤ ᠦᠯᠦ ᠢᠵᠢᠯᠢᠰᠢᠬᠦ ᠴᠢᠨᠠᠷ ᠪᠦᠬᠦᠢ ᠡᠷᠬᠡ᠎ᠪᠠᠨ ᠡᠳ᠋ᠯᠡᠬᠦ᠎ᠪᠠᠷ ᠰᠠᠭᠤᠷᠢ ᠪᠤᠯᠭ᠋ᠠᠳᠠᠭ》 (《ᠴᠢᠯᠦᠭᠡᠲᠦ ᠦᠨᠳᠦᠰᠦᠨ ᠳᠦᠷᠢᠮ》) ᠬᠡᠮᠡᠨ ᠳᠤᠷ᠎ᠠ ᠵᠤᠷᠢᠭ᠎ᠤᠨ ᠦᠵᠡᠯ᠎ᠤᠨ ᠶᠡᠬᠡ ᠮᠠᠰᠲᠸᠷ ᠬᠠᠶᠸᠺ  (Friedrich August Hayek᠂ 1899 —1992) 60 ᠵᠢᠯ᠎ᠤᠨ ᠡᠮᠦᠨ᠎ᠡ ᠶᠠᠷᠢᠭᠰᠠᠨ ᠪᠠᠢ᠌ᠳᠠᠭ᠃ ᠤᠯᠠᠨ ᠨᠡᠢ᠌ᠲᠡ ᠵᠢᠨ ᠬᠦᠴᠦᠨ ᠵᠶ᠋ᠠᠷ ᠨᠡᠢ᠌ᠭᠡᠮ᠎ᠤᠨ ᠠᠮᠢᠳᠤᠷᠠᠯ᠂ ᠨᠠᠭ᠋ᠠᠳᠤ ᠵᠠᠬ᠎ᠠ᠎ᠳᠤ᠎ᠪᠠᠨ ᠠᠷᠠᠳ᠎ᠤᠨ ᠠᠮᠢᠳᠤᠷᠠᠯ᠎ᠳᠤ ᠭᠠᠷ ᠲᠦᠷᠢᠬᠦ ᠵᠢ ᠴᠢᠩᠭ᠎ᠠ ᠡᠰᠡᠷᠭᠦᠴᠡᠭᠰᠡᠨ᠎ᠤ ᠢᠯᠡᠷᠡᠯ ᠪᠤᠯᠵᠠᠢ᠃ ᠭᠡᠪᠡᠴᠦ ᠵᠠᠬ᠎ᠠ ᠳᠡᠯᠭᠡᠭᠦᠷ᠎ᠤᠨ ᠵᠤᠬᠢᠴᠠᠮᠵᠢ᠎ᠨᠢ ᠦᠷᠢᠰᠦᠯᠳᠦᠭᠡᠨ ᠵᠶ᠋ᠠᠷ ᠳᠠᠮᠵᠢᠨ ᠡᠭᠡ ᠪᠠᠶᠠᠯᠢᠭ᠎ᠢ ᠵᠤᠬᠢᠰᠲᠠᠢ ᠲᠤᠬᠢᠷᠠᠭᠤᠯᠬᠤ᠎ᠳᠤ ᠢᠯᠡᠷᠬᠡᠢ ᠴᠢᠳᠠᠮᠵᠢ ᠦᠵᠡᠭᠦᠯᠵᠤ᠂ ᠠᠵᠤ ᠠᠬᠤᠢ ᠵᠢᠨ ᠠᠵᠢᠯᠯᠠᠭ᠋ᠠᠨ᠎ᠤ ᠦᠷ᠎ᠡ ᠠᠰᠢᠭ᠎ᠢ ᠰᠠᠢ᠌ᠵᠢᠷᠠᠭᠤᠯᠬᠤ᠎ᠳᠤ ᠲᠤᠰᠠᠲᠠᠢ ᠪᠤᠯᠪᠠᠴᠤ ᠵᠠᠬ᠎ᠠ ᠳᠡᠯᠭᠡᠭᠦᠷ᠎ᠨᠢ ᠪᠤᠳᠤᠯᠢᠶᠠᠨᠲᠠᠢ ᠨᠡᠢ᠌ᠭᠡᠮ᠎ᠤᠨ ᠠᠵᠢᠯᠯᠠᠭ᠋ᠠᠨ᠎ᠳᠤ ᠶᠡᠷᠦ᠎ᠠᠴᠠ᠎ᠪᠠᠨ ᠰᠢᠳᠢᠲᠦ ᠦᠷᠢᠯ ᠪᠢᠰᠢ ᠭᠡᠳᠡᠭ᠎ᠢ ᠤᠳᠤ ᠵᠢᠨ ᠬᠦᠮᠦᠨ ᠲᠦᠷᠦᠯᠬᠢᠲᠡᠨ᠎ᠤ ᠨᠡᠢ᠌ᠭᠡᠮ ᠲᠡᠥᠬᠡ ᠳᠠᠬᠢᠨ ᠳᠠᠪᠲᠠᠨ ᠭᠡᠷᠡᠴᠢᠯᠡᠵᠦ ᠠᠮᠤᠢ᠃ ᠤᠨᠴᠠᠭ᠋ᠠᠢ᠌ᠯᠠᠨ ᠨᠡᠢ᠌ᠭᠡᠮ᠎ᠤᠨ ᠬᠦᠨᠳᠦ ᠬᠢᠮᠤᠷᠠᠯ (ᠵᠦᠪᠬᠡᠨ ᠠᠵᠤ ᠠᠬᠤᠢ ᠵᠢᠨ ᠬᠦᠷᠢᠶᠡᠨ᠎ᠳᠤ ᠴᠦ᠍ ᠭᠡᠰᠡᠨ)᠎ᠳᠤ ᠤᠴᠠᠷᠠᠬᠤ᠎ᠳᠤ ᠵᠠᠬ᠎ᠠ ᠳᠡᠯᠭᠡᠭᠦᠷ᠎ᠤᠨ ᠵᠤᠬᠢᠴᠠᠮᠵᠢ᠎ᠨᠢ ᠦᠪᠡᠷ ᠵᠶ᠋ᠠᠨ ᠲᠤᠬᠢᠷᠠᠭᠤᠯᠤᠨ ᠨᠠᠮᠳᠠᠭ᠋ᠠᠵᠤ ᠴᠢᠳᠠᠬᠤ ᠦᠭᠡᠢ᠂ ᠵᠠᠰᠠᠭ᠎ᠤᠨ ᠤᠷᠳᠤᠨ᠎ᠠᠴᠠ ᠲᠤᠰᠠᠯᠠᠮᠵᠢ ᠦᠵᠡᠭᠦᠯᠬᠦ᠎ᠨᠢ ᠯᠡ ᠬᠠᠮᠤᠭ᠎ᠤᠨ ᠰᠠᠢ᠌ᠨ ᠠᠷᠭ᠎ᠠ ᠮᠦᠨ᠃ ᠨᠠᠮ᠎ᠤᠨ ᠠᠷᠪᠠ ᠶᠢᠰᠦᠳᠦᠭᠡᠷ ᠶᠡᠬᠡ ᠬᠤᠷᠠᠯ᠎ᠠᠴᠠ 《ᠵᠠᠬ᠎ᠠ ᠳᠡᠯᠭᠡᠭᠦᠷ ᠵᠶ᠋ᠠᠷ ᠡᠬᠢ ᠪᠠᠶᠠᠯᠢᠭ᠎ᠤᠨ ᠲᠤᠬᠢᠷᠠᠭᠤᠯᠤᠯᠲᠠ ᠳᠤᠮᠳᠠ ᠰᠢᠢ᠍ᠳᠪᠦᠷᠢᠯᠡᠭᠴᠢ ᠴᠢᠨᠠᠷ᠎ᠲᠠᠢ ᠦᠢ᠍ᠯᠡᠳᠦᠯ ᠦᠵᠡᠭᠦᠯᠵᠦ᠂ ᠵᠠᠰᠠᠭ᠎ᠤᠨ ᠤᠷᠳᠤᠨ᠎ᠤ ᠦᠢ᠍ᠯᠡᠳᠦᠯ᠎ᠢ ᠨᠡᠩ ᠰᠠᠢ᠌ᠨ ᠪᠠᠳᠠᠷᠠᠭᠤᠯᠬᠤ》 ᠵᠢ ᠲᠤᠳᠤᠷᠬᠠᠢ᠌ᠯᠠᠭᠰᠠᠨ᠎ᠨᠢ ᠵᠠᠬ᠎ᠠ ᠳᠡᠯᠭᠡᠭᠦᠷ᠂ ᠠᠵᠤ ᠠᠬᠤᠢ ᠬᠤᠶᠠᠷ᠎ᠤᠨ ᠬᠠᠷᠢᠴᠠᠭ᠎ᠠ ᠵᠢ ᠲᠡᠩᠴᠡᠭᠦᠷᠢᠰᠢᠭᠦᠯᠬᠦ ᠬᠤᠪᠢᠰᠤᠩᠭᠤᠢ ᠨᠤᠲᠠᠯᠠᠯ ᠮᠦᠨ᠃ ᠤᠷᠴᠢᠮ᠎ᠤᠨ ᠬᠡᠳᠦᠨ ᠰᠠᠷ᠎ᠠ᠎ᠳᠤ᠂ ᠳᠤᠮᠳᠠᠳᠤ ᠤᠯᠤᠰ᠎ᠤᠨ ᠬᠢᠵᠢᠭ᠎ᠲᠠᠢ ᠲᠡᠮᠡᠴᠡᠵᠦ ᠪᠠᠢ᠌ᠭᠰᠠᠨ᠎ᠠᠴᠠ ᠪᠦᠬᠦ ᠳᠡᠯᠡᠬᠡᠢ᠎ᠪᠠᠷ ᠵᠶ᠋ᠠᠨ ᠬᠢᠵᠢᠭ᠎ᠲᠠᠢ ᠲᠡᠮᠡᠴᠡᠬᠦ ᠪᠤᠯᠤᠭᠰᠠᠨ ᠶᠠᠪᠤᠴᠠ᠎ᠳᠤ᠂ ᠡᠯ᠎ᠡ ᠤᠯᠤᠰ᠎ᠤᠨ ᠵᠠᠰᠠᠭ᠎ᠤᠨ ᠭᠠᠵᠠᠷ᠎ᠤᠨ ᠴᠠᠭ ᠲᠤᠬᠠᠢ᠎ᠳᠤ᠎ᠨᠢ ᠤᠯᠠᠨ ᠨᠡᠢ᠌ᠲᠡ ᠵᠢᠨ ᠠᠷᠭ᠎ᠠ ᠪᠤᠳᠤᠯᠭ᠎ᠠ ᠬᠡᠷᠡᠭᠵᠢᠭᠦᠯᠵᠦ᠂ ᠢᠯᠡᠷᠬᠡᠢ ᠠᠮᠵᠢᠯᠲᠠ ᠤᠯᠤᠭᠰᠠᠨ ᠪᠤᠶᠤ ᠲᠠᠲᠠᠭ᠋ᠠᠯᠵᠠᠨ ᠡᠷᠡᠭᠡᠯᠵᠡᠵᠦ᠂ ᠲᠤᠬᠢᠶᠠᠯ᠎ᠢ ᠠᠯᠳᠠᠵᠤ ᠶᠠᠪᠤᠭᠤᠯᠵᠤ ᠪᠠᠢ᠌ᠭ᠎ᠠ᠎ᠨᠢ 《ᠦᠵᠡᠭᠳᠡᠬᠦ ᠭᠠᠷ》᠎ᠤᠨ ᠲᠤᠲᠠᠭᠳᠠᠵᠤ ᠪᠤᠯᠤᠰᠢ ᠦᠭᠡᠢ ᠴᠢᠳᠠᠮᠵᠢ ᠵᠢ ᠠᠳᠠᠯᠢ ᠪᠤᠰᠤ ᠲᠠᠯ᠎ᠠ᠎ᠠᠴᠠ ᠭᠡᠷᠡᠴᠢᠯᠡᠵᠡᠢ᠃ ᠡᠨᠡ᠎ᠨᠢ ᠠᠯᠢᠪᠠ ᠬᠡᠲᠦᠷᠡᠮᠡᠭᠡᠢ ᠵᠤᠷ᠎ᠨᠢ ᠪᠦᠬᠦᠢ᠌ᠯᠡ ᠡᠪᠡᠳᠴᠢᠨ ᠬᠢᠵᠢᠭ᠎ᠲᠤ ᠲᠤᠬᠢᠷᠠᠬᠤ ᠦᠭᠡᠢ᠂ ᠠᠵᠤ ᠠᠬᠤᠢ ᠬᠢᠭᠡᠳ ᠨᠡᠢ᠌ᠭᠡᠮ᠎ᠤᠨ ᠪᠦᠲᠦᠭᠡᠨ ᠪᠠᠢ᠌ᠭᠤᠯᠤᠯᠲᠠ ᠬᠠᠮᠲᠤ᠎ᠪᠠᠷ ᠬᠦᠭᠵᠢᠬᠦ᠂ ᠦᠷ᠎ᠡ ᠠᠰᠢᠭᠯᠠᠮᠵᠢ ᠬᠢᠭᠡᠳ ᠲᠦᠪ ᠭᠤᠤᠯᠴᠢ ᠵᠤᠬᠢᠴᠠᠮᠵᠢ ᠵᠢ ᠵᠡᠷᠭᠡᠳᠡ ᠬᠡᠷᠡᠭᠵᠢᠭᠦᠯᠬᠦ᠂ ᠵᠠᠬ᠎ᠠ ᠳᠡᠯᠭᠡᠭᠦᠷ ᠬᠢᠭᠡᠳ ᠵᠠᠰᠠᠭ᠎ᠤᠨ ᠭᠠᠵᠠᠷ᠎ᠤᠨ ᠴᠢᠳᠠᠮᠵᠢ ᠵᠢ ᠲᠡᠩᠴᠡᠭᠦᠷᠢᠰᠢᠭᠦᠯᠬᠦ᠎ᠨᠢ ᠲᠦᠷᠦ ᠲᠦᠪᠰᠢᠨ ᠲᠦᠮᠡᠨ ᠠᠮᠤᠭᠤᠯᠠᠩ ᠪᠠᠢ᠌ᠬᠤ ᠵᠢᠨ ᠵᠦᠪ ᠵᠠᠮ ᠪᠤᠯᠤᠨ᠎ᠠ᠃ ᠮᠠᠨ᠎ᠤ ᠤᠯᠤᠰ ᠨᠡᠢ᠌ᠭᠡᠮ᠎ᠤᠨ ᠪᠠᠲᠤᠯᠠᠪᠤᠷᠢ ᠵᠢᠨ ᠲᠤᠭᠲᠠᠯᠴᠠᠭ᠋ᠠᠨ᠎ᠤ ᠤᠯᠠᠨ ᠳᠠᠪᠬᠤᠷᠭ᠋ᠠᠲᠤ ᠪᠦᠲᠦᠴᠡ (ᠨᠢᠷᠤᠭᠤᠪᠴᠢ)   ᠵᠢ ᠨᠢᠭᠡᠨᠲᠡ ᠪᠠᠢ᠌ᠭᠤᠯᠵᠤ᠂ ᠨᠦᠬᠦᠪᠦᠷᠢ ᠰᠢᠨᠵᠢ᠂ ᠰᠠᠢ᠌ᠨ ᠳᠤᠷ᠎ᠠ ᠵᠢᠨ ᠰᠢᠨᠵᠢ ᠪᠦᠬᠦᠢ ᠪᠠᠲᠤᠯᠠᠪᠤᠷᠢ ᠵᠢ ᠬᠦᠭᠵᠢᠭᠦᠯᠬᠦ᠎ᠳᠤ ᠵᠠᠬ᠎ᠠ ᠳᠡᠯᠭᠡᠭᠦᠷ ᠨᠡᠩ ᠠᠭᠤᠳᠠᠮ ᠦᠢ᠍ᠯᠡᠳᠦᠯ ᠦᠵᠡᠭᠦᠯᠬᠦ ᠤᠷᠤᠨ ᠵᠠᠢ᠎ᠲᠠᠢ ᠪᠤᠯᠵᠠᠢ; ᠬᠠᠷᠢᠨ ᠦᠨᠳᠦᠰᠦᠨ ᠪᠠᠲᠤᠯᠠᠪᠤᠷᠢ ᠵᠢᠨ ᠲᠠᠯ᠎ᠠ᠎ᠪᠠᠷ ᠵᠠᠰᠠᠭ᠎ᠤᠨ ᠭᠠᠵᠠᠷ᠎ᠠᠴᠠ ᠤᠳᠤᠷᠢᠳᠬᠤ᠂ ᠲᠤᠰᠠᠯᠠᠬᠤ ᠡᠭᠦᠷᠭᠡ ᠬᠠᠷᠢᠭᠤᠴᠠᠯᠭ᠎ᠠ᠎ᠪᠠᠨ ᠲᠦᠯᠬᠢᠬᠦ ᠦᠭᠡᠢ᠎ᠪᠠᠷ ᠪᠦᠬᠦ ᠠᠷᠠᠳ ᠲᠦᠮᠡᠨ᠎ᠳᠤ᠎ᠪᠠᠨ ᠰᠠᠯᠬᠢ ᠰᠢᠭᠤᠷᠭ᠎ᠠ᠎ᠳᠤ ᠲᠡᠰᠪᠦᠷᠢᠲᠡᠢ 《ᠨᠤᠶᠠ ᠵᠢᠨ ᠳᠦᠷᠪᠡᠯᠵᠢᠨ ᠤᠩᠭᠤᠴᠠ》 ᠪᠠᠢ᠌ᠭᠤᠯᠵᠤ ᠦᠭᠭᠦ ᠬᠡᠷᠡᠭᠲᠡᠢ᠃ ᠡᠨᠡ ᠬᠦ᠌ ᠬᠦᠰᠡᠯᠲᠡ᠎ᠨᠢ ᠬᠡᠷᠡᠭ ᠪᠤᠳᠠᠰ᠎ᠤᠨ ᠬᠦᠭᠵᠢᠯᠲᠡ ᠵᠢᠨ ᠵᠢᠮ᠎ᠡ ᠬᠠᠤᠯᠢ᠎ᠳᠤ ᠨᠡᠢ᠌ᠴᠡᠬᠦ ᠪᠦᠭᠡᠳ ᠳᠤᠮᠳᠠᠳᠤ ᠤᠯᠤᠰ᠎ᠤᠨ ᠪᠠᠢ᠌ᠳᠠᠯ᠎ᠲᠠᠢ ᠵᠤᠬᠢᠴᠠᠬᠤ ᠪᠤᠯᠬᠤᠷ ᠤᠷᠲᠤ ᠬᠤᠭᠤᠴᠠᠭ᠋ᠠᠨ᠎ᠤ ᠲᠤᠷᠰᠢ ᠪᠠᠷᠢᠮᠲᠠᠯᠠᠬᠤ ᠬᠡᠷᠡᠭᠲᠡᠢ᠃
          ᠬᠤᠪᠢ ᠬᠦᠮᠦᠨ᠎ᠤ ᠡᠷᠬᠡ ᠴᠢᠯᠦᠭᠡ ᠬᠢᠭᠡᠳ ᠨᠡᠢ᠌ᠲᠡᠴᠢ ᠦᠵᠡᠯ᠎ᠤᠨ ᠰᠤᠶᠤᠯ ᠰᠡᠳᠬᠢᠬᠦᠢ᠃
          ᠬᠢᠵᠢᠭ᠎ᠢ ᠡᠰᠡᠷᠭᠦᠴᠡᠬᠦ ᠳᠤᠮᠳᠠ ᠡᠯ᠎ᠡ ᠤᠯᠤᠰ᠎ᠤᠨ ᠠᠷᠠᠳ ᠲᠦᠮᠡᠨ᠎ᠤ ᠠᠰᠢᠭ᠎ᠢ ᠬᠦᠰᠡᠨ ᠬᠦᠨᠦᠭᠡᠯ᠎ᠠᠴᠠ ᠵᠠᠢ᠌ᠯᠠᠬᠤ ᠵᠢ ᠮᠦᠷᠦᠭᠡᠳᠴᠦ ᠪᠠᠢ᠌ᠭ᠎ᠠ᠎ᠨᠢ ᠢᠯᠡᠭᠡᠨ᠂ ᠬᠠᠷᠢᠨ ᠲᠡᠥᠬᠡ᠂ ᠰᠤᠶᠤᠯ᠎ᠤᠨ ᠤᠯᠠᠮᠵᠢᠯᠠᠯ᠎ᠤᠨ ᠢᠯᠭ᠋ᠠᠭ᠎ᠠ᠎ᠠᠴᠠ ᠪᠤᠯᠤᠭᠰᠠᠨ ᠰᠡᠳᠬᠢᠭᠦᠢ ᠪᠤᠯᠤᠨ ᠦᠢ᠍ᠯᠡ ᠠᠶᠠᠭ᠎ᠤᠨ ᠵᠦᠷᠢᠶ᠎ᠠ ᠵᠢ ᠬᠠᠷᠠᠵᠤ ᠪᠤᠯᠤᠨ᠎ᠠ᠃ ᠳᠤᠮᠳᠠᠳᠤ ᠤᠯᠤᠰ᠎ᠤᠨ 14 ᠳ᠋ᠦᠩᠰᠢᠭᠤᠷ ᠬᠦᠮᠦᠨ ᠨᠢᠭᠡ ᠯᠡ ᠰᠦᠨᠢ ᠵᠢᠨ ᠬᠤᠭᠤᠷᠤᠨᠳᠤ ᠡᠭᠦᠳᠡ ᠴᠤᠩᠬᠤ᠎ᠪᠠᠨ ᠳᠠᠷᠤᠵᠤ ᠭᠡᠷ ᠭᠡᠷ᠎ᠲᠤ᠎ᠪᠠᠨ ᠲᠤᠰᠠᠭ᠋ᠠᠷᠯᠠᠵᠤ᠂ ᠬᠤᠪᠢ ᠬᠦᠮᠦᠨ᠎ᠤ ᠠᠰᠢᠭ ᠬᠤᠤᠷ ᠬᠢᠭᠡᠳ ᠦᠷᠦᠭᠡᠯ ᠪᠤᠰᠤᠳ᠂ ᠨᠡᠢ᠌ᠭᠡᠮ ᠲᠤᠭᠤᠷᠢᠭ᠂ ᠤᠯᠤᠰ ᠭᠡᠷ᠎ᠤᠨ ᠠᠮᠤᠷ ᠲᠦᠪᠰᠢᠨ᠎ᠲᠠᠢ ᠨᠢᠬᠲᠠ ᠬᠤᠯᠪᠤᠭᠳᠠᠭᠰᠠᠨ ᠤᠯᠠᠨ ᠨᠡᠢ᠌ᠲᠡ ᠵᠢᠨ ᠰᠤᠩᠭᠤᠯᠲᠠ ᠬᠢᠵᠡᠢ᠃   ᠬᠤᠲᠠ ᠲᠤᠰᠬᠤᠨ᠎ᠢ ᠤᠷᠲᠤ ᠬᠤᠭᠤᠴᠠᠭ᠎ᠠ᠎ᠪᠠᠷ ᠪᠢᠲᠡᠭᠦᠮᠵᠢᠯᠡᠭᠰᠡᠨ ᠪᠠᠢ᠌ᠳᠠᠯ᠎ᠳᠤ ᠨᠡᠢ᠌ᠭᠡᠮ᠎ᠤᠨ ᠰᠠᠬᠢᠯᠭ᠎ᠠ ᠵᠢ ᠵᠢᠷᠤᠮᠯᠠᠨ᠂ ᠠᠢ᠌ᠯ ᠬᠦᠷᠰᠢ᠎ᠪᠠᠷ ᠵᠶ᠋ᠠᠨ ᠬᠠᠪᠰᠤᠷᠤᠯᠴᠠᠨ᠂ ᠨᠡᠢ᠌ᠭᠡᠮ ᠲᠤᠭᠤᠷᠢᠭ᠎ᠪᠠᠨ ᠬᠠᠮᠠᠭ᠋ᠠᠯᠠᠨ᠂ ᠪᠦᠬᠦ ᠠᠷᠠᠳ ᠵᠶ᠋ᠠᠷ ᠵᠶ᠋ᠠᠨ ᠨᠢᠭᠡᠨ ᠰᠡᠳᠬᠢᠯ ᠵᠶ᠋ᠠᠷ ᠬᠢᠵᠢᠭ᠎ᠢ ᠡᠰᠡᠷᠭᠦᠴᠡᠬᠦ ᠬᠦᠴᠦᠨ ᠪᠤᠯᠵᠤ ᠴᠢᠳᠠᠵᠠᠢ᠃ ᠳᠤᠮᠳᠠᠳᠤ ᠵᠢᠨ ᠲᠠᠪᠤᠨ ᠮᠢᠩᠭ᠋ᠠᠨ ᠵᠢᠯ᠎ᠤᠨ ᠰᠤᠶᠤᠯ ᠪᠤᠯᠪᠠᠰᠤᠨ᠎ᠤ ᠬᠦᠭᠵᠢᠯ ᠪᠠᠳᠠᠷᠠᠯ᠎ᠳᠤ ᠲᠤᠭ᠎ᠠ ᠲᠤᠮᠰᠢ ᠦᠭᠡᠢ ᠤᠯᠠᠨ ᠭᠠᠢ ᠭᠠᠮᠰᠢᠭ ᠲᠤᠬᠢᠶᠠᠯᠳᠤᠭᠰᠠᠨ᠎ᠨᠢ ᠲᠠᠮᠵᠢᠭ ᠦᠭᠡᠢ᠃ ᠪᠤᠳᠠᠭ᠋ᠠᠯᠢ ᠪᠡᠶ᠎ᠡ ᠪᠦᠷᠢ ᠦᠪᠡᠷ᠎ᠤᠨ ᠵᠶ᠋ᠠᠨ ᠵᠤᠬᠢᠬᠤ 《ᠡᠷᠭᠡ ᠴᠢᠯᠦᠭᠡ》 ᠪᠤᠯᠤᠨ 《ᠲᠠᠭ᠋ᠠᠯᠠᠮᠵᠢ》᠎ᠪᠠᠨ ᠭᠠᠷᠤᠵᠠᠳᠠᠭᠤᠯᠵᠤ ᠬᠠᠮᠲᠤ ᠨᠡᠢ᠌ᠲᠡ ᠵᠢᠨ ᠬᠠᠮᠤᠭ᠎ᠤᠨ ᠶᠡᠬᠡ ᠦᠷ᠎ᠡ ᠠᠰᠢᠭ ᠤᠯᠵᠤ ᠪᠠᠢ᠌ᠭᠰᠠᠨ ᠪᠢᠯᠡ᠃ ᠡᠨᠡ ᠪᠤᠯ ᠳᠤᠮᠳᠠᠳᠤ ᠵᠢᠨ ᠦᠨᠳᠦᠰᠦᠲᠡᠨ᠎ᠤ ᠨᠡᠢ᠌ᠲᠡᠴᠢ ᠦᠵᠡᠯ᠎ᠤᠨ ᠵᠤᠷᠢᠭ ᠰᠠᠨᠠᠭ᠎ᠠ ᠵᠢ ᠡᠷᠬᠢᠮᠯᠡᠬᠦ ᠵᠢᠨ ᠤᠯᠠᠮᠵᠢᠯᠠᠯᠲᠤ ᠤᠳᠤᠮᠰᠢᠯ ᠮᠦᠨ᠃ ᠡᠢ᠌ᠮᠦᠷᠭᠦᠦ ᠦᠷᠳᠡᠭ᠎ᠤᠨ ᠦᠵᠡᠯᠲᠡ᠎ᠨᠢ ᠨᠡᠢ᠌ᠭᠡᠮ᠎ᠤᠨ ᠪᠠᠲᠤᠯᠠᠪᠤᠷᠢ ᠵᠢᠨ ᠵᠤᠷᠢᠭ ᠰᠠᠨᠠᠭ᠎ᠠ᠎ᠲᠠᠢ ᠶᠠᠪ ᠴᠠᠪ ᠠᠪᠴᠠᠯᠳᠤᠨ᠎ᠠ᠃ ᠵᠠᠷᠢᠮ ᠬᠦᠮᠦᠰ ᠨᠡᠢ᠌ᠭᠡᠮ᠎ᠤᠨ ᠪᠠᠲᠤᠯᠠᠪᠤᠷᠢ ᠵᠢᠨ ᠲᠦᠯᠦᠪᠦᠷᠢ ᠲᠤᠰᠢᠶᠠᠬᠤ᠎ᠳᠤ᠎ᠪᠠᠨ ᠠᠷᠰᠠᠷ ᠶᠠᠭᠤᠮᠠᠨ᠎ᠳᠤ ᠠᠲᠠᠭ᠋ᠠᠷᠬᠠᠨ 《ᠦᠨᠳᠦᠷ ᠠᠰᠢᠭ》 ᠤᠯᠬᠤ ᠵᠢ ᠪᠤᠳᠤᠵᠤ ᠪᠠᠢ᠌ᠨ᠎ᠠ ᠭᠡᠰᠡᠨ ᠰᠤᠷᠠᠭ ᠰᠤᠨᠤᠰᠴᠠᠢ; ᠪᠠᠰᠠ ᠵᠠᠷᠢᠮᠠᠳ᠎ᠨᠢ ᠵᠠᠰᠠᠭ᠎ᠤᠨ ᠤᠷᠳᠤᠨ᠎ᠤ ᠨᠡᠢ᠌ᠭᠡᠮ᠎ᠤᠨ ᠪᠠᠲᠤᠯᠠᠪᠤᠷᠢ᠎ᠳᠤ ᠤᠷᠤᠪᠠᠯ 《ᠬᠤᠬᠢᠷᠠᠵᠤ》᠂ ᠬᠤᠪᠢ᠎ᠪᠠᠷ ᠵᠶ᠋ᠠᠨ ᠮᠦᠩᠭᠦ ᠬᠠᠳᠠᠭ᠋ᠠᠯᠠᠨ ᠪᠡᠯᠡ ᠤᠷᠤᠭᠤᠯᠬᠤ ᠵᠢ ᠬᠦᠷᠬᠦ ᠦᠭᠡᠢ ᠬᠡᠮᠡᠨ ᠶᠡᠬᠡ᠎ᠪᠠᠷ ᠰᠤᠷᠲᠠᠯᠴᠢᠯᠠᠵᠤ ᠪᠠᠢ᠌ᠨ᠎ᠠ ᠭᠡᠰᠡᠨ᠃ ᠡᠢ᠌ᠮᠦᠷᠭᠦᠦ ᠦᠳᠦᠭᠡᠯᠭᠡ᠎ᠨᠢ ᠨᠡᠢ᠌ᠲᠡᠴᠢ ᠦᠵᠡᠯ᠎ᠤᠨ ᠤᠯᠠᠮᠵᠢᠯᠠᠯ᠎ᠢ ᠦᠵᠡᠨ ᠶᠠᠳᠠᠬᠤ ᠪᠠ ᠳᠡᠷᠰᠯᠡᠵᠦ ᠪᠠᠢ᠌ᠭ᠎ᠠ᠎ᠳᠤ ᠶᠠᠪᠤᠳᠠᠯ ᠪᠤᠯᠤᠨ᠎ᠠ᠃ ᠬᠢᠵᠢᠭ᠎ᠢ ᠡᠰᠡᠷᠭᠦᠴᠡᠬᠦ ᠳᠤᠮᠳᠠ ᠳᠤᠮᠳᠠᠳᠤ ᠤᠯᠤᠰ᠎ᠤᠨ ᠲᠦᠭ ᠲᠦᠮᠡᠨ ᠠᠷᠠᠳ ᠲᠦᠮᠡᠨ᠎ᠤ ᠰᠢᠯᠢᠳᠡᠭ ᠢᠯᠡᠷᠡᠯ᠎ᠲᠠᠢ ᠠᠳᠠᠯᠢᠳᠬᠠᠪᠠᠯ 《ᠠᠮᠢᠨᠴᠢᠷ ᠦᠵᠡᠯ》 ᠭᠡᠳᠡᠭ ᠶᠠᠭ᠋ᠠᠬᠢᠭᠰᠠᠨ ᠢᠴᠢᠬᠦᠷᠢᠲᠡᠢ ᠵᠢ ᠮᠡᠳᠡᠵᠦ ᠪᠤᠯᠤᠨ᠎ᠠ᠃ ᠪᠢᠳᠡ ᠶᠠᠭ ᠰᠠᠶᠢᠬᠠᠨ ᠳᠤᠮᠳᠠᠳᠤ ᠤᠯᠤᠰ᠎ᠤᠨ ᠤᠨᠴᠠᠯᠢᠭ ᠪᠦᠬᠦᠢ ᠨᠡᠢ᠌ᠭᠡᠮ᠎ᠤᠨ ᠪᠠᠲᠤᠯᠠᠪᠤᠷᠢ ᠵᠢᠨ ᠲᠤᠭᠲᠠᠯᠴᠠᠭ᠎ᠠ ᠵᠢ ᠪᠦᠲᠦᠭᠡᠨ ᠪᠠᠢ᠌ᠭᠤᠯᠵᠤ᠂ ᠲᠡᠭᠦᠯᠳᠡᠷᠵᠢᠭᠦᠯᠵᠦ ᠪᠠᠢ᠌ᠭ᠎ᠠ ᠪᠤᠯᠬᠤᠷ ᠤᠨᠤᠯ ᠪᠠ ᠦᠢ᠍ᠯᠡᠳᠦᠯᠭᠡ᠎ᠳᠤ ᠤᠮᠤᠭ ᠪᠠᠷᠳᠠᠮ ᠵᠶ᠋ᠠᠷ ᠲᠦᠪ ᠭᠤᠤᠯᠴᠢ᠂ ᠬᠠᠷᠢᠯᠴᠠᠨ ᠬᠠᠪᠰᠤᠷᠬᠤ᠂ ᠬᠠᠷᠢᠯᠴᠠᠨ ᠵᠤᠬᠢᠴᠠᠯᠳᠤᠬᠤ ᠵᠢᠨ ᠲᠤᠭ᠎ᠢ ᠦᠨᠳᠦᠷ ᠡᠷᠭᠦᠵᠦ᠂ ᠳᠤᠮᠳᠠᠳᠤ ᠤᠯᠤᠰ᠎ᠤᠨ ᠰᠢᠯᠢᠳᠡᠭ ᠰᠤᠶᠤᠯ᠎ᠤᠨ ᠤᠳᠤᠮᠯᠠᠯ᠎ᠢ ᠬᠦᠭᠵᠢᠭᠦᠯᠦᠨ ᠪᠠᠳᠠᠷᠠᠭᠤᠯᠵᠤ᠂ ᠡᠨᠡ ᠬᠦ᠌ ᠲᠤᠭᠲᠠᠯᠴᠠᠭ᠋ᠠᠨ᠎ᠳᠠᠬᠢ ᠨᠠᠢ᠌ᠳᠠᠪᠤᠷᠢᠲᠠᠢ᠂ ᠬᠠᠮᠤᠭ᠎ᠤᠨ ᠴᠢᠬᠤᠯᠠ ᠤᠯᠤᠰ ᠠᠷᠠᠳ᠎ᠤᠨ ᠦᠵᠡᠯ ᠰᠠᠨᠠᠭ᠋ᠠᠨ᠎ᠤ ᠰᠠᠭᠤᠷᠢ ᠪᠤᠯᠭ᠋ᠠᠬᠤ ᠬᠡᠷᠡᠭᠲᠡᠢ᠃
         《ᠡᠩ᠎ᠤᠨ ᠴᠠᠭ ᠬᠢᠭᠡᠳ ᠬᠢᠵᠢᠭ᠎ᠲᠠᠢ ᠲᠡᠮᠡᠴᠡᠬᠦ ᠵᠢ ᠤᠶᠠᠯᠳᠤᠭᠤᠯᠤᠭᠰᠠᠨ》 ᠰᠠᠭᠤᠷᠢ ᠮᠦᠩᠭᠦ᠂ ᠰᠠᠩᠬᠦᠦ ᠵᠢᠨ ᠲᠡᠩᠴᠡᠭᠦᠷᠢ᠃
          ᠳᠤᠮᠳᠠᠳᠤ ᠤᠯᠤᠰ᠎ᠲᠤ 《ᠠᠮᠤᠷ ᠲᠦᠪᠰᠢᠨ ᠦᠶ᠎ᠡ᠎ᠳᠤ ᠠᠶᠤᠯ ᠲᠦᠭᠰᠢᠭᠦᠷᠢ ᠵᠢ ᠮᠠᠷᠲᠠᠬᠤ ᠦᠭᠡᠢ》 《ᠦᠶᠡᠷ ᠢᠷᠡᠬᠦ᠎ᠠᠴᠠ ᠡᠮᠦᠨ᠎ᠡ ᠦᠨᠳᠦᠷ ᠬᠠᠰᠢᠯᠭ᠎ᠠ ᠪᠠᠷᠢᠬᠤ》 《ᠪᠡᠯᠡᠳᠬᠡᠯ᠎ᠲᠠᠢ ᠪᠠᠢ᠌ᠪᠠᠯ ᠪᠡᠯᠭᠡ᠎ᠲᠠᠢ》 ᠵᠡᠷᠭᠡ ᠬᠡᠪᠰᠢᠮᠡᠯ ᠬᠡᠯᠡᠯᠭᠡ ᠵᠢᠨ ᠦᠨᠢᠷ ᠪᠠᠶᠠᠨ   ᠦᠪ ᠰᠠᠩ᠎ᠲᠠᠢ᠂ ᠡᠳᠡᠭᠡᠷ᠎ᠨᠢ ᠤᠯᠠᠨ ᠮᠢᠩᠭ᠋ᠠᠨ ᠵᠢᠯ᠎ᠤᠨ ᠲᠤᠷᠰᠢ ᠤᠪᠤᠭ ᠠᠢ᠌ᠮᠠᠭ᠂ ᠦᠨᠳᠦᠰᠦᠲᠡᠨ᠎ᠨᠦᠭᠦᠳ᠎ᠤᠨ ᠤᠷᠤᠰᠢᠨ ᠠᠮᠢᠳᠤᠷᠠᠬᠤ ᠳᠤᠮᠳᠠ᠎ᠪᠠᠨ ᠬᠤᠷᠠᠮᠳᠤᠭᠤᠯᠤᠭᠰᠠᠨ ᠦᠨᠡᠲᠦ ᠲᠤᠷᠰᠢᠯᠭ᠎ᠠ ᠮᠦᠨ᠃ ᠲᠤᠰ ᠤᠳᠠᠭ᠋ᠠᠨ᠎ᠤ ᠬᠢᠵᠢᠭ᠎ᠲᠠᠢ ᠲᠡᠮᠡᠴᠡᠬᠦ ᠳᠠᠢ᠌ᠨ᠎ᠳᠤ ᠡᠳᠡᠭᠡᠷ ᠬᠡᠪᠰᠢᠮᠡᠯ ᠬᠡᠯᠡᠯᠭᠡ ᠵᠢᠨ ᠪᠤᠳᠠᠲᠤ ᠦᠨ᠎ᠡ ᠦᠷᠲᠡᠭ᠎ᠢ ᠳᠠᠬᠢᠨᠲᠠ ᠨᠤᠲᠠᠯᠠᠵᠠᠢ᠃ ᠬᠡᠷᠪᠡ ᠬᠡᠳᠦᠨ ᠮᠢᠩᠭ᠋ᠠᠨ ᠳ᠋ᠦᠩᠰᠢᠭᠤᠷ ᠲᠦᠭᠦᠷᠢᠭ᠎ᠤᠨ ᠡᠮᠨᠡᠯᠭᠡ ᠵᠢᠨ ᠪᠠᠲᠤᠯᠠᠪᠤᠷᠢ ᠵᠢᠨ ᠰᠠᠭᠤᠷᠢ ᠮᠦᠩᠭᠦ ᠵᠢᠨ ᠬᠠᠳᠠᠭ᠋ᠠᠯᠠᠮᠵᠢ ᠪᠠᠢ᠌ᠭ᠎ᠠ ᠦᠭᠡᠢ ᠰᠠᠨ ᠪᠤᠯ ᠪᠢᠳᠡ ᠺᠤᠷᠤᠨᠠ ᠸᠢᠷᠦ᠋ᠰ᠎ᠤᠨ ᠬᠠᠯᠳᠠᠪᠤᠷᠢ ᠠᠪᠤᠭᠰᠠᠨ ᠡᠪᠡᠳᠴᠢᠲᠡᠳ᠎ᠢ ᠲᠦᠯᠦᠪᠦᠷᠢ ᠦᠭᠡᠢ᠎ᠪᠠᠷ ᠡᠮᠨᠡᠨ ᠵᠠᠰᠠᠬᠤ ᠲᠦᠷᠦ ᠵᠢᠨ ᠪᠤᠳᠤᠯᠭ᠎ᠠ ᠵᠢ ᠮᠠᠰᠢ ᠲᠦᠷᠭᠡᠨ ᠵᠶ᠋ᠠᠷ ᠲᠤᠭᠲᠠᠭ᠋ᠠᠵᠤ ᠲᠡᠢ᠌ᠯᠬᠦ ᠦᠭᠡᠢ; ᠬᠡᠷᠪᠡ 6 ᠲᠦᠮᠡᠨ ᠳ᠋ᠦᠩᠰᠢᠭᠤᠷ ᠲᠦᠭᠦᠷᠢᠭ᠎ᠤᠨ ᠠᠵᠢᠯᠲᠠᠳ᠎ᠤᠨ ᠦᠲᠡᠯᠦᠭᠡ ᠨᠠᠰᠤ᠂ ᠠᠵᠢᠯ ᠠᠯᠳᠠᠬᠤ᠂ ᠠᠵᠢᠯ᠎ᠤᠨ ᠭᠡᠮᠲᠤᠯ᠎ᠤᠨ ᠳᠠᠭ᠋ᠠᠳᠬᠠᠯ᠎ᠤᠨ ᠰᠠᠭᠤᠷᠢ   ᠮᠦᠩᠭᠦᠨ᠎ᠤ ᠬᠠᠳᠠᠭ᠋ᠠᠯᠠᠮᠵᠢ ᠪᠠᠢ᠌ᠭ᠎ᠠ ᠦᠭᠡᠢ ᠰᠠᠨ ᠪᠤᠯ ᠨᠡᠢ᠌ᠭᠡᠮ᠎ᠤᠨ ᠪᠠᠲᠤᠯᠠᠪᠤᠷᠢ ᠵᠢᠨ ᠲᠦᠯᠦᠪᠦᠷᠢ ᠲᠤᠰᠢᠶᠠᠬᠤ ᠵᠢ ᠱᠠᠲᠤᠴᠢ ᠴᠢᠨᠠᠷ᠎ᠲᠠᠢ᠎ᠪᠠᠷ ᠬᠡᠯᠲᠦᠷᠢᠭᠦᠯᠬᠦ ᠪᠠ ᠤᠳᠠᠭ᠋ᠠᠰᠢᠷᠠᠭᠤᠯᠬᠤ ᠲᠦᠷᠦ ᠵᠢᠨ ᠪᠤᠳᠤᠯᠭ᠎ᠠ ᠵᠢ ᠡᠷᠡᠰ ᠲᠠᠰᠤᠷᠬᠠᠢ᠎ᠪᠠᠷ ᠲᠤᠭᠲᠠᠭ᠋ᠠᠵᠤ ᠲᠡᠢ᠌ᠯᠬᠦ ᠦᠭᠡᠢ᠃ 2020 ᠤᠨ᠎ᠤ ᠨᠢᠭᠡᠳᠦᠭᠡᠷ ᠤᠯᠠᠷᠢᠯ᠎ᠳᠤ᠂ ᠬᠡᠳᠦᠢ᠌ᠪᠡᠷ ᠨᠡᠢ᠌ᠭᠡᠮ᠎ᠤᠨ ᠪᠠᠲᠤᠯᠠᠪᠤᠷᠢ ᠵᠢᠨ ᠰᠠᠭᠤᠷᠢ ᠮᠦᠩᠭᠦᠨ᠎ᠤ ᠤᠷᠤᠯᠭ᠎ᠠ ᠪᠠᠭᠤᠷᠠᠵᠤ᠂ ᠬᠠᠳᠠᠭ᠋ᠠᠯᠠᠮᠵᠢ ᠬᠠᠰᠤᠭᠳᠠᠭᠰᠠᠨ ᠪᠤᠯᠪᠠᠴᠤ 5   ᠲᠦᠮᠡ ᠢᠯᠡᠭᠦᠦ ᠳ᠋ᠦᠩᠰᠢᠭᠤᠷ ᠲᠦᠭᠦᠷᠢᠭ᠎ᠤᠨ ᠬᠠᠳᠠᠭ᠋ᠠᠯᠠᠮᠵᠢ ᠵᠢ ᠪᠠᠲᠤᠯᠠᠵᠤ ᠴᠢᠳᠠᠭᠰᠠᠨ᠎ᠨᠢ ᠪᠢᠳᠡᠨ᠎ᠤ ᠲᠦᠷ ᠴᠠᠭ᠎ᠤᠨ ᠬᠦᠴᠢᠷ ᠪᠤᠭᠤᠮᠲᠠ ᠵᠢ ᠲᠤᠭᠤᠯᠵᠤ ᠳᠠᠪᠠᠭᠰᠠᠨ᠎ᠤ ᠢᠳᠡᠭᠡᠯ ᠨᠠᠢ᠌ᠳᠠᠪᠤᠷᠢ ᠮᠦᠨ᠃ ᠶᠠᠷᠢᠶᠠᠨ ᠦᠭᠡᠢ ᠬᠠᠮᠤᠭ᠎ᠤᠨ ᠴᠢᠬᠤᠯᠠ ᠲᠦᠰᠢᠭ ᠲᠤᠯᠭ᠋ᠠᠭᠤᠷᠢ᠎ᠨᠢ ᠤᠯᠤᠰ᠎ᠤᠨ ᠤᠯᠠᠨ ᠨᠡᠢ᠌ᠲᠡ ᠵᠢᠨ ᠰᠠᠩᠬᠦᠦ ᠵᠢᠨ ᠠᠷᠪᠠᠭ᠋ᠠᠳ ᠲᠦᠮᠡᠨ ᠳ᠋ᠦᠩᠰᠢᠭᠤᠷ ᠲᠦᠭᠦᠷᠢᠭ᠎ᠤᠨ ᠪᠡᠯᠡ ᠮᠦᠩᠭᠦ ᠪᠤᠯᠤᠨ᠎ᠠ᠃ ᠢᠯᠠᠩᠭᠤᠶ᠎ᠠ ᠮᠠᠨ᠎ᠤ ᠤᠯᠤᠰ᠎ᠤᠨ ᠠᠵᠤ ᠠᠬᠤᠢ ᠵᠢᠨ ᠬᠦᠭᠵᠢᠯᠲᠡ ᠵᠢᠨ ᠤᠶᠠᠨ ᠴᠢᠨᠠᠷ᠂ ᠮᠠᠰᠢ ᠲᠦᠷᠭᠡᠨ ᠵᠶ᠋ᠠᠷ ᠦᠢ᠍ᠯᠡᠳᠪᠦᠷᠢᠯᠡᠯ ᠡᠬᠢᠯᠡᠭᠦᠯᠦᠭᠰᠡᠨ ᠢᠲᠡᠭᠡᠯ ᠵᠤᠷᠢᠭ (ᠨᠠᠮ᠎ᠤᠨ ᠲᠦᠪ᠎ᠠᠴᠠ ᠬᠢᠵᠢᠭ᠎ᠲᠠᠢ ᠲᠡᠮᠡᠴᠡᠬᠦ ᠤᠯᠤᠰ᠎ᠤᠨ ᠤᠨᠴᠠᠭ᠋ᠠᠢ ᠵᠢᠭᠡᠯᠡᠯᠭᠡ ᠲᠠᠷᠬᠠᠭ᠋ᠠᠬᠤ᠎ᠪᠠᠷ ᠰᠢᠢ᠍ᠳᠦᠭᠰᠡᠨ᠎ᠨᠢ ᠡᠨᠡ ᠬᠦ᠌ ᠢᠲᠡᠭᠡᠯ ᠵᠤᠷᠢᠭ᠎ᠤᠨ ᠢᠯᠡᠷᠡᠯ ᠮᠦᠨ) ᠪᠤᠯ ᠬᠠᠮᠤᠭ᠎ᠤᠨ ᠬᠦᠴᠦᠷᠬᠡᠭ ᠦᠮᠦᠭ ᠲᠦᠰᠢᠭ ᠪᠤᠯᠵᠠᠢ᠃ ᠭᠡᠪᠡᠴᠦ ᠨᠡᠢ᠌ᠭᠡᠮ᠎ᠤᠨ ᠪᠠᠲᠤᠯᠠᠪᠤᠷᠢ ᠵᠢᠨ ᠰᠠᠭᠤᠷᠢ ᠮᠦᠩᠭᠦ᠎ᠨᠢ ᠬᠠᠳᠠᠭ᠋ᠠᠯᠠᠮᠵᠢ ᠵᠢᠨ ᠪᠦᠲᠦᠴᠡ᠎ᠪᠠᠷ ᠵᠶ᠋ᠠᠨ ᠠᠷᠠᠳ᠎ᠤᠨ ᠦᠨᠳᠦᠰᠦᠨ ᠠᠮᠢᠳᠤᠷᠠᠯ᠎ᠢ ᠪᠠᠲᠤᠯᠠᠬᠤ ᠠᠩᠬᠠᠨ᠎ᠤ ᠬᠠᠯᠬᠠᠪᠴᠢ ᠪᠤᠯᠵᠤ ᠪᠠᠢ᠌ᠭ᠎ᠠ ᠤᠴᠢᠷ᠎ᠠᠴᠠ ᠰᠠᠩᠬᠦᠦ᠂ ᠨᠡᠢ᠌ᠭᠡᠮ᠎ᠤᠨ ᠠᠶᠤᠯ ᠲᠦᠭᠰᠢᠭᠦᠷᠢ ᠵᠢ ᠪᠠᠭᠤᠷᠠᠭᠤᠯᠬᠤ᠎ᠳᠤ ᠴᠢᠬᠤᠯᠠ ᠦᠢ᠍ᠯᠡᠳᠦᠯ ᠦᠵᠡᠭᠦᠯᠬᠦ᠎ᠨᠢ ᠳᠠᠮᠵᠢᠭ ᠦᠭᠡᠢ᠃ ᠡᠭᠦᠨ᠎ᠠᠴᠠ ᠪᠢᠳᠡ ᠡᠩ᠎ᠤᠨ ᠴᠠᠭ᠎ᠲᠤ ᠰᠠᠭᠤᠷᠢ ᠮᠦᠩᠭᠦᠨ᠎ᠤ ᠲᠤᠬᠠᠢ ᠵᠢᠨ ᠬᠤᠭᠤᠴᠠᠭ᠎ᠠ ᠵᠢᠨ ᠡᠳ᠋᠎ᠤᠨ ᠶᠠᠪᠤᠳᠠᠯ᠎ᠤᠨ ᠪᠠᠢ᠌ᠳᠠᠯ᠎ᠢ ᠭᠤᠤᠯ ᠠᠩᠬᠠᠷᠴᠤ᠂ ᠵᠢᠯ᠎ᠤᠨ ᠤᠷᠤᠯᠭ᠎ᠠ ᠵᠠᠷᠤᠯᠭ᠎ᠠ ᠵᠢᠨ ᠶᠡᠬᠡ ᠲᠦᠯᠦᠪ ᠲᠡᠩᠴᠡᠭᠦᠷᠢ᠎ᠲᠠᠢ ᠪᠠᠢ᠌ᠬᠤ ᠵᠢ ᠪᠠᠲᠤᠯᠠᠬᠤ; ᠬᠢᠵᠢᠭ᠎ᠲᠠᠢ ᠲᠡᠮᠡᠴᠡᠭᠰᠡᠨ ᠬᠦᠨᠳᠦ ᠬᠡᠴᠡᠭᠦᠦ ᠪᠠᠢ᠌ᠳᠠᠯ᠎ᠳᠤ 《ᠬᠢᠵᠢᠭ᠎ᠲᠠᠢ ᠲᠡᠮᠡᠴᠡᠬᠦ ᠦᠶᠡᠰ》᠎ᠤᠨ ᠬᠡᠷᠡᠭᠴᠡᠭᠡ ᠵᠢ ᠨᠡᠩ ᠢᠯᠡᠭᠦᠦ ᠪᠤᠳᠤᠯᠬᠢᠯᠠᠬᠤ ᠬᠡᠷᠡᠭᠲᠡᠢ ᠭᠡᠳᠡᠭ᠎ᠢ ᠰᠠᠨᠠᠵᠤ ᠪᠤᠯᠤᠨ᠎ᠠ᠃ ᠠᠵᠢᠯᠲᠠᠳ᠎ᠤᠨ ᠡᠯ᠎ᠡ ᠲᠦᠷᠦᠯ᠎ᠤᠨ ᠨᠡᠢ᠌ᠭᠡᠮ᠎ᠤᠨ ᠳᠠᠭ᠋ᠠᠳᠬᠠᠯ᠎ᠤᠨ ᠲᠦᠯᠦᠪᠦᠷᠢ ᠲᠤᠰᠢᠶᠠᠬᠤ ᠳᠠᠷᠤᠭ᠋ᠠᠰᠤ ᠵᠢ ᠬᠡᠷᠬᠢᠨ ᠪᠠᠭ᠋ᠠᠰᠬᠠᠬᠤ ᠬᠢᠭᠡᠳ ᠪᠠᠴᠢᠮ᠎ᠢ ᠠᠷᠭ᠋ᠠᠴᠠᠭ᠋ᠠᠬᠤ ᠬᠠᠳᠠᠭ᠋ᠠᠯᠠᠮᠵᠢ ᠵᠢ ᠪᠠᠲᠤᠯᠠᠬᠤ ᠵᠢ ᠤᠷᠭ᠋ᠠᠨᠢᠭ ᠵᠶ᠋ᠠᠷ ᠤᠶᠠᠯᠳᠤᠭᠤᠯᠵᠤ᠂ ᠤᠳᠤᠬᠢ ᠬᠢᠭᠡᠳ ᠢᠷᠡᠭᠡᠳᠦᠢ ᠵᠢᠨ ᠲᠡᠩᠴᠡᠭᠦᠷᠢ ᠵᠢ ᠬᠠᠮᠲᠤ᠎ᠳᠤ᠎ᠨᠢ ᠠᠩᠬᠠᠷᠬᠤ ᠪᠤᠯ ᠬᠤᠢ᠌ᠰᠢᠲᠠ ᠵᠢᠨ ᠨᠡᠢ᠌ᠭᠡᠮ᠎ᠤᠨ ᠪᠠᠲᠤᠯᠠᠪᠤᠷᠢ ᠵᠢᠨ ᠲᠦᠷᠦ ᠵᠢᠨ ᠪᠤᠳᠤᠯᠭ᠎ᠠ ᠪᠤᠯᠤᠨ ᠦᠢ᠍ᠯᠡᠳᠦᠯᠭᠡ᠎ᠳᠤ ᠡᠷᠬᠡᠪᠰᠢ ᠲᠤᠯᠭ᠋ᠠᠷᠠᠬᠤ ᠬᠠᠲᠠᠭᠤ ᠰᠢᠯᠭ᠋ᠠᠯᠲᠠ ᠮᠦᠨ᠃ ᠤᠷᠢᠳᠤᠬᠢ ᠬᠦᠮᠦᠰ᠎ᠤᠨ ᠤᠷᠤᠰᠢᠨ ᠲᠤᠭᠲᠠᠨᠢᠯ᠎ᠤᠨ ᠲᠤᠷᠰᠢᠯᠭ᠎ᠠ ᠵᠢ ᠰᠤᠷᠤᠯᠴᠠᠵᠤ᠂ ᠠᠶᠤᠯ ᠲᠦᠭᠰᠢᠭᠦᠷᠢ᠎ᠤᠨ ᠤᠬᠠᠮᠰᠠᠷ᠂ ᠬᠢᠮᠤᠷᠠᠯ᠎ᠤᠨ ᠤᠬᠠᠮᠰᠠᠷ ᠵᠶ᠋ᠠᠨ ᠲᠡᠭᠡᠭᠰᠢᠯᠡᠭᠦᠯᠪᠡᠯ ᠰᠠᠶᠢ ᠪᠠᠢ᠌ᠭᠤᠯᠤᠯ᠎ᠤᠨ ᠤᠷᠲᠤ ᠬᠤᠭᠤᠴᠠᠭ᠎ᠠ᠎ᠪᠠᠷ ᠯᠠᠪᠳᠠᠭᠤᠨ ᠪᠠᠢ᠌ᠬᠤ ᠪᠠ ᠨᠡᠢ᠌ᠭᠡᠮ᠎ᠤᠨ ᠠᠮᠤᠷ ᠲᠦᠪᠰᠢᠨ ᠪᠠᠢ᠌ᠬᠤ ᠵᠢ ᠪᠠᠲᠤᠲᠠᠢ ᠪᠡᠶᠡᠯᠡᠭᠦᠯᠬᠦ ᠪᠤᠯᠤᠯᠴᠠᠭ᠎ᠠ᠎ᠲᠠᠢ᠃
          ᠳᠡᠭᠡᠷᠡᠬᠢ 4 ᠲᠠᠯ᠎ᠠ ᠵᠶ᠋ᠠᠷ ᠪᠤᠳᠤᠯᠬᠢᠯᠠᠯ ᠪᠤᠯ ᠦᠨᠡᠨ᠎ᠳᠤ᠎ᠪᠠᠨ ᠨᠡᠢ᠌ᠭᠡᠮ᠎ᠤᠨ ᠪᠠᠲᠤᠯᠠᠪᠤᠷᠢ ᠵᠢᠨ ᠪᠠᠢ᠌ᠭᠤᠯᠤᠯ᠎ᠤᠨ ᠳᠤᠲᠤᠭᠤᠳᠤ ᠯᠤᠭᠢᠭ᠎ᠳᠤ ᠠᠭᠤᠯᠤᠭᠳᠠᠵᠤ ᠪᠤᠢ᠃ ᠭᠡᠪᠡᠴᠦ ᠲᠤᠰ ᠤᠳᠠᠭ᠋ᠠᠨ᠎ᠤ ᠬᠢᠵᠢᠭ᠎ᠲᠠᠢ ᠲᠡᠮᠡᠴᠡᠬᠦ ᠳᠠᠢ᠌ᠨ᠎ᠳᠤ ᠤᠯᠠᠮ ᠪᠠᠲᠤ ᠴᠢᠩᠭ᠎ᠠ ᠪᠦᠭᠡᠳ ᠢᠯᠡ ᠲᠤᠳᠤ ᠪᠤᠯᠵᠠᠢ᠃ ᠬᠢᠵᠢᠭ᠎ᠲᠠᠢ ᠲᠡᠮᠡᠴᠡᠬᠦ ᠳᠠᠢ᠌ᠨ᠎ᠤ ᠬᠤᠪᠢᠷᠠᠯᠲᠠ᠂ ᠦᠷᠭᠦᠯᠵᠢᠯᠡᠭᠰᠡᠨ ᠲᠡᠮᠡᠴᠡᠯ᠂ ᠦᠢ᠍ᠯᠡᠳᠦᠯᠭᠡ ᠵᠢᠨ ᠭᠦᠨᠵᠡᠭᠡᠢ᠌ᠷᠡᠬᠦ ᠵᠢ ᠳᠠᠭ᠋ᠠᠯᠳᠤᠨ ᠨᠡᠩ ᠤᠯᠠᠨ ᠰᠢᠨ᠎ᠡ ᠠᠰᠠᠭᠤᠳᠠᠯ ᠳᠤᠷᠠᠳᠤᠭᠳᠠᠵᠤ᠂ ᠨᠡᠩ ᠤᠯᠠᠨ ᠰᠢᠨ᠎ᠡ ᠰᠠᠨᠠᠭᠤᠯᠤᠮᠵᠢ ᠢᠯᠡᠷᠡᠵᠦ᠂ ᠨᠡᠩ ᠤᠯᠠᠨ ᠰᠢᠨ᠎ᠡ ᠰᠡᠳᠬᠢᠮᠵᠢ ᠵᠢ ᠰᠡᠲᠦᠨ ᠬᠦᠭᠵᠢᠭᠡᠵᠦ᠂ ᠴᠠᠭ ᠲᠤᠬᠠᠢ᠎ᠳᠤ᠎ᠨᠢ ᠬᠤᠷᠢᠶᠠᠩᠭᠤᠢ᠌ᠯᠠᠵᠤ᠂ ᠵᠠᠳᠠᠯᠵᠤ᠂ ᠰᠢᠷᠭ᠋ᠠᠭ᠋ᠠᠪᠠᠯ ᠮᠠᠨ᠎ᠤ ᠤᠯᠤᠰ᠎ᠤᠨ ᠨᠡᠢ᠌ᠭᠡᠮ᠎ᠤᠨ ᠪᠠᠲᠤᠯᠠᠪᠤᠷᠢ ᠵᠢᠨ ᠲᠤᠭᠲᠠᠯᠴᠠᠭ᠎ᠠ ᠵᠢᠨ ᠪᠦᠲᠦᠭᠡᠨ ᠪᠠᠢ᠌ᠭᠤᠯᠤᠯᠲᠠ ᠵᠢᠨ ᠤᠨᠤᠯ ᠪᠠ ᠲᠦᠷᠦ ᠵᠢᠨ ᠪᠤᠳᠤᠯᠭ᠎ᠠ ᠵᠢ ᠲᠠᠰᠤᠷᠠᠯᠲᠠ ᠦᠭᠡᠢ ᠪᠠᠶᠠᠯᠢᠬ᠍ᠵᠢᠭᠤᠯᠬᠤ᠎ᠨᠢ ᠯᠠᠪᠲᠠᠢ᠃

      ᠤᠷᠴᠢᠭᠤᠯᠤᠬ᠍ᠴᠢ ᠵᠢᠨ ᠬᠠᠶᠢᠭ᠄ ᠦᠪᠤᠷ ᠮᠤᠡᠭᠭᠤᠯ᠎ᠤᠨ ᠰᠤᠷᠭ᠋ᠠᠨ ᠬᠦᠮᠦᠵᠢᠯ᠎ᠤᠨ ᠬᠡᠪᠯᠡᠯ᠎ᠤᠨ ᠬᠤᠷᠢᠶ᠎ᠠ

ᠢᠷᠡᠯᠲᠡ᠄ 《ᠲᠤᠮᠳᠠᠳᠤ ᠤᠯᠤᠰ᠎ᠤᠨ ᠠᠷᠠᠳ᠎ᠤᠨ ᠶᠠᠪᠤᠳᠠᠯ》 ᠰᠡᠳᠬᠦᠯ
          
ᠬᠠᠮᠢᠶ᠎ᠡ ᠪᠦᠬᠦᠢ ᠰᠣᠨᠢᠨ
ᠲᠠᠷᠬᠠᠯᠠᠭᠳᠠᠭᠰᠠᠨ ᠠᠵᠢᠯᠲᠠᠳ᠎ᠤᠨ ᠠᠵᠢᠯ᠎ᠠᠴᠠ ᠪᠤᠯᠤᠭᠰᠠᠨ ᠭᠡᠮᠲᠤᠯ᠎ᠤᠨ ᠠᠰᠠᠭᠤᠳᠠᠯ᠎ᠤᠨ ᠲᠤᠬᠠᠢ ᠪᠤᠳᠤᠯᠭ᠋ᠠᠰᠢᠷᠠᠯ
ᠤᠯᠠᠨ ᠲᠦᠮᠡᠨ᠎ᠤ ᠠᠩᠬᠠᠷᠤᠯ ᠬᠠᠷᠠᠴᠠᠨ᠎ᠳᠠᠬᠢ ᠰᠢᠨ᠎ᠡ ᠴᠠᠭ ᠦᠶ᠎ᠡ ᠵᠢᠨ ᠠᠷᠠᠳ᠎ᠤᠨ ᠶᠠᠪᠤᠲᠠᠯ᠎ᠤᠨ ᠠᠵᠢᠯ᠎ᠤᠨ ᠭᠤᠤᠯ ᠠᠭᠤᠯᠭ᠎ᠠ
〈〈ᠬᠤᠳᠠ ᠬᠦᠳᠡᠭᠡ ᠵᠢᠨ ᠤᠡᠴᠠ ᠬᠦᠴᠢᠷᠳᠡᠯ᠎ᠲᠠᠢ ᠬᠦᠮᠤᠰ᠎ᠢ ᠠᠰᠠᠷᠠᠨ ᠲᠡᠳᠬᠦᠬᠦ ᠦᠢ᠍ᠯᠡᠴᠢᠯᠡᠭᠡᠨ᠎ᠤ ᠪᠠᠢ᠌ᠭᠤᠯᠤᠮᠵᠢ ᠵᠢᠨ ᠵᠠᠷᠤᠳᠠᠯ᠎ᠤᠨ ᠬᠠᠮᠢᠶᠠᠷᠤᠯᠳᠠ ᠵᠢᠴᠢ ᠦᠢ᠍ᠯᠡᠴᠢᠯᠡᠭᠡᠨ᠎ᠤ ᠠᠵᠢᠯ ᠎ᠢ ᠴᠢᠨᠠᠭᠰᠢᠳᠠ ᠤᠯᠠᠮ ᠴᠢᠩᠭ᠋ᠠᠳᠬᠠᠬᠤ ᠲᠤᠬᠠᠢ ᠮᠡᠳᠡᠭᠳᠡᠯ〉〉᠎ᠤᠨ ᠲᠠᠢ᠌ᠯᠤᠮᠵᠢ
〈〈ᠨᠠᠢ᠌ᠭᠡᠮ᠎ᠤᠨ ᠳᠤᠰᠠᠯᠠᠮᠵᠢ ᠵᠢᠨ ᠠᠵᠢᠯ᠎ᠤᠨ ᠶᠡᠷᠤᠩᠭᠡᠢ᠌ᠯᠡᠭᠰᠡᠨ ᠦᠭᠡᠷᠡᠴᠢᠯᠡᠯᠳᠠ ᠵᠢᠨ ᠲᠤᠷᠰᠢᠯᠳᠠ ᠵᠢᠨ ᠴᠡᠭ ᠠᠳᠬᠤᠬᠤ ᠲᠤᠬᠠᠢ ᠮᠡᠳᠡᠭᠳᠡᠯ〉〉 ᠎ᠤᠨ ᠲᠠᠢ᠌ᠯᠤᠮᠵᠢ
〈〈2019 ᠤᠡ᠎ᠤ ᠪᠦᠬᠦ ᠤᠷᠤᠨ ᠎ᠤ ᠨᠠᠢ᠌ᠭᠡᠮ᠎ᠤᠨ ᠳᠤᠰᠠᠯᠠᠮᠵᠢ ᠵᠢᠨ ᠪᠠᠷᠢᠮᠵᠢᠶ᠎ᠠ ᠵᠢᠨ ᠬᠣᠯᠪᠣᠭᠳᠠᠯ ᠪᠦᠬᠦᠢ ᠠᠰᠠᠭᠤᠳᠠᠯ᠎ᠤᠨ ᠲᠤᠬᠠᠢ ᠮᠡᠳᠡᠭᠳᠡᠯ〉〉 ᠎ᠤᠨ ᠲᠦᠷᠤ ᠵᠢᠨ ᠪᠤᠳᠦᠯᠭ᠎ᠠ ᠵᠢᠨ ᠲᠠᠢ᠌ᠯᠤᠮᠵᠢ
 
            