ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠡᠶ᠋ᠢᠭᠡᠮ ᠰᠡᠳᠬᠦᠯ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠢᠯᠡ ᠵᠠᠰᠠᠭ   -   ᠲᠥᠷᠥ᠎ᠶᠢᠨ ᠪᠣᠳᠣᠯᠭ᠎ᠠ᠎ᠶᠢᠨ ᠲᠠᠶ᠋ᠢᠯᠤᠮᠵᠢ
《〈ᠰᠤᠶᠤᠯ᠎ᠤᠨ ᠶᠡᠬᠡ ᠬᠤᠪᠢᠰᠬᠠᠯ〉᠎ᠤᠨ 〈ᠭᠤᠷᠪᠠᠨ ᠲᠥᠷᠦᠯ᠎ᠤᠨ ᠬᠦᠮᠦᠨ〉᠎ᠤ ᠠᠮᠢᠳᠤᠷᠠᠯ᠎ᠤᠨ ᠨᠥᠬᠦᠪᠤᠷᠢ ᠵᠢᠨ ᠪᠠᠷᠢᠮᠵᠢᠶ᠎ᠠ ᠵᠢ ᠳᠡᠭᠡᠭᠰᠢᠯᠡᠭᠦᠯᠬᠦ ᠲᠤᠬᠠᠢ ᠮᠡᠳᠡᠭᠳᠡᠯ》᠎ᠤᠨ ᠵᠣᠷᠢᠭ ᠰᠠᠨᠠᠭ᠎ᠠ ᠬᠢᠭᠡᠳ ᠲᠠᠢ᠌ᠯᠤᠮᠵᠢ
ᠨᠡᠶᠢᠲᠡᠯᠡᠭᠰᠡᠨ ᠴᠠᠭ᠄ 2020-06-17

           

     2020 ᠤᠨ᠎ᠤ 3 ᠳ᠋ᠤᠭ᠋ᠠᠷ ᠰᠠᠷ᠎ᠠ ᠵᠢᠨ 9᠎ᠤ ᠠ᠋ᠳᠦᠷ ᠥᠪᠤᠷ ᠮᠤᠩᠭᠤᠯ᠎ᠤᠨ ᠥᠪᠡᠷᠳᠡᠭᠡᠨ ᠵᠠᠰᠠᠬᠤ ᠣᠷᠤᠨ᠎ᠤ ᠠᠷᠠᠳ᠎ᠤᠨ ᠶᠠᠪᠤᠳᠠᠯ᠎ᠤᠨ ᠲᠢᠩᠬᠢᠮ᠂ ᠠ᠋ᠳ᠋᠎ᠤᠨ ᠵᠠᠰᠠᠭ᠎ᠤᠨ ᠲᠢᠩᠬᠢᠮ ᠬᠠᠮᠲᠤᠷᠠᠨ 《〈ᠰᠤᠶᠤᠯ᠎ᠤᠨ ᠶᠡᠬᠡ ᠬᠤᠪᠢᠰᠬᠠᠯ〉᠎ᠤᠨ 〈ᠭᠤᠷᠪᠠᠨ ᠲᠥᠷᠦᠯ᠎ᠤᠨ ᠬᠦᠮᠦᠨ〉᠎ᠤ ᠠᠮᠢᠳᠤᠷᠠᠯ᠎ᠤᠨ ᠨᠥᠬᠦᠪᠤᠷᠢ ᠵᠢᠨ ᠪᠠᠷᠢᠮᠵᠢᠶ᠎ᠠ ᠵᠢ ᠳᠡᠭᠡᠭᠰᠢᠯᠡᠭᠦᠯᠬᠦ ᠲᠤᠬᠠᠢ ᠮᠡᠳᠡᠭᠳᠡᠯ》᠎ᠢ ᠳᠠᠷᠤᠮᠠᠯᠯᠠᠨ ᠲᠠᠷᠬᠠᠭ᠋ᠠᠪᠠ᠂ ᠠ᠋ᠨᠡᠬᠥ ᠪᠢᠴᠢᠭ ᠮᠠᠲᠸᠷᠢᠶᠠᠯ᠎ᠤᠨ ᠵᠣᠷᠢᠭ ᠰᠠᠨᠠᠭ᠎ᠠ ᠱᠠᠭ᠋ᠠᠷᠳᠠᠯᠭ᠎ᠠ᠎ᠨᠢ ᠳᠤᠤᠷᠠᠬᠢ ᠮᠡᠲᠦ᠄
      ᠥᠪᠡᠷᠳᠡᠭᠡᠨ ᠵᠠᠰᠠᠬᠤ ᠣᠷᠤᠨ᠎ᠤ ᠠᠷᠠᠳ᠎ᠤᠨ ᠵᠠᠰᠠᠭ᠎ᠤᠨ ᠤᠷᠳᠤᠨ᠎ᠤ ᠵᠥᠪᠰᠢᠶᠡᠷᠡᠯ ᠵᠢᠡᠷ᠂ 2020 ᠤᠨ᠎ᠤ 1 ᠳ᠋ᠤᠭᠡᠷ ᠰᠠᠷ᠎ᠠ ᠵᠢᠨ 1᠎ᠤ ᠠ᠋ᠳᠦᠷ᠎ᠠᠴᠠ ᠠ᠋ᠬᠢᠯᠡᠨ ᠪᠦᠬᠦ ᠤᠷᠤᠨ᠎ᠤ 《ᠰᠤᠶᠤᠯ᠎ᠤᠨ ᠶᠡᠬᠡ ᠬᠤᠪᠢᠰᠬᠠᠯ》᠎ᠤᠨ 《ᠭᠤᠷᠪᠠᠨ ᠲᠥᠷᠦᠯ᠎ᠤᠨ ᠬᠦᠮᠦᠨ》᠎ᠤ ᠠᠮᠢᠳᠤᠷᠠᠯ᠎ᠤᠨ ᠨᠥᠬᠦᠪᠤᠷᠢ ᠵᠢᠨ ᠪᠠᠷᠢᠮᠵᠢᠶ᠎ᠠ ᠵᠢ ᠳᠡᠭᠡᠭᠰᠢᠯᠡᠭᠦᠯᠬᠦ᠎ᠪᠠᠷ ᠪᠣᠯᠪᠠ᠃ ᠠ᠋ᠨᠡ ᠤᠳᠠᠭ᠎ᠠ ᠵᠢᠨ ᠳᠡᠭᠡᠭᠰᠢᠯᠡᠭᠦᠯᠬᠦ ᠪᠠᠷᠢᠮᠵᠢᠶ᠎ᠠ᠎ᠨᠢ ᠤᠤᠯ᠎ᠤᠨ ᠪᠠᠷᠢᠮᠵᠢᠶᠠᠨ᠎ᠤ ᠰᠠᠭᠤᠷᠢᠨ ᠳᠡᠭᠡᠷ᠎ᠡ ᠬᠦᠮᠦᠨ ᠪᠦᠷᠢ ᠰᠠᠷ᠎ᠠ᠎ᠳᠤ 138 ᠲᠥᠭᠦᠷᠢᠭ ᠨᠡᠮᠡᠵᠦ ᠥᠭᠭᠦᠨ᠎ᠡ᠂ ᠪᠠᠷᠢᠮᠵᠢᠶ᠎ᠠ ᠵᠢ ᠳᠡᠭᠡᠭᠰᠢᠯᠡᠭᠦᠯᠬᠦ᠎ᠳᠤ ᠬᠡᠷᠡᠭᠯᠡᠬᠦ ᠪᠡᠯᠡ ᠮᠥᠩᠭᠦ ᠵᠢ ᠴᠦᠮ ᠥᠪᠡᠷᠳᠡᠭᠡᠨ ᠵᠠᠰᠠᠬᠤ ᠣᠷᠤᠨ᠎ᠤ ᠲᠤᠰ ᠱᠠᠲᠤᠨ᠎ᠤ ᠠ᠋ᠳ᠋᠎ᠤᠨ ᠵᠠᠰᠠᠭ ᠠ᠋ᠭᠦᠷᠭᠡᠯᠡᠨ᠎ᠡ᠃
      ᠤᠨᠴᠠ ᠬᠦᠴᠢᠷᠳᠡᠯ᠎ᠲᠠᠢ ᠬᠦᠮᠦᠰ᠎ᠤᠨ ᠦᠨᠳᠦᠰᠦᠨ ᠠᠮᠢᠳᠤᠷᠠᠯ᠎ᠢ ᠪᠠᠲᠤᠯᠠᠬᠤ ᠪᠠ ᠰᠠᠢ᠌ᠵᠢᠷᠠᠭᠤᠯᠬᠤ᠎ᠨᠢ ᠠᠷᠠᠳ᠎ᠤᠨ ᠠᠮᠢᠳᠤᠷᠠᠯ᠎ᠢ ᠰᠠᠢ᠌ᠵᠢᠷᠠᠭᠤᠯᠬᠤ ᠠᠵᠢᠯ᠎ᠤᠨ ᠲᠦᠢ᠍ᠯ ᠵᠢᠨ ᠴᠢᠬᠤᠯᠠ ᠠᠵᠢᠯ ᠪᠣᠯᠣᠨ᠎ᠠ᠃ ᠮᠡᠳᠡᠭᠳᠡᠯ᠎ᠳᠤ ᠡᠯ᠎ᠡ ᠠᠢ᠌ᠮᠠᠭ ᠬᠤᠲᠠ ᠵᠢᠨ᠎ᠬᠢᠨ ᠠᠷᠠᠳ᠎ᠲᠤ ᠠᠰᠢᠭ ᠬᠦᠷᠲᠡᠭᠡᠬᠦ ᠠ᠋ᠨᠡᠬᠥ ᠲᠦᠷᠦ ᠵᠢᠨ ᠪᠣᠳᠤᠯᠭ᠎ᠠ ᠵᠢᠨ ᠴᠢᠬᠤᠯᠠ ᠴᠢᠨᠠᠷ᠎ᠢ ᠭᠦᠢ᠍ᠴᠡᠳ ᠲᠠᠨᠢᠵᠦ᠂ 2020 ᠤᠨ᠎ᠤ 4 ᠳ᠋ᠤᠭᠡᠷ ᠰᠠᠷ᠎ᠠ ᠵᠢᠨ 《ᠰᠤᠶᠤᠯ᠎ᠤᠨ ᠶᠡᠬᠡ ᠬᠤᠪᠢᠰᠬᠠᠯ》᠎ᠤᠨ 《ᠭᠤᠷᠪᠠᠨ ᠲᠥᠷᠦᠯ᠎ᠤᠨ ᠬᠦᠮᠦᠨ》᠎ᠤ ᠠᠮᠢᠳᠤᠷᠠᠯ᠎ᠤᠨ ᠨᠥᠬᠦᠪᠤᠷᠢ ᠵᠢᠨ ᠪᠡᠯᠡ ᠮᠥᠩᠭᠦ ᠵᠢ ᠣᠯᠭᠣᠬᠤ ᠦᠶᠡᠰ᠂ ᠠ᠋ᠨᠡ ᠬᠦ᠌ ᠲᠦᠷᠦ ᠵᠢᠨ ᠪᠣᠳᠤᠯᠭ᠎ᠠ ᠵᠢ ᠴᠠᠭ ᠳᠤᠬᠠᠢ᠎ᠳᠤ᠎ᠨᠢ ᠭᠦᠢ᠍ᠴᠡᠳ ᠨᠠᠢ᠌ᠳᠠᠪᠤᠷᠢᠵᠢᠭᠤᠯᠬᠤ ᠴᠢᠬᠤᠯᠠ᠎ᠲᠠᠢ ᠪᠦᠭᠡᠳ 1᠎ᠠᠴᠠ 3 ᠳ᠋ᠤᠭ᠋ᠠᠷ ᠰᠠᠷ᠎ᠠ ᠵᠢᠨ ᠪᠠᠷᠢᠮᠵᠢᠶ᠎ᠠ ᠵᠢ ᠳᠡᠭᠡᠭᠰᠢᠯᠡᠭᠦᠯᠦᠭᠰᠡᠨ ᠬᠡᠰᠡᠭ ᠨᠥᠬᠦᠪᠤᠷᠢ ᠮᠥᠩᠭᠦ ᠵᠢ ᠨᠢᠭᠡ ᠯᠡ ᠳᠡᠭᠡᠷ᠎ᠡ ᠲᠣᠭ᠎ᠠ ᠶᠤᠰᠤᠭ᠋ᠠᠷ ᠣᠯᠭᠣᠬᠤ ᠬᠡᠷᠡᠭᠲᠡᠢ ᠭᠡᠵᠦ ᠱᠠᠭ᠋ᠠᠷᠳᠠᠵᠠᠢ᠃


 

      ᠳᠠᠭ᠋ᠠᠯᠳᠤᠭᠤᠯᠤᠯ᠄ 《ᠰᠤᠶᠤᠯ᠎ᠤᠨ ᠶᠡᠬᠡ ᠬᠤᠪᠢᠰᠬᠠᠯ》᠎ᠤᠨ 《ᠭᠤᠷᠪᠠᠨ ᠲᠥᠷᠦᠯ᠎ᠤᠨ ᠬᠦᠮᠦᠨ》᠎ᠤ ᠠᠮᠢᠳᠤᠷᠠᠯ᠎ᠤᠨ ᠨᠥᠬᠦᠪᠤᠷᠢ ᠵᠢᠨ ᠪᠠᠷᠢᠮᠵᠢᠶ᠎ᠠ ᠵᠢ ᠳᠡᠭᠡᠭᠰᠢᠯᠡᠭᠦᠯᠬᠦ ᠲᠤᠬᠠᠢ ᠲᠠᠢ᠌ᠯᠤᠮᠵᠢ

ᠢᠷᠡᠯᠲᠡ᠄ ᠠᠷᠠᠳ᠎ᠤᠨ ᠶᠠᠪᠤᠳᠠᠯ᠎ᠤᠨ ᠲᠢᠡᠭᠭᠢᠮ᠎ᠤᠨ ᠬᠢᠳᠡᠳ ᠰᠦᠯᠵᠢᠶ᠎ᠡ
          
ᠬᠠᠮᠢᠶ᠎ᠡ ᠪᠦᠬᠦᠢ ᠰᠣᠨᠢᠨ
ᠪᠠᠭ᠋ᠠᠲᠤᠷ ᠤᠯᠤᠰ᠎ᠤᠨ ᠨᠡᠢ᠌ᠲᠡᠮ ᠬᠡᠷᠡᠭᠯᠡᠬᠦ ᠦᠭᠡ ᠬᠡᠯᠡ ᠦᠰᠤᠭ᠌ ᠪᠢᠴᠢᠭ᠎ᠢ ᠰᠠᠢ᠌ᠲᠤᠷ ᠰᠤᠷᠴᠤ ᠬᠡᠷᠡᠭᠯᠡᠬᠦ ᠪᠣᠯ ᠦᠨᠳᠤᠰᠤᠲᠡᠨ᠎ᠨᠦᠭᠦᠳ᠎ᠤᠨ ᠬᠠᠮᠲᠤ ᠵᠢᠨ ᠬᠠᠷᠢᠭᠤᠴᠠᠯᠭ᠎ᠠ ᠮᠦᠨ ᠭᠡᠵᠤ ᠴᠢᠬᠤᠯᠠᠴᠢᠯᠠᠪᠠ
ᠦᠪᠡᠷᠳᠡᠭᠡᠨ ᠵᠠᠰᠠᠬᠤ ᠣᠷᠣᠨ᠎ᠤ ᠨᠠᠮ᠎ᠤᠨ ᠬᠣᠷᠢᠶᠠᠨ᠎ᠤ ᠪᠠᠢ᠌ᠩᠭᠤ ᠵᠢᠨ ᠬᠣᠷᠢᠶ᠎ᠠ ᠬᠤᠷᠠᠯ ᠬᠤᠷᠠᠯᠳᠤᠭᠤᠯᠵᠤ ᠤᠯᠤᠰ᠎ᠤᠨ ᠨᠡᠢ᠌ᠲᠡᠮ ᠬᠡᠷᠡᠭᠯᠡᠭᠡᠨ᠎ᠤ ᠦᠭᠡ ᠬᠡᠯᠡ ᠦᠰᠤᠭ᠌ ᠪᠢᠴᠢᠭ᠎ᠢ ᠳᠡᠯᠭᠡᠷᠡᠭᠦᠯᠬᠦ ᠠᠵᠢᠯ᠎ᠢ
ᠣᠢᠪᠤᠷ ᠮᠣᠨᠭ᠌ᠭᠣᠯ᠎ᠤᠨ ᠣᠢᠪᠠᠷᠳᠠᠬᠡᠨ ᠵᠠᠰᠠᠠᠠᠣ ᠣᠷᠣᠨ᠎ᠤ ᠠᠮᠢᠳᠣᠷᠠᠯ᠎ᠳᠤ᠎ᠪᠠᠨ ᠵᠣᠢᠪ ᠣᠢᠬᠡᠢ ᠲᠠᠨᠣᠭᠦᠴᠢᠯᠠᠨ ᠭᠣᠢᠢᠷᠠᠠᠴᠢᠯᠠᠠᠠᠴᠢ ᠵᠢ ᠳᠤᠰᠠᠯᠠᠬᠤ ᠬᠠᠮᠢᠶᠠᠷᠣᠯᠳ᠋ᠨ ᠵᠢᠨ ᠣᠢᠢᠯᠠᠴᠢᠯᠠᠬᠡᠨ ᠎ᠤ ᠴᠢᠠᠰᠠᠭ᠎ᠠ ᠵᠢ ᠶᠠᠬᠡ ᠎ᠪᠠᠷ ᠲᠠᠬᠡᠭᠰᠢᠯᠠᠭᠦᠯᠬᠦ ᠲᠣᠰᠠᠠᠠᠢ ᠲᠣᠢᠷᠣᠯ ᠎ᠤᠨ ᠠᠵᠢᠯᠯᠠᠭ᠋ᠠᠨ ᠎ᠤ ᠬᠡᠷᠨᠭᠵᠢᠭᠦᠯᠬᠦ ᠲᠣᠢᠰᠣᠯ
ᠣᠢᠪᠤᠷ ᠮᠣᠨᠭ᠌ᠭᠣᠯ ᠎ᠤᠨ ᠣᠢᠪᠠᠷᠳᠠᠬᠡᠨ ᠵᠠᠰᠠᠠᠠᠣ ᠣᠷᠣᠨ ᠎ᠤ ᠠᠷᠠᠣᠨ ᠎ᠤᠨ ᠶᠠᠪᠤᠳᠠᠯ᠎ᠤᠨ ᠲᠢᠨᠭᠬᠢᠮ᠎ᠤᠨ ᠵᠣᠬᠢᠶᠠᠨ ᠪᠠᠢᠢᠭᠣᠯᠣᠨ ᠪᠡᠶᠡᠯᠡᠭᠦᠯᠬᠦ 2020 ᠣᠨ ᠎ᠤ ᠪᠠᠬᠡᠵᠢᠨᠭ ᠣᠢᠪᠤᠷ ᠮᠣᠨᠭ᠌ᠭᠣᠯ᠎ᠤᠨ ᠬᠣᠷᠰᠢᠠᠠᠰᠠᠨ 《ᠭᠠᠷ ᠬᠣᠯᠪᠤᠯᠴᠠᠠᠠᠣ ᠲᠣᠢᠯᠣᠤ ᠊ᠯᠠᠬᠡᠨ》᠎ᠤ ᠨᠠᠢᠢᠬᠡᠮ᠎ᠤᠨ ᠠᠵᠢᠯ᠎ᠤᠨ ᠣᠢᠢᠯᠠᠴᠢᠯᠠᠬᠡᠨ᠎ᠤ ᠲᠣᠢᠷᠣᠯ ᠵᠣᠢᠢᠯ
ᠨᠡᠢ᠍ᠢ᠍ᠭᠡᠮ᠎ᠤᠨ ᠠᠵᠢᠯ᠎ᠤᠨ ᠲᠤᠰᠡᠡᠡᠢ ᠮᠡᠷᠭᠡᠵᠢᠯ᠎ᠤᠨ ᠲᠡᠪᠡᠭᠤᠯᠢᠬ᠎ᠢ ᠪᠠᠳᠠᠷᠠᠭᠤᠯᠵᠦ ᠬᠦᠮᠦᠯᠢᠭ ᠬᠠᠯᠠᠮᠵᠢᠯᠠᠯ᠎ᠢ ᠨᠡᠡᠭ ᠰᠠᠢ᠌ᠳᠤᠷ ᠬᠠᠡᠭᠭ᠋ᠠᠶ᠎ᠠ
 
            