ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠡᠶ᠋ᠢᠭᠡᠮ ᠰᠡᠳᠬᠦᠯ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠢᠯᠡ ᠵᠠᠰᠠᠭ   -   ᠲᠥᠷᠥ᠎ᠶᠢᠨ ᠪᠣᠳᠣᠯᠭ᠎ᠠ᠎ᠶᠢᠨ ᠲᠠᠶ᠋ᠢᠯᠤᠮᠵᠢ
ᠰᠢᠨ᠎ᠡ ᠡᠵᠡᠩᠨᠡᠯᠲᠡ ᠵᠢᠨ ᠨᠡᠢ᠌ᠭᠡᠮ᠎ᠤᠨ ᠪᠠᠲᠤᠯᠠᠪᠤᠷᠢ ᠵᠢ 《ᠨᠠᠢ᠌ᠳᠠᠪᠤᠷᠢᠵᠢᠭᠤᠯᠬᠤ ᠦᠭᠡᠢ》 ᠪᠠᠢ᠌ᠵᠤ ᠪᠤᠯᠬᠤ ᠦᠭᠡᠢ
ᠨᠡᠶᠢᠲᠡᠯᠡᠭᠰᠡᠨ ᠴᠠᠭ᠄ 2021-01-06

  ᠰᠢᠨ᠎ᠡ ᠡᠵᠡᠩᠨᠡᠯᠲᠡ ᠵᠢᠨ ᠨᠡᠢ᠌ᠭᠡᠮ᠎ᠤᠨ ᠪᠠᠲᠤᠯᠠᠪᠤᠷᠢ ᠵᠢ 《ᠨᠠᠢ᠌ᠳᠠᠪᠤᠷᠢᠵᠢᠭᠤᠯᠬᠤ ᠦᠭᠡᠢ》 ᠪᠠᠢ᠌ᠵᠤ ᠪᠤᠯᠬᠤ ᠦᠭᠡᠢ
                                                                    ᠯᠸᠦ ᠢᠤᠢ ᠵᠤᠬᠢᠶᠠᠪᠠ

                                                                    ᠮᠦᠡᠭᠭᠡᠪᠠᠶᠠᠷ ᠤᠷᠴᠢᠭᠤᠯᠪᠠ
     2020 ᠤᠨ᠎ᠤ 5 ᠰᠠᠷ᠎ᠠ᠎ᠳᠤ᠂ ᠨᠠᠮ᠎ᠤᠨ ᠲᠦᠪ ᠬᠤᠷᠢᠶ᠎ᠠ᠂ ᠲᠦᠷᠦ ᠵᠢᠨ ᠶᠠᠪᠤᠳᠠᠯ᠎ᠤᠨ ᠬᠤᠷᠢᠶ᠎ᠠ᠎ᠠᠴᠠ《ᠰᠢᠨ᠎ᠡ ᠡᠷᠢᠨ᠎ᠤ ᠨᠡᠢ᠌ᠭᠡᠮ   ᠵᠢᠷᠤᠮᠳᠤ ᠵᠠᠬ᠎ᠠ ᠳᠡᠯᠭᠡᠭᠦᠷ᠎ᠤᠨ ᠠᠵᠤ ᠠᠬᠤᠢ ᠵᠢᠨ ᠪᠠᠢ᠌ᠭᠤᠯᠤᠯ᠎ᠢ ᠲᠦᠷᠭᠡᠳᠬᠡᠨ ᠲᠡᠭᠦᠯᠳᠡᠷᠵᠢᠭᠦᠯᠬᠦ ᠲᠤᠬᠠᠢ ᠰᠠᠨᠠᠯ》 ᠲᠤᠩᠬᠠᠭᠯᠠᠵᠠᠢ᠃ ᠲᠤᠰ ᠰᠠᠨᠠᠯ᠎ᠳᠤ 〈ᠬᠤᠲᠠ ᠬᠦᠳᠡᠭᠡ᠂ ᠦᠷᠭᠦᠯᠵᠢᠯᠡᠬᠦᠢ᠌ᠴᠡ ᠨᠠᠰᠤᠵᠢᠯ᠎ᠤᠨ ᠦᠨᠳᠦᠰᠦᠨ ᠳᠠᠭ᠋ᠠᠳᠬᠠᠯ᠎ᠤᠨ ᠪᠠᠢ᠌ᠭᠤᠯᠤᠯ ᠪᠠ ᠡᠮᠨᠡᠯᠭᠡ ᠵᠢᠨ ᠦᠨᠳᠦᠰᠦᠨ ᠳᠠᠭ᠋ᠠᠳᠬᠠᠯ᠎ᠤᠨ ᠪᠠᠢ᠌ᠭᠤᠯᠤᠯ᠎ᠢ ᠨᠢᠭᠡᠲᠦᠯᠲᠡᠢ ᠲᠦᠯᠤᠪᠵᠢᠭᠦᠯᠦᠨ ᠪᠦᠷᠢᠨᠰᠢᠭᠦᠯᠬᠦ》᠎ᠪᠠᠷ ᠦᠨᠳᠦᠷ ᠵᠢᠩᠳᠠᠭ᠋ᠠᠨ᠎ᠤ ᠨᠡᠢ᠌ᠭᠡᠮ ᠵᠢᠷᠤᠮᠳᠤ ᠵᠠᠬ᠎ᠠ ᠳᠡᠯᠭᠡᠭᠦᠷ᠎ᠤᠨ ᠠᠵᠤ ᠠᠬᠤᠢ ᠵᠢᠨ ᠪᠠᠢ᠌ᠭᠤᠯᠤᠯ᠎ᠢ ᠪᠦᠲᠦᠭᠡᠨ ᠪᠠᠢ᠌ᠭᠤᠯᠬᠤ ᠵᠢᠨ ᠬᠦᠨᠳᠦ ᠴᠢᠬᠤᠯᠠ ᠡᠭᠦᠷᠭᠡ ᠪᠤᠯᠭ᠋ᠠᠭᠰᠠᠨ ᠪᠦᠭᠡᠳ ᠤᠨᠴᠠᠭ᠋ᠠᠢ᠌ᠯᠠᠨ  《ᠰᠢᠨ᠎ᠡ ᠡᠵᠡᠩᠨᠡᠯᠲᠡ᠎ᠳᠤ ᠤᠷᠤᠯᠴᠠᠵᠤ ᠪᠠᠢ᠌ᠭ᠎ᠠ ᠠᠵᠢᠯᠲᠠᠳ᠎ᠤᠨ ᠠᠵᠢᠯ᠎ᠤᠨ ᠰᠢᠷᠬᠠᠳᠤᠯ ᠭᠡᠮᠲᠤᠯ᠎ᠢ ᠪᠠᠲᠤᠯᠠᠬᠤ ᠲᠤᠷᠰᠢᠯᠲᠠ ᠵᠢᠨ ᠴᠡᠭ᠎ᠢ ᠦᠷᠨᠢᠭᠦᠯᠬᠦ》᠎ᠪᠠᠷ ᠳᠤᠷᠠᠳᠴᠠᠢ᠃ ᠲᠤᠰ ᠰᠠᠨᠠᠯ᠎ᠤᠨ ᠵᠤᠷᠢᠭ ᠰᠠᠨᠠᠭ᠎ᠠ ᠵᠢ ᠭᠦᠨᠵᠡᠭᠡᠢ ᠤᠢ᠌ᠯᠠᠭ᠋ᠠᠵᠤ᠂ ᠰᠦᠯᠵᠢᠶᠡᠨ᠎ᠳᠤ ᠪᠤᠯᠵᠤᠬᠤ ᠠᠵᠢᠯᠴᠢᠨ (网约工)᠎ᠤ ᠠᠵᠢᠯ᠎ᠤᠨ ᠰᠢᠨᠵᠢ ᠴᠢᠨᠠᠷ ᠬᠢᠭᠡᠳ ᠨᠡᠢ᠌ᠭᠡᠮ᠎ᠤᠨ ᠳᠠᠭ᠋ᠠᠳᠬᠠᠯ᠎ᠤᠨ ᠬᠠᠷᠢᠴᠠᠭ᠎ᠠ ᠵᠢ ᠬᠠᠤᠯᠢ ᠶᠤᠰᠤᠨ᠎ᠤ ᠳᠠᠪᠬᠤᠷᠭ᠎ᠠ᠎ᠳᠤ ᠵᠦᠪᠳᠡᠨ ᠶᠠᠷᠢᠯᠴᠠᠵᠤ᠂ ᠡᠳᠡᠭᠡᠷ ᠬᠦᠮᠦᠰ᠎ᠲᠤ ᠡᠷᠬᠡ ᠲᠡᠭᠰᠢ᠂ ᠵᠤᠬᠢᠰᠲᠠᠢ ᠨᠡᠢ᠌ᠭᠡᠮ᠎ᠤᠨ ᠳᠠᠭ᠋ᠠᠳᠬᠠᠯ᠎ᠤᠨ ᠬᠠᠤᠯᠢ ᠳᠦᠷᠢᠮ ᠲᠤᠭᠲᠠᠭ᠋ᠠᠵᠤ ᠦᠭᠭᠦ ᠬᠡᠷᠡᠭᠲᠡᠢ ᠬᠡᠮᠡᠨ ᠪᠢ ᠪᠤᠳᠤᠵᠤ ᠪᠠᠢ᠌ᠨ᠎ᠠ᠃
        ᠰᠢᠯᠵᠢᠮᠡᠯ ᠢᠨᠲᠸᠷᠨ᠋ᠸᠲ᠂ ᠳᠠᠭ᠋ᠠᠭᠤᠯᠢ ᠤᠳᠤᠨ ᠬᠦᠲᠦᠴᠢ᠂ ᠪᠤᠳᠤᠬᠤ ᠠᠷᠭ᠎ᠠ ᠵᠡᠷᠭᠡ ᠰᠢᠨ᠎ᠡ ᠮᠡᠷᠭᠡᠵᠯ᠎ᠤᠨ ᠬᠡᠷᠡᠭᠯᠡᠯᠲᠡ ᠵᠢ ᠳᠠᠭ᠋ᠠᠯᠳᠤᠨ᠂ ᠮᠠᠨ᠎ᠤ ᠤᠯᠤᠰ᠎ᠲᠤ ᠨᠢᠭᠡ ᠪᠦᠯᠦᠭ ᠲᠠᠪᠴᠠᠩ᠎ᠤᠨ ᠠᠵᠤ ᠠᠬᠤᠢ᠌ᠯᠡᠯ ᠮᠡᠨᠳᠦᠯᠡᠵᠡᠢ᠃ ᠡᠳᠡᠭᠡᠷ ᠠᠵᠤ ᠠᠬᠤᠢ᠌ᠯᠠᠯ᠎ᠨᠢ ᠤᠯᠠᠮᠵᠢᠯᠠᠯᠲᠤ ᠠᠵᠤ ᠠᠬᠤᠢ᠌ᠯᠠᠯ᠎ᠲᠠᠢ ᠠᠳᠠᠯᠢ ᠦᠭᠡᠢ᠃ ᠲᠡᠳᠡ ᠠᠵᠢᠯᠴᠢᠨ ᠡᠯᠰᠡᠬᠦ ᠦᠭᠡᠢ᠂ ᠬᠠᠷᠢᠨ ᠠᠵᠢᠯ᠎ᠤᠨ ᠡᠭᠦᠷᠭᠡ᠎ᠪᠠᠨ ᠲᠠᠪᠴᠠᠩ᠎ᠳᠤ᠎ᠪᠠᠨ ᠨᠡᠢ᠌ᠲᠡᠯᠡᠵᠦ᠂ ᠶᠠᠮᠠᠷᠪᠠ ᠬᠦᠮᠦᠨ ᠴᠦ᠍ ᠲᠠᠪᠴᠠᠩ ᠳᠡᠭᠡᠷ᠎ᠡ᠎ᠨᠢ ᠦᠢ᠍ᠯᠡᠴᠢᠯᠡᠬᠦ ᠬᠡᠷᠡᠭᠴᠡᠭᠡ᠎ᠪᠠᠨ ᠢᠯᠡᠭᠡᠬᠦ ᠵᠢᠨ ᠳᠠᠭ᠋ᠠᠤ ᠰᠦᠯᠵᠢᠶᠡᠨ᠎ᠳᠤ ᠪᠤᠯᠵᠤᠬᠤ ᠠᠵᠢᠯᠴᠢᠨ ᠵᠶ᠋ᠠᠷ ᠪᠦᠷᠢᠳᠬᠡᠭᠦᠯᠵᠦ ᠪᠤᠯᠤᠨ᠎ᠠ᠃ ᠲᠠᠩᠰᠠ ᠪᠤᠯᠢᠶᠠᠬᠤ ᠬᠡᠯᠪᠡᠷᠢ᠎ᠪᠠᠷ ᠠᠵᠢᠯ᠎ᠤᠨ ᠡᠭᠦᠷᠭᠡ ᠵᠢ ᠳᠠᠭ᠋ᠠᠭ᠋ᠠᠴᠢᠯᠠᠨ ᠠᠪᠴᠤ᠂ ᠲᠠᠪᠴᠠᠩ᠎ᠠᠴᠠ ᠠᠵᠢᠯ᠎ᠤᠨ ᠬᠡᠮᠵᠢᠶ᠎ᠡ ᠵᠢ᠎ᠨᠢ ᠦᠨᠳᠦᠰᠦᠯᠡᠨ ᠬᠠᠷᠠᠮᠵᠢ ᠵᠢ᠎ᠨᠢ ᠪᠤᠳᠤᠵᠤ ᠦᠭᠭᠦᠨ᠎ᠡ᠃ ᠶᠠᠭ ᠦᠨᠡᠨ᠎ᠳᠤ᠎ᠪᠠᠨ ᠲᠠᠪᠴᠠᠩ᠎ᠤᠨ ᠠᠵᠤ ᠠᠬᠤᠢ᠌ᠯᠠᠯ᠎ᠨᠢ ᠲᠡᠢ᠌ᠮᠦ ᠴᠦ᠍ ᠰᠢᠨ᠎ᠡ ᠰᠡᠪᠡᠭᠦᠨ ᠵᠦᠢ᠍ᠯ ᠪᠢᠰᠢ ᠶᠤᠮ᠃ ᠰᠦᠯᠵᠢᠶᠡᠨ᠎ᠳᠤ ᠪᠤᠯᠵᠤᠬᠤ ᠠᠵᠢᠯᠴᠢᠨ᠎ᠳᠤ ᠲᠤᠯᠭ᠋ᠠᠷᠠᠵᠤ ᠪᠠᠢ᠌ᠭ᠎ᠠ ᠠᠵᠢᠯ᠎ᠤᠨ ᠠᠶᠤᠯ ᠲᠦᠭᠰᠢᠭᠦᠷᠢ ᠪᠤᠯᠤᠨ ᠠᠮᠢᠳᠤᠷᠠᠯ᠎ᠤᠨ ᠠᠶᠤᠯ ᠲᠦᠭᠰᠢᠭᠦᠷᠢ᠎ᠨᠢ ᠤᠯᠠᠮᠵᠢᠯᠠᠯᠲᠤ ᠠᠵᠢᠯ ᠦᠢ᠍ᠯᠡᠰ᠎ᠤᠨ ᠠᠵᠢᠯᠴᠢᠳ᠎ᠲᠠᠢ ᠶᠠᠮᠠᠷ ᠴᠦ᠍ ᠢᠯᠭ᠋ᠠᠭ᠎ᠠ ᠵᠦᠷᠢᠶ᠎ᠡ ᠦᠭᠡᠢ᠃ ᠭᠡᠪᠡᠴᠦ ᠰᠢᠨ᠎ᠡ ᠮᠡᠷᠭᠡᠵᠢᠯ᠎ᠨᠢ ᠠᠵᠢᠯ ᠤᠯᠬᠤ ᠬᠡᠯᠪᠡᠷᠢ ᠵᠢ ᠬᠤᠪᠢᠷᠠᠭᠤᠯᠤᠭᠰᠠᠨ᠎ᠠᠴᠠ ᠬᠦᠳᠡᠯᠮᠦᠷᠢ ᠵᠢᠨ ᠬᠠᠷᠢᠴᠠᠭ᠎ᠠ ᠬᠢᠭᠡᠳ ᠬᠦᠳᠡᠯᠮᠦᠷᠢ ᠵᠢᠨ ᠪᠤᠰᠤ ᠬᠠᠷᠢᠴᠠᠭ᠎ᠠ ᠵᠢᠨ ᠵᠠᠭ᠋ᠠᠭ ᠱᠤᠭᠤᠮ᠎ᠨᠢ ᠪᠠᠯᠠᠷᠬᠠᠢ ᠪᠤᠯᠵᠠᠢ᠃ ᠡᠢ᠌ᠮᠦ᠎ᠠᠴᠠ ᠰᠦᠯᠵᠢᠶᠡᠨ᠎ᠳᠤ ᠪᠤᠯᠵᠤᠬᠤ ᠠᠵᠢᠯᠴᠢᠨ᠎ᠢ ᠬᠢᠨᠠᠨ ᠲᠤᠭᠲᠠᠭ᠋ᠠᠬᠤ᠎ᠨᠢ ᠤᠯᠠᠮ ᠯᠡ ᠬᠦᠴᠢᠷ ᠪᠤᠯᠵᠤ ᠪᠠᠢ᠌ᠨ᠎ᠠ᠃ ᠡᠭᠦᠨ᠎ᠠᠴᠠ ᠰᠦᠯᠵᠢᠶᠡᠨ᠎ᠳᠤ ᠪᠤᠯᠵᠤᠬᠤ ᠠᠵᠢᠯᠴᠢᠳ ᠬᠦᠳᠡᠯᠮᠦᠷᠢ ᠵᠢᠨ ᠬᠠᠷᠢᠴᠠᠭ᠎ᠠ᠎ᠲᠠᠢ ᠬᠤᠯᠪᠤᠭᠰᠠᠨ ᠠᠵᠢᠯᠴᠢᠳ᠎ᠤᠨ ᠨᠡᠢ᠌ᠭᠡᠮ᠎ᠤᠨ ᠳᠠᠭ᠋ᠠᠳᠬᠠᠯ᠎ᠢ ᠬᠦᠷᠲᠡᠬᠦ᠎ᠳᠤ ᠲᠦᠪᠡᠭ ᠤᠴᠠᠷᠠᠭᠤᠯᠵᠠᠢ᠃ 《ᠨᠡᠢ᠌ᠭᠡᠮ᠎ᠤᠨ ᠳᠠᠭ᠋ᠠᠳᠬᠠᠯ᠎ᠤᠨ ᠬᠠᠤᠯᠢ》 ᠦᠨᠳᠦᠰᠦᠯᠡᠪᠡᠯ᠂ ᠬᠡᠳᠦᠢ᠌ᠪᠡᠷ ᠴᠢᠯᠦᠭᠡᠲᠡᠢ᠎ᠪᠠᠷ ᠠᠵᠢᠯᠯᠠᠬᠤ ᠬᠦᠮᠦᠰ ᠰᠠᠢ᠌ᠨ ᠳᠤᠷ᠎ᠠ᠎ᠠᠴᠠ᠎ᠪᠠᠨ ᠠᠵᠢᠯᠴᠢᠳ᠎ᠤᠨ ᠨᠡᠢ᠌ᠭᠡᠮ᠎ᠤᠨ ᠪᠠᠲᠤᠯᠠᠪᠤᠷᠢ᠎ᠳᠤ ᠤᠷᠤᠯᠴᠠᠵᠤ ᠲᠦᠯᠦᠪᠦᠷᠢ᠎ᠪᠠᠨ ᠦᠪᠡᠷ᠎ᠲᠤ᠎ᠪᠠᠨ ᠲᠤᠰᠢᠶᠠᠵᠤ ᠪᠤᠯᠬᠤ ᠠᠪᠠᠴᠤ ᠨᠢᠭᠡ ᠲᠠᠯ᠎ᠠ᠎ᠪᠠᠷ ᠬᠦᠮᠦᠨ ᠬᠡᠷᠡᠭᠯᠡᠬᠦ ᠠᠯᠪᠠᠨ ᠪᠠᠢ᠌ᠭᠤᠯᠭ᠎ᠠ᠎ᠠᠴᠠ ᠲᠤᠰᠢᠶᠠᠬᠤ ᠬᠡᠰᠡᠭ᠎ᠢ ᠠᠯᠳᠠᠪᠠᠯ ᠬᠤᠪᠢ ᠬᠦᠮᠦᠨ᠎ᠤ ᠳᠠᠷᠤᠭ᠋ᠠᠰᠤ ᠬᠦᠨᠳᠦᠷᠡᠨ᠎ᠡ; ᠨᠦᠭᠦᠭᠡ ᠲᠠᠯ᠎ᠠ᠎ᠪᠠᠷ ᠠᠯᠪᠠᠳᠠᠯᠭ᠎ᠠ ᠵᠢᠨ ᠴᠢᠨᠠᠷᠲᠠᠢ ᠱᠠᠭ᠋ᠠᠷᠳᠠᠯᠭ᠎ᠠ ᠦᠭᠡᠢ ᠠᠪᠠᠰᠤ ᠠᠵᠢᠯᠴᠢᠳ᠎ᠤᠨ ᠨᠡᠢ᠌ᠭᠡᠮ᠎ᠤᠨ ᠪᠠᠲᠤᠯᠠᠪᠤᠷᠢ ᠵᠢᠨ ᠪᠠᠢ᠌ᠭᠤᠯᠤᠯ᠎ᠨᠢ ᠪᠦᠭᠦᠢ᠌ᠯᠡ ᠰᠦᠯᠵᠢᠶᠡᠨ᠎ᠳᠤ ᠪᠤᠯᠵᠤᠬᠤ ᠠᠵᠢᠯᠴᠢᠳ᠎ᠢ ᠬᠠᠮᠤᠷᠬᠤ᠎ᠳᠤ ᠪᠡᠷᠭᠡᠲᠡᠢ ᠪᠤᠯᠤᠨ᠎ᠠ᠃
                ᠬᠦᠳᠡᠯᠮᠦᠷᠢ ᠵᠢᠨ ᠬᠠᠷᠢᠴᠠᠭ᠎ᠠ᠂ ᠬᠦᠳᠡᠯᠮᠦᠷᠢ ᠦᠢ᠍ᠯᠡᠴᠢᠯᠡᠭᠡ ᠵᠢᠨ
                ᠬᠠᠷᠢᠴᠠᠭ᠎ᠠ ᠬᠢᠭᠡᠳ ᠠᠵᠤ ᠠᠬᠤᠢ ᠵᠢᠨ ᠬᠠᠷᠢᠶᠠᠯᠠᠭᠳᠠᠬᠤ ᠰᠢᠨᠵᠢ
        ᠬᠦᠳᠡᠯᠮᠦᠷᠢ ᠵᠢᠨ ᠬᠠᠤᠯᠢ᠎ᠳᠤ ᠶᠡᠷᠦ᠎ᠳᠤ᠎ᠪᠠᠨ ᠬᠦᠮᠦᠨᠴᠢ ᠴᠢᠨᠠᠷ᠎ᠤᠨ ᠬᠠᠷᠢᠶᠠᠯᠠᠭᠳᠠᠬᠤ ᠰᠢᠨᠵᠢ᠎ᠪᠠᠷ ᠬᠦᠳᠡᠯᠮᠦᠷᠢ ᠵᠢᠨ ᠬᠠᠷᠢᠴᠠᠭ᠋ᠠᠨ᠎ᠤ ᠮᠦᠨ ᠴᠢᠨᠠᠷ᠎ᠤᠨ ᠤᠨᠴᠠᠯᠢᠭ ᠪᠤᠯᠭ᠋ᠠᠳᠠᠭ᠃ ᠡᠢ᠌ᠮᠦ᠎ᠠᠴᠠ ᠬᠦᠳᠡᠯᠮᠦᠷᠢᠯᠡᠭᠴᠢ ᠵᠢᠨ ᠠᠵᠢᠯᠯᠠᠬᠤ ᠴᠠᠭ᠎ᠨᠢ ᠬᠦᠮᠦᠨ ᠬᠡᠷᠡᠭᠯᠡᠬᠦ ᠠᠯᠪᠠᠨ ᠪᠠᠢ᠌ᠭᠤᠯᠭ᠎ᠠ᠎ᠳᠤ ᠡᠷᠬᠡᠰᠢᠶᠡᠭᠳᠡᠵᠦ᠂ ᠠᠵᠢᠯ᠎ᠤᠨ ᠠᠯᠬᠤᠮ ᠳᠠᠷᠠᠭ᠎ᠠ ᠵᠢ ᠠᠯᠪᠠᠨ᠎ᠠᠴᠠ ᠲᠤᠬᠢᠷᠠᠭᠤᠯᠵᠤ᠂ ᠬᠦᠳᠡᠯᠮᠦᠷᠢᠯᠡᠭᠴᠢ 《ᠪᠡᠶ᠎ᠡ᠎ᠪᠠᠨ ᠳᠠᠭ᠋ᠠᠭ᠋ᠠᠭᠰᠠᠨ ᠪᠤᠰᠤ ᠴᠢᠨᠠᠷ᠎ᠲᠠᠢ ᠬᠦᠳᠡᠯᠮᠦᠷᠢ》 ᠬᠢᠳᠡᠭ᠃ ᠭᠡᠪᠡᠴᠦ ᠬᠦᠮᠦᠨᠴᠢ ᠴᠢᠨᠠᠷ᠎ᠤᠨ ᠬᠠᠷᠢᠶᠠᠯᠠᠭᠳᠠᠬᠤ ᠰᠢᠨᠵᠢ ᠵᠢ ᠴᠢᠬᠤᠯᠠᠴᠢᠯᠠᠬᠤ᠎ᠪᠠᠷ ᠠᠯᠪᠠᠳᠠᠯᠭ᠎ᠠ ᠵᠢᠨ ᠴᠢᠨᠠᠷ ᠪᠦᠬᠦᠢ ᠠᠵᠢᠯᠴᠢᠳ᠎ᠤᠨ ᠨᠡᠢ᠌ᠭᠡᠮ᠎ᠤᠨ ᠳᠠᠭ᠋ᠠᠳᠬᠠᠯ᠎ᠤᠨ ᠪᠠᠢ᠌ᠭᠤᠯᠤᠯ᠎ᠤᠨ ᠤᠷᠢᠳᠠᠯ ᠨᠦᠬᠦᠴᠡᠯ ᠪᠤᠯᠭ᠋ᠠᠬᠤ᠎ᠨᠢ ᠵᠦᠢ ᠶᠤᠰᠤᠨ᠎ᠳᠤ ᠪᠦᠷᠢᠮᠦᠰᠦᠨ ᠵᠤᠬᠢᠴᠠᠬᠤ ᠦᠭᠡᠢ᠃
        ᠠᠵᠢᠯᠴᠢᠳ᠎ᠤᠨ ᠨᠡᠢ᠌ᠭᠡᠮ᠎ᠤᠨ ᠳᠠᠭ᠋ᠠᠳᠬᠠᠯ᠎ᠨᠢ ᠠᠵᠢᠯᠴᠢᠨ ᠪᠠ ᠠᠯᠪᠠᠨ ᠪᠠᠢ᠌ᠭᠤᠯᠭ᠎ᠠ ᠵᠢᠨ᠎ᠬᠢᠨ᠎ᠤ ᠲᠤᠰᠢᠶᠠᠭᠰᠠᠨ ᠲᠦᠯᠦᠪᠦᠷᠢ᠎ᠪᠠᠷ ᠪᠡᠯᠡ ᠮᠦᠩᠭᠦᠨ᠎ᠤ ᠢᠷᠡᠯᠲᠡ ᠪᠤᠯᠭ᠋ᠠᠵᠤ᠂ ᠬᠦᠳᠡᠯᠮᠦᠷᠢᠯᠡᠭᠴᠢ ᠵᠢᠨ ᠦᠨᠳᠦᠷ ᠨᠠᠰᠤ᠎ᠲᠠᠢ᠂ ᠠᠵᠢᠯ ᠠᠯᠳᠠᠭᠰᠠᠨ᠂ ᠠᠵᠢᠯ᠎ᠤᠨ ᠰᠢᠷᠬᠠᠳᠤᠯ ᠭᠡᠮᠲᠤᠯ᠂ ᠡᠪᠡᠳᠴᠢᠨ ᠡᠮᠬᠡᠭ᠂ ᠦᠷᠡᠵᠢᠯ ᠵᠡᠷᠭᠡ ᠵᠢᠨ ᠰᠢᠯᠲᠠᠭ᠋ᠠᠨ ᠵᠶ᠋ᠠᠷ ᠬᠦᠳᠡᠯᠮᠦᠷᠢᠯᠡᠬᠦ ᠴᠢᠳᠠᠪᠤᠷᠢ ᠪᠤᠶᠤ ᠬᠦᠳᠡᠯᠮᠦᠷᠢᠯᠡᠬᠦ ᠲᠤᠬᠢᠶᠠᠯ ᠵᠶ᠋ᠠᠨ ᠲᠦᠷ ᠵᠠᠭᠤᠷ᠎ᠠ ᠪᠤᠶᠤ ᠦᠨᠢᠳᠡ ᠠᠯᠳᠠᠵᠤ᠂ ᠤᠷᠤᠯᠭ᠎ᠠ ᠲᠠᠰᠤᠷᠠᠬᠤ᠂ ᠪᠠᠭ᠋ᠠᠰᠬᠤ ᠪᠤᠶᠤ ᠳᠠᠷᠤᠭ᠋ᠠᠰᠤ᠎ᠨᠢ ᠬᠦᠨᠳᠦᠷᠡᠬᠦ ᠦᠶᠡᠰ ᠬᠤᠪᠢ ᠬᠦᠮᠦᠨ ᠪᠤᠶᠤ ᠭᠡᠷ ᠪᠦᠯᠢ᠎ᠳᠤ᠎ᠨᠢ ᠲᠤᠰᠠᠯᠠᠮᠵᠢ ᠦᠵᠡᠭᠦᠯᠵᠦ᠂ ᠦᠨᠳᠦᠰᠦᠨ ᠠᠮᠢᠳᠤᠷᠠᠯ᠎ᠢ᠎ᠨᠢ ᠪᠠᠲᠤᠯᠠᠨ᠎ᠠ᠃ ᠡᠭᠦᠨ᠎ᠳᠤ ᠵᠤᠷᠢᠭᠤᠯᠤᠭᠳᠠᠭᠰᠠᠨ ᠦᠨᠳᠦᠰᠦᠨ ᠲᠦᠰᠦᠭᠡᠯᠡᠯ ᠬᠤᠶᠠᠷ ᠪᠤᠢ᠄ ᠡᠩ ᠲᠡᠷᠢᠭᠦᠨ᠎ᠳᠤ᠂ ᠬᠦᠳᠡᠯᠮᠦᠷᠢᠯᠡᠭᠴᠢ ᠵᠢᠨ ᠠᠵᠢᠯ᠎ᠤᠨ ᠠᠶᠤᠯ ᠲᠦᠭᠰᠢᠭᠦᠷᠢ ᠶᠡᠬᠡ ᠪᠦᠭᠡᠳ ᠠᠵᠢᠯ᠎ᠤᠨ ᠪᠠᠢ᠌ᠷᠢ ᠵᠢᠨ ᠴᠠᠯᠢᠩ ᠪᠤᠯᠤᠨ ᠠᠵᠢᠯ᠎ᠤᠨ ᠰᠢᠨᠵᠢ ᠴᠢᠨᠠᠷ᠎ᠲᠠᠢ ᠨᠢᠬᠲᠠ ᠬᠤᠯᠪᠤᠭᠳᠠᠵᠤ᠂ ᠡᠨᠳᠡᠯ ᠤᠰᠤᠯ ᠭᠠᠷᠬᠤ ᠨᠤᠷᠮ᠎ᠠ᠎ᠨᠢ ᠵᠢᠮ᠎ᠡ ᠬᠠᠤᠯᠢᠲᠦ ᠴᠢᠨᠠᠷ᠎ᠲᠠᠢ ᠪᠤᠯᠬᠤᠷ ᠳᠠᠭ᠋ᠠᠳᠬᠠᠯ᠎ᠤᠨ ᠵᠤᠬᠢᠴᠠᠯᠳᠤᠬᠤ ᠳᠦᠷᠢᠮ ᠵᠶ᠋ᠠᠷ ᠬᠤᠤᠷ ᠬᠦᠨᠦᠭᠡᠯ᠎ᠢ᠎ᠨᠢ ᠪᠠᠭᠤᠷᠠᠭᠤᠯᠵᠤ ᠪᠤᠯᠤᠨ᠎ᠠ; ᠳᠠᠷᠠᠭ᠎ᠠ᠎ᠨᠢ᠂ ᠬᠦᠳᠡᠯᠮᠦᠷᠢᠯᠡᠭᠴᠢ ᠵᠢᠨ ᠤᠷᠤᠯᠭ᠎ᠠ ᠳᠤᠤᠷ᠎ᠠ᠂ ᠵᠦᠪᠬᠡᠨ ᠴᠠᠯᠢᠩ ᠵᠶ᠋ᠠᠨ ᠲᠦᠰᠢᠨ ᠠᠮᠢᠳᠤᠷᠠᠵᠤ ᠪᠠᠢ᠌ᠭ᠎ᠠ ᠪᠤᠯᠬᠤᠷ ᠦᠨᠳᠦᠷ ᠳᠠᠭ᠋ᠠᠳᠬᠠᠯ᠎ᠤᠨ ᠲᠦᠯᠦᠪᠦᠷᠢ ᠵᠢ ᠲᠤᠰᠢᠶᠠᠵᠤ ᠲᠡᠢ᠌ᠯᠬᠦ ᠦᠭᠡᠢ᠃ ᠡᠢ᠌ᠮᠦ᠎ᠠᠴᠠ ᠬᠦᠮᠦᠨ ᠬᠡᠷᠡᠭᠯᠡᠬᠦ ᠠᠯᠪᠠᠨ ᠪᠠᠢ᠌ᠭᠤᠯᠭ᠎ᠠ᠎ᠨᠢ ᠬᠦᠳᠡᠯᠮᠦᠷᠢᠯᠡᠭᠴᠢ᠎ᠳᠤ ᠤᠷᠤᠯᠭ᠎ᠠ ᠬᠠᠩᠭ᠋ᠠᠵᠤ ᠪᠠᠢ᠌ᠭ᠎ᠠ ᠪᠤᠯᠬᠤᠷ ᠳᠠᠭ᠋ᠠᠳᠬᠠᠯ᠎ᠤᠨ ᠲᠦᠯᠦᠪᠦᠷᠢ ᠵᠢ᠎ᠨᠢ ᠬᠤᠪᠢᠶᠠᠷᠢᠯᠠᠬᠤ ᠡᠭᠦᠷᠭᠡ᠎ᠲᠠᠢ᠃ ᠬᠦᠳᠡᠯᠮᠦᠷᠢᠯᠡᠭᠴᠢ ᠪᠤᠰᠤᠳ᠎ᠠᠴᠠ ᠤᠯᠭᠤᠭᠰᠠᠨ ᠬᠦᠳᠡᠯᠮᠦᠷᠢ ᠵᠢᠨ ᠴᠠᠯᠢᠩ ᠮᠦᠩᠭᠦ ᠪᠤᠯᠤᠨ ᠪᠤᠰᠤᠳ ᠬᠠᠷᠠᠮᠵᠢ᠎ᠪᠠᠷ ᠵᠶ᠋ᠠᠨ ᠠᠮᠢᠳᠤᠷᠠᠯ᠎ᠤᠨ ᠵᠶ᠋ᠠᠨ ᠭᠤᠤᠯ ᠵᠠᠷᠤᠳᠠᠯ ᠪᠤᠯᠭ᠋ᠠᠳᠠᠭ᠃ ᠡᠳᠡᠭᠡᠷ ᠴᠠᠯᠢᠩ ᠮᠦᠩᠭᠦ ᠪᠠ ᠬᠠᠷᠠᠮᠵᠢ᠎ᠪᠠᠷ ᠬᠦᠳᠡᠯᠮᠦᠷᠢ ᠵᠢᠨ ᠵᠶ᠋ᠠᠨ 《ᠲᠡᠩᠴᠡᠭᠦᠦ ᠦᠷᠲᠡᠭ》 ᠪᠤᠯᠭ᠋ᠠᠳᠠᠭ᠃ ᠡᠢ᠌ᠮᠦᠷᠭᠦᠦ ᠤᠨᠴᠠᠯᠢᠭ᠎ᠢ ᠬᠦᠳᠡᠯᠮᠦᠷᠢ ᠵᠢᠨ ᠬᠠᠷᠢᠴᠠᠭ᠋ᠠᠨ᠎ᠤ ᠠᠵᠤ ᠠᠬᠤᠢ ᠵᠢᠨ ᠬᠠᠷᠢᠶᠠᠯᠠᠭᠳᠠᠬᠤ ᠰᠢᠨᠵᠢ ᠭᠡᠳᠡᠭ᠃
          ᠶᠠᠭ ᠬᠡᠯᠡᠬᠦ᠎ᠳᠤ᠂ ᠠᠵᠤ ᠠᠬᠤᠢ ᠵᠢᠨ ᠬᠠᠷᠢᠶᠠᠯᠠᠭᠳᠠᠬᠤ ᠰᠢᠨᠵᠢ᠎ᠨᠢ ᠬᠦᠳᠡᠯᠮᠦᠷᠢ ᠵᠢᠨ ᠬᠦᠳᠡᠯᠮᠦᠷᠢ ᠵᠢᠨ ᠬᠠᠷᠢᠴᠠᠭ᠎ᠠ ᠵᠢᠨ ᠮᠦᠨ ᠴᠢᠨᠠᠷ᠎ᠤᠨ ᠤᠨᠴᠠᠯᠢᠭ ᠪᠢᠰᠢ᠂ ᠲᠡᠷᠡ᠎ᠨᠢ ᠨᠢᠭᠡ ᠵᠦᠢ᠍ᠯ᠎ᠤᠨ ᠰᠠᠭ᠋ᠠᠷᠮᠠᠭ (ᠪᠡᠰᠡᠷᠡᠭ) ᠠᠵᠤ ᠠᠬᠤᠢ ᠵᠢᠨ ᠬᠠᠷᠢᠴᠠᠭ᠎ᠠ ᠵᠢ ᠲᠤᠰᠬᠠᠳᠠᠭ᠃ ᠬᠦᠳᠡᠯᠮᠦᠷᠢ ᠵᠢᠨ ᠬᠠᠷᠢᠴᠠᠭ᠎ᠠ᠎ᠲᠠᠢ ᠯᠡ ᠪᠤᠯ ᠠᠵᠤ ᠠᠬᠤᠢ ᠵᠢᠨ ᠬᠠᠷᠢᠶᠠᠯᠠᠭᠳᠠᠬᠤ ᠰᠢᠨᠵᠢ᠎ᠲᠠᠢ ᠭᠡᠰᠡᠨ ᠪᠢᠰᠢ᠂ ᠠᠵᠢᠯ᠎ᠤᠨ ᠡᠭᠦᠷᠭᠡ ᠵᠢᠨ ᠦᠢ᠍ᠯᠡᠳᠦᠯ ᠵᠶ᠋ᠡᠷ   ᠬᠠᠷᠠᠯᠲᠠ ᠪᠤᠯᠭ᠋ᠠᠭᠰᠠᠨ ᠳᠠᠭ᠋ᠠᠭ᠋ᠠᠴᠢᠯᠠᠬᠤ ᠬᠠᠷᠢᠴᠠᠭ᠎ᠠ ᠵᠢᠴᠢ ᠪᠤᠰᠤᠳ ᠵᠠᠷᠢᠮ ᠬᠦᠳᠡᠯᠮᠦᠷᠢ ᠦᠢ᠍ᠯᠡᠴᠢᠯᠡᠭᠡ ᠵᠢᠨ ᠠᠷᠠᠯᠵᠢᠶ᠎ᠠ᠎ᠪᠠᠷ ᠬᠠᠷᠠᠯᠲᠠ᠎ᠪᠠᠨ ᠪᠤᠯᠭ᠋ᠠᠭᠰᠠᠨ ᠬᠠᠤᠯᠢ ᠵᠢᠨ ᠬᠠᠷᠢᠴᠠᠭ᠎ᠠ᠎ᠳᠤ ᠮᠦᠨ ᠠᠳᠠᠯᠢᠬᠠᠨ ᠵᠶ᠋ᠠᠷ ᠡᠢ᠌ᠮᠦᠷᠭᠦᠦ ᠤᠨᠴᠠᠯᠢᠭ ᠤᠷᠤᠰᠢᠵᠤ ᠪᠠᠢ᠌ᠳᠠᠭ᠃ ᠬᠡᠷᠪᠡ ᠠᠯᠪᠠᠳᠠᠯᠭ᠎ᠠ ᠵᠢᠨ ᠴᠢᠨᠠᠷ᠎ᠲᠠᠢ ᠠᠵᠢᠯᠲᠠᠳ᠎ᠤᠨ ᠨᠡᠢ᠌ᠭᠡᠮ᠎ᠤᠨ ᠳᠠᠭ᠋ᠠᠳᠬᠠᠯ᠎ᠤᠨ ᠪᠠᠢ᠌ᠭᠤᠯᠤᠯ᠎ᠳᠤ ᠠᠵᠤ ᠠᠬᠤᠢ ᠵᠢᠨ ᠬᠠᠷᠢᠶᠠᠯᠠᠭᠳᠠᠬᠤ ᠰᠢᠨᠵᠢ᠎ᠪᠠᠷ ᠬᠠᠤᠯᠢ ᠶᠤᠰᠤᠨ᠎ᠤ ᠪᠠᠷᠢᠮᠲᠠ ᠪᠤᠯᠭ᠋ᠠᠨ᠎ᠠ ᠭᠡᠪᠡᠰᠦ ᠤᠨᠤᠯ ᠳᠡᠭᠡᠷ᠎ᠡ᠎ᠪᠠᠨ ᠠᠵᠤ ᠠᠬᠤᠢ ᠵᠢᠨ ᠬᠠᠷᠢᠶᠠᠯᠠᠭᠳᠠᠬᠤ ᠰᠢᠨᠵᠢ᠎ᠲᠠᠢ ᠪᠦᠬᠦᠢ᠌ᠯᠡ ᠬᠦᠳᠡᠯᠮᠦᠷᠢ ᠦᠢ᠍ᠯᠡᠴᠢᠯᠡᠭᠡ ᠵᠢᠨ ᠬᠠᠷᠢᠴᠠᠭ᠎ᠠ᠎ᠳᠤ ᠠᠵᠢᠯᠲᠠᠳ᠎ᠤᠨ ᠨᠡᠢ᠌ᠭᠡᠮ᠎ᠤᠨ ᠳᠠᠭ᠋ᠠᠳᠬᠠᠯ᠎ᠤᠨ ᠴᠢᠬᠤᠯᠠ ᠴᠢᠨᠠᠷ᠎ᠲᠠᠢ ᠪᠠᠢ᠌ᠬᠤ ᠬᠡᠷᠡᠭᠲᠡᠢ᠃
        ᠰᠦᠯᠵᠢᠶᠡᠨ᠎ᠳᠤ ᠪᠤᠯᠵᠤᠬᠤ ᠠᠵᠢᠯᠴᠢᠨ᠎ᠨᠢ ᠲᠠᠪᠴᠠᠩ᠎ᠤᠨ ᠳᠠᠭ᠋ᠠᠭ᠋ᠠᠴᠢᠯᠠᠭᠤᠯᠤᠭᠴᠢ ᠵᠢᠨ ᠠᠵᠤ ᠠᠬᠤᠢ ᠵᠢᠨ ᠬᠠᠷᠢᠶᠠᠯᠠᠭᠳᠠᠬᠤ ᠰᠢᠨᠵᠢ᠎ᠳᠤ ᠶᠡᠬᠡᠲᠡ ᠲᠦᠰᠢᠭᠯᠡᠳᠡᠭ᠃ ᠵᠤᠬᠢᠶᠠᠭᠴᠢ᠎ᠪᠠᠷ ᠰᠦᠯᠵᠢᠶᠡᠨ᠎ᠳᠤ ᠪᠤᠯᠵᠤᠬᠤ ᠮᠠᠰᠢᠨ ᠲᠡᠷᠭᠡ ᠪᠤᠯᠤᠨ ᠲᠦᠷᠭᠡᠨ ᠭᠤᠪᠢᠭᠤᠯᠭ᠎ᠠ ᠵᠢᠨ ᠠᠵᠢᠯ ᠲᠦᠷᠦᠯ (ᠬᠤᠭᠤᠯᠠ ᠬᠦᠷᠭᠡᠬᠦ ᠠᠵᠢᠯ ᠲᠦᠷᠦᠯ ᠪᠠᠭᠲᠠᠨ᠎ᠠ)᠎ᠤᠨ ᠰᠦᠯᠵᠢᠶᠡᠨ᠎ᠳᠤ ᠪᠤᠯᠵᠤᠬᠤ ᠠᠵᠢᠯᠴᠢᠨ᠎ᠲᠠᠢ ᠬᠢᠭᠰᠡᠨ ᠰᠤᠷᠪᠤᠯᠵᠢᠯᠠᠭ᠎ᠠ ᠶᠠᠷᠢᠯᠴᠠᠯᠭ᠎ᠠ᠎ᠠᠴᠠ ᠲᠤᠬᠠᠢ ᠵᠢᠨ ᠭᠠᠵᠠᠷ᠎ᠤᠨ ᠵᠢᠷ᠎ᠤᠨ ᠬᠦᠳᠡᠯᠮᠦᠷᠢᠯᠡᠭᠴᠢ᠎ᠲᠠᠢ ᠬᠠᠷᠢᠴᠠᠭᠤᠯᠪᠠᠯ ᠤᠷᠲᠤ ᠬᠤᠭᠤᠴᠠᠭ᠎ᠠ᠎ᠪᠠᠷ ᠰᠦᠯᠵᠢᠶᠡᠨ᠎ᠳᠤ ᠪᠤᠯᠵᠤᠬᠤ ᠠᠵᠢᠯᠴᠢᠨ ᠬᠢᠪᠡᠯ ᠤᠷᠤᠭᠯᠠᠭ᠎ᠠ᠎ᠨᠢ ᠨᠡᠩ ᠦᠨᠳᠦᠷ᠂   ᠶᠡᠷᠦ᠎ᠳᠤ᠎ᠪᠠᠨ ᠲᠤᠬᠠᠢ ᠵᠢᠨ ᠭᠠᠵᠠᠷ᠎ᠤᠨ ᠵᠶ᠋ᠠᠨ ᠳᠤᠮᠳᠠᠴᠢ ᠤᠷᠤᠯᠭ᠎ᠠ᠎ᠠᠴᠠ ᠦᠨᠳᠦᠷ᠂ ᠭᠡᠪᠡᠴᠦ ᠡᠳᠦᠷ ᠪᠦᠷᠢ 10 ᠴᠠᠭ᠎ᠠᠴᠠ ᠢᠯᠡᠭᠦᠦ ᠠᠵᠢᠯᠯᠠᠵᠤ᠂ ᠤᠨᠴᠠᠭ᠋ᠠᠢ ᠵᠠᠷᠢᠮ᠎ᠨᠢ 12 ᠴᠠᠭ᠎ᠠᠴᠠ ᠢᠯᠡᠭᠦᠦ ᠠᠵᠢᠯᠯᠠᠳᠠᠭ᠃ ᠰᠦᠯᠵᠢᠶᠡᠨ᠎ᠳᠤ ᠪᠤᠯᠵᠤᠬᠤ ᠠᠵᠢᠯᠴᠢᠨ᠎ᠤ ᠠᠮᠢᠳᠤᠷᠠᠯ᠎ᠤᠨ ᠤᠷᠤᠯᠭ᠎ᠠ ᠵᠢᠨ ᠢᠷᠡᠯᠲᠡ᠎ᠨᠢ ᠭᠤᠤᠯᠳᠠᠭᠤ ᠲᠡᠪᠴᠠᠩ᠎ᠤᠨ ᠠᠵᠢᠯ᠎ᠠᠴᠠ ᠢᠷᠡᠳᠡᠭ ᠪᠤᠯᠬᠤᠷ ᠲᠠᠪᠴᠠᠩ᠎ᠤᠨ ᠠᠵᠤ ᠠᠬᠤᠢ ᠵᠢᠨ ᠬᠠᠷᠢᠶᠠᠯᠠᠭᠳᠠᠬᠤ ᠰᠢᠨᠵᠢ᠎ᠨᠢ ᠮᠠᠰᠢ ᠢᠯᠡᠷᠬᠡᠢ ᠪᠠᠢ᠌ᠳᠠᠭ᠃ ᠰᠦᠯᠵᠢᠶᠡᠨ᠎ᠳᠤ ᠪᠤᠯᠵᠤᠬᠤ ᠠᠵᠢᠯᠴᠢᠳ ᠎ᠨᠢ ᠬᠦᠯᠦᠰᠦᠯᠡᠭᠳᠡᠭᠴᠢ᠎ᠲᠠᠢ ᠲᠦᠰᠲᠡᠢ ᠪᠤᠯᠬᠤᠷ ᠨᠡᠢ᠌ᠭᠡᠮ᠎ᠤᠨ ᠳᠠᠭ᠋ᠠᠳᠬᠠᠯ᠎ᠳᠤ ᠠᠯᠪᠠᠳᠠᠯᠭ᠎ᠠ᠎ᠪᠠᠷ ᠤᠷᠤᠯᠴᠠᠬᠤ ᠭᠤᠤᠯ ᠬᠦᠴᠦᠨ ᠪᠤᠯᠪᠠᠯ ᠵᠤᠬᠢᠰᠲᠠᠢ᠃
        ᠠᠵᠤ ᠠᠬᠤᠢ ᠵᠢᠨ ᠬᠠᠷᠢᠶᠠᠯᠠᠭᠳᠠᠬᠤ ᠰᠢᠨᠵᠢ ᠵᠢᠨ ᠪᠠᠷᠢᠮᠵᠢᠶ᠎ᠠ᠃ ᠰᠦᠯᠵᠢᠶᠡᠨ᠎ᠳᠤ ᠪᠤᠯᠵᠤᠬᠤ ᠠᠵᠢᠯᠴᠢᠨ ᠠᠯᠪᠠᠳᠠᠯᠭ᠎ᠠ᠎ᠪᠠᠷ ᠠᠵᠢᠯᠴᠢᠳ᠎ᠤᠨ ᠨᠡᠢ᠌ᠭᠡᠮ᠎ᠤᠨ ᠳᠠᠭ᠋ᠠᠳᠬᠠᠯ ᠬᠦᠷᠲᠡᠬᠦ᠎ᠳᠤ ᠪᠤᠯᠬᠤᠢ᠌ᠴᠠ ᠴᠢᠨᠠᠷ᠎ᠲᠠᠢ ᠪᠠᠢ᠌ᠬᠤ ᠬᠡᠷᠡᠭᠲᠡᠢ᠃ ᠡᠨᠡ᠎ᠨᠢ ᠬᠤᠶᠠᠷ ᠲᠠᠯ᠎ᠠ ᠵᠢᠨ ᠪᠤᠳᠤᠯᠬᠢᠯᠠᠯ ᠪᠠᠢ᠌ᠬᠤ ᠬᠡᠷᠡᠭᠲᠡᠢ᠃ ᠨᠢᠭᠡ ᠲᠠᠯ᠎ᠠ᠎ᠪᠠᠷ᠂ ᠤᠳᠤ ᠵᠢᠨ ᠬᠦᠳᠡᠯᠮᠦᠷᠢ ᠵᠢᠨ ᠬᠠᠤᠯᠢ ᠵᠢᠨ ᠪᠠᠢ᠌ᠭᠤᠯᠤᠯ ᠳ᠋ᠠ ᠠᠵᠤ ᠠᠬᠤᠢ ᠵᠢᠨ ᠬᠠᠷᠢᠶᠠᠯᠠᠭᠳᠠᠬᠤ ᠰᠢᠨᠵᠢ ᠵᠢ ᠬᠡᠷᠬᠢᠨ ᠬᠤᠪᠢᠶᠠᠷᠢᠯᠠᠭᠰᠠᠨ᠃ ᠨᠦᠭᠦᠭᠡ ᠲᠠᠯ᠎ᠠ᠎ᠪᠠᠷ᠂ ᠤᠳᠤ ᠵᠢᠨ ᠨᠡᠢ᠌ᠭᠡᠮ᠎ᠤᠨ ᠳᠠᠭ᠋ᠠᠳᠬᠠᠯ᠎ᠳᠤ ᠲᠦᠯᠦᠪᠦᠷᠢ ᠲᠤᠰᠢᠶᠠᠬᠤ ᠪᠠᠢ᠌ᠭᠤᠯᠤᠯ᠎ᠨᠢ ᠰᠦᠯᠵᠢᠶᠡᠨ᠎ᠳᠤ ᠪᠤᠯᠵᠤᠬᠤ ᠠᠵᠢᠯᠴᠢᠨ᠎ᠳᠤ ᠲᠤᠬᠢᠷᠠᠬᠤ ᠡᠰᠡᠬᠦ᠃
        ᠠᠵᠤ ᠠᠬᠤᠢ ᠵᠢᠨ ᠬᠠᠷᠢᠶᠠᠯᠠᠭᠳᠠᠬᠤ ᠰᠢᠨᠵᠢ᠎ᠨᠢ ᠠᠵᠢᠯᠯᠠᠭᠴᠢ ᠵᠢᠨ ᠠᠵᠢᠯ ᠤᠯᠭᠤᠭᠴᠢ ᠵᠢᠨ ᠠᠵᠤ ᠠᠬᠤᠢ ᠵᠢᠨ ᠨᠠᠢ᠌ᠳᠠᠮᠠᠭ᠋ᠠᠢ ᠴᠢᠨᠠᠷ᠎ᠲᠤ ᠲᠦᠰᠢᠭᠯᠡᠳᠡᠭ᠃ ᠬᠡᠮᠵᠢᠶᠡᠯᠡᠬᠦ ᠵᠢᠨ ᠭᠦᠢ᠍ᠴᠡᠳᠬᠡᠯ ᠲᠤᠭ᠎ᠠ᠎ᠪᠠᠷ ᠲᠤᠭᠲᠠᠭ᠋ᠠᠵᠤ ᠪᠤᠯᠤᠨ᠎ᠠ᠃ ᠮᠠᠨ᠎ᠤ ᠤᠯᠤᠰ᠎ᠤᠨ 《ᠬᠦᠳᠡᠯᠮᠦᠷᠢ ᠵᠢᠨ ᠭᠡᠷ᠎ᠡ᠎ᠤᠨ ᠬᠠᠤᠯᠢ》᠎ᠳᠤ ᠠᠳᠠᠯᠢ ᠨᠢᠭᠡᠨ ᠠᠯᠪᠠᠨ ᠪᠠᠢ᠌ᠭᠤᠯᠭ᠎ᠠ᠎ᠳᠤ ᠡᠳᠦᠷ ᠪᠦᠷᠢ ᠵᠢᠨ ᠠᠵᠢᠯᠯᠠᠬᠤ ᠴᠠᠭ᠎ᠨᠢ ᠲᠡᠭᠰᠢᠳᠬᠡᠭᠡᠳ 4 ᠴᠠᠭ᠎ᠠᠴᠠ ᠬᠡᠲᠦᠷᠡᠬᠦ ᠦᠭᠡᠢ᠂ ᠭᠠᠷᠠᠭ ᠪᠦᠷᠢ ᠵᠢᠨ ᠠᠵᠢᠯᠯᠠᠬᠤ ᠴᠠᠭ᠎ᠨᠢ 24 ᠴᠠᠭ᠎ᠠᠴᠠ ᠬᠡᠲᠦᠷᠡᠬᠦ ᠦᠭᠡᠢ ᠬᠦᠳᠡᠯᠮᠦᠷᠢᠯᠡᠭᠴᠢ ᠵᠢ ᠪᠦᠬᠦᠯᠢ ᠡᠳᠦᠷ᠎ᠤᠨ ᠲᠦᠷᠢᠮᠲᠦ ᠪᠤᠰᠤ ᠠᠵᠢᠯᠴᠢᠨ ᠭᠡᠵᠦ ᠲᠤᠭᠲᠠᠭ᠋ᠠᠵᠠᠢ᠃ 《ᠨᠡᠢ᠌ᠭᠡᠮ᠎ᠤᠨ ᠳᠠᠭ᠋ᠠᠳᠬᠠᠯ᠎ᠤᠨ ᠬᠠᠤᠯᠢ》 ᠵᠢᠨ ᠬᠠᠮᠢᠶ᠎ᠠ ᠪᠦᠬᠦᠢ ᠱᠠᠭ᠋ᠠᠷᠳᠠᠯᠭ᠎ᠠ᠎ᠪᠠᠷ ᠡᠳᠡᠭᠡᠷ ᠬᠦᠳᠡᠯᠮᠦᠷᠢᠯᠡᠭᠴᠢ᠎ᠨᠢ ᠠᠵᠢᠯᠴᠢᠳ᠎ᠤᠨ ᠨᠠᠰᠤᠵᠢᠯ᠎ᠤᠨ ᠳᠠᠭ᠋ᠠᠳᠬᠠᠯ᠂ ᠡᠮᠴᠢᠯᠡᠭᠡᠨ᠎ᠤ ᠳᠠᠭ᠋ᠠᠳᠬᠠᠯ᠎ᠳᠤ ᠤᠷᠤᠯᠴᠠᠵᠤ ᠪᠤᠯᠤᠨ᠎ᠠ ᠭᠡᠵᠡᠢ᠃ ᠡᠨᠡ᠎ᠨᠢ ᠦᠨᠡᠨ᠎ᠳᠤ᠎ᠪᠠᠨ ᠠᠵᠤ ᠠᠬᠤᠢ ᠵᠢᠨ ᠬᠠᠷᠢᠶᠠᠯᠠᠭᠳᠠᠬᠤ ᠰᠢᠨᠵᠢ᠎ᠤᠨ ᠬᠡᠮᠵᠢᠶᠡᠯᠡᠯ᠎ᠢ ᠠᠭᠤᠯᠤᠭᠰᠠᠨ ᠪᠠᠢ᠌ᠳᠠᠭ᠃ ᠮᠠᠨ᠎ᠤ ᠤᠯᠤᠰ᠎ᠲᠤ ᠪᠦᠬᠦᠯᠢ ᠡᠳᠦᠷ᠎ᠤᠨ ᠳᠦᠷᠢᠮᠲᠦ ᠬᠦᠳᠡᠯᠮᠦᠷᠢᠯᠡᠭᠴᠢ ᠵᠢᠨ ᠨᠦᠬᠦᠴᠡᠯ᠎ᠳᠤ ᠨᠡᠢ᠌ᠴᠡᠭᠰᠡᠨ ᠰᠦᠯᠵᠢᠶᠡᠨ᠎ᠳᠤ ᠪᠤᠯᠵᠤᠬᠤ ᠠᠵᠢᠯᠴᠢᠨ᠎ᠢ ᠲᠠᠪᠴᠠᠩ᠎ᠤᠨ ᠠᠵᠤ ᠠᠬᠤᠢ᠌ᠯᠠᠯ᠎ᠲᠠᠢ᠎ᠪᠠᠨ ᠠᠵᠤ ᠠᠬᠤᠢ ᠵᠢᠨ ᠬᠠᠷᠢᠶᠠᠯᠠᠭᠳᠠᠬᠤ ᠰᠢᠨᠵᠢ᠎ᠲᠠᠢ ᠬᠡᠮᠡᠨ ᠦᠵᠡᠵᠦ ᠠᠵᠢᠯᠴᠢᠳ᠎ᠤᠨ ᠨᠡᠢ᠌ᠭᠡᠮ᠎ᠤᠨ ᠳᠠᠭ᠋ᠠᠳᠬᠠᠯ᠎ᠳᠤ ᠤᠷᠤᠯᠴᠠᠬᠤ ᠭᠤᠤᠯ ᠬᠦᠴᠦᠨ ᠪᠤᠯᠵᠤ ᠪᠤᠯᠤᠨ᠎ᠠ ᠭᠡᠵᠡᠢ᠃ ᠤᠳᠤ ᠵᠢᠨ ᠮᠡᠷᠭᠡᠵᠢᠯ᠎ᠤᠨ ᠨᠦᠬᠦᠴᠡᠯ᠎ᠳᠤ᠂ ᠡᠨᠡᠬᠦ ᠪᠠᠷᠢᠮᠵᠢᠶ᠎ᠠ᠎ᠨᠢ ᠰᠦᠯᠵᠢᠶᠡᠨ᠎ᠳᠤ ᠪᠤᠯᠵᠤᠬᠤ ᠠᠵᠢᠯᠴᠢᠨ ᠪᠤᠯᠤᠨ ᠲᠠᠪᠴᠠᠩ᠎ᠤᠨ ᠠᠵᠤ ᠠᠬᠤᠢ᠌ᠯᠠᠯ ᠡᠵᠡᠮᠰᠢᠬᠦ᠎ᠳᠤ ᠮᠠᠰᠢ ᠬᠢᠯᠪᠡᠷ ᠪᠤᠯᠵᠠᠢ᠃
        ᠰᠦᠯᠵᠢᠶᠡᠨ᠎ᠳᠤ ᠪᠤᠯᠵᠤᠬᠤ ᠠᠵᠢᠯᠴᠢᠨ᠎ᠤ ᠬᠦᠯᠦᠰᠦ ᠮᠦᠩᠭᠦ ᠵᠢ ᠤᠯᠢᠭᠤᠯᠬᠤ ᠠᠷᠭ᠎ᠠ ᠬᠡᠯᠪᠡᠷᠢ᠎ᠨᠢ ᠵᠢᠷ᠎ᠤᠨ ᠬᠦᠳᠡᠯᠮᠦᠷᠢᠯᠡᠭᠴᠢᠳ᠎ᠤᠨ᠎ᠬᠢ᠎ᠲᠠᠢ ᠠᠳᠠᠯᠢ ᠦᠭᠡᠢ᠃ ᠶᠡᠷᠦ᠎ᠳᠤ᠎ᠪᠠᠨ ᠲᠠᠩᠰᠠ ᠲᠤᠰᠤᠭᠰᠠᠨ ᠲᠤᠭ᠎ᠠ᠎ᠪᠠᠷ᠎ᠨᠢ ᠬᠡᠮᠵᠢᠶᠡᠯᠡᠵᠦ᠂ ᠨᠢᠭᠡ ᠲᠠᠩᠰᠠ᠎ᠳᠤ ᠨᠢᠭᠡ ᠲᠦᠯᠦᠪᠦᠷᠢ ᠤᠯᠭᠤᠨ᠎ᠠ᠃ ᠰᠦᠯᠵᠢᠶᠡᠨ᠎ᠳᠤ ᠪᠤᠯᠵᠤᠬᠤ ᠠᠵᠢᠯᠴᠢᠨ᠎ᠤ ᠠᠵᠢᠯ᠎ᠤᠨ ᠴᠠᠭ᠎ᠨᠢ ᠴᠢᠯᠦᠭᠡᠲᠡᠢ᠂ ᠬᠦᠯᠦᠰᠦ ᠮᠦᠩᠭᠦ ᠤᠯᠭᠤᠬᠤ᠎ᠨᠢ ᠦᠶᠡᠯᠡᠯᠲᠦ ᠴᠢᠨᠠᠷ ᠦᠭᠡᠢ ᠪᠤᠯᠬᠤᠷ ᠤᠯᠠᠮᠵᠢᠯᠠᠯᠲᠤ ᠠᠵᠤ ᠠᠬᠤᠢ᠌ᠯᠠᠯ᠎ᠤᠨ ᠠᠵᠢᠯᠴᠢᠳ᠎ᠤᠨ ᠳᠠᠭ᠋ᠠᠳᠬᠠᠯ᠎ᠤᠨ ᠲᠦᠯᠦᠪᠦᠷᠢ ᠲᠤᠰᠢᠶᠠᠬᠤ ᠠᠷᠭ᠎ᠠ ᠵᠢ ᠬᠡᠷᠡᠭᠯᠡᠬᠦ᠎ᠳᠤ ᠲᠤᠬᠢᠷᠠᠮᠵᠢ ᠦᠭᠡᠢ᠃ ᠭᠡᠪᠡᠴᠦ ᠰᠦᠯᠵᠢᠶᠡᠨ᠎ᠳᠤ ᠪᠤᠯᠵᠤᠬᠤ ᠠᠵᠢᠯᠴᠢᠨ᠎ᠤ ᠰᠠᠷ᠎ᠠ ᠪᠦᠷᠢ ᠵᠢᠨ ᠤᠷᠤᠯᠭ᠎ᠠ ᠵᠢ ᠪᠦᠷᠢᠳᠬᠡᠨ ᠪᠤᠳᠤᠵᠤ ᠪᠤᠯᠳᠠᠭ᠃ ᠲᠠᠪᠴᠠᠩ᠎ᠤᠨ ᠠᠵᠤ ᠠᠬᠤᠢ᠌ᠯᠠᠯ᠎ᠠᠴᠠ ᠲᠠᠩᠰᠠ ᠪᠦᠷᠢ ᠵᠢᠨ ᠲᠦᠯᠦᠪᠦᠷᠢ ᠵᠢ ᠪᠤᠳᠤᠬᠤ᠎ᠳᠤ᠎ᠪᠠᠨ ᠨᠡᠢ᠌ᠭᠡᠮ᠎ᠤᠨ ᠳᠠᠭ᠋ᠠᠳᠬᠠᠯ᠎ᠤᠨ ᠲᠦᠯᠦᠪᠦᠷᠢ ᠵᠢ᠎ᠨᠢ ᠤᠷᠢᠳᠴᠢᠯᠠᠨ ᠬᠠᠰᠤᠬᠤ᠎ᠳᠤ᠎ᠪᠠᠨ ᠠᠵᠢᠯᠴᠢᠳ᠎ᠤᠨ ᠵᠶ᠋ᠠᠨ ᠨᠡᠢ᠌ᠭᠡᠮ᠎ᠤᠨ ᠳᠠᠭ᠋ᠠᠳᠬᠠᠯ᠎ᠤᠨ ᠲᠦᠯᠦᠪᠦᠷᠢ ᠵᠢ ᠤᠷᠤᠯᠠᠨ ᠬᠠᠰᠤᠵᠤ ᠤᠷᠤᠯᠠᠨ ᠲᠤᠰᠢᠶᠠᠬᠤ ᠠᠷᠭ᠎ᠠ᠎ᠪᠠᠨ ᠯᠠᠪᠯᠠᠵᠤ᠂ ᠰᠠᠷ᠎ᠠ ᠪᠦᠷᠢ ᠵᠢᠨ ᠴᠠᠯᠢᠩ ᠬᠦᠯᠦᠰᠦ ᠵᠢ᠎ᠨᠢ ᠪᠤᠳᠤᠬᠤ᠎ᠳᠤ᠎ᠪᠠᠨ ᠰᠦᠯᠵᠢᠶᠡᠨ᠎ᠳᠤ ᠪᠤᠯᠵᠤᠬᠤ ᠠᠵᠢᠯᠴᠢᠨ᠎ᠤ ᠪᠤᠲᠠᠲᠠᠢ ᠤᠯᠬᠤ ᠴᠠᠯᠢᠩ ᠬᠦᠯᠦᠰᠦ ᠵᠢ᠎ᠨᠢ ᠨᠢᠭᠡᠲᠦᠯᠲᠡᠢ ᠪᠤᠳᠤᠵᠤ ᠭᠠᠷᠭ᠋ᠠᠨ᠎ᠠ᠃ ᠠᠵᠤ ᠠᠬᠤᠢ᠌ᠯᠠᠯ᠎ᠤᠨ ᠡᠳ᠋᠎ᠤᠨ ᠵᠠᠰᠠᠭ᠎ᠤᠨ ᠪᠠᠢ᠌ᠭᠤᠯᠤᠯ ᠵᠢᠨ ᠬᠦᠷᠢᠶ᠎ᠡ ᠬᠡᠪᠴᠢᠶᠠᠨ᠎ᠳᠤ ᠪᠦᠷᠢᠮᠦᠰᠤᠨ ᠲᠤᠬᠢᠷᠠᠨ᠎ᠠ᠃
            ᠰᠦᠯᠵᠢᠶᠡᠨ᠎ᠳᠤ ᠪᠤᠯᠵᠤᠬᠤ ᠠᠵᠢᠯᠴᠢᠨ ᠠᠵᠢᠯᠴᠢᠳ᠎ᠤᠨ ᠨᠡᠢ᠌ᠭᠡᠮ᠎ᠤᠨ
            ᠳᠠᠭ᠋ᠠᠳᠬᠠᠯ᠎ᠳᠤ ᠤᠷᠤᠯᠴᠠᠬᠤ ᠲᠤᠬᠢᠷᠠᠮᠵᠢᠲᠤ ᠰᠢᠨᠵᠢ
      ᠨᠡᠢ᠌ᠭᠡᠮ᠎ᠤᠨ ᠳᠠᠭ᠋ᠠᠳᠬᠠᠯ᠎ᠤᠨ ᠡᠯ᠎ᠡ ᠳᠠᠭ᠋ᠠᠳᠬᠠᠯ᠎ᠤᠨ ᠲᠦᠷᠦᠯ᠎ᠤᠨ ᠪᠠᠲᠤᠯᠠᠭ᠎ᠠ ᠵᠢᠨ ᠴᠢᠳᠠᠮᠵᠢ᠎ᠨᠢ ᠵᠦᠷᠢᠶ᠎ᠡ᠎ᠲᠠᠢ ᠪᠠᠢ᠌ᠳᠠᠭ᠎ᠠᠴᠠ ᠪᠡᠶᠡᠯᠡᠭᠦᠯᠬᠦ ᠠᠰᠠᠷᠠᠮᠵᠢ ᠵᠢᠨ ᠬᠠᠷᠠᠯᠲᠠ᠎ᠨᠢ ᠴᠦ᠍ ᠠᠳᠠᠯᠢ ᠪᠤᠰᠤ ᠪᠠᠢ᠌ᠳᠠᠭ ᠪᠤᠯᠬᠤᠷ ᠬᠦᠳᠡᠯᠮᠦᠷᠢᠯᠡᠭᠴᠢ ᠵᠢ ᠪᠦᠭᠡᠮ ᠵᠶ᠋ᠡᠷ᠎ᠨᠢ ᠳᠠᠭ᠋ᠠᠳᠬᠠᠯ᠎ᠳᠤ ᠤᠷᠤᠭᠤᠯᠬᠤ ᠪᠠᠢ᠌ᠭᠤᠯᠤᠯ᠎ᠨᠢ ᠰᠦᠯᠵᠢᠶᠡᠨ᠎ᠳᠤ ᠪᠤᠯᠵᠤᠬᠤ ᠠᠵᠢᠯᠴᠢᠨ᠎ᠳᠤ ᠲᠤᠬᠢᠷᠠᠬᠤ ᠦᠭᠡᠢ᠃
      ᠨᠠᠰᠤᠵᠢᠯ᠎ᠤᠨ ᠦᠨᠳᠦᠰᠦᠨ ᠳᠠᠭ᠋ᠠᠳᠬᠠᠯ ᠪᠤᠯ ᠬᠦᠳᠡᠯᠮᠦᠷᠢᠯᠡᠭᠴᠢ ᠦᠨᠳᠦᠷ ᠨᠠᠰᠤ᠎ᠲᠠᠢ ᠪᠤᠯᠤᠭ᠋ᠠᠳ ᠠᠮᠢᠳᠤᠷᠠᠯ᠎ᠤᠨ ᠵᠠᠷᠤᠯᠭ᠎ᠠ᠎ᠪᠠᠨ ᠤᠯᠢᠬᠤ ᠴᠢᠳᠠᠪᠤᠷᠢ᠎ᠪᠠᠨ ᠠᠯᠳᠠᠭᠰᠠᠨ ᠠᠶᠤᠯ ᠲᠦᠭᠰᠢᠭᠦᠷᠢ ᠵᠢ ᠰᠢᠢ᠍ᠳᠪᠦᠷᠢᠯᠡᠳᠡᠭ᠃ ᠳᠠᠭ᠋ᠠᠳᠬᠠᠯ᠎ᠳᠤ ᠤᠷᠤᠯᠴᠠᠨ ᠲᠦᠯᠦᠪᠦᠷᠢ ᠲᠤᠰᠢᠶᠠᠬᠤ ᠬᠢᠭᠡᠳ ᠤᠯᠭᠤᠮᠵᠢ ᠠᠪᠬᠤ ᠴᠠᠭ᠎ᠤᠨ ᠠᠯᠤᠰᠯᠠᠯ᠎ᠨᠢ ᠬᠠᠮᠤᠭ᠎ᠤᠨ ᠤᠷᠲᠤ᠂ ᠤᠯᠭᠤᠮᠵᠢ ᠵᠢᠨ ᠪᠠᠷᠢᠮᠵᠢᠶ᠎ᠠ ᠴᠦ᠍ ᠨᠡᠯᠢᠶᠡᠳ ᠦᠨᠳᠦᠷ ᠪᠠᠢ᠌ᠳᠠᠭ᠃ ᠨᠢᠭᠡ ᠲᠠᠯ᠎ᠠ᠎ᠪᠠᠷ᠂ ᠬᠦᠳᠡᠯᠮᠦᠷᠢᠯᠡᠬᠦ ᠴᠢᠳᠠᠪᠤᠷᠢ ᠵᠢᠨ ᠦᠷᠭᠦᠯᠵᠢᠯᠡᠬᠦ ᠬᠤᠭᠤᠴᠠᠭ᠎ᠠ᠎ᠨᠢ ᠬᠡᠳᠦᠨ ᠠᠷᠪᠠᠨ ᠵᠢᠯ ᠪᠠᠢ᠌ᠳᠠᠭ ᠪᠤᠯᠬᠤᠷ ᠦᠷᠭᠦᠯᠵᠢᠯᠡᠨ ᠲᠦᠯᠦᠪᠦᠷᠢ ᠲᠦᠯᠦᠵᠦ᠂   ᠨᠠᠰᠤᠵᠢᠯ᠎ᠤᠨ ᠠᠰᠠᠷᠠᠮᠵᠢ ᠵᠢᠨ ᠮᠦᠩᠭᠦ ᠠᠪᠬᠤ ᠬᠤᠭᠤᠴᠠᠭ᠎ᠠ᠎ᠨᠢ ᠴᠦ᠍ ᠬᠡᠳᠦᠨ ᠠᠷᠪᠠᠨ ᠵᠢᠯ ᠦᠷᠭᠦᠯᠵᠢᠯᠡᠳᠡᠭ ᠤᠴᠢᠷ᠎ᠠᠴᠠ ᠡᠯ᠎ᠡ ᠲᠦᠷᠦᠯ᠎ᠤᠨ ᠳᠠᠭ᠋ᠠᠳᠬᠠᠯ᠎ᠤᠨ ᠲᠦᠯᠦᠪᠦᠷᠢ ᠵᠢᠨ ᠨᠤᠷᠮ᠎ᠠ᠎ᠨᠢ ᠴᠦ᠍ ᠬᠠᠮᠤᠭ᠎ᠤᠨ ᠦᠨᠳᠦᠷ ᠪᠠᠢ᠌ᠳᠠᠭ; ᠨᠦᠭᠦᠭᠡ ᠲᠠᠯ᠎ᠠ᠎ᠪᠠᠷ᠂ ᠨᠠᠰᠤᠵᠢᠯ᠎ᠤᠨ ᠠᠰᠠᠷᠠᠮᠵᠢ ᠵᠢᠨ ᠮᠦᠩᠭᠦ᠎ᠨᠢ ᠠᠮᠢᠳᠤᠷᠠᠯ᠎ᠤᠨ ᠦᠨᠳᠦᠰᠦᠨ ᠬᠡᠷᠡᠭᠴᠡᠭᠡ ᠵᠢ ᠪᠠᠲᠤᠯᠠᠳᠠᠭ ᠲᠤᠯᠠᠳᠠ ᠠᠵᠢᠯ᠎ᠤᠨ ᠪᠠᠢ᠌ᠷᠢᠨ᠎ᠳᠠᠬᠢ ᠴᠠᠯᠢᠩ᠎ᠤᠨ ᠵᠦᠷᠢᠶ᠎ᠡ᠎ᠨᠢ ᠬᠡᠲᠦ ᠶᠡᠬᠡ ᠪᠠᠢ᠌ᠵᠤ ᠪᠤᠯᠬᠤ ᠦᠭᠡᠢ ᠭᠡᠳᠡᠭ᠎ᠢ ᠪᠤᠳᠤᠯᠬᠢᠯᠠᠬᠤ ᠪᠦᠭᠡᠳ ᠨᠠᠰᠤᠵᠢᠯ᠎ᠤᠨ ᠠᠰᠠᠷᠠᠮᠵᠢ ᠵᠢᠨ ᠮᠦᠩᠭᠦ ᠠᠪᠴᠤ ᠪᠠᠢ᠌ᠭ᠎ᠠ ᠬᠤᠭᠤᠴᠠᠭ᠋ᠠᠨ᠎ᠳᠤ ᠪᠤᠳᠠᠰ᠎ᠤᠨ ᠦᠨ᠎ᠡ ᠦᠰᠦᠷᠬᠦ ᠪᠤᠶᠤ ᠵᠤᠭᠤᠰ ᠮᠠᠭᠤᠳᠠᠬᠤ ᠪᠠᠢ᠌ᠳᠠᠯ᠎ᠳᠤ ᠪᠤᠲᠠᠲᠠᠢ ᠤᠯᠭᠤᠮᠵᠢ ᠵᠢ᠎ᠨᠢ ᠪᠠᠭᠤᠷᠠᠭᠤᠯᠵᠤ ᠪᠤᠯᠬᠤ ᠦᠭᠡᠢ ᠵᠢ ᠴᠦ᠍ ᠪᠤᠳᠤᠯᠬᠢᠯᠠᠬᠤ ᠬᠡᠷᠡᠭᠲᠡᠢ᠃ ᠡᠢ᠌ᠮᠦ᠎ᠠᠴᠠ ᠨᠠᠰᠤᠵᠢᠯ᠎ᠤᠨ ᠦᠨᠳᠦᠰᠦᠨ ᠳᠠᠭ᠋ᠠᠳᠬᠠᠯ᠎ᠨᠢ ᠭᠦᠢ᠍ᠴᠡᠳ ᠬᠡᠮᠵᠢᠶᠡᠨ᠎ᠤ ᠪᠤᠳᠠᠰ᠎ᠤᠨ ᠰᠠᠭᠤᠷᠢ᠎ᠲᠠᠢ ᠪᠠᠢ᠌ᠬᠤ ᠬᠡᠷᠡᠭᠲᠡᠢ ᠲᠤᠯᠠᠳᠠ ᠲᠦᠯᠦᠪᠦᠷᠢ ᠲᠦᠯᠦᠬᠦ ᠨᠤᠷᠮ᠎ᠠ᠎ᠨᠢ ᠬᠡᠲᠦᠷᠬᠡᠢ ᠳᠤᠤᠷ᠎ᠠ ᠪᠠᠢ᠌ᠵᠤ ᠪᠤᠯᠬᠤ ᠦᠭᠡᠢ᠃ ᠡᠭᠦᠨ᠎ᠤ ᠲᠤᠯᠠᠳᠠ ᠠᠮᠢᠳᠤᠯᠢᠭ᠂ ᠳᠦᠭᠦᠮ ᠵᠶ᠋ᠡᠷ ᠵᠶ᠋ᠡᠨ ᠠᠯᠳᠠᠷᠰᠢᠭᠰᠠᠨ ᠲᠠᠪᠴᠠᠩ᠎ᠳᠤ ᠠᠵᠢᠯ ᠤᠯᠬᠤ ᠬᠢᠭᠡᠳ ᠠᠵᠢᠯᠴᠢᠳ᠎ᠤᠨ ᠨᠠᠰᠤᠵᠢᠯ᠎ᠤᠨ ᠦᠨᠳᠦᠰᠦᠨ ᠳᠠᠭ᠋ᠠᠳᠬᠠᠯ᠎ᠤᠨ ᠬᠤᠭᠤᠷᠤᠨᠳᠦ ᠬᠠᠷᠢᠴᠠᠭ᠎ᠠ ᠬᠤᠯᠪᠤᠭ᠎ᠠ᠎ᠲᠠᠢ ᠪᠤᠯᠭ᠋ᠠᠨ᠎ᠠ ᠬᠡᠮᠡᠨ ᠱᠠᠭ᠋ᠠᠷᠳᠠᠭᠰᠠᠨ᠎ᠤ ᠴᠢᠬᠤᠯᠠ ᠦᠭᠡᠢ ᠪᠢᠯᠡ᠃
        ᠡᠮᠨᠡᠯᠭᠡ ᠵᠢᠨ ᠦᠨᠳᠦᠰᠦᠨ ᠳᠠᠭ᠋ᠠᠳᠬᠠᠯ᠎ᠤᠨ ᠪᠠᠢ᠌ᠭᠤᠯᠤᠯ᠎ᠨᠢ ᠡᠪᠡᠳᠴᠢᠨ ᠬᠢᠵᠢᠭ ᠪᠤᠯᠤᠨ ᠠᠵᠢᠯ᠎ᠠᠴᠠ ᠪᠤᠯᠤᠭᠰᠠᠨ ᠦᠭᠡᠢ ᠰᠢᠷᠬᠠᠳᠤᠯ ᠭᠡᠮᠲᠤᠯ᠎ᠲᠠᠢ ᠤᠷᠤᠯᠴᠠᠭᠴᠢᠳ᠎ᠲᠤ ᠤᠨᠤᠰᠢᠯᠠᠯᠲᠠ ᠪᠠ ᠡᠮᠴᠢᠯᠡᠭᠡ ᠬᠠᠩᠭ᠋ᠠᠳᠠᠭ ᠪᠤᠯᠬᠤᠷ ᠪᠦᠷᠬᠦᠯᠲᠡ ᠵᠢᠨ ᠬᠦᠷᠢᠶ᠎ᠡ ᠴᠠᠷᠠᠭ᠎ᠠ᠎ᠨᠢ ᠨᠢᠭᠡᠲᠦᠯᠲᠡᠢ᠂ ᠠᠰᠢᠭ ᠬᠦᠷᠲᠡᠬᠦ ᠬᠤᠭᠤᠴᠠᠭ᠎ᠠ᠎ᠨᠢ ᠤᠷᠲᠤ᠂ ᠵᠠᠷᠤᠯᠭ᠎ᠠ ᠭᠠᠷᠭ᠋ᠠᠬᠤ᠎ᠨᠢ ᠲᠤᠭᠲᠠᠪᠤᠷᠢ ᠦᠭᠡᠢ ᠪᠠᠢ᠌ᠳᠠᠭ ᠤᠨᠴᠠᠯᠢᠭ᠎ᠲᠠᠢ᠃ ᠠᠮᠢ ᠵᠢᠨ ᠡᠷᠬᠡ ᠪᠠ ᠡᠷᠡᠭᠦᠯ ᠴᠢᠬᠢᠷᠠᠭ ᠴᠢᠬᠢᠮᠡᠢ ᠎ᠤᠨ ᠡᠷᠬᠡ ᠪᠤᠯ ᠦᠨᠳᠦᠰᠦᠨ ᠬᠠᠤᠯᠢ᠎ᠳᠤ ᠪᠠᠲᠤᠯᠠᠭᠰᠠᠨ ᠡᠷᠬᠡᠲᠦ ᠠᠷᠠᠳ ᠨᠢᠭᠡ ᠪᠦᠷᠢ ᠵᠢᠨ ᠦᠨᠳᠦᠰᠦᠨ ᠡᠷᠬᠡ ᠮᠦᠨ᠃ ᠬᠦᠮᠦᠨ ᠪᠦᠬᠦᠨ ᠡᠳᠡᠭᠡᠷ ᠡᠷᠬᠡ᠎ᠪᠠᠨ ᠡᠷᠬᠡ ᠲᠡᠭᠰᠢ᠎ᠪᠠᠷ ᠡᠳ᠋ᠯᠡᠬᠦ ᠬᠡᠷᠡᠭᠲᠡᠢ ᠲᠤᠯᠠᠳᠠ ᠠᠯᠢ ᠴᠢᠳᠠᠬᠤᠢ᠌ᠴᠠ ᠪᠦᠷᠬᠦᠯᠲᠡ ᠵᠢᠨ ᠬᠦᠷᠢᠶ᠎ᠡ ᠴᠠᠷᠠᠭ᠎ᠠ ᠵᠢ ᠲᠡᠯᠡᠵᠦ ᠦᠷᠭᠡᠳᠬᠡᠨ᠂ ᠤᠯᠭᠤᠮᠵᠢ ᠵᠢᠨ ᠨᠢᠭᠡᠲᠦᠯᠲᠡᠢ ᠪᠠᠢ᠌ᠬᠤ ᠵᠢ ᠠᠬᠢᠭᠤᠯᠬᠤ ᠬᠡᠷᠡᠭᠲᠡᠢ᠃ ᠮᠠᠨ᠎ᠤ ᠤᠯᠤᠰ᠎ᠤᠨ ᠤᠳᠤᠬᠠᠨ᠎ᠤ ᠡᠮᠨᠡᠯᠭᠡ ᠵᠢᠨ ᠦᠨᠳᠦᠰᠦᠨ ᠳᠠᠭ᠋ᠠᠳᠬᠠᠯ᠎ᠤᠨ ᠪᠠᠢ᠌ᠭᠤᠯᠤᠯ᠎ᠨᠢ ᠰᠦᠷᠦᠭᠵᠢᠯ ᠵᠶ᠋ᠡᠷ᠎ᠨᠢ ᠠᠳᠠᠯᠢ ᠪᠤᠰᠤ ᠲᠦᠷᠦᠯ᠎ᠳᠤ ᠬᠤᠪᠢᠶᠠᠵᠤ᠂ ᠠᠳᠠᠯᠢ ᠪᠤᠰᠤ ᠲᠦᠯᠦᠪᠦᠷᠢ ᠵᠢᠨ ᠨᠤᠷᠮ᠎ᠠ᠎ᠳᠤ ᠬᠠᠷᠠᠭ᠋ᠠᠯᠵᠠᠭᠤᠯᠳᠠᠭ᠃ ᠬᠡᠳᠦᠢ᠌ᠪᠡᠷ ᠠᠮᠢᠳᠤᠯᠢᠭ ᠵᠶ᠋ᠠᠷ ᠠᠵᠢᠯ ᠤᠯᠤᠭᠰᠠᠳ᠎ᠨᠢ ᠪᠦᠬᠦ ᠲᠦᠯᠦᠪᠦᠷᠢ᠎ᠪᠠᠨ ᠦᠪᠡᠷ ᠵᠶ᠋ᠡᠨ ᠭᠠᠷᠭ᠋ᠠᠵᠤ᠂ ᠠᠵᠢᠯᠴᠢᠳ᠎ᠤᠨ ᠡᠮᠨᠡᠯᠭᠡ ᠵᠢᠨ ᠳᠠᠭ᠋ᠠᠳᠬᠠᠯ᠎ᠳᠤ ᠰᠠᠢ᠌ᠨ ᠳᠤᠷ᠎ᠠ᠎ᠠᠴᠠ᠎ᠪᠠᠨ ᠤᠷᠤᠯᠴᠠᠳᠠᠭ ᠪᠤᠯᠪᠠᠴᠤ ᠡᠢ᠌ᠮᠦᠷᠭᠦᠦ ᠬᠡᠰᠡᠭᠴᠢᠯᠡᠭᠰᠡᠨ ᠡᠮᠨᠡᠯᠭᠡ ᠵᠢᠨ ᠳᠠᠭ᠋ᠠᠳᠬᠠᠯ᠎ᠤᠨ ᠪᠠᠢ᠌ᠭᠤᠯᠤᠯ ᠬᠢᠭᠡᠳ 《ᠢᠷᠭᠡᠳ᠎ᠤᠨ ᠡᠮᠨᠡᠯᠭᠡ ᠵᠢᠨ ᠳᠠᠭ᠋ᠠᠳᠬᠠᠯ》᠎ᠨᠢ ᠪᠠᠰᠠ ᠨᠡᠯᠢᠶᠡᠳ ᠵᠦᠷᠢᠶ᠎ᠠ᠎ᠲᠠᠢ ᠪᠠᠢ᠌ᠳᠠᠭ᠃ ᠤᠷᠲᠤ ᠬᠤᠭᠤᠴᠠᠭ᠋ᠠᠨ᠎ᠤ ᠰᠦᠯᠵᠢᠶᠡᠨ᠎ᠳᠤ ᠪᠤᠯᠵᠤᠬᠤ ᠠᠵᠢᠯᠴᠢᠨ᠎ᠤ ᠤᠷᠤᠯᠭ᠎ᠠ᠎ᠨᠢ ᠲᠤᠬᠠᠢ ᠵᠢᠨ ᠭᠠᠵᠠᠷ᠎ᠤᠨ ᠳᠤᠮᠳᠠᠴᠢ ᠴᠠᠯᠢᠩ᠎ᠠᠴᠠ ᠦᠨᠳᠦᠷ ᠪᠠᠢ᠌ᠬᠤ ᠵᠢ ᠪᠤᠳᠤᠯᠬᠢᠯᠠᠪᠠᠯ ᠡᠨᠡᠬᠦ ᠰᠦᠷᠦᠭᠵᠢᠯ᠎ᠨᠢ ᠠᠵᠢᠯᠴᠢᠳ᠎ᠤᠨ ᠡᠮᠨᠡᠯᠭᠡ ᠵᠢᠨ ᠦᠨᠳᠦᠰᠦᠨ ᠳᠠᠭ᠋ᠠᠳᠬᠠᠯ᠎ᠳᠤ ᠤᠷᠤᠯᠴᠠᠬᠤ ᠠᠵᠤ ᠠᠬᠤᠢ ᠵᠢᠨ ᠨᠦᠬᠦᠴᠡᠯ᠎ᠲᠠᠢ ᠪᠤᠯᠵᠠᠢ᠃
        ᠠᠵᠢᠯ᠎ᠠᠴᠠ ᠪᠤᠯᠤᠭᠰᠠᠨ ᠭᠡᠮᠲᠤᠯ᠎ᠤᠨ ᠳᠠᠭ᠋ᠠᠳᠬᠠᠯ᠎ᠨᠢ ᠬᠡᠳᠦᠢ᠌ᠪᠡᠷ ᠡᠪᠡᠳᠴᠢᠨ ᠬᠢᠵᠢᠭ᠎ᠠᠴᠠ ᠡᠮᠨᠡᠵᠦ ᠠᠪᠤᠷᠠᠬᠤ ᠴᠢᠳᠠᠮᠵᠢ᠎ᠲᠠᠢ ᠪᠦᠭᠡᠳ ᠤᠯᠭᠤᠮᠵᠢ ᠵᠢᠨ ᠭᠠᠷᠴᠠᠭ ᠬᠢᠭᠡᠳ ᠡᠮᠨᠡᠯᠭᠡ ᠵᠢᠨ ᠦᠨᠳᠦᠰᠦᠨ ᠳᠠᠭ᠋ᠠᠳᠬᠠᠯ᠎ᠲᠠᠢ ᠠᠳᠠᠯᠢ ᠪᠤᠯᠪᠠᠴᠤ ᠠᠵᠢᠯ᠎ᠠᠴᠠ ᠪᠤᠯᠤᠭᠰᠠᠨ ᠭᠡᠮᠲᠤᠯ᠎ᠤᠨ ᠳᠠᠭ᠋ᠠᠳᠬᠠᠯ᠎ᠨᠢ 《ᠰᠢᠯᠲᠠᠭ᠋ᠠᠨ》᠎ᠲᠠᠢ ᠪᠤᠯ ᠰᠠᠶᠢ ᠤᠯᠭᠤᠳᠠᠭ᠃ ᠠᠵᠢᠯ᠎ᠤᠨ ᠴᠠᠭ ᠪᠠ ᠠᠵᠢᠯ᠎ᠤᠨ ᠭᠠᠵᠠᠷ᠎ᠲᠤ᠎ᠪᠠᠨ ᠠᠵᠢᠯ᠎ᠤᠨ ᠰᠢᠯᠲᠠᠭ᠋ᠠᠨ᠎ᠠᠴᠠ ᠪᠤᠯᠵᠤ ᠭᠡᠨᠡᠳᠲᠡ ᠵᠢᠨ ᠭᠡᠮᠲᠤᠯ ᠠᠪᠤᠪᠠᠯ ᠨᠦᠬᠦᠪᠦᠷᠢ ᠤᠯᠭᠤᠵᠤ ᠪᠤᠯᠳᠠᠭ᠃ ᠰᠦᠯᠵᠢᠶᠡᠨ᠎ᠳᠤ ᠪᠤᠯᠵᠤᠬᠤ ᠠᠵᠢᠯᠴᠢᠨ᠎ᠤ ᠠᠵᠢᠯ᠎ᠤᠨ ᠴᠠᠭ᠎ᠨᠢ ᠲᠤᠭᠲᠠᠪᠤᠷᠢ ᠦᠭᠡᠢ᠂ ᠠᠵᠢᠯ᠎ᠤᠨ ᠭᠠᠵᠠᠷ ᠬᠢᠭᠡᠳ ᠠᠮᠢᠳᠤᠷᠠᠯ᠎ᠤᠨ ᠤᠷᠴᠢᠨ᠎ᠨᠢ ᠢᠯᠠᠭ᠋ᠠᠭᠤᠷᠢ ᠦᠭᠡᠢ ᠲᠤᠯᠠᠳᠠ ᠴᠤᠬᠤᠮ ᠠᠵᠢᠯ᠎ᠤᠨ ᠰᠢᠯᠲᠠᠭ᠋ᠠᠨ ᠤᠤ ᠪᠤᠰᠤ ᠤᠤ ᠭᠡᠳᠡᠭ᠎ᠢ ᠢᠯᠭ᠋ᠠᠬᠤ᠎ᠳᠤ ᠲᠦᠪᠡᠭᠲᠡᠢ ᠪᠤᠯᠬᠤᠷ ᠠᠵᠢᠯ᠎ᠠᠴᠠ ᠪᠤᠯᠤᠭᠰᠠᠨ ᠭᠡᠮᠲᠤᠯ᠎ᠢ ᠪᠠᠢ᠌ᠴᠠᠭ᠋ᠠᠬᠤ ᠪᠠ ᠭᠡᠷᠡᠴᠢ ᠠᠪᠬᠤ᠎ᠳᠤ ᠬᠦᠴᠢᠷᠲᠠᠢ᠃ ᠦᠨᠡᠨ᠎ᠳᠤ᠎ᠪᠠᠨ ᠮᠠᠨ᠎ᠤ ᠤᠯᠤᠰ᠎ᠤᠨ ᠵᠢᠶᠠᠩᠰᠤ ᠮᠤᠵᠢ ᠵᠢᠨ ᠨᠠᠨᠲ᠋ᠦ᠋ᠡᠭ᠂ ᠲᠠᠢ᠌ᠽᠠᠡᠭ᠂ ᠱᠠᠨᠳᠦ᠋ᠩ ᠮᠤᠵᠢ ᠵᠢᠨ ᠸᠸᠡᠢ᠍ᠹᠠᠡᠭ ᠵᠡᠷᠭᠡ ᠤᠯᠠᠨ ᠭᠠᠵᠠᠷ ᠵᠶ᠋ᠠᠷ ᠠᠮᠢᠳᠤᠯᠢᠭ ᠴᠢᠯᠦᠭᠡᠲᠡᠢ᠎ᠪᠠᠷ ᠠᠵᠢᠯ᠎ᠤᠨ ᠪᠠᠢ᠌ᠷᠢ᠎ᠳᠤ ᠭᠠᠷᠬᠤ ᠠᠵᠢᠯᠴᠢᠳ᠎ᠤᠨ ᠠᠵᠢᠯ᠎ᠠᠴᠠ ᠪᠤᠯᠤᠭᠰᠠᠨ ᠭᠡᠮᠲᠤᠯ᠎ᠤᠨ ᠳᠠᠭ᠋ᠠᠳᠬᠠᠯ᠎ᠤᠨ ᠲᠤᠷᠰᠢᠬᠤ ᠴᠡᠭ᠎ᠤᠨ ᠲᠦᠷᠦ ᠵᠢᠨ ᠪᠤᠳᠤᠯᠭ᠎ᠠ ᠶᠠᠪᠤᠭᠳᠠᠭᠤᠯᠵᠤ ᠦᠩᠭᠡᠷᠡᠭᠰᠡᠨ ᠪᠤᠯᠪᠠᠴᠤ ᠲᠡᠳᠦᠢ ᠬᠠᠨᠤᠮᠵᠢᠲᠠᠢ ᠪᠢᠰᠢ᠂ ᠭᠤᠤᠯ ᠰᠢᠯᠲᠠᠭ᠋ᠠᠨ᠎ᠨᠢ ᠬᠢᠨᠠᠨ ᠲᠤᠭᠲᠠᠭ᠋ᠠᠯᠲᠠ ᠵᠢᠨ ᠬᠦᠴᠢᠷᠴᠡ᠎ᠪᠠᠷ ᠶᠡᠬᠡ᠎ᠠᠴᠠ ᠪᠤᠯᠵᠠᠢ᠃
        ᠲᠠᠪᠴᠠᠩ᠎ᠳᠤ ᠠᠵᠢᠯ᠎ᠤᠨ ᠪᠠᠢ᠌ᠷᠢ ᠤᠯᠬᠤ ᠵᠢᠨ ᠤᠨᠴᠠᠯᠢᠭ᠎ᠨᠢ ᠠᠮᠢᠳᠤᠯᠢᠭ᠂ ᠳᠦᠭᠦᠮ ᠠᠪᠰᠠᠷ᠂ ᠰᠦᠯᠵᠢᠶᠡᠨ᠎ᠳᠤ ᠪᠤᠯᠵᠤᠬᠤ ᠠᠵᠢᠯᠴᠢᠨ ᠦᠪᠡᠷ᠎ᠤᠨ ᠠᠵᠢᠯᠯᠠᠬᠤ ᠴᠠᠭ ᠵᠶ᠋ᠠᠨ ᠰᠤᠩᠭᠤᠵᠤ ᠪᠤᠯᠬᠤ ᠤᠴᠢᠷ᠎ᠠᠴᠠ ᠠᠵᠢᠯ ᠤᠯᠭᠤᠯᠲᠠ ᠵᠢᠨ ᠪᠠᠢ᠌ᠳᠠᠯ᠎ᠨᠢ ᠲᠤᠭᠲᠠᠪᠤᠷᠢ ᠦᠭᠡᠢ ᠪᠠᠢ᠌ᠳᠠᠯ᠎ᠲᠠᠢ ᠪᠠᠢ᠌ᠳᠠᠭ᠃ ᠲᠠᠪᠴᠠᠩ᠎ᠤᠨ ᠠᠵᠤ ᠠᠬᠤᠢ ᠵᠢᠨ ᠴᠢᠳᠠᠮᠵᠢ᠎ᠨᠢ ᠨᠡᠩ ᠤᠯᠠᠨ ᠠᠵᠢᠯ᠎ᠤᠨ ᠪᠠᠢ᠌ᠷᠢ ᠬᠠᠩᠭ᠋ᠠᠳᠠᠭ᠃ ᠡᠨᠡ᠎ᠨᠢ ᠠᠵᠢᠯ ᠠᠯᠳᠠᠬᠤ ᠳᠠᠭ᠋ᠠᠳᠬᠠᠯ᠎ᠤᠨ ᠠᠵᠢᠯ ᠤᠯᠭᠤᠯᠲᠠ ᠵᠢ ᠠᠬᠢᠭᠤᠯᠬᠤ ᠴᠢᠳᠠᠮᠵᠢ᠎ᠲᠠᠢ ᠠᠳᠠᠯᠢ ᠶᠤᠮ᠃ ᠰᠦᠯᠵᠢᠶᠡᠨ ᠳᠡᠭᠡᠷ᠎ᠡ ᠠᠵᠢᠯᠯᠠᠬᠤ᠎ᠨᠢ ᠤᠨᠤᠯ ᠳᠡᠭᠡᠷ᠎ᠡ᠎ᠪᠠᠨ ᠬᠡᠮᠵᠢᠶ᠎ᠡ ᠬᠢᠵᠠᠭ᠋ᠠᠷ ᠦᠭᠡᠢ᠂ ᠠᠵᠢᠯ ᠠᠯᠳᠠᠬᠤ᠎ᠨᠢ ᠰᠦᠯᠵᠢᠶᠡᠨ᠎ᠳᠤ ᠪᠤᠯᠵᠤᠬᠤ ᠠᠵᠢᠯᠴᠢᠳ᠎ᠲᠠᠢ ᠳᠡᠮᠡᠢ ᠬᠠᠮᠢᠶ᠎ᠠ ᠦᠭᠡᠢ ᠰᠢᠭ ᠶᠤᠮ᠃ ᠡᠢ᠌ᠮᠦ᠎ᠠᠴᠠ᠂ ᠠᠵᠢᠯ ᠠᠯᠳᠠᠬᠤ ᠳᠠᠭ᠋ᠠᠳᠬᠠᠯ᠎ᠨᠢ ᠰᠦᠯᠵᠢᠶᠡᠨ᠎ᠳᠤ ᠪᠤᠯᠵᠤᠬᠤ ᠠᠵᠢᠯᠴᠢᠨ᠎ᠢ ᠠᠯᠪᠠᠳᠠᠯᠭ᠎ᠠ᠎ᠪᠠᠷ ᠤᠷᠤᠯᠴᠠᠭᠤᠯᠬᠤ ᠳᠠᠭ᠋ᠠᠳᠬᠠᠯ᠎ᠤᠨ ᠲᠦᠷᠦᠯ ᠪᠤᠯᠭ᠋ᠠᠵᠤ ᠪᠤᠯᠬᠤ ᠦᠭᠡᠢ᠃
                ᠰᠦᠯᠵᠢᠶᠡᠨ᠎ᠳᠤ ᠪᠤᠯᠵᠤᠬᠤ ᠠᠵᠢᠯᠴᠢᠨ᠎ᠢ ᠠᠵᠢᠯᠲᠠᠳ᠎ᠤᠨ ᠨᠡᠢ᠌ᠭᠡᠮ᠎ᠤᠨ
                ᠳᠠᠭ᠋ᠠᠳᠬᠠᠯ᠎ᠳᠤ ᠤᠷᠤᠯᠴᠠᠭᠤᠯᠬᠤ ᠲᠦᠷᠦ ᠵᠢᠨ ᠪᠤᠳᠤᠯᠭ᠎ᠠ ᠵᠢᠨ ᠰᠠᠨᠠᠭᠤᠯᠭ᠎ᠠ
        ᠨᠢᠭᠡ᠂ ᠰᠦᠯᠵᠢᠶᠡᠨ᠎ᠳᠤ ᠪᠤᠯᠵᠤᠬᠤ ᠠᠵᠢᠯᠴᠢᠨ᠎ᠤ ᠰᠦᠯᠵᠢᠶᠡᠨ ᠳᠡᠭᠡᠷ᠎ᠡ ᠠᠵᠢᠯᠯᠠᠬᠤ ᠴᠠᠭ ᠵᠶ᠋ᠠᠷ᠎ᠨᠢ ᠳᠠᠭ᠋ᠠᠳᠬᠠᠯ᠎ᠳᠤ ᠤᠷᠤᠯᠴᠠᠬᠤ ᠡᠷᠬᠡ ᠪᠤᠯᠤᠨ ᠡᠭᠦᠷᠭᠡ ᠵᠢ᠎ᠨᠢ ᠲᠤᠭᠲᠠᠭ᠋ᠠᠨ᠎ᠠ
        ᠰᠦᠯᠵᠢᠶᠡᠨ᠎ᠳᠤ ᠪᠤᠯᠵᠤᠬᠤ ᠠᠵᠢᠯᠴᠢᠨ ᠪᠦᠬᠦᠯᠢ ᠡᠳᠦᠷ ᠵᠶ᠋ᠡᠷ ᠠᠵᠢᠯᠴᠢᠨ ᠬᠡᠷᠡᠭᠯᠡᠬᠦ ᠬᠢᠨᠡᠨ ᠲᠤᠭᠲᠠᠭ᠋ᠠᠯᠲᠠ ᠵᠢᠨ ᠨᠦᠬᠦᠴᠡᠯ᠎ᠢ ᠦᠨᠳᠦᠰᠦᠯᠡᠨ ᠶᠠᠮᠠᠷ ᠨᠢᠭᠡᠨ ᠲᠠᠪᠴᠠᠩ᠎ᠳᠤ ᠠᠵᠢᠯᠯᠠᠬᠤ ᠴᠠᠭ᠎ᠨᠢ ᠬᠡᠷᠪᠡ ᠡᠳᠦᠷ ᠪᠦᠷᠢ 4 ᠴᠠᠭ᠂ ᠭᠠᠷᠠᠭ ᠪᠦᠷᠢ 24 ᠴᠠᠭ᠎ᠠᠴᠠ ᠬᠡᠲᠦᠷᠡᠪᠡᠯ ᠠᠵᠢᠯᠲᠠᠳ᠎ᠤᠨ ᠨᠡᠢ᠌ᠭᠡᠮ᠎ᠤᠨ ᠳᠠᠭ᠋ᠠᠳᠬᠠᠯ᠎ᠤᠨ ᠠᠯᠪᠠᠳᠠᠯᠭ᠎ᠠ᠎ᠪᠠᠷ ᠳᠠᠭ᠋ᠠᠳᠬᠠᠯ᠎ᠳᠤ ᠤᠷᠤᠯᠴᠠᠭᠰᠠᠨ ᠵᠶ᠋ᠠᠷ ᠦᠵᠡᠵᠦ ᠬᠠᠤᠯᠢ ᠵᠢᠨ ᠲᠤᠭᠲᠠᠭ᠋ᠠᠯ ᠶᠤᠰᠤᠭ᠋ᠠᠷ ᠲᠤᠰ ᠲᠠᠪᠴᠠᠩ᠎ᠤᠨ ᠠᠵᠤ ᠠᠬᠤᠢ᠌ᠯᠠᠯ ᠪᠤᠯᠤᠨ ᠰᠦᠯᠵᠢᠶᠡᠨ᠎ᠳᠤ ᠪᠤᠯᠵᠤᠬᠤ ᠠᠵᠢᠯᠴᠢᠨ᠎ᠨᠢ ᠬᠤᠪᠢ ᠬᠤᠪᠢ᠎ᠪᠠᠷ ᠵᠶ᠋ᠠᠨ ᠬᠠᠷᠠᠭ᠋ᠠᠯᠵᠠᠭᠰᠠᠨ ᠲᠦᠯᠦᠪᠦᠷᠢ ᠲᠤᠰᠢᠶᠠᠬᠤ ᠬᠡᠷᠡᠭᠲᠡᠢ᠃ ᠤᠳᠤ ᠵᠢᠨ ᠮᠡᠷᠭᠡᠵᠢᠯ᠎ᠤᠨ ᠨᠦᠬᠦᠴᠡᠯ᠎ᠳᠤ᠂ ᠡᠢ᠌ᠮᠦᠷᠭᠦᠦ ᠳᠠᠭ᠋ᠠᠳᠬᠠᠯ᠎ᠳᠤ ᠤᠷᠤᠯᠴᠠᠬᠤ ᠪᠤᠯᠤᠨ ᠲᠦᠯᠦᠪᠦᠷᠢ ᠲᠤᠰᠢᠶᠠᠬᠤ ᠪᠠᠢ᠌ᠭᠤᠯᠤᠯ᠎ᠨᠢ ᠠᠵᠢᠯᠯᠠᠬᠤᠢ᠌ᠴᠠ ᠴᠢᠨᠠᠷ᠎ᠲᠠᠢ ᠪᠠᠢ᠌ᠨ᠎ᠠ᠃ ᠢᠷᠡᠭᠡᠳᠦᠢ᠎ᠳᠤ᠂ ᠲᠠᠪᠴᠠᠩ᠎ᠤᠨ ᠠᠵᠤ ᠠᠬᠤᠢ᠌ᠯᠠᠯ᠎ᠳᠤ ᠰᠦᠯᠵᠢᠶᠡᠨ᠎ᠳᠤ ᠪᠤᠯᠵᠤᠬᠤ ᠠᠵᠢᠯᠴᠢᠨ᠎ᠤ ᠰᠦᠯᠵᠢᠶᠡᠨ᠎ᠳᠤ ᠠᠵᠢᠯᠯᠠᠭᠰᠠᠨ ᠴᠠᠭ᠎ᠢ ᠲᠡᠮᠳᠡᠭᠯᠡᠬᠦ ᠪᠦᠭᠡᠳ ᠵᠠᠬᠢᠶᠠᠯᠠᠭ᠎ᠠ ᠵᠢᠨ ᠲᠠᠩᠰᠠ (订单) ᠪᠦᠷᠢ᠎ᠠᠴᠠ ᠬᠤᠪᠢ ᠬᠦᠮᠦᠨ᠎ᠤ ᠭᠠᠷᠭ᠋ᠠᠬᠤ ᠬᠡᠰᠡᠭ᠎ᠢ᠎ᠨᠢ ᠤᠷᠢᠳᠴᠢᠯᠠᠨ ᠬᠠᠰᠤᠵᠤ᠂ ᠬᠤᠢ᠌ᠰᠢᠲᠠ ᠰᠠᠷ᠎ᠠ ᠪᠦᠷᠢ ᠨᠢᠭᠡ ᠤᠳᠠᠭ᠎ᠠ ᠪᠦᠷᠢᠳᠬᠡᠵᠦ᠂ ᠳᠠᠭ᠋ᠠᠳᠬᠠᠯ᠎ᠳᠤ ᠤᠷᠤᠯᠴᠠᠵᠤ ᠪᠤᠯᠬᠤ ᠰᠦᠯᠵᠢᠶᠡᠨ᠎ᠳᠤ ᠪᠤᠯᠵᠤᠬᠤ ᠠᠵᠢᠯᠴᠢᠨ᠎ᠢ ᠳᠠᠭ᠋ᠠᠳᠬᠠᠯ᠎ᠤᠨ ᠠᠵᠢᠯ ᠬᠢᠳᠡᠭ ᠬᠡᠯᠲᠡᠰ᠎ᠲᠤ ᠲᠠᠩᠰᠠᠯᠠᠬᠤ ᠪᠦᠭᠡᠳ ᠲᠠᠪᠴᠠᠩ᠎ᠤᠨ ᠠᠵᠤ ᠠᠬᠤᠢ᠌ᠯᠠᠯ᠎ᠤᠨ ᠳᠠᠭ᠋ᠠᠳᠬᠠᠯ᠎ᠤᠨ ᠲᠦᠯᠦᠪᠦᠷᠢ ᠪᠤᠯᠤᠨ ᠰᠦᠯᠵᠢᠶᠡᠨ᠎ᠳᠤ ᠪᠤᠯᠵᠤᠬᠤ ᠠᠵᠢᠯᠴᠢᠨ᠎ᠢ ᠤᠷᠤᠯᠠᠨ ᠬᠠᠰᠤᠭᠰᠠᠨ ᠳᠠᠭ᠋ᠠᠳᠬᠠᠯ᠎ᠤᠨ ᠲᠦᠯᠦᠪᠦᠷᠢ ᠵᠢ᠎ᠨᠢ ᠲᠤᠰᠢᠶᠠᠨ᠎ᠠ᠃
        ᠬᠤᠶᠠᠷ᠂ ᠰᠦᠯᠵᠢᠶᠡᠨ᠎ᠳᠤ ᠪᠤᠯᠵᠤᠬᠤ ᠠᠵᠢᠯᠴᠢᠨ᠎ᠢ ᠠᠵᠢᠯᠲᠠᠳ᠎ᠤᠨ ᠡᠮᠨᠡᠯᠭᠡ ᠵᠢᠨ ᠦᠨᠳᠦᠰᠦᠨ ᠳᠠᠭ᠋ᠠᠳᠬᠠᠯ ᠬᠢᠭᠡᠳ ᠲᠤᠰᠠᠭ᠋ᠠᠷ ᠡᠨᠳᠡᠯ ᠤᠰᠤᠯᠠᠭ᠎ᠤᠨ ᠳᠠᠭ᠋ᠠᠳᠬᠠᠯ᠎ᠳᠤ ᠠᠯᠪᠠᠳᠠᠯᠭ᠎ᠠ᠎ᠪᠠᠷ ᠤᠷᠤᠯᠴᠠᠭᠤᠯᠤᠨ᠎ᠠ
        ᠰᠦᠯᠵᠢᠶᠡᠨ᠎ᠳᠤ ᠪᠤᠯᠵᠤᠬᠤ ᠠᠵᠢᠯᠴᠢᠨ᠎ᠨᠢ ᠵᠢᠷ᠎ᠤᠨ ᠬᠦᠳᠡᠯᠮᠦᠷᠢᠯᠡᠭᠴᠢ᠎ᠲᠠᠢ ᠠᠳᠠᠯᠢᠬᠠᠨ ᠡᠮᠴᠢᠯᠡᠭᠡ ᠵᠢᠨ ᠳᠠᠭ᠋ᠠᠳᠬᠠᠯ᠎ᠤᠨ ᠬᠡᠷᠡᠭᠴᠡᠭᠡ ᠱᠠᠭ᠋ᠠᠷᠳᠠᠯᠭ᠎ᠠ᠎ᠲᠠᠢ᠃ ᠤᠷᠲᠤ ᠬᠤᠭᠤᠴᠠᠭ᠎ᠠ᠎ᠪᠠᠷ ᠠᠵᠢᠯᠯᠠᠳᠠᠭ ᠰᠦᠯᠵᠢᠶᠡᠨ᠎ᠳᠤ ᠪᠤᠯᠵᠤᠬᠤ ᠠᠵᠢᠯᠴᠢᠨ᠎ᠢ ᠠᠵᠢᠯᠲᠠᠳ᠎ᠤᠨ ᠡᠮᠴᠢᠯᠡᠭᠡ ᠵᠢᠨ ᠦᠨᠳᠦᠰᠦᠨ ᠳᠠᠭ᠋ᠠᠳᠬᠠᠯ᠎ᠳᠤ ᠠᠯᠪᠠᠳᠠᠯᠭ᠎ᠠ᠎ᠪᠠᠷ ᠤᠷᠤᠯᠴᠠᠭᠤᠯᠬᠤ᠎ᠨᠢ ᠮᠠᠰᠢ ᠴᠢᠬᠤᠯᠠ ᠪᠦᠭᠡᠳ ᠶᠠᠪᠤᠭᠳᠠᠭᠤᠯᠵᠤ ᠪᠤᠯᠬᠤ ᠠᠵᠢᠯ ᠮᠦᠨ᠃ ᠮᠠᠨ᠎ᠤ ᠤᠯᠤᠰ 《ᠪᠦᠬᠦ ᠢᠷᠭᠡᠳ ᠡᠮᠴᠢᠯᠡᠭᠡ ᠵᠢᠨ ᠳᠠᠭ᠋ᠠᠳᠬᠠᠯ᠎ᠲᠠᠢ ᠪᠤᠯᠬᠤ》᠎ᠠᠴᠠ᠎ᠪᠠᠨ 《ᠪᠦᠬᠦ ᠢᠷᠭᠡᠳ᠎ᠤᠨ ᠨᠢᠭᠡᠲᠦᠯᠲᠡᠢ ᠡᠮᠴᠢᠯᠡᠭᠡ ᠵᠢᠨ ᠳᠠᠭ᠋ᠠᠳᠬᠠᠯ》 ᠤᠷᠤᠭᠤ ᠰᠢᠯᠵᠢᠬᠦ ᠬᠠᠷᠠᠯᠲᠠ ᠵᠢ ᠪᠡᠶᠡᠯᠡᠭᠦᠯᠬᠦ᠎ᠳᠤ ᠤᠷᠢᠳ ᠵᠶ᠋ᠠᠷ ᠰᠦᠯᠵᠢᠶᠡᠨ᠎ᠳᠤ ᠪᠤᠯᠵᠤᠬᠤ ᠠᠵᠢᠯᠴᠢᠨ᠎ᠠᠴᠠ ᠭᠠᠷᠳᠠᠨ ᠬᠢᠵᠦ ᠪᠤᠯᠤᠨ᠎ᠠ᠃ ᠠᠵᠢᠯᠲᠠᠳ᠎ᠤᠨ ᠠᠵᠢᠯ᠎ᠠᠴᠠ ᠪᠤᠯᠤᠭᠰᠠᠨ ᠭᠡᠮᠲᠤᠯ᠎ᠤᠨ ᠳᠠᠭ᠋ᠠᠳᠬᠠᠯ᠎ᠢ ᠰᠦᠯᠵᠢᠶᠡᠨ᠎ᠳᠤ ᠪᠤᠯᠵᠤᠬᠤ ᠠᠵᠢᠯᠴᠢᠨ᠎ᠳᠤ ᠬᠡᠷᠡᠭᠯᠡᠬᠦ᠎ᠳᠤ ᠲᠤᠬᠢᠷᠠᠮᠵᠢ ᠦᠭᠡᠢ᠃ ᠢᠷᠡᠭᠡᠳᠦᠢ᠎ᠳᠤ᠂ ᠠᠵᠢᠯ᠎ᠤᠨ ᠠᠶᠤᠯ ᠲᠦᠭᠰᠢᠭᠦᠷᠢ᠎ᠪᠠᠷ ᠠᠳᠠᠯᠢᠬᠠᠨ ᠰᠦᠯᠵᠢᠶᠡᠨ᠎ᠳᠤ ᠪᠤᠯᠵᠤᠬᠤ ᠠᠵᠢᠯᠴᠢᠨ᠎ᠤ ᠰᠦᠷᠦᠭᠵᠢᠯ (群体)᠎ᠳᠤ ᠲᠤᠰᠬᠠᠢ ᠡᠨᠳᠡᠯ ᠤᠰᠤᠯ᠎ᠤᠨ ᠳᠠᠭ᠋ᠠᠳᠬᠠᠯ ᠭᠠᠷᠭ᠋ᠠᠵᠤ ᠦᠭᠭᠦ ᠬᠡᠷᠡᠭᠲᠡᠢ᠃ ᠲᠦᠯᠦᠪᠦᠷᠢ ᠵᠢᠨ ᠨᠤᠷᠮ᠎ᠠ᠎ᠨᠢ ᠲᠤᠰ ᠠᠵᠢᠯ ᠲᠦᠷᠦᠯ᠎ᠤᠨ ᠵᠶ᠋ᠡᠨ ᠭᠡᠰᠢᠭᠦᠳ᠎ᠤᠨ ᠡᠯ᠎ᠡ ᠠᠶᠤᠯ ᠲᠦᠭᠰᠢᠭᠦᠷᠢ ᠵᠢ ᠶᠡᠷᠦᠩᠬᠡᠢ᠌ᠯᠡᠨ ᠪᠤᠳᠤᠭᠰᠠᠨ ᠪᠠᠢ᠌ᠳᠠᠯ᠎ᠳᠤ ᠰᠠᠭᠤᠷᠢᠯᠠᠵᠤ᠂ ᠠᠵᠢᠯ᠎ᠤᠨ ᠰᠢᠯᠲᠠᠭ᠋ᠠᠨ ᠵᠶ᠋ᠠᠷ ᠢᠯᠭ᠋ᠠᠬᠤ ᠦᠭᠡᠢ᠎ᠪᠠᠷ ᠡᠨᠳᠡᠯ ᠤᠰᠤᠯ ᠪᠦᠬᠦᠨ᠎ᠳᠤ ᠨᠢᠭᠡᠲᠦᠯᠲᠡᠢ ᠤᠯᠭᠤᠮᠵᠢ ᠤᠯᠭᠤᠬᠤ ᠬᠡᠷᠡᠭᠲᠡᠢ᠃ ᠤᠳᠤ ᠵᠢᠨ ᠨᠡᠢ᠌ᠭᠡᠮ᠎ᠤᠨ ᠨᠦᠬᠦᠴᠡᠯ᠎ᠳᠤ ᠵᠤᠬᠢᠴᠠᠭᠤᠯᠤᠨ᠂ ᠤᠯᠤᠰ᠎ᠤᠨ ᠭᠠᠢ᠌ᠯᠢ ᠵᠢᠨ ᠬᠡᠯᠲᠦᠷᠢᠭᠦᠯᠦᠯᠲᠡ ᠵᠢ ᠬᠦᠷᠲᠡᠬᠦ ᠡᠨᠳᠡᠯ ᠤᠰᠤᠯ᠎ᠤᠨ ᠠᠷᠠᠯᠵᠢᠶᠠᠨ᠎ᠤ ᠳᠠᠭ᠋ᠠᠳᠬᠠᠯ ᠭᠠᠷᠭ᠋ᠠᠬᠤ ᠵᠢ ᠪᠤᠳᠤᠯᠬᠢᠯᠠᠵᠤ ᠪᠤᠯᠤᠨ᠎ᠠ᠃
    ᠭᠤᠷᠪᠠ᠂ ᠡᠮᠴᠢᠯᠡᠭᠡ ᠵᠢᠨ ᠦᠨᠳᠦᠰᠦᠨ ᠳᠠᠭ᠋ᠠᠳᠬᠠᠯ ᠬᠢᠭᠡᠳ ᠨᠠᠰᠤᠵᠢᠯ᠎ᠤᠨ ᠳᠠᠭ᠋ᠠᠳᠬᠠᠯ᠎ᠤᠨ ᠳᠠᠪᠬᠤᠷᠳᠠᠵᠤ ᠪᠠᠢ᠌ᠭ᠎ᠠ ᠠᠰᠠᠭᠤᠳᠠᠯ᠎ᠢ ᠪᠤᠯᠭᠤᠮᠵᠢᠲᠠᠢ ᠰᠢᠢ᠍ᠳᠪᠦᠷᠢᠯᠡᠨ᠎ᠡ
        ᠲᠠᠪᠴᠠᠩ᠎ᠳᠤ ᠠᠵᠢᠯᠯᠠᠬᠤ᠎ᠨᠢ ᠨᠢᠭᠡ ᠵᠦᠢ᠍ᠯ᠎ᠤᠨ ᠠᠮᠢᠳᠤᠯᠢᠭ ᠠᠵᠢᠯ ᠤᠯᠬᠤ ᠠᠷᠭ᠎ᠠ ᠬᠡᠯᠪᠡᠷᠢ ᠪᠤᠯᠤᠭᠰᠠᠨ ᠤᠴᠢᠷ᠎ᠠᠴᠠ ᠵᠠᠷᠢᠮ ᠬᠦᠳᠡᠯᠮᠦᠷᠢᠯᠡᠭᠴᠢ ᠬᠡᠳᠦᠨ ᠲᠦᠷᠦᠯ᠎ᠤᠨ ᠠᠵᠢᠯ ᠬᠢᠬᠦ ᠪᠤᠯᠤᠮᠵᠢ᠎ᠲᠠᠢ᠃ ᠨᠢᠭᠡ ᠠᠵᠢᠯᠲᠠᠨ᠎ᠤ ᠨᠡᠢ᠌ᠭᠡᠮ᠎ᠤᠨ ᠳᠠᠭ᠋ᠠᠳᠬᠠᠯ᠎ᠨᠢ ᠵᠦᠪᠬᠡᠨ ᠨᠢᠭᠡ ᠬᠦᠮᠦᠨ᠎ᠤ ᠪᠡᠶ᠎ᠡ ᠵᠢᠨ ᠦᠨᠡᠮᠯᠡᠬᠦ᠎ᠲᠠᠢ ᠬᠠᠷᠠᠭ᠋ᠠᠯᠵᠠᠬᠤ ᠪᠤᠯᠬᠤᠷ ᠲᠠᠪᠬᠤᠴᠠᠭᠰᠠᠨ ᠬᠦᠳᠡᠯᠮᠦᠷᠢ ᠵᠢᠨ ᠬᠠᠷᠢᠴᠠᠭ᠎ᠠ᠎ᠨᠢ ᠠᠵᠢᠯᠲᠠᠳ᠎ᠤᠨ ᠨᠡᠢ᠌ᠭᠡᠮ᠎ᠤᠨ ᠳᠠᠭ᠋ᠠᠳᠬᠠᠯ᠎ᠤᠨ ᠳᠠᠪᠬᠤᠴᠠᠭᠰᠠᠨ ᠬᠠᠷᠢᠴᠠᠭ᠎ᠠ ᠭᠠᠷᠬᠤ ᠦᠭᠡᠢ᠃ ᠰᠦᠯᠵᠢᠶᠡᠨ᠎ᠳᠤ ᠪᠤᠯᠵᠤᠬᠤ ᠠᠵᠢᠯᠴᠢᠨ᠎ᠨᠢ ᠬᠡᠷᠪᠡ ᠬᠤᠲᠠ ᠬᠦᠳᠡᠭᠡ ᠵᠢᠨ ᠰᠠᠭᠤᠭ᠋ᠠᠯᠢ ᠠᠷᠠᠳ᠎ᠤᠨ   ᠡᠮᠴᠢᠯᠡᠭᠡ ᠵᠢᠨ ᠳᠠᠭ᠋ᠠᠳᠬᠠᠯ᠎ᠳᠤ ᠤᠷᠤᠭᠰᠠᠨ ᠪᠦᠭᠡᠳ ᠠᠵᠢᠯᠲᠠᠳ᠎ᠤᠨ ᠡᠮᠴᠢᠯᠡᠭᠡ ᠵᠢᠨ ᠳᠠᠭ᠋ᠠᠳᠬᠠᠯ᠎ᠳᠤ ᠠᠯᠪᠠᠳᠠᠯᠭ᠎ᠠ᠎ᠪᠠᠷ ᠤᠷᠤᠬᠤ ᠨᠦᠬᠦᠴᠡᠯ᠎ᠳᠤ ᠬᠦᠷᠦᠭᠰᠡᠨ ᠦᠶ᠎ᠡ᠎ᠳᠤ ᠡᠮᠴᠢᠯᠡᠭᠡ ᠵᠢᠨ ᠵᠠᠷᠤᠳᠠᠯ ᠭᠠᠷᠤᠭᠰᠠᠨ ᠪᠤᠯ ᠤᠯᠭᠤᠮᠵᠢ ᠵᠢᠨ ᠬᠢᠷᠢ ᠲᠦᠪᠰᠢᠨ᠎ᠨᠢ ᠨᠡᠯᠢᠶᠡᠳ ᠦᠨᠳᠦᠷ ᠠᠵᠢᠯᠲᠠᠳ᠎ᠤᠨ ᠡᠮᠴᠢᠯᠡᠭᠡ ᠵᠢᠨ ᠦᠨᠳᠦᠰᠦᠨ ᠳᠠᠭ᠋ᠠᠳᠬᠠᠯ᠎ᠢ ᠰᠤᠩᠭᠤᠨ ᠲᠦᠯᠦᠪᠦᠷᠢ ᠲᠦᠯᠦᠬᠦ ᠵᠢᠨ ᠬᠠᠮᠲᠤ ᠠᠵᠢᠯᠲᠠᠳ᠎ᠤᠨ ᠡᠮᠴᠢᠯᠡᠭᠡ ᠵᠢᠨ ᠦᠨᠳᠦᠰᠦᠨ ᠳᠠᠭ᠋ᠠᠳᠬᠠᠯ᠎ᠳᠤ ᠤᠷᠤᠯᠴᠠᠵᠤ ᠪᠠᠢ᠌ᠭ᠎ᠠ ᠬᠤᠭᠤᠴᠠᠭ᠋ᠠᠨ᠎ᠳᠤ᠎ᠪᠠᠨ ᠰᠠᠭᠤᠭ᠋ᠠᠯᠢ ᠠᠷᠠᠳ᠎ᠤᠨ ᠡᠮᠴᠢᠯᠡᠭᠡ ᠵᠢᠨ ᠳᠠᠭ᠋ᠠᠳᠬᠠᠯ᠎ᠠᠴᠠ ᠭᠠᠷᠬᠤ ᠬᠡᠷᠡᠭᠲᠡᠢ᠃ ᠰᠠᠭᠤᠭ᠋ᠠᠯᠢ ᠠᠷᠠᠳ ᠬᠢᠭᠡᠳ ᠠᠵᠢᠯᠲᠠᠳ᠎ᠤᠨ ᠨᠠᠰᠤᠵᠢᠯ᠎ᠤᠨ ᠳᠠᠭ᠋ᠠᠳᠬᠠᠯ᠎ᠨᠢ ᠠᠳᠠᠯᠢ ᠪᠤᠰᠤ ᠢᠷᠭᠡᠳ᠎ᠤᠨ ᠰᠦᠷᠦᠭᠵᠢᠯ᠎ᠳᠤ ᠴᠢᠭᠯᠡᠭᠦᠯᠦᠭᠰᠡᠨ ᠪᠤᠯᠬᠤᠷ ᠲᠤᠰ ᠲᠤᠰ᠎ᠤᠨ ᠵᠶ᠋ᠠᠨ ᠦᠪᠡᠷᠮᠢᠴᠡ ᠴᠢᠳᠠᠮᠵᠢ᠎ᠲᠠᠢ᠃ ᠨᠢᠭᠡ ᠢᠷᠭᠡᠨ ᠠᠳᠠᠯᠢ ᠴᠠᠭ ᠡᠷᠢᠨ᠎ᠳᠤ ᠬᠤᠶᠠᠷ ᠠᠳᠠᠯᠢ ᠪᠤᠰᠤ ᠪᠡᠶ᠎ᠡ ᠭᠠᠷᠤᠯ᠎ᠲᠠᠢ ᠪᠠᠢ᠌ᠵᠤ ᠪᠤᠯᠬᠤ ᠦᠭᠡᠢ᠃ ᠡᠢ᠌ᠮᠦ᠎ᠠᠴᠠ ᠳᠠᠭ᠋ᠠᠳᠬᠠᠯ ᠳᠠᠪᠬᠤᠷᠳᠠᠭᠤᠯᠤᠨ ᠠᠪᠴᠤ ᠪᠤᠯᠬᠤ ᠦᠭᠡᠢ᠂ ᠳᠠᠭ᠋ᠠᠳᠬᠠᠯ ᠳᠠᠪᠬᠤᠷᠳᠠᠭᠰᠠᠨ ᠴᠦ᠍ ᠭᠡᠰᠡᠨ ᠬᠤᠶᠠᠷ ᠬᠤᠪᠢ ᠤᠯᠭᠤᠮᠵᠢ ᠠᠪᠴᠤ ᠪᠤᠯᠬᠤ ᠦᠭᠡᠢ  ; ᠠᠳᠠᠯᠢ ᠪᠤᠰᠤ ᠴᠠᠭ ᠡᠷᠢᠨ᠎ᠳᠤ᠂ ᠨᠢᠭᠡ ᠢᠷᠭᠡᠨ ᠬᠦᠮᠦᠨ ᠪᠡᠶ᠎ᠡ ᠭᠠᠷᠤᠯ᠎ᠤᠨ ᠬᠤᠪᠢᠷᠠᠯᠲᠠ᠎ᠠᠴᠠ᠎ᠪᠠᠨ ᠪᠤᠯᠵᠤ ᠬᠤᠶᠠᠷ ᠲᠦᠷᠦᠯ᠎ᠤᠨ ᠪᠠᠢ᠌ᠭᠤᠯᠤᠯ᠎ᠳᠤ ᠨᠡᠢ᠌ᠭᠡᠮ᠎ᠤᠨ ᠳᠠᠭ᠋ᠠᠳᠬᠠᠯ ᠵᠶ᠋ᠠᠨ ᠰᠤᠯᠢᠵᠤ ᠪᠤᠯᠤᠨ᠎ᠠ᠃ ᠬᠤᠪᠢ ᠬᠦᠮᠦᠨ᠎ᠤ ᠪᠠᠩᠬᠢ ᠵᠢᠨ ᠲᠠᠩᠰᠠᠨ᠎ᠳᠠᠬᠢ ᠮᠦᠩᠭᠦ᠎ᠪᠠᠨ ᠪᠠᠲᠤᠯᠠᠬᠤ ᠵᠢᠨ ᠳᠡᠭᠡᠷ᠎ᠡ ᠨᠢᠭᠡ ᠪᠠᠢ᠌ᠭᠤᠯᠤᠯ᠎ᠳᠠᠬᠢ ᠲᠦᠯᠦᠪᠦᠷᠢ ᠲᠦᠯᠦᠭᠰᠡᠨ ᠤᠨ᠎ᠤ ᠬᠢᠵᠠᠭ᠋ᠠᠷᠯᠠᠯ ᠵᠶ᠋ᠠᠨ ᠨᠦᠭᠦᠭᠡ ᠪᠠᠢ᠌ᠭᠤᠯᠤᠯ᠎ᠤᠨ ᠤᠨ᠎ᠤ ᠬᠢᠵᠠᠭ᠋ᠠᠷᠯᠠᠯ ᠪᠤᠯᠭ᠋ᠠᠨ ᠨᠤᠭᠤᠯᠤᠨ ᠪᠤᠳᠤᠵᠤ ᠪᠤᠯᠤᠨ᠎ᠠ᠃
 )

ᠤᠷᠴᠢᠭᠤᠯᠤᠬ᠍ᠴᠢ ᠵᠢᠨ ᠬᠠᠶᠢᠭ᠄ ᠦᠪᠤᠷ ᠮᠤᠡᠭᠭᠤᠯ᠎ᠤᠨ ᠰᠤᠷᠭ᠋ᠠᠨ ᠬᠦᠮᠦᠵᠢᠯ᠎ᠤᠨ ᠬᠡᠪᠯᠡᠯ᠎ᠤᠨ ᠬᠤᠷᠢᠶ᠎ᠠ  

ᠢᠷᠡᠯᠲᠡ᠄ ᠰᠢᠨ᠎ᠡ ᠡᠵᠡᠩᠨᠡᠯᠲᠡ ᠵᠢᠨ ᠨᠡᠢ᠌ᠭᠡᠮ᠎ᠤᠨ ᠪᠠᠲᠤᠯᠠᠪᠤᠷᠢ ᠵᠢ 《ᠨᠠᠢ᠌ᠳᠠᠪᠤᠷᠢᠵᠢᠭᠤᠯᠬᠤ ᠦᠭᠡᠢ》 ᠪᠠᠢ᠌ᠵᠤ ᠪᠤᠯᠬᠤ ᠦᠭᠡᠢ
          
ᠬᠠᠮᠢᠶ᠎ᠡ ᠪᠦᠬᠦᠢ ᠰᠣᠨᠢᠨ
ᠠᠷᠠᠳ᠎ᠤᠨ ᠠᠮᠢᠳᠤᠷᠠᠯ᠎ᠤᠨ ᠪᠠᠳᠤᠯᠠᠭ᠎ᠠ ᠪᠤᠯ ᠲᠤᠮᠳᠠᠳᠤ ᠤᠯᠤᠰ᠎ᠤᠨ ᠤᠨᠴᠠᠯᠢᠭ᠎ᠲᠠᠢ ᠨᠡᠢ᠌ᠬᠡᠮ ᠵᠢᠷᠤᠮ᠎ᠤᠨ ᠴᠢᠬᠤᠯᠨ ᠪᠦᠷᠢᠯᠳᠤᠬᠦᠨ ᠮᠥᠨ
《ᠨᠠᠰᠤᠵᠢᠯ᠎ᠤᠨ ᠪᠠᠢ᠌ᠭᠤᠯᠤᠮᠵᠢ ᠵᠢᠨ ᠬᠠᠮᠢᠶᠠᠷᠤᠯᠳᠠ ᠵᠢᠨ ᠠᠷᠭ᠎ᠠ》 ᠵᠢ ᠨᠡᠮᠡᠨ ᠵᠠᠰᠠᠬᠰᠠᠨ ᠬᠠᠤᠯᠢ ᠲᠤᠬᠳᠠᠭ᠋ᠠᠬᠤ ᠤᠢ᠌ᠯᠠᠭ᠋ᠠᠬᠳᠠᠬᠤᠨ ᠪᠠ ᠦᠨᠳᠤᠰᠤᠨ ᠰᠡᠳᠬᠢᠮᠵᠢ ᠵᠢᠨ ᠲᠤᠬᠠᠢ ᠲᠠᠢ᠌ᠯᠤᠮᠵᠢ
ᠰᠢᠨ᠎ᠡ ᠤᠢ᠍ᠢ᠍ᠯᠠᠭ᠋ᠠᠭᠳᠠᠬᠤᠨ᠎ᠢ ᠳᠤᠭᠤᠰᠢᠯᠠᠭᠤᠯᠵᠤ ᠰᠢᠨ᠎ᠡ ᠠᠮᠵᠢᠯᠲᠠ ᠪᠦᠲᠦᠮᠵᠢ ᠵᠢ ᠡᠭᠦᠳᠤᠶ᠎ᠠ
ᠣᠯᠣᠰ᠎ᠤᠨ ᠨᠡᠢ᠌ᠳᠡᠮ ᠬᠡᠷᠡᠭᠯᠡᠬᠦ ᠦᠬᠡ ᠬᠡᠯᠨ ᠦᠰᠦᠭ ᠪᠢᠴᠢᠭ᠎ᠢ ᠰᠤᠷᠤᠯᠴᠠᠨ ᠬᠡᠷᠡᠭᠯᠡᠬᠦ ᠵᠢ ᠬᠠᠤᠯᠢ ᠶᠤᠰᠤᠭ᠋ᠠᠷ ᠠᠬᠢᠭᠤᠯᠬᠤ ᠵᠢ ᠪᠠᠷᠢᠮᠳᠠᠯᠠᠰᠤᠭ᠋ᠠᠢ
ᠤᠯᠤᠰ᠎ᠤᠨ ᠨᠡᠢ᠌ᠳᠡᠮ ᠬᠡᠷᠡᠭᠯᠡᠬᠦ ᠦᠬᠡ ᠬᠡᠯᠨ ᠦᠰᠦᠭ ᠪᠢᠴᠢᠭ᠎ᠢ ᠰᠠᠢ᠌ᠳᠤᠷ ᠰᠤᠷᠤᠯᠴᠠᠵᠤ ᠰᠠᠢ᠌ᠳᠤᠷ ᠬᠡᠷᠡᠭᠯᠡᠪᠡᠯ ᠰᠠᠶᠢ ᠲᠠᠰᠤᠷᠠᠯᠳᠠ ᠦᠬᠡᠢ ᠬᠦᠭᠵᠢᠨ ᠲᠠᠪᠰᠢᠵᠤ ᠴᠢᠳᠠᠨ᠎ᠠ
 
            