ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠡᠶ᠋ᠢᠭᠡᠮ ᠰᠡᠳᠬᠦᠯ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠢᠯᠡ ᠵᠠᠰᠠᠭ   -   ᠲᠥᠷᠥ᠎ᠶᠢᠨ ᠪᠣᠳᠣᠯᠭ᠎ᠠ᠎ᠶᠢᠨ ᠲᠠᠶ᠋ᠢᠯᠤᠮᠵᠢ
(ᠭᠤᠷᠪᠠ) ᠨᠠᠰᠤᠨ᠎ᠳᠤ ᠦᠯᠤ ᠬᠦᠷᠦᠭᠰᠡᠳ᠎ᠢ ᠲᠤᠰᠠᠯᠠᠨ ᠬᠠᠮᠠᠭ᠋ᠠᠯᠠᠬᠤ ᠪᠠᠢ᠌ᠭᠤᠯᠤᠮᠵᠢ ᠬᠡᠯᠪᠡᠷᠢ᠎ᠪᠠᠨ ᠬᠤᠪᠢᠷᠠᠭᠤᠯᠤᠨ ᠲᠡᠰ ᠲᠡᠪᠰᠢᠬᠦ ᠵᠢ ᠬᠡᠷᠬᠢᠨ ᠪᠡᠶᠡᠯᠡᠬᠦᠯᠬᠦ ᠪᠤᠢ
ᠨᠡᠶᠢᠲᠡᠯᠡᠭᠰᠡᠨ ᠴᠠᠭ᠄ 2021-10-19


ᠠᠰᠠᠭᠤᠯᠳᠠ᠄
   ᠪᠤᠰᠤᠳ ᠡᠳᠡᠬᠡᠳ᠎ᠲᠠᠢ ᠠᠳᠠᠯᠢᠳᠬᠠᠪᠠᠯ ᠨᠠᠰᠤᠨ᠎ᠳᠤ ᠦᠯᠤ ᠬᠦᠷᠦᠭᠰᠡᠳ᠎ᠢ ᠬᠠᠮᠠᠭ᠋ᠠᠯᠠᠬᠤ ᠠᠵᠢᠯ ᠵᠢ ᠤᠨᠴᠠᠭ᠋ᠠᠢ ᠰᠢᠨᠵᠢ ᠪᠤᠢ᠂ ᠬᠡᠷᠬᠢᠨ ᠲᠡᠳᠡᠨ᠎ᠤ ᠤᠨᠴᠠᠯᠢᠭ᠎ᠳᠤ ᠵᠤᠬᠢᠴᠠᠭᠤᠯᠵᠤ ᠨᠡᠡᠭ ᠲᠤᠰᠬᠠᠢ ᠮᠡᠷᠬᠡᠵᠢᠭᠰᠡᠨ ᠦᠢ᠍ᠯᠡᠴᠢᠯᠡᠬᠡ ᠬᠠᠡᠭᠭ᠋ᠠᠬᠤ ᠪᠤᠢ?

   ᠲᠠᠨ ᡁᠢ ᠴᠢᠶᠠᠡᠭ᠄ ᠨᠠᠰᠤᠨ᠎ᠳᠤ ᠦᠯᠤ ᠬᠦᠷᠦᠭᠰᠡᠳ᠎ᠤᠨ ᠪᠡᠶ᠎ᠡ ᠰᠡᠳᠬᠢᠴᠨ ᠵᠢᠨ ᠤᠨᠴᠠᠯᠢᠭ᠎ᠲᠤ ᠴᠢᠭᠯᠡᠬᠦᠯᠤᠨ ᠪᠢᠳᠡ ᠨᠡᠡᠭ ᠲᠤᠰᠬᠠᠢ ᠮᠡᠷᠬᠡᠵᠢᠭᠰᠡᠨ ᠦᠢ᠍ᠯᠡᠴᠢᠯᠡᠬᠡ ᠬᠠᠡᠭᠭ᠋ᠠᠬᠤ ᠪᠤᠯᠤᠨ᠎ᠠ᠃ ᠨᠢᠬᠡ᠎ᠳᠤ᠂ ᠵᠠᠰᠠᠭ᠎ᠤᠨ ᠤᠷᠳᠤᠨ ᠬᠤᠳᠠᠯᠳᠤᠨ ᠠᠪᠴᠤ ᠦᠭᠭᠦ  ᠲᠤᠰᠬᠠᠢ ᠮᠡᠷᠬᠡᠵᠢᠯ᠎ᠤᠨ ᠦᠢ᠍ᠯᠡᠴᠢᠯᠡᠬᠡᠨ᠎ᠤ ᠬᠡᠯᠪᠡᠷᠢ ᠵᠢ ᠠᠪᠴᠤ᠂ ᠲᠤᠰᠬᠠᠢ ᠮᠡᠷᠬᠡᠵᠢᠯ᠎ᠤᠨ ᠨᠡᠢ᠌ᠬᠡᠮ᠎ᠤᠨ ᠠᠵᠢᠯ᠎ᠤᠨ ᠪᠠᠢ᠌ᠭᠤᠯᠤᠮᠵᠢ ᠵᠢ ᠤᠷᠢᠨ ᠠᠪᠴᠢᠷᠠᠵᠤ᠂ 《ᠨᠠᠢ᠌ᠬᠡᠮ᠎ᠤᠨ ᠠᠵᠢᠯᠳᠠᠳ + ᠰᠠᠢ᠌ᠨ ᠲᠤᠷᠠᠴᠤᠤᠯ》 ᠡᠵᠡᠡᠭᠨᠡᠯᠳᠡ ᠵᠢᠨ ᠲᠤᠬᠳᠠᠯᠴᠠᠭ᠎ᠠ ᠵᠢ ᠬᠡᠷᠡᠭᠯᠡᠨ᠂  ᠲᠤᠰᠠᠯᠠᠮᠵᠢ ᠬᠦᠷᠳᠡᠭᠴᠢ ᠨᠠᠰᠤᠨ᠎ᠳᠤ ᠦᠯᠤ ᠬᠦᠷᠦᠭᠰᠡᠳ᠎ᠲᠤ ᠲᠤᠰᠬᠠᠢ ᠮᠡᠷᠬᠡᠵᠢᠯ᠎ᠤᠨ ᠨᠡᠢ᠌ᠬᠡᠮ᠎ᠤᠨ ᠠᠵᠢᠯᠳᠠᠳ ᠬᠠᠤᠯᠢ ᠴᠠᠭ᠋ᠠᠵᠨ ᠵᠢᠨ ᠬᠦᠮᠦᠵᠢᠯ ᠬᠢᠵᠤ᠂ ᠪᠤᠯᠬᠢ ᠠᠵᠢᠯᠯᠠᠭ᠎ᠠ ᠵᠢ᠎ᠨᠢ ᠵᠠᠯᠠᠷᠠᠭᠤᠯᠵᠤ ᠦᠭᠭᠦ ᠵᠢᠨ ᠬᠠᠮᠳᠤ 《ᠨᠢᠬᠡ ᠬᠦᠮᠦᠨ᠎ᠳᠤ ᠨᠢᠬᠡ ᠬᠦᠮᠦᠨ ᠵᠢᠯᠤᠭᠤᠳᠬᠤ》 ᠬᠡᠯᠪᠡᠷᠢ᠎ᠪᠠᠷ ᠲᠡᠳᠡᠨ᠎ᠳᠤ ᠰᠡᠳᠬᠢᠴᠨ ᠵᠢᠨ ᠵᠢᠯᠤᠭᠤᠳᠤᠯᠭ᠎ᠠ ᠬᠢᠵᠤ᠂ ᠠᠮᠢᠳᠤᠷᠠᠯ᠎ᠳᠤ᠎ᠨᠢ ᠡᠯᠢᠬᠡᠰᠡᠭ ᠲᠠᠭ᠋ᠠᠯᠠᠮᠵᠢᠳᠠᠢ ᠠᠰᠠᠷᠠᠨ ᠬᠠᠷᠠᠭ᠋ᠠᠯᠵᠠᠯᠠᠯ ᠪᠠ ᠬᠦᠮᠦᠯᠢᠭ ᠬᠠᠯᠠᠮᠵᠢ ᠬᠦᠷᠳᠡᠬᠡᠵᠤ᠂ ᠲᠤᠰᠠᠯᠠᠮᠵᠢ ᠬᠦᠷᠳᠡᠬᠦ ᠨᠠᠰᠤᠨ᠎ᠳᠤ ᠦᠯᠤ ᠬᠦᠷᠦᠭᠰᠡᠳ᠎ᠤᠨ ᠰᠡᠳᠬᠢᠴᠨ ᠵᠢᠨ ᠲᠠᠷᠤᠭ᠋ᠠᠰᠣ ᠵᠢ ᠬᠦᠡᠭᠭᠡᠯᠡᠨ᠎ᠡ᠃ ᠬᠤᠶᠠᠷ᠎ᠲᠤ᠂ ᠨᠠᠰᠤᠨ᠎ᠳᠤ ᠦᠯᠤ ᠬᠦᠷᠦᠭᠰᠡᠳ᠎ᠢ ᠬᠠᠮᠠᠭ᠋ᠠᠯᠠᠬᠤ ᠲᠤᠬᠠᠢ ᠤᠬᠠᠭᠤᠯᠭ᠎ᠠ᠎ᠪᠠᠨ ᠴᠢᠡᠭᠭ᠋ᠠᠳᠬᠠᠨ᠂ ᠨᠠᠰᠤᠨ᠎ᠳᠤ ᠦᠯᠤ ᠬᠦᠷᠦᠭᠰᠡᠳ᠎ᠢ ᠪᠦᠬᠦ ᠨᠡᠢ᠌ᠬᠡᠮ ᠵᠶ᠋ᠡᠷ ᠵᠶ᠋ᠡᠨ ᠬᠠᠯᠠᠮᠵᠢᠯᠠᠨ ᠬᠠᠢ᠌ᠷᠠᠯᠠᠬᠤ ᠦᠨᠢᠷ ᠦᠳᠬᠡᠨ ᠠᠭᠤᠷ ᠠᠮᠢᠰᠬᠤᠯ᠎ᠢ ᠪᠤᠢ ᠪᠤᠯᠭ᠋ᠠᠨ᠎ᠠ᠃ ᠨᠡᠢ᠌ᠬᠡᠮ᠎ᠤᠨ ᠵᠤᠬᠢᠶᠠᠨ ᠪᠠᠢ᠌ᠭᠤᠯᠤᠯᠳᠠ ᠵᠢ ᠢᠳᠡᠪᠬᠢᠳᠡᠢ ᠬᠦᠳᠤᠯᠤᠨ ᠲᠠᠭ᠋ᠠᠭᠤᠯᠵᠤ ᠪᠠᠢ᠌ᠭ᠋ᠠᠳ ᠨᠠᠰᠤᠨ᠎ᠳᠤ ᠦᠯᠤ ᠬᠦᠷᠦᠭᠰᠡᠳ᠎ᠢ ᠬᠠᠮᠠᠭ᠋ᠠᠯᠠᠨ ᠬᠠᠯᠠᠮᠵᠢᠯᠠᠬᠤ ᠠᠵᠢᠯᠯᠠᠭ᠋ᠠᠨ᠎ᠳᠤ ᠤᠷᠤᠯᠴᠠᠭᠤᠯᠤᠨ᠎ᠠ᠃ ᠭᠤᠷᠪᠠ᠎ᠳᠤ᠂ ᠡᠪ ᠬᠠᠮᠳᠤ ᠵᠠᠯᠠᠭᠤᠴᠤᠳ᠎ᠤᠨ ᠡᠪᠯᠡᠯ᠎ᠤᠨ ᠬᠦᠢ᠍ᠯᠢᠨ ᠬᠤᠳᠠ ᠵᠢᠨ ᠵᠦᠪᠯᠡᠯ᠎ᠯᠦᠭᠡ  ᠦᠷᠬᠦᠯᠵᠢᠯᠡᠨ ᠬᠠᠮᠳᠤᠷᠠᠯᠴᠠᠵᠤ᠂ 12355 ᠵᠠᠯᠠᠭᠤᠴᠤᠳ ᠪᠠᠭ᠋ᠠᠴᠤᠤᠨ᠎ᠤᠨ ᠦᠢ᠍ᠯᠡᠴᠢᠯᠡᠬᠡᠨ᠎ᠤ ᠲᠠᠪᠴᠠᠡᠭ᠎ᠢ ᠰᠠᠢ᠌ᠳᠤᠷ ᠠᠰᠢᠬᠯᠠᠨ ᠨᠡᠢ᠌ᠬᠡᠮ᠎ᠤᠨ ᠠᠵᠢᠯ᠎ᠤᠨ ᠪᠠᠢ᠌ᠭᠤᠯᠤᠮᠵᠢ ᠵᠢ ᠵᠢᠯᠤᠭᠤᠳᠴᠤ ᠪᠠᠢ᠌ᠭ᠋ᠠᠳ ᠰᠤᠷᠭ᠋ᠠᠭᠤᠯᠢ ᠪᠤᠯᠤᠨ ᠨᠡᠢ᠌ᠬᠡᠮ ᠲᠤᠭᠤᠷᠢᠭ᠎ᠲᠤ ᠬᠦᠨᠵᠡᠬᠡᠢ᠌ᠷᠡᠬᠦᠯᠤᠨ ᠨᠠᠰᠤᠨ᠎ᠳᠤ ᠦᠯᠤ ᠬᠦᠷᠦᠭᠰᠡᠳ᠎ᠢ ᠬᠠᠮᠠᠭ᠋ᠠᠯᠠᠬᠤ ᠤᠯᠠᠨ ᠶᠡᠡᠭᠵᠤ ᠵᠢᠨ ᠠᠵᠢᠯᠯᠠᠭ᠋ᠠᠨ ᠦᠷᠨᠢᠬᠦᠯᠵᠤ᠂ ᠨᠠᠰᠤᠨ᠎ᠳᠤ ᠦᠯᠤ ᠬᠦᠷᠦᠭᠰᠡᠳ᠎ᠤᠨ ᠦᠪᠡᠷ᠎ᠢ᠎ᠪᠠᠨ ᠬᠠᠮᠠᠭ᠋ᠠᠯᠠᠬᠤ ᠤᠮᠠᠬᠰᠠᠷ᠎ᠢ ᠲᠡᠭᠡᠭᠰᠢᠯᠡᠬᠦᠯᠤᠨ᠎ᠡ᠃ ᠲᠦᠷᠪᠡ᠎ᠳᠤ᠂ ᠬᠦᠢ᠍ᠯᠢᠨ ᠬᠤᠳᠠ ᠵᠢᠨ ᠡᠯᠪᠡᠭ ᠪᠠᠶᠠᠯᠢᠭ ᠪᠠᠢ᠌ᠭ᠋ᠠᠯᠢ ᠵᠢᠨ ᠡᠬᠢ ᠰᠤᠷᠪᠤᠯᠵᠢ ᠪᠠ ᠬᠤᠪᠢᠰᠬᠠᠯᠳᠤ ᠬᠦᠮᠦᠵᠢᠯ᠎ᠤᠨ ᠡᠬᠢ ᠰᠤᠷᠪᠤᠯᠵᠢ ᠵᠢ ᠠᠰᠢᠬᠯᠠᠨ᠂ ᠦᠢ᠍ᠯᠡᠴᠢᠯᠡᠬᠦ ᠠᠭᠤᠯᠭ᠎ᠠ᠎ᠪᠠᠨ ᠦᠷᠬᠡᠳᠬᠡᠨ᠂ ᠤᠯᠠᠨ ᠵᠦᠢ᠍ᠯ᠎ᠤᠨ ᠬᠡᠯᠪᠡᠷᠢ᠎ᠪᠠᠷ ᠨᠡᠢ᠌ᠬᠡᠮ ᠵᠢᠷᠤᠮ᠎ᠤᠨ ᠭᠤᠤᠯᠯᠠᠬ᠍ᠴᠢ ᠦᠷᠳᠡᠭ᠎ᠤᠨ ᠦᠵᠡᠯᠳᠡ ᠵᠢᠨ ᠬᠦᠮᠤᠵᠢᠯ᠂ ᠣᠯᠣᠰ ᠵᠶ᠋ᠡᠨ ᠬᠠᠢ᠌ᠷᠠᠯᠠᠬᠤ ᠬᠦᠮᠦᠵᠢᠯ᠂ ᠨᠡᠢ᠌ᠳᠡᠴᠢ ᠦᠵᠡᠯ᠎ᠤᠨ ᠬᠦᠮᠤᠵᠢᠯ᠂ ᠨᠠᠮ᠎ᠤᠨ ᠲᠡᠤᠬᠡ ᠵᠢᠨ ᠰᠤᠷᠤᠯᠴᠠᠯᠭ᠎ᠠ ᠬᠦᠮᠦᠵᠢᠯ ᠵᠡᠷᠬᠡ ᠵᠢ ᠲᠤᠰᠠᠯᠠᠮᠵᠢ ᠬᠦᠷᠳᠡᠭᠴᠢ ᠨᠠᠰᠤᠨ᠎ᠳᠤ ᠦᠯᠤ ᠬᠦᠷᠦᠭᠰᠡᠳ᠎ᠤᠨ 《ᠶᠤᠰᠤ ᠰᠤᠷᠳᠠᠬᠤᠨ᠂ ᠤᠶᠤᠨ ᠤᠬᠠᠭ᠋ᠠᠨ᠂ ᠪᠡᠶ᠎ᠡ ᠮᠠᠬᠠᠪᠤᠳ᠂ ᠭᠤᠸ᠎ᠠ ᠰᠠᠢ᠌ᠬᠠᠨ》᠎ᠤ ᠬᠦᠮᠦᠵᠢᠯ᠎ᠤᠨ ᠬᠦᠷᠢᠶ᠎ᠡ ᠴᠠᠷᠠᠭ᠎ᠠ᠎ᠳᠤ ᠤᠷᠤᠭᠤᠯᠬᠤ ᠪᠤᠯᠤᠨ᠎ᠠ᠃

    ᠯᠢ ᠶᠦᠨ ᠵᠦᠡᠭ᠄ ᠨᠠᠰᠤᠨ᠎ᠳᠤ ᠦᠯᠤ ᠬᠦᠷᠦᠭᠰᠡᠳ᠎ᠢ ᠬᠠᠮᠠᠭ᠋ᠠᠯᠠᠬᠤ ᠠᠵᠢᠯ᠎ᠤᠨ ᠦᠷᠳᠡᠬᠡ᠎ᠪᠠᠷ ᠬᠦᠰᠢᠬᠦᠷᠬᠡ ᠪᠤᠯᠭ᠋ᠠᠨ ᠦᠨᠳᠤᠰᠤᠨ ᠱᠠᠳᠤᠨ᠎ᠤ ᠦᠢ᠍ᠯᠡᠴᠢᠯᠡᠬᠡᠨ᠎ᠤ ᠰᠢᠰᠲᠸᠮ᠎ᠢ ᠲᠡᠬᠦᠯᠳᠡᠷᠵᠢᠬᠦᠯᠤᠨ᠎ᠡ᠃ ᠬᠦᠴᠢᠷᠳᠡᠯ᠎ᠳᠤ ᠲᠤᠯᠭ᠋ᠠᠷᠠᠬᠰᠠᠨ ᠨᠠᠰᠤᠨ᠎ᠳᠤ ᠦᠯᠤ ᠬᠦᠷᠦᠭᠰᠡᠳ᠎ᠢ ᠤᠯᠵᠤ ᠮᠡᠳᠡᠪᠡᠯ ᠮᠡᠳᠡᠬᠦᠯᠬᠦ᠂ ᠴᠠᠭ ᠲᠠᠷᠤᠢ᠎ᠳᠤ᠎ᠨᠢ ᠭᠠᠷ ᠲᠦᠷᠤᠬᠦ ᠪᠠ ᠨᠡᠬᠡᠮᠵᠢᠯᠡᠨ ᠰᠤᠷᠪᠤᠯᠵᠢᠯᠠᠬᠤ ᠵᠡᠷᠬᠡ ᠠᠰᠠᠭᠤᠳᠠᠯ ᠨᠠᠰᠤᠨ᠎ᠳᠤ ᠦᠯᠤ ᠬᠦᠷᠦᠭᠰᠡᠳ᠎ᠤᠨ ᠠᠵᠢᠯ᠎ᠢ ᠤᠷᠳᠤ ᠬᠤᠭᠤᠴᠠᠭ᠎ᠠ᠎ᠪᠠᠷ ᠨᠦᠯᠦᠬᠡᠯᠡᠭᠰᠡᠬᠡᠷ ᠢᠷᠡᠪᠡ᠃ ᠰᠢᠨ᠎ᠡ᠎ᠪᠠᠷ ᠵᠠᠰᠠᠪᠤᠷᠢ ᠤᠷᠤᠭᠤᠯᠤᠬᠰᠠᠨ 《ᠨᠠᠰᠤᠨ᠎ᠳᠤ ᠦᠯᠤ ᠬᠦᠷᠦᠭᠰᠡᠳ᠎ᠢ ᠬᠠᠮᠠᠭ᠋ᠠᠯᠠᠬᠤ ᠬᠠᠤᠯᠢ》᠎ᠳᠤ  ᠰᠢᠶᠠᠡᠭ ᠪᠠᠯᠭ᠋ᠠᠰᠤ (ᠵᠡᠬᠡᠯᠢ ᠭᠤᠳᠤᠮᠵᠢ) ᠵᠢᠨ ᠲᠠᠪᠬᠤᠷᠭ᠎ᠠ᠎ᠠᠴᠠ ᠨᠠᠰᠤᠨ᠎ᠳᠤ ᠦᠯᠤ ᠬᠦᠷᠦᠭᠰᠡᠳ᠎ᠢ ᠬᠠᠮᠠᠭ᠋ᠠᠯᠠᠬᠤ ᠠᠵᠢᠯ᠎ᠤᠨ ᠦᠷᠳᠡᠬᠡ ᠪᠠᠢ᠌ᠭᠤᠯᠬᠤ ᠬᠡᠷᠡᠭᠳᠡᠢ ᠭᠡᠵᠤ ᠲᠤᠷᠠᠳᠤᠬᠰᠠᠨ ᠪᠠᠢ᠌ᠳᠠᠭ᠂ ᠡᠨᠡ᠎ᠨᠢ ᠨᠠᠰᠤᠨ᠎ᠳᠤ ᠦᠯᠤ ᠬᠦᠷᠦᠭᠰᠡᠳ᠎ᠢ ᠬᠠᠮᠠᠭ᠋ᠠᠯᠠᠬᠤ ᠠᠵᠢᠯ ᠦᠨᠳᠤᠰᠤᠨ ᠱᠠᠳᠤᠨ᠎ᠳᠤ  ᠲᠦᠰᠢᠭ᠎ᠲᠠᠢ ᠪᠤᠯᠵᠤ᠂ ᠨᠠᠰᠤᠨ᠎ᠳᠤ ᠦᠯᠤ ᠬᠦᠷᠦᠭᠰᠡᠳ᠎ᠤᠨ ᠠᠵᠢᠯ ᠦᠨᠳᠤᠰᠤᠨ ᠱᠠᠳᠤᠨ᠎ᠳᠤ ᠪᠠᠭᠤᠷᠠᠢ ᠪᠠᠢ᠌ᠬᠰᠠᠨ ᠠᠰᠠᠭᠤᠳᠠᠯ᠎ᠢ ᠪᠦᠳᠦᠮᠵᠢᠳᠡᠢ ᠰᠢᠢ᠍ᠳᠪᠤᠷᠢᠯᠡᠬᠦ ᠪᠤᠯᠤᠨ᠎ᠠ᠃ ᠨᠠᠰᠤᠨ᠎ᠳᠤ ᠦᠯᠤ ᠬᠦᠷᠦᠭᠰᠡᠳ᠎ᠢ ᠬᠠᠮᠠᠭ᠋ᠠᠯᠠᠬᠤ ᠦᠷᠳᠡᠭᠡ᠎ᠨᠢ ᠡᠬᠢ ᠪᠠᠶᠠᠯᠢᠭ᠎ᠢ ᠬᠠᠮᠳᠤ᠎ᠪᠠᠷ ᠡᠳ᠋ᠯᠡᠬᠦ ᠠᠵᠢᠯ᠎ᠤᠨ ᠰᠡᠳᠬᠢᠮᠵᠢ ᠶᠤᠰᠤᠭ᠋ᠠᠷ ᠡᠯ᠎ᠡ ᠭᠠᠵᠠᠷ᠎ᠤᠨ ᠨᠡᠢ᠌ᠬᠡᠮ᠎ᠤᠨ ᠠᠵᠢᠯ᠎ᠤᠨ ᠦᠷᠳᠡᠬᠡ᠂ ᠬᠡᠤᠬᠡᠳ᠎ᠤᠨ ᠬᠡᠷ ᠵᠡᠷᠬᠡ ᠲᠠᠯᠠᠪᠤᠷ᠎ᠢ ᠨᠡᠢ᠌ᠳᠬᠡᠨ᠂ ᠬᠡᠤᠬᠡᠳ᠎ᠢ ᠱᠠᠭ᠋ᠠᠷᠳᠠᠨ ᠵᠢᠯᠤᠭᠤᠳᠤᠬ᠍ᠴᠢ᠂ ᠨᠡᠢ᠌ᠬᠡᠮ᠎ᠤᠨ ᠠᠵᠢᠯᠳᠠᠳ᠂ ᠰᠠᠢ᠌ᠨ ᠲᠤᠷᠠᠴᠤᠤᠯ ᠵᠡᠷᠬᠡ ᠡᠯ᠎ᠡ ᠲᠠᠯ᠎ᠠ ᠵᠢᠨ ᠬᠦᠴᠤᠨ᠎ᠢ ᠬᠤᠷᠠᠮᠳᠤᠭᠤᠯᠵᠤ᠂ ᠦᠢ᠍ᠯᠡᠴᠢᠯᠡᠬᠡ ᠵᠢ ᠦᠨᠡᠨ ᠬᠦ᠌ ᠦᠨᠳᠤᠰᠤᠨ ᠱᠠᠳᠤᠨ᠎ᠳᠤ ᠪᠠᠭᠤᠯᠭ᠋ᠠᠨ᠂ ᠨᠠᠰᠤᠨ᠎ᠳᠤ ᠦᠯᠤ ᠬᠦᠷᠦᠭᠰᠡᠳ᠎ᠲᠤ ᠪᠠᠢ᠌ᠡᠭᠭᠤ ᠵᠢᠨ ᠴᠢᠨᠠᠷᠳᠠᠢ ᠬᠠᠯᠠᠮᠵᠢ ᠦᠢ᠍ᠯᠡᠴᠢᠯᠡᠬᠡ ᠬᠠᠡᠭᠭ᠋ᠠᠵᠤ᠂ ᠬᠤᠳᠠ᠂ ᠰᠢᠶᠠᠨ᠂ ᠰᠢᠶᠡᠡᠭ ᠪᠠᠯᠭ᠋ᠠᠰᠤ (ᠵᠡᠬᠡᠯᠢ ᠭᠤᠳᠤᠮᠵᠢ ᠵᠢᠨ ᠬᠡᠷᠡᠭ ᠡᠷᠬᠢᠯᠡᠬᠦ ᠭᠠᠵᠠᠷ) ᠭᠤᠷᠪᠠᠨ ᠱᠠᠳᠤᠨ᠎ᠤ ᠨᠠᠰᠤᠨ᠎ᠳᠤ ᠦᠯᠤ ᠬᠦᠷᠦᠭᠰᠡᠳ᠎ᠢ ᠬᠠᠮᠠᠭ᠋ᠠᠯᠠᠬᠤ ᠠᠵᠢᠯ᠎ᠤᠨ ᠵᠢᠬᠰᠠᠭ᠋ᠠᠯ᠎ᠢ ᠪᠠᠢ᠌ᠭᠤᠯᠤᠨ᠂ ᠲᠡᠰ ᠲᠠᠪᠬᠤᠷᠭ᠎ᠠ ᠲᠤᠳᠤᠷᠬᠠᠢ᠂ ᠲᠡᠬᠡᠳᠤ ᠲᠤᠤᠷᠠᠳᠤ ᠱᠠᠳᠤ ᠬᠤᠯᠪᠤᠭ᠋ᠠᠯᠠᠨ ᠬᠦᠳᠡᠯᠤᠯᠴᠡᠭᠰᠡᠨ ᠨᠠᠰᠤᠨ᠎ᠳᠤ ᠦᠯᠤ ᠬᠦᠷᠦᠭᠰᠡᠳ᠎ᠢ ᠬᠠᠮᠠᠭ᠋ᠠᠯᠠᠬᠤ ᠲᠤᠤᠷᠵᠢᠯ᠎ᠢ ᠪᠠᠢ᠌ᠭᠤᠯᠤᠨ᠎ᠠ᠃

    ᠯᠢᠤᠢ ᠵᠢᠡᠭ ᠬᠤᠸᠨ᠄ ᠨᠠᠰᠤᠨ᠎ᠳᠤ ᠦᠯᠤ ᠬᠦᠷᠦᠭᠰᠡᠳ᠎ᠲᠤ ᠬᠠᠮᠤᠭ᠎ᠠᠴᠠ ᠠᠰᠢᠬᠳᠠᠢ ᠵᠠᠷᠴᠢᠮ᠎ᠢ ᠪᠠᠷᠢᠮᠳᠠᠯᠠᠨ ᠦᠢ᠍ᠯᠡᠴᠢᠯᠡᠬᠡ ᠬᠠᠡᠭᠭ᠋ᠠᠬᠤ ᠶᠠᠪᠤᠴᠨ᠎ᠪᠠᠷ ᠨᠠᠰᠤᠨ᠎ᠳᠤ ᠦᠯᠤ ᠬᠦᠷᠦᠭᠰᠡᠳ᠎ᠢ ᠤᠷᠢᠳ ᠵᠶ᠋ᠡᠷ ᠬᠠᠮᠠᠭ᠋ᠠᠠᠯᠠᠬᠤ ᠪᠦᠬᠡᠳ ᠤᠨᠴᠠᠭ᠋ᠠᠢ ᠬᠠᠮᠠᠭ᠋ᠠᠯᠠᠯ ᠦᠵᠡᠬᠦᠯᠤᠨ᠂ ᠨᠠᠰᠤᠨ᠎ᠳᠤ ᠦᠯᠤ ᠬᠦᠷᠦᠭᠰᠡᠳ᠎ᠤᠨ ᠨᠡᠷ᠎ᠡ ᠬᠦᠨᠳᠤ ᠪᠠ ᠨᠢᠭᠤᠴᠨ ᠵᠢᠨ ᠡᠷᠬᠡ ᠵᠢ ᠬᠦᠨᠳᠤᠳᠬᠡᠨ᠂ ᠨᠠᠰᠤᠨ᠎ᠳᠤ ᠦᠯᠤ ᠬᠦᠷᠦᠭᠰᠡᠳ᠎ᠤᠨ ᠪᠡᠶ᠎ᠡ ᠰᠡᠳᠬᠢᠴᠨ ᠵᠢᠨ ᠤᠨᠴᠠᠯᠢᠭ᠎ᠲᠤ ᠵᠤᠬᠢᠴᠠᠭᠤᠯᠵᠤ᠂ ᠨᠠᠰᠤᠨ᠎ᠳᠤ ᠦᠯᠤ ᠬᠦᠷᠦᠭᠰᠡᠳ᠎ᠤᠨ ᠰᠠᠨᠠᠯ᠎ᠢ ᠬᠦᠢ᠍ᠴᠡᠳ ᠰᠤᠨᠤᠰᠬᠤ ᠬᠡᠷᠡᠭᠳᠡᠢ᠃ ᠬᠤᠶᠠᠷ᠎ᠲᠤ᠂ ᠲᠤᠰᠬᠠᠢ ᠮᠡᠷᠬᠡᠵᠢᠯ᠎ᠤᠨ ᠴᠢᠳᠠᠪᠤᠷᠢᠳᠠᠨ ᠲᠤᠰᠬᠠᠢ ᠮᠡᠷᠬᠡᠵᠢᠯ᠎ᠤᠨ ᠦᠢ᠍ᠯᠡᠴᠢᠯᠡᠬᠡ ᠬᠠᠡᠭᠭ᠋ᠠᠨ᠎ᠠ᠃ ᠨᠠᠰᠤᠨ᠎ᠳᠤ ᠦᠯᠤ ᠬᠦᠷᠦᠭᠰᠡᠳ᠎ᠢ ᠲᠤᠰᠠᠯᠠᠨ ᠬᠠᠮᠠᠭ᠋ᠠᠯᠠᠬᠤ ᠪᠠᠢ᠌ᠭᠤᠯᠤᠮᠵᠢ ᠤᠷᠢᠵᠤ ᠡᠯᠰᠡᠬᠦ ᠪᠤᠶᠤ ᠵᠠᠰᠠᠭ᠎ᠤᠨ ᠤᠷᠳᠤᠨ ᠬᠤᠳᠠᠯᠳᠤᠨ ᠠᠪᠴᠤ ᠦᠭᠭᠦ ᠵᠡᠷᠬᠡ ᠠᠷᠭ᠎ᠠ ᠬᠡᠯᠪᠡᠷᠢ᠎ᠪᠠᠷ ᠨᠡᠢ᠌ᠬᠡᠮ᠎ᠤᠨ ᠠᠵᠢᠯᠳᠠᠳ᠂ ᠰᠡᠳᠬᠢᠴᠨ ᠵᠢᠨ ᠠᠰᠠᠭᠤᠨ ᠯᠠᠪᠯᠠᠯᠭ᠎ᠠ ᠬᠠᠡᠭᠭ᠋ᠠᠭᠴᠢ ᠵᠡᠷᠬᠡ ᠲᠤᠰᠬᠠᠢ ᠮᠡᠷᠬᠡᠵᠢᠯ᠎ᠤᠨ ᠴᠢᠳᠠᠪᠤᠷᠢᠳᠠᠨ᠎ᠢ ᠲᠠᠳᠠᠨ ᠤᠷᠤᠭᠤᠯᠵᠤ᠂ ᠲᠤᠰᠬᠠᠢ ᠮᠡᠷᠬᠡᠵᠢᠯ᠎ᠤᠨ ᠦᠢ᠍ᠯᠡᠴᠢᠯᠡᠬᠡ ᠬᠠᠡᠭᠭ᠋ᠠᠨ᠎ᠠ᠃ ᠭᠤᠷᠪᠠ᠎ᠳᠤ᠂ ᠪᠠᠷᠢᠮᠵᠢᠶᠠᠬᠰᠠᠨ ᠲᠦᠪᠰᠢᠨ ᠵᠶ᠋ᠡᠨ ᠲᠡᠭᠡᠭᠰᠢᠯᠡᠬᠦᠯᠤᠨ᠎ᠡ᠃ ᠨᠠᠰᠤᠨ᠎ᠳᠤ ᠦᠯᠤ ᠬᠦᠷᠦᠭᠰᠡᠳ᠎ᠢ ᠲᠤᠰᠠᠯᠠᠨ ᠬᠠᠮᠠᠭ᠋ᠠᠯᠠᠬᠤ ᠠᠵᠢᠯ᠎ᠢ ᠪᠠᠷᠢᠮᠵᠢᠶᠠᠵᠢᠭᠤᠯᠬᠤ ᠵᠢ ᠡᠬᠦᠳᠬᠦ ᠠᠵᠢᠯᠯᠠᠭ᠋ᠠᠨ ᠦᠷᠨᠢᠬᠦᠯᠬᠦ᠎ᠪᠠᠷ ᠲᠠᠮᠵᠢᠨ᠂ ᠦᠢ᠍ᠯᠡᠴᠢᠯᠡᠬᠡᠨ᠎ᠤ ᠠᠯᠬᠤᠮ ᠲᠠᠷᠠᠭ᠎ᠠ ᠪᠠ ᠦᠢ᠍ᠯᠡᠴᠢᠯᠡᠬᠡᠨ᠎ᠤ ᠠᠭᠤᠯᠭ᠎ᠠ ᠵᠢ ᠪᠠᠷᠢᠮᠵᠢᠶᠠᠵᠢᠭᠤᠯᠵᠤ᠂ ᠬᠦᠴᠢᠷᠳᠡᠯ᠎ᠳᠤ ᠲᠤᠯᠭ᠋ᠠᠷᠠᠬᠰᠠᠨ ᠨᠠᠰᠤᠨ᠎ᠳᠤ ᠦᠯᠤ ᠬᠦᠷᠦᠭᠰᠡᠳ᠎ᠢ ᠲᠤᠰᠬᠠᠢ ᠮᠡᠷᠬᠡᠵᠢᠯ᠎ᠤᠨ ᠪᠦᠳᠦᠮᠵᠢᠳᠡᠢ ᠲᠤᠰᠠᠯᠠᠮᠵᠢ ᠵᠢᠨ ᠦᠢ᠍ᠯᠡᠴᠢᠯᠡᠬᠡᠨ ᠬᠠᠡᠭᠭ᠋ᠠᠨ᠎ᠠ᠃

    ᠶᠠᠡᠭ ᠵᠢᠶᠦ᠋ᠨ᠄ ᠲᠤᠳᠤᠭ᠋ᠠᠳᠤ ᠬᠠᠮᠢᠶᠠᠷᠤᠯᠳᠠ ᠪᠠ ᠴᠢᠳᠠᠪᠤᠷᠢᠳᠠᠨ᠎ᠤ ᠡᠡᠭᠨᠡᠬᠡ ᠵᠢᠨ ᠪᠠᠢ᠌ᠭᠤᠯᠤᠯᠳᠠ᠎ᠪᠠᠨ ᠴᠢᠡᠭᠭ᠋ᠠᠳᠬᠠᠵᠤ᠂ ᠠᠵᠤ ᠠᠬᠤᠢ᠌ᠯᠠᠯ᠎ᠤᠨ ᠬᠦᠮᠦᠰ ᠲᠤᠰᠬᠠᠢ ᠮᠡᠷᠬᠡᠵᠢᠯ᠎ᠤᠨ ᠴᠤᠯᠨ ᠤᠯᠬᠤ ᠰᠢᠯᠭ᠋ᠠᠯᠳᠠ᠎ᠳᠤ ᠤᠷᠤᠯᠴᠠᠬᠤ ᠵᠢᠨ ᠵᠤᠷᠢᠬ᠍ᠵᠢᠭᠤᠯᠵᠤ᠂ ᠰᠢᠯᠭ᠋ᠠᠯᠳᠠ ᠵᠢ ᠲᠠᠪᠠᠬᠰᠠᠨ ᠠᠵᠢᠯᠳᠠᠳ᠎ᠢ ᠱᠠᠡᠭᠨᠠᠨ ᠬᠦᠬᠢᠬᠦᠯᠤᠨ᠎ᠡ᠃ ᠲᠠᠪᠳᠠᠨ ᠪᠤᠯᠪᠠᠰᠤᠷᠠᠭᠤᠯᠬᠤ ᠡᠷᠴᠢᠮ ᠵᠶ᠋ᠡᠨ ᠴᠢᠡᠭᠭ᠋ᠠᠷᠠᠭᠤᠯᠵᠤ᠂ ᠲᠤᠰᠬᠠᠢ ᠮᠡᠷᠬᠡᠵᠢᠯᠳᠡᠨ᠎ᠢ ᠵᠠᠯᠠᠵᠤ ᠬᠢᠴᠢᠶᠡᠯ ᠤᠷᠤᠭᠤᠯᠬᠤ᠂ ᠬᠡᠷᠡᠭ᠎ᠤᠨ ᠵᠢᠱ᠌ᠢᠶ᠎ᠡ ᠵᠢ ᠵᠠᠳᠠᠯᠬᠤ᠂ ᠤᠨᠴᠠᠭ᠋ᠠᠢ ᠵᠢᠱ᠌ᠢᠶ᠎ᠡ ᠵᠢ ᠬᠤᠪᠢᠶᠠᠯᠴᠠᠬᠤ ᠵᠡᠷᠬᠡ ᠬᠡᠯᠪᠡᠷᠢ᠎ᠪᠠᠷ ᠠᠵᠢᠯᠳᠠᠳ᠎ᠤᠨ ᠲᠤᠰᠬᠠᠢ ᠮᠡᠷᠬᠡᠵᠢᠯ᠎ᠤᠨ ᠲᠦᠪᠰᠢᠨ᠎ᠢ ᠲᠠᠰᠤᠷᠠᠯᠳᠠ ᠦᠬᠡᠢ ᠲᠡᠭᠡᠭᠰᠢᠯᠡᠬᠦᠯᠤᠨ᠎ᠡ᠃ ᠲᠤᠰᠬᠠᠢ ᠮᠡᠷᠬᠡᠵᠢᠯ᠎ᠤᠨ ᠨᠡᠢ᠌ᠬᠡᠮ᠎ᠤᠨ ᠠᠵᠢᠯᠳᠠᠨ ᠵᠶ᠋ᠡᠷ ᠨᠠᠰᠤᠨ᠎ᠳᠤ ᠦᠯᠤ ᠬᠦᠷᠦᠭᠰᠡᠳ᠎ᠲᠤ ᠰᠡᠳᠬᠢᠴᠨ ᠵᠢᠨ ᠲᠠᠢ᠌ᠳᠬᠤᠷᠠᠭᠤᠯᠤᠯ ᠬᠦᠷᠳᠡᠬᠡᠵᠤ᠂ ᠲᠡᠳᠡᠨ᠎ᠢ ᠬᠠᠪᠰᠤᠷᠤᠨ ᠬᠦᠮᠦᠰ᠎ᠤᠨ ᠬᠤᠭᠤᠷᠤᠨᠳᠤᠬᠢ ᠬᠠᠷᠢᠴᠠᠭ᠎ᠠ ᠵᠢ᠎ᠨᠢ ᠰᠢᠢ᠍ᠳᠪᠤᠷᠢᠯᠡᠨ᠂ ᠨᠠᠰᠤᠨ᠎ᠳᠤ ᠦᠯᠤ ᠬᠦᠷᠦᠭᠰᠡᠳ᠎ᠤᠨ ᠡᠷᠡᠬᠦᠯ ᠰᠠᠷᠠᠭᠤᠯ ᠦᠰᠤᠨ ᠪᠤᠢ᠌ᠵᠢᠯᠳᠠ᠎ᠳᠤ ᠲᠤᠰᠬᠠᠢ ᠮᠡᠷᠬᠡᠵᠢᠯ᠎ᠤᠨ ᠲᠤᠯᠭ᠋ᠠᠭᠤᠷᠢᠯᠠᠯ ᠬᠠᠡᠭᠭ᠋ᠠᠨ᠎ᠠ᠃

    ᠵᠤ᠌ ᠸᠸᠨ ᠰᠢᠶᠠᠡᠭ᠄ ᠬᠡᠤᠬᠡᠳ᠎ᠤᠨ ᠠᠰᠢᠭ ᠲᠤᠰᠨ ᠪᠤᠯ ᠬᠠᠮᠤᠭ᠎ᠤᠨ ᠲᠤᠮᠤ ᠬᠡᠮᠡᠬᠦ ᠰᠤᠶᠤᠯ᠎ᠤᠨ ᠤᠢ᠌ᠯᠠᠭ᠋ᠠᠬᠳᠠᠬᠤᠨ᠎ᠢ ᠪᠠᠳᠤ ᠴᠤᠬ᠍ᠴᠠᠯᠠᠨ᠂ ᠠᠵᠢᠯ᠎ᠤᠨ ᠪᠠᠢ᠌ᠳᠠᠯ᠎ᠢ ᠲᠤᠬᠳᠠᠬᠰᠠᠨ ᠬᠤᠭᠤᠴᠠᠭ᠎ᠠ᠎ᠲᠠᠢ᠎ᠪᠠᠷ ᠵᠠᠳᠠᠯᠤᠨ ᠰᠤᠳᠤᠯᠵᠤ᠂ ᠠᠵᠢᠯ᠎ᠤᠨ ᠲᠤᠳᠠᠭᠤᠳᠠᠯ ᠵᠶ᠋ᠡᠨ ᠡᠷᠢᠵᠤ᠂ ᠠᠵᠢᠯ᠎ᠤᠨ ᠠᠷᠭ᠎ᠠ ᠪᠠᠷᠢᠯ ᠵᠶ᠋ᠡᠨ ᠰᠢᠯᠢᠳᠡᠭᠵᠢᠬᠦᠯᠬᠦ ᠬᠡᠷᠡᠭᠳᠡᠢ᠃ ᠰᠤᠳᠤᠯᠤᠨ ᠪᠠᠢ᠌ᠴᠠᠭ᠋ᠠᠯᠳᠠ᠎ᠪᠠᠨ ᠴᠢᠡᠭᠭ᠋ᠠᠳᠬᠠᠵᠤ᠂ ᠲᠤᠰᠬᠤᠨ ᠲᠤᠭᠤᠢ᠌ᠯᠠᠡᠭ᠂ ᠨᠡᠢ᠌ᠬᠡᠮ ᠲᠤᠭᠤᠷᠢᠭ᠂ ᠦᠢ᠍ᠯᠡᠴᠢᠯᠡᠬᠡ ᠬᠦᠷᠳᠡᠭᠴᠢ ᠵᠢᠨ ᠬᠡᠷ ᠤᠷᠤᠨ ᠵᠶ᠋ᠡᠷ ᠪᠠᠢ᠌ᠡᠭᠭᠤ ᠬᠦᠨᠵᠡᠬᠡᠢ᠌ᠷᠡᠨ ᠬᠡᠷᠡᠭᠴᠡᠭᠡ ᠱᠠᠭ᠋ᠠᠷᠳᠠᠯᠭ᠎ᠠ ᠵᠢ᠎ᠨᠢ ᠠᠰᠠᠭᠤᠨ ᠰᠤᠷᠠᠵᠤ᠂ ᠨᠠᠰᠤᠨ᠎ᠳᠤ ᠦᠯᠤ ᠬᠦᠷᠦᠭᠰᠡᠳ᠎ᠤᠨ ᠡᠷᠡᠬᠦᠯ ᠰᠠᠷᠠᠭᠤᠯ ᠦᠰᠤᠨ ᠪᠤᠢ᠌ᠵᠢᠯᠳᠠ᠎ᠳᠤ ᠲᠡᠮᠵᠢᠯᠬᠡ ᠦᠵᠡᠬᠦᠯᠬᠦ ᠬᠡᠷᠡᠭᠳᠡᠢ᠃ ᠡᠬᠦᠨ᠎ᠤ ᠬᠠᠮᠳᠤ ᠦᠪᠡᠷ᠎ᠤᠨ ᠪᠠᠢ᠌ᠭᠤᠯᠤᠯᠳᠠ᠎ᠪᠠᠨ ᠴᠢᠡᠭᠭ᠋ᠠᠳᠬᠠᠨ᠂ ᠠᠶᠤᠯᠬᠦᠢ᠂ ᠵᠦᠢ ᠵᠤᠬᠢᠰᠳᠠᠢ᠂ ᠲᠦᠬᠦᠮ ᠲᠦᠳᠡ ᠵᠠᠷᠴᠢᠮ ᠵᠶ᠋ᠡᠷ ᠬᠠᠳᠠᠭᠤ ᠲᠤᠨᠤᠭ᠎ᠤᠨ ᠪᠡᠯᠡᠳᠬᠡᠯ ᠲᠦᠬᠦᠬᠡᠷᠤᠮᠵᠢ ᠵᠢᠨ ᠲᠦᠬᠦᠷᠵᠢᠭᠰᠡᠨ ᠪᠠᠢ᠌ᠳᠠᠯ᠎ᠢ ᠪᠦᠬᠦ ᠲᠠᠯ᠎ᠠ᠎ᠪᠠᠷ ᠪᠠᠢ᠌ᠴᠠᠭ᠋ᠠᠨ᠂ ᠨᠠᠰᠤᠨ᠎ᠤ ᠤᠨᠴᠠᠯᠢᠭ᠎ᠳᠤ᠎ᠨᠢ ᠵᠤᠬᠢᠴᠠᠭᠤᠯᠬᠤ ᠦᠬᠡᠷᠡᠴᠢᠯᠡᠯᠳᠡ ᠵᠢ ᠬᠡᠷᠡᠭᠵᠢᠬᠦᠯᠵᠤ᠂ ᠴᠢᠳᠠᠪᠬᠢᠳᠤ ᠪᠠᠭ᠋ᠠᠵᠢ ᠲᠤᠨᠤᠭ᠎ᠢ ᠲᠡᠬᠦᠯᠳᠡᠷᠵᠢᠬᠦᠯᠤᠨ᠂ ᠪᠠᠢ᠌ᠭᠤᠯᠤᠮᠵᠢ ᠵᠢᠨ ᠬᠡᠯᠪᠡᠷᠢ᠎ᠪᠠᠨ ᠬᠤᠪᠢᠷᠠᠭᠤᠯᠤᠨ ᠬᠦᠭᠵᠢᠬᠦ ᠬᠡᠷᠡᠭᠴᠡᠬᠡ ᠵᠢ ᠬᠠᠡᠭᠭ᠋ᠠᠬᠤ ᠬᠡᠷᠡᠭᠳᠡᠢ᠃ ᠴᠢᠮᠡᠬᠡ ᠵᠠᠡᠭᠭᠢᠴᠢᠯᠠᠬᠰᠠᠨ ᠪᠦᠳᠦᠬᠡᠨ ᠪᠠᠢ᠌ᠭᠤᠯᠤᠯᠳᠠ ᠵᠢ ᠴᠢᠡᠭᠭ᠋ᠠᠳᠬᠠᠵᠤ᠂ ᠲᠤᠭ᠎ᠠ ᠪᠠᠷᠢᠮᠳᠠ  ᠵᠢ ᠬᠦᠳᠡᠯᠤᠡᠭᠭᠦᠢ᠎ᠪᠠᠷ ᠰᠢᠨᠡᠳᠬᠡᠬᠦ ᠵᠢ ᠴᠢᠬᠤᠯᠠᠴᠢᠯᠠᠵᠤ᠂ ᠬᠠᠷᠢᠯᠴᠠᠨ ᠬᠤᠯᠪᠤᠭ᠋ᠠᠯᠠᠵᠤ ᠬᠠᠷᠢᠯᠴᠠᠨ ᠨᠡᠪᠳᠡᠷᠡᠯᠴᠡᠬᠦ ᠵᠢ ᠪᠡᠶᠡᠯᠡᠬᠦᠯᠤᠨ᠂ ᠡᠬᠢ ᠪᠠᠶᠠᠯᠢᠭ ᠵᠶ᠋ᠡᠨ ᠬᠠᠮᠳᠤ᠎ᠪᠠᠷ ᠡᠳ᠋ᠯᠡᠨ᠎ᠡ᠃ ᠲᠦᠷᠤ ᠵᠢᠨ ᠪᠤᠳᠤᠯᠭ᠎ᠠ ᠬᠠᠤᠯᠢ ᠲᠦᠷᠢᠮ᠎ᠤᠨ ᠪᠤᠯᠪᠠᠰᠤᠷᠠᠯ᠎ᠢ ᠵᠤᠬᠢᠶᠠᠨ ᠪᠠᠢ᠌ᠭᠤᠯᠤᠨ ᠦᠷᠨᠢᠬᠦᠯᠵᠤ᠂ ᠠᠵᠢᠯᠳᠠᠳ᠎ᠤᠨ ᠨᠠᠰᠤᠨ᠎ᠳᠤ ᠦᠯᠤ ᠬᠦᠷᠦᠭᠰᠡᠳ᠎ᠢ ᠬᠠᠮᠠᠭ᠋ᠠᠯᠠᠬᠤ ᠠᠵᠢᠯ᠎ᠢ ᠬᠢᠬᠦ ᠦᠵᠡᠯ ᠰᠠᠨᠠᠭ᠋ᠠᠨ᠎ᠤ ᠦᠪᠡᠷ᠎ᠤᠨ ᠤᠬᠠᠮᠰᠠᠷ ᠪᠠ ᠦᠢ᠍ᠯᠨ ᠠᠵᠢᠯᠯᠠᠭ᠎ᠠ ᠵᠢᠨ ᠦᠪᠡᠷ᠎ᠤᠨ ᠤᠬᠠᠮᠰᠠᠷ᠎ᠢ ᠬᠦᠳᠤᠯᠤᠨ ᠲᠡᠭᠡᠭᠰᠢᠯᠡᠬᠦᠯᠤᠨ᠎ᠡ᠃ ᠬᠠᠤᠯᠢ ᠴᠠᠭ᠋ᠠᠵᠨ᠂ ᠰᠡᠳᠬᠢᠴᠨ᠂ ᠨᠡᠢ᠌ᠬᠡᠮ᠎ᠤᠨ ᠠᠵᠢᠯ ᠵᠡᠷᠬᠡ ᠲᠠᠯ᠎ᠠ ᠵᠢᠨ ᠲᠤᠰᠬᠠᠢ ᠮᠡᠷᠬᠡᠵᠢᠯ᠎ᠤᠨ ᠴᠢᠳᠠᠪᠤᠷᠢᠳᠠᠨ᠎ᠢ ᠨᠦᠬᠦᠪᠤᠷᠢᠯᠡᠵᠤ᠂ ᠡᠡᠭᠨᠡᠬᠡᠨ᠎ᠤ ᠪᠦᠳᠤᠴᠨ ᠵᠢ ᠰᠢᠯᠢᠳᠡᠭᠵᠢᠬᠦᠯᠤᠨ᠂ ᠲᠤᠰᠬᠠᠢ ᠮᠡᠷᠬᠡᠵᠢᠯ᠎ᠤᠨ ᠦᠢ᠍ᠯᠡᠴᠢᠯᠡᠬᠡᠨ᠎ᠤ ᠴᠢᠳᠠᠪᠤᠷᠢ᠎ᠪᠠᠨ ᠲᠡᠭᠡᠭᠰᠢᠯᠡᠬᠦᠯᠵᠤ᠂ ᠠᠵᠢᠯᠳᠠᠳ᠎ᠤᠨ  ᠠᠤᠭ᠎ᠠ ᠬᠠᠢ᠌ᠷ᠎ᠠ ᠰᠡᠳᠬᠢᠯᠬᠡ ᠵᠢ ᠵᠤᠵᠠᠭ᠋ᠠᠳᠬᠠᠨ᠂ ᠦᠢ᠍ᠯᠡᠴᠢᠯᠡᠬᠡ ᠵᠢ ᠨᠡᠡᠭ ᠬᠠᠯᠠᠭᠤᠨ ᠲᠤᠯᠠᠭ᠋ᠠᠨ ᠪᠤᠯᠭ᠋ᠠᠨ᠎ᠠ᠃

    ᠵᠸᠡᠭ ᠶᠤᠸᠠᠨ᠄ ᠠᠷᠠᠳ᠎ᠤᠨ ᠶᠠᠪᠤᠳᠠᠯ᠎ᠤᠨ ᠶᠠᠮᠤᠨ ᠵᠡᠷᠬᠡ 14 ᠰᠠᠯᠠᠭ᠎ᠠ ᠮᠦᠴᠢᠷ ᠬᠤᠯᠪᠤᠭ᠋ᠠᠯᠠᠨ ᠤᠢ᠌ᠷ᠎ᠠ᠎ᠳᠤ 《ᠬᠡᠤᠬᠡᠳ᠎ᠤᠨ ᠠᠰᠠᠷᠠᠮᠵᠢ ᠵᠢᠨ ᠪᠠᠢ᠌ᠭᠤᠯᠤᠮᠵᠢ ᠵᠢ ᠰᠢᠯᠢᠳᠡᠭᠵᠢᠬᠦᠯᠤᠨ ᠴᠢᠨᠠᠷ᠎ᠢ᠎ᠨᠢ ᠲᠡᠭᠡᠭᠰᠢᠯᠡᠬᠦᠯᠬᠦ ᠪᠠ ᠰᠢᠨ᠎ᠡ ᠵᠢ ᠡᠬᠦᠳᠤᠨ ᠬᠡᠯᠪᠡᠷᠢ᠎ᠪᠠᠨ ᠬᠤᠪᠢᠷᠠᠭᠤᠯᠵᠤ ᠴᠢᠨᠠᠷᠯᠢᠭ ᠬᠦᠭᠵᠢᠯᠳᠡ ᠵᠢ ᠠᠬᠢᠭᠤᠯᠬᠤ ᠲᠤᠬᠠᠢ ᠰᠠᠨᠠᠯ》᠎ᠢ ᠲᠠᠷᠤᠮᠠᠯᠯᠠᠨ ᠲᠠᠷᠬᠠᠭ᠋ᠠᠵᠤ᠂ ᠰᠢᠶᠠᠨ᠎ᠤ ᠱᠠᠳᠤᠨ᠎ᠤ ᠠᠷᠠᠳ᠎ᠤᠨ ᠶᠠᠪᠤᠳᠠᠯ᠎ᠤᠨ ᠰᠠᠯᠠᠭ᠎ᠠ ᠮᠦᠴᠢᠷ᠎ᠤᠨ ᠨᠠᠰᠤᠨ᠎ᠳᠤ ᠦᠯᠤ ᠬᠦᠷᠦᠭᠰᠡᠳ᠎ᠢ ᠲᠤᠰᠠᠯᠠᠨ ᠬᠠᠮᠠᠭ᠋ᠠᠯᠠᠬᠤ ᠠᠵᠢᠯ᠎ᠤᠨ ᠦᠨᠳᠤᠰᠤᠨ᠎ᠠᠴᠠ᠎ᠨᠢ ᠪᠠᠳᠤᠯᠠᠬᠤ ᠡᠬᠦᠷᠬᠡ᠎ᠳᠤ ᠰᠢᠨᠵᠢᠯᠡᠬᠦ ᠤᠬᠠᠭ᠋ᠠᠨᠴᠢ ᠨᠢᠬᠡᠳᠤᠯᠳᠡᠢ ᠪᠠᠢ᠌ᠷᠢᠯᠠᠭᠤᠯᠤᠯᠳᠠ ᠬᠢᠭᠰᠡᠨ᠎ᠨᠢ ᠨᠠᠰᠤᠨ᠎ᠳᠤ ᠦᠯᠤ ᠬᠦᠷᠦᠭᠰᠡᠳ᠎ᠢ ᠲᠤᠰᠠᠯᠠᠨ ᠬᠠᠮᠠᠭ᠋ᠠᠠᠯᠠᠬᠤ ᠪᠠᠢ᠌ᠭᠤᠯᠤᠮᠵᠢ ᠵᠢᠨ ᠲᠤᠰᠬᠠᠢ ᠮᠡᠷᠬᠡᠵᠢᠯ᠎ᠤᠨ ᠲᠦᠪᠰᠢᠨ᠎ᠢ ᠪᠦᠳᠦᠮᠵᠢᠳᠡᠢ ᠲᠡᠭᠡᠭᠰᠢᠯᠡᠬᠦᠯᠬᠦ ᠪᠤᠯᠤᠨ᠎ᠠ᠃ ᠪᠢᠳᠡ ᠬᠤᠯᠪᠤᠬᠳᠠᠯ ᠪᠦᠬᠦᠢ ᠱᠠᠭ᠋ᠠᠷᠳᠠᠯᠭ᠎ᠠ ᠶᠤᠰᠤᠭ᠋ᠠᠷ 《ᠬᠡᠤᠬᠡᠳ᠎ᠤᠨ ᠠᠰᠠᠷᠠᠮᠵᠢ ᠵᠢᠨ ᠪᠠᠢ᠌ᠭᠤᠯᠤᠮᠵᠢ ᠵᠢ ᠰᠢᠯᠢᠳᠡᠭᠵᠢᠬᠦᠯᠤᠨ ᠴᠢᠨᠠᠷ᠎ᠢ᠎ᠨᠢ ᠲᠡᠭᠡᠭᠰᠢᠯᠡᠬᠦᠯᠬᠦ ᠪᠠ ᠰᠢᠨ᠎ᠡ ᠵᠢ ᠡᠬᠦᠳᠤᠨ ᠬᠡᠯᠪᠡᠷᠢ᠎ᠪᠠᠨ ᠬᠤᠪᠢᠷᠠᠭᠤᠯᠵᠤ ᠴᠢᠨᠠᠷᠯᠢᠭ ᠬᠦᠭᠵᠢᠯᠳᠡ ᠵᠢ ᠠᠬᠢᠭᠤᠯᠬᠤ ᠲᠤᠬᠠᠢ ᠰᠠᠨᠠᠯ》᠎ᠢ ᠲᠤᠭᠤᠰᠢᠯᠠᠭᠤᠯᠤᠨ ᠨᠠᠢ᠌ᠳᠠᠪᠤᠷᠢᠵᠢᠭᠤᠯᠬᠤ ᠠᠵᠢᠯ᠎ᠢ ᠰᠠᠢ᠌ᠳᠤᠷ ᠬᠢᠨ᠎ᠡ᠃ ᠪᠢᠳᠡ ᠪᠠᠰᠨ ᠲᠤᠰᠬᠠᠢ ᠮᠡᠷᠬᠡᠵᠢᠯ᠎ᠤᠨ ᠨᠡᠢ᠌ᠬᠡᠮ᠎ᠤᠨ ᠵᠤᠬᠢᠶᠠᠨ ᠪᠠᠢ᠌ᠭᠤᠯᠤᠯᠳᠠ ᠵᠢ ᠠᠰᠢᠬᠯᠠᠨ ᠨᠠᠰᠤᠨ᠎ᠳᠤ ᠦᠯᠤ ᠬᠦᠷᠦᠭᠰᠡᠳ᠎ᠢ ᠬᠠᠯᠠᠮᠵᠢᠯᠠᠨ ᠬᠠᠮᠠᠭ᠋ᠠᠯᠠᠬᠤ ᠦᠢ᠍ᠯᠡᠴᠢᠯᠡᠬᠡᠨ ᠦᠷᠨᠢᠬᠦᠯᠵᠤ ᠦᠢ᠍ᠯᠡᠴᠢᠯᠡᠬᠡ ᠬᠤᠳᠠᠯᠳᠤᠨ ᠠᠪᠬᠤ ᠵᠡᠷᠬᠡ ᠬᠡᠯᠪᠡᠷᠢ᠎ᠪᠠᠷ ᠪᠠᠭ᠋ᠠᠴᠤᠳ ᠬᠡᠤᠬᠡᠳ᠎ᠲᠤ ᠦᠢ᠍ᠯᠡᠴᠢᠯᠡᠬᠦ ᠲᠦᠷᠤᠯ᠎ᠤᠨ ᠨᠡᠢ᠌ᠬᠡᠮ᠎ᠤᠨ ᠵᠤᠬᠢᠶᠠᠨ ᠪᠠᠢ᠌ᠭᠤᠯᠤᠯᠳᠠ ᠵᠢ ᠪᠤᠢ᠌ᠵᠢᠭᠤᠯᠤᠨ᠂ ᠰᠡᠳᠬᠢᠴᠨ ᠵᠢᠨ ᠵᠢᠯᠤᠭᠤᠳᠤᠮᠵᠢ᠂ ᠬᠠᠢ᠌ᠷ᠎ᠠ ᠰᠡᠳᠬᠢᠯᠬᠡ ᠵᠢᠨ ᠬᠠᠯᠠᠮᠵᠢ᠂ ᠴᠢᠳᠠᠪᠤᠷᠢ ᠵᠢ᠎ᠨᠢ ᠲᠡᠭᠡᠭᠰᠢᠯᠡᠬᠦᠯᠬᠦ ᠵᠢ ᠬᠦᠮᠤᠵᠢᠬᠦᠯᠬᠦ ᠵᠡᠷᠬᠡ ᠦᠢ᠍ᠯᠡᠴᠢᠯᠡᠬᠡᠨ᠎ᠢ ᠦᠷᠨᠢᠬᠦᠯᠤᠨ᠎ᠡ᠃

 

ᠢᠷᠡᠯᠲᠡ᠄ 《ᠲᠤᠮᠳᠠᠳᠤ ᠤᠯᠤᠰ᠎ᠤᠨ ᠨᠡᠢ᠌ᠬᠡᠮ ᠰᠤᠨᠢᠨ》
          
ᠬᠠᠮᠢᠶ᠎ᠡ ᠪᠦᠬᠦᠢ ᠰᠣᠨᠢᠨ
(ᠲᠦᠷᠪᠡ) ᠨᠠᠰᠤᠨ᠎ᠳᠤ ᠦᠯᠤ ᠬᠦᠷᠦᠭᠰᠡᠳ᠎ᠢ ᠲᠤᠰᠠᠯᠠᠨ ᠬᠠᠮᠠᠭ᠋ᠠᠯᠠᠬᠤ ᠪᠠᠢ᠌ᠭᠤᠯᠤᠮᠵᠢ ᠬᠡᠯᠪᠡᠷᠢ᠎ᠪᠠᠨ ᠬᠤᠪᠢᠷᠠᠭᠤᠯᠤᠨ ᠲᠡᠰ ᠲᠡᠪᠰᠢᠬᠦ ᠵᠢ ᠬᠡᠷᠬᠢᠨ ᠪᠡᠶᠡᠯᠡᠬᠦᠯᠬᠦ ᠪᠤᠢ
ᠬᠠᠤᠯᠢ ᠪᠤᠰᠤ᠎ᠪᠠᠷ ᠪᠡᠯᠨ ᠬᠤᠷᠠᠮᠳᠤᠭᠤᠯᠬᠤ ᠵᠢ ᠰᠡᠷᠬᠡᠢ᠌ᠯᠡᠬᠦ ᠤᠬᠠᠭᠤᠯᠭ᠎ᠠ ᠵᠢᠨ ᠵᠢᠷᠤᠭ
ᠨᠠᠰᠤᠵᠢᠯ᠎ᠤᠨ ᠪᠠᠢ᠌ᠭᠤᠯᠤᠮᠵᠢ ᠵᠢᠨ ᠴᠢᠳᠠᠪᠬᠢ ᠵᠢᠨ ᠲᠠᠢ᠌ᠯᠤᠮᠵᠢ ᠵᠢᠷᠤᠭ
ᠭᠠᠴᠠᠭ᠋ᠠᠨ᠎ᠤ ᠰᠤᠡᠭᠭᠤᠭᠤᠯᠢ ᠵᠢᠨ ᠲᠤᠬᠠᠢ ᠲᠠᠢ᠌ᠯᠤᠮᠵᠢ ᠵᠢᠷᠤᠭ
ᠤᠨᠴᠨ ᠬᠦᠴᠢᠷᠳᠡᠯᠳᠡᠢ ᠬᠦᠮᠦᠰ ᠲᠤᠰᠠᠯᠠᠮᠵᠢ ᠭᠤᠶᠤᠬᠤ ᠨᠦᠬᠦᠴᠡᠯ᠎ᠤᠨ ᠲᠤᠬᠠᠢ ᠲᠠᠢ᠌ᠯᠤᠮᠵᠢ ᠵᠢᠷᠤᠭ
 
            