ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠡᠶ᠋ᠢᠭᠡᠮ ᠰᠡᠳᠬᠦᠯ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠦᠢᠯᠡᠴᠢᠯᠡᠭᠡ   -   ᠲᠤᠭ᠎ᠠ ᠪᠠᠷᠢᠮᠲᠠ᠎ᠶᠢᠨ ᠨᠡᠶ᠋ᠢᠲᠡᠯᠡᠯ
ᠣᠬᠠᠭ᠋ᠠᠨ ᠴᠤᠭᠤᠷᠠᠭᠤᠯᠤᠭᠰᠠᠨ ᠬᠠᠢ᠌ᠷ᠎ᠠ
ᠨᠡᠶᠢᠲᠡᠯᠡᠭᠰᠡᠨ ᠴᠠᠭ᠄ 2023-11-27

   ᠨᠢᠭᠡ
   ᠡᠵᠢ ᠮᠢᠨᠢ  ᠨᠠᠷᠠᠨ᠎ᠳᠤ᠎ᠪᠠᠨ ᠮᠠᠨᠤᠰ ᠵᠶ᠋ᠠᠨ ᠤᠷᠬᠢᠵᠤ  ᠣᠳᠬᠤ  ᠴᠠᠭ᠎ᠨᠢ  ᠪᠤᠯᠣᠭᠰᠠᠨ ᠶᠤᠮ ᠪᠠᠢ᠌ᠨ᠎ᠠ ᠃ 
   ᠨᠠᠮᠤᠷ᠎ᠤᠨ ᠬᠢᠷᠠᠭᠤ ᠰᠠᠮᠨᠠᠭᠰᠠᠨ ᠪᠤᠭᠤᠷᠣᠯ ᠲᠡᠷᠢᠭᠦᠨ ᠵᠶ᠋ᠡᠨ ᠡᠷᠭᠦᠯ ᠦᠭᠡᠢ ᠨᠠᠰᠣᠨ᠎ᠤ ᠲᠣᠭ᠎ᠠ᠎ᠪᠠᠨ ᠵᠢᠷᠭ᠋ᠠᠭ᠋ᠠᠵᠤ  ᠪᠠᠢ᠌ᠬᠤ᠎ᠨᠢ ᠡᠨᠡ ᠪᠢᠯᠡ᠃ ᠦᠷ᠎ᠡ᠎ᠲᠠᠢ ᠬᠦᠮᠦᠨ ᠢᠩᠬᠢᠵᠤ ᠶᠠᠪᠤᠭ᠋ᠠᠳ ᠥᠭᠳᠡᠭ ᠭᠡᠵᠤ ᠬᠡᠯᠡᠵᠦ ᠪᠠᠢ᠌ᠮᠠᠷ ᠴᠠᠢ᠎ᠪᠠᠨ ᠣᠣᠭᠣᠭ᠋ᠠᠳ ᠴᠢᠮᠡᠭᠡ ᠠᠯᠳᠠᠷᠠᠭᠰᠠᠨ ᠶᠤᠮ᠃ ᠬᠤᠷᠤᠭᠤᠳᠠᠵᠤ ᠬᠣᠴᠤᠷᠤᠭᠰᠠᠨ ᠬᠡᠥᠬᠡᠳ᠎ᠨᠢ ᠴᠢᠩᠭ᠋ᠠᠭ᠋ᠠᠵᠤ ᠲᠠᠳᠠᠵᠤ ᠪᠠᠢ᠌ᠳᠠᠯ᠎ᠠ ᠠᠯᠳᠠᠭᠣᠯᠬᠤ᠎ᠳᠤ ᠠᠶᠠᠲᠠᠢ ᠳᠤᠯᠠᠭ᠋ᠠᠨ ᠦᠷᠦᠭᠡ ᠬᠦᠢ᠍ᠲᠡᠷᠡᠭᠡᠳ ᠶᠠᠪᠤᠬᠣ᠎ᠨᠢ ᠲᠡᠷᠡ ᠡ!
   ᠠᠢ ᠳ᠋ᠠ ᠁ ᠴᠠᠰᠤ᠎ᠲᠠᠢ ᠡᠩᠭᠡᠷ᠎ᠲᠤ ᠪᠠᠢ᠌ᠭ᠎ᠠ ᠮᠢᠨᠦ ᠨᠤᠲᠣᠭ᠎ᠤᠨ ᠪᠠᠭᠣᠴᠠ ᠡᠵᠡᠭᠦᠢ᠌ᠷᠡᠭᠡᠳ ᠨᠠᠳᠠ᠎ᠲᠠᠢ ᠦᠯᠡᠳᠡᠵᠡᠢ! ᠲᠠᠰᠣᠷᠠᠵᠤ ᠵᠤᠭᠰᠣᠭᠰᠠᠨ ᠨᠠᠷᠠ ᠲᠡᠨᠳᠡ᠎ᠪᠠᠨ ᠪᠠᠢ᠌ᠭ᠋ᠠᠳ ᠪᠠᠢ᠌ᠯ᠎ᠠ᠃ ᠤᠷᠤᠢ᠌ᠲᠠᠭᠰᠠᠨ ᠤᠳᠣᠳ ᠰᠠᠷᠠ ᠰᠢᠩᠭᠡᠲᠡᠯ᠎ᠡ ᠡᠷᠢᠯ᠎ᠳᠤ ᠶᠠᠪᠤᠭ᠋ᠠᠳ ᠲᠠᠨ᠎ᠳᠤ᠎ᠪᠠᠨ ᠪᠤᠴᠠᠵᠣ ᠢᠷᠡᠭᠡ ᠦᠭᠡᠢ᠃ ᠡᠵᠢ ᠵᠢᠨ ᠪᠠᠷ᠎ᠠ ᠲᠠᠰᠣᠷᠠᠬᠤ᠎ᠳᠤ ᠦᠷ᠎ᠡ ᠵᠢᠨ ᠡᠯᠢᠬᠡ ᠦᠨᠦᠴᠢᠷᠠᠵᠤ ᠨᠢᠯᠪᠤᠰᠤ ᠴᠣᠭᠣᠷᠠᠳᠠᠭ ᠶᠤᠮ ᠪᠠᠢ᠌ᠨ᠎ᠠ᠃ ᠡᠵᠢ  ᠨᠠᠮ᠎ᠠ ᠵᠢ ᠬᠠᠷᠢᠵᠣ ᠢᠷᠡᠬᠦ ᠵᠢ ᠬᠦᠯᠢᠶᠡᠵᠦ ᠪᠠᠢ᠌ᠭᠰᠠᠨ ᠰᠢᠭ᠋ ᠪᠠᠭᠤᠴᠠᠨ᠎ᠳᠤ᠎ᠪᠠᠨ  ᠁ ᠪᠢ ᠡᠵᠢ᠎ᠲᠠᠢ ᠪᠠᠢ᠌ᠭᠰᠠᠨ ᠰᠢᠦ!   
   ᠡᠵᠢ  ᠭᠡᠳ ᠳᠠᠪᠬᠢᠭ᠋ᠠᠳ ᠤᠴᠢᠳᠠᠭ ᠪᠠᠢ᠌ᠯ᠎ᠠ᠂ ᠶᠠᠪᠠᠭ᠋ᠠᠨ ᠬᠦᠷᠦᠭᠡᠳ ᠤᠴᠢᠬᠤ ᠎ᠳᠤ ᠭᠠᠳᠠᠨ᠎ᠠ ᠎ᠪᠠᠨ ᠪᠠᠷ᠎ᠠ᠎ᠲᠠᠢ ᠪᠠᠢ᠌ᠯ᠎ᠠ ᠃ ᠡᠵᠢ ᠭᠡᠳ
   ᠭᠠᠯᠲᠦ᠎ᠪᠠᠷ ᠤᠴᠢᠳᠠᠭ ᠪᠠᠢ᠌ᠯ᠎ᠠ᠂ ᠭᠡᠷ᠎ᠤᠨ ᠡᠭᠦᠳᠡᠨ ᠲᠡᠭᠡᠷ᠎ᠡ  ᠰᠠᠷᠠᠪᠴᠢᠯᠠᠵᠤ ᠵᠤᠭᠰᠣᠭ᠋ᠠᠳ ᠬᠦᠯᠢᠶᠡᠳᠡᠭ ᠪᠠᠢ᠌ᠯ᠎ᠠ᠃ ᠡᠵᠢ ᠭᠡᠳ ᠬᠦᠦ᠎ᠲᠠᠢ᠎ᠪᠠᠨ ᠤᠴᠢᠳᠠᠭ ᠪᠠᠢ᠌ᠯ᠎ᠠ᠂ 《ᠮᠢᠨᠦ ᠬᠦᠦ ᠡ》 ᠭᠡᠳ ᠠᠪᠤ ᠵᠢᠨ ᠠᠶᠠᠭ᠋ᠠᠨ᠎ᠳᠤ ᠰᠥᠡᠭ ᠠᠮᠰᠠᠭᠣᠯᠳᠠᠭ ᠪᠠᠢ᠌ᠯ᠎ᠠ᠃ ᠡᠵᠢ ᠭᠡᠳ ᠲᠠᠶᠠᠭ᠎ᠲᠠᠢ ᠤᠴᠢᠳᠠᠭ ᠪᠠᠢ᠌ᠯ᠎ᠠ᠂ 《ᠮᠢᠨᠦ ᠬᠦᠦ ᠵᠢᠨ ᠰᠢᠳᠦ ᠣᠩᠭᠣᠷᠬᠠᠢ ᠭᠠᠷᠴᠢᠬᠠᠯ᠎ᠠ》 ᠭᠡᠳ ᠢᠨᠢᠶᠡᠮᠰᠦᠭᠯᠡᠵᠦ ᠪᠠᠢ᠌ᠯ᠎ᠠ᠃ 《ᠡᠵᠢ ᠡ᠂ ᠪᠢ ᠪᠠᠢ᠌ᠨ᠎ᠠ》 ᠭᠡᠳ ᠳᠠᠭᠤᠳᠠᠭ᠋ᠠᠳ ᠤᠴᠢᠳᠠᠭ ᠪᠠᠢ᠌ᠯ᠎ᠠ᠃ 《ᠮᠢᠨᠦ ᠬᠦᠦ ᠢᠷᠡᠭᠰᠡᠨ ᠶᠤᠮ ᠦᠦ》 ᠭᠡᠳ ᠰᠡᠳᠭᠢᠯ  ᠬᠠᠨᠳᠠᠭ ᠪᠠᠢ᠌ᠯ᠎ᠠ ᠃ 《ᠡᠵᠢ ᠡ᠂ ᠲᠠ ᠰᠠᠢ᠌ᠨ ᠪᠠᠢ᠌ᠨ᠎ᠠ ᠤᠤ》 ᠭᠡᠬᠦᠯᠡᠷ  ᠳ᠋ᠠᠷ᠎ᠠ ᠡᠬᠡ ᠰᠢᠭ ᠮᠦᠰᠢᠶᠡᠩᠭᠦᠢ᠌ᠯᠡᠨ ᠡᠷᠡᠬᠡᠢ ᠬᠤᠷᠤᠭᠤ᠎ᠪᠠᠨ ᠭᠠᠷᠭ᠋ᠠᠳᠠᠭ  ᠪᠠᠢ᠌ᠯ᠎ᠠ᠃ 《ᠡᠵᠢ ᠡ᠂ ᠪᠢᠳᠠ ᠳᠡᠷᠭᠡᠳᠡ ᠴᠢᠨᠢ ᠪᠠᠢ᠌ᠨ᠎ᠠ》 ᠭᠡᠬᠦᠯᠡᠷ ᠬᠤᠷᠸ᠎ᠠ ᠵᠢ  ᠵᠢᠷᠭ᠋ᠠᠭ᠋ᠠᠵᠤ  ᠠᠮᠤᠭᠤᠯᠠᠩ  ᠳᠦᠷᠢ ᠦᠵᠡᠭᠦᠯᠵᠡᠢ᠃ ᠨᠠᠷᠠ ᠰᠠᠯᠬᠢᠨ᠎ᠳᠤ᠎ᠪᠠᠨ  ᠶᠠᠪᠤᠵᠣ ᠢᠷᠡᠭᠰᠡᠨ ᠬᠠᠯᠠᠭᠤᠨ ᠬᠦᠢ᠍ᠲᠡᠨ᠎ᠢ ᠪᠢᠴᠢᠵᠦ ᠲᠠᠯᠪᠢᠭᠰᠠᠨ ᠬᠠᠲᠠᠭᠣ ᠬᠠᠪᠢᠰᠦ᠎ᠲᠠᠢ  ᠨᠠᠮᠳᠠᠷ᠎ᠢ ᠮᠦᠩᠬᠡ ᠦᠯᠡᠳᠡᠭᠡᠪᠡ᠃
  ᠡᠵᠢ ᠲᠠᠨ᠎ᠳᠤ᠎ᠪᠠᠨ ᠵᠤᠯᠠ ᠡᠷᠭᠦᠯ᠎ᠡ!
    ᠬᠤᠶᠠᠷ
     ᠪᠢ ᠪᠠᠯᠠᠷ᠎ᠤᠨ ᠬᠡᠥᠬᠡᠳ᠃ ᠲᠠᠨ᠎ᠤ᠎ᠪᠠᠨ ᠶᠠᠪᠤᠭᠰᠠᠨ ᠮᠦᠷ᠎ᠢ ᠬᠢᠰᠬᠢᠵᠦ ᠡᠯᠡᠰᠣᠨ᠎ᠠᠴᠠ ᠭᠠᠷᠣᠭᠰᠠᠨ ᠶᠤᠮ᠃ ᠮᠠᠨ᠎ᠤ᠎ᠬᠢᠨ ᠨᠣᠭᠳᠠᠭᠰᠠᠨ ᠨᠤᠳᠣᠭ ᠪᠡᠯᠴᠢᠭᠡᠷ ᠲᠣᠮᠣ ᠭᠡᠭᠴᠢ ᠶᠠᠭ᠋ᠠᠬᠢᠬᠤ ᠠᠷᠭ᠎ᠠ ᠦᠭᠡᠢ᠃ ᠣᠬᠠᠭ᠎ᠠ ᠤᠷᠣᠭᠰᠠᠨ᠎ᠠᠴᠠ ᠮᠢᠨᠢ ᠬᠤᠢ᠌ᠰᠢ ᠠᠪᠤ ᠡᠵᠢ ᠭᠡᠳᠣᠨ ᠬᠣᠨᠢ᠎ᠲᠠᠢ᠎ᠪᠠᠨ ᠵᠣᠨ ᠪᠣᠯᠬᠤ᠎ᠪᠠᠷ ᠪᠠᠯᠠᠷ᠎ᠠᠴᠠ ᠭᠠᠷᠴᠦ ᠭᠣᠪᠢ᠎ᠳᠤ ᠤᠷᠤᠭ᠋ᠠᠳ᠂ ᠲᠡᠭᠷᠢ ᠬᠦᠢ᠍ᠲᠡᠷᠡᠬᠦ᠎ᠠᠴᠠ ᠡᠮᠦᠨᠡᠬᠡᠨ ᠭᠣᠪᠢ᠎ᠠᠴᠠ ᠭᠠᠷᠴᠦ ᠪᠠᠯᠠᠷ᠎ᠲᠤ᠎ᠪᠠᠨ ᠢᠷᠡᠵᠦ  ᠡᠪᠤᠯᠵᠢᠳᠡᠭ᠃ ᠮᠢᠨᠦ ᠠᠪᠤ ᠡᠵᠢ ᠬᠤᠶᠠᠭᠣᠯᠠ ᠪᠠᠯᠠᠷ᠂ ᠭᠣᠪᠢ ᠵᠢᠨ ᠬᠤᠭᠤᠷᠣᠨᠳᠦ ᠨᠡᠭᠦᠵᠦ ᠨᠢᠭᠡ ᠨᠠᠰᠤ᠎ᠪᠠᠨ ᠡᠯᠡᠭᠡᠭᠰᠡᠨ ᠪᠤᠭᠣᠷᠣᠯ ᠶᠤᠮ ᠰᠠᠨ᠃ ᠭᠣᠪᠢ ᠵᠢᠨ ᠬᠦᠳᠡᠭᠡ ᠪᠤᠷᠣᠭ᠎ᠠ ᠬᠤᠷ᠎ᠠ ᠬᠣᠮᠰᠠ ᠪᠣᠯᠬᠣᠷ ᠪᠡᠯᠴᠢᠭᠡᠷ᠎ᠢ ᠶᠠᠬᠡ ᠲᠠᠰᠣᠯᠵᠤ ᠦᠭᠭᠦᠭᠰᠡᠨ ᠪᠠᠢ᠌ᠭ᠎ᠠ ᠭᠡᠵᠣ ᠪᠤᠳᠣᠳᠠᠭ᠃ ᠡᠰᠡᠬᠦᠯ᠎ᠠ ᠠᠪᠤ ᠡᠵᠢ ᠲᠠᠢ᠌ᠳᠠᠢ ᠬᠦᠭᠰᠢᠳ ᠪᠤᠭᠣᠷᠣᠯ᠎ᠤᠳ ᠪᠠᠢ᠌ᠳᠠᠭ ᠵᠶ᠋ᠡᠨ ᠬᠤᠮᠢᠵᠤ ᠬᠠᠷᠠᠮᠨᠠᠭᠰᠠᠭ᠋ᠠᠷ ᠳᠦᠩᠭᠡᠵᠦ ᠦᠯᠡᠳᠡᠭᠡᠭᠰᠡᠨ ᠨᠤᠳᠣᠭ᠎ᠤᠨ ᠲᠠᠰᠣᠷᠬᠠᠢ ᠶᠤᠮ ᠪᠠᠢ᠌ᠯ ᠦᠬᠡᠢ!  ᠬᠠᠪᠤᠷᠵᠢᠶ᠎ᠠ ᠡᠪᠦᠯᠵᠢᠶ᠎ᠡ ᠭᠡᠳ ᠵᠣᠨ᠎ᠤ ᠲᠤᠮᠳᠠᠴᠢ ᠰᠠᠷ᠎ᠠ᠎ᠪᠠᠷ ᠵᠠᠪᠠᠯ ᠵᠤᠰᠠᠯᠠᠩ᠎ᠤᠨ  ᠪᠡᠯᠴᠢᠭᠡᠷ ᠣᠯᠠᠨᠪᠤᠯᠠᠭ᠎ᠲᠤ᠎ᠪᠠᠨ ᠤᠴᠢᠳᠠᠭ᠃ ᠬᠠᠭᠤᠷᠠᠢ ᠲᠠᠴᠢᠷ ᠨᠤᠳᠣᠭ᠎ᠢ ᠪᠡᠯᠭᠡᠰᠢᠶᠡᠵᠦ ᠣᠯᠠᠨ ᠪᠤᠯᠠᠭ ᠭᠡᠵᠣ ᠠᠨᠳᠠᠭᠤᠷᠠᠮᠠᠷ ᠰᠠᠢ᠌ᠬᠠᠨ ᠨᠡᠷ᠎ᠡ ᠰᠣᠶᠣᠷᠬᠠᠭᠰᠠᠨ ᠪᠢᠵᠡ᠃ ᠵᠠᠭ ᠵᠶ᠋ᠠᠷ ᠱᠠᠲᠣᠯᠠᠭᠰᠠᠨ ᠭᠠᠭᠴᠠ ᠬᠣᠳᠳᠣᠭ᠎ᠲᠠᠢ᠃ ᠵᠣᠨ ᠪᠤᠯᠬᠣᠷ ᠯᠠ ᠤᠰᠣ ᠲᠠᠲᠠᠭᠣᠷᠠᠵᠤ  ᠬᠠᠭᠰᠠᠷᠠᠳᠠᠭ ᠲᠤᠯᠠ ᠪᠠᠯᠠᠷ᠎ᠲᠤ᠎ᠪᠠᠨ ᠵᠠᠭ᠂ ᠰᠣᠯᠢ᠂ ᠬᠤᠯᠣᠰᠤ ᠤᠷᠭᠣᠳᠠᠭ ᠪᠤᠯᠪᠠᠴᠦ ᠭᠣᠪᠢ᠎ᠪᠠᠷ ᠶᠡᠬᠡᠩᠬᠢ᠎ᠨᠢ  ᠬᠠᠷ᠎ᠠ ᠪᠣᠳᠠ᠂ ᠵᠡᠭᠡᠷᠭᠡᠨ᠎ᠡ᠂ ᠪᠤᠳᠤᠷᠭ᠋ᠠᠨ᠎ᠠ ᠵᠡᠷᠭᠡ ᠪᠤᠳᠠᠯᠢᠭ᠎ᠲᠠᠢ ᠠᠲᠠᠷ ᠰᠢᠣᠬᠠᠨ ᠬᠦᠳᠡᠭᠡ ᠶᠤᠮ᠃ ᠡᠨᠡ ᠨᠤᠳᠣᠭ ᠠᠪᠤ ᠡᠵᠢ ᠵᠢᠨ ᠬᠠᠢ᠌ᠷᠠᠯᠠᠵᠤ  ᠬᠣᠷᠢᠶᠠᠭᠰᠠᠨ ᠲᠡᠪᠡᠯ᠎ᠤᠨ ᠡᠩᠭᠡᠷ᠎ᠤᠨ ᠲᠠᠰᠣᠷᠬᠠᠢ ᠰᠢᠭ᠋ ᠰᠠᠨᠠᠭᠳᠠᠨ᠎ᠠ᠃
  ᠪᠤᠷᠣᠭ᠎ᠠ ᠬᠤᠷ᠎ᠠ ᠤᠷᠣᠬᠣ ᠭᠡᠵᠤ ᠠᠶᠣᠩᠭ᠎ᠠ ᠵᠢᠨ ᠰᠠᠬᠢᠭᠣᠰᠦ ᠡᠨᠳᠡᠭᠦᠷᠡᠭᠡᠳ ᠭᠠᠩ ᠲᠠᠢ᠌ᠯᠤᠭᠳᠠᠳᠠᠭ ᠨᠤᠳᠣᠭ ᠶᠤᠮ᠃ ᠠᠪᠤ ᠡᠵᠢ ᠡᠢ᠌ᠮᠦᠷᠬᠦᠦ ᠨᠤᠲᠣᠭ ᠵᠶ᠋ᠠᠨ ᠤᠷᠬᠢᠭ᠎ᠠ ᠦᠭᠡᠢ 《ᠮᠢᠨᠦ ᠨᠤᠲᠣᠭ》 ᠭᠡᠳ ᠨᠢᠭᠡ ᠨᠠᠰᠤ᠎ᠪᠠᠨ ᠪᠠᠷᠠᠬᠤ ᠭᠡᠵᠣ ᠤᠢ᠌ᠯᠭ᠋ᠠᠭᠳᠠᠰᠢ ᠦᠭᠡᠢ ᠰᠠᠨᠠᠭᠳᠠᠵᠤ ᠶᠠᠪᠤᠭᠰᠠᠨ ᠶᠤᠮ᠃ ᠪᠢ ᠣᠨᠣᠭ᠋ᠠᠨ᠎ᠤ ᠨᠢᠷᠣᠭᠣᠨ᠎ᠳᠤ ᠰᠠᠭᠣᠵᠣ ᠴᠢᠳᠠᠬᠤ ᠪᠣᠯᠳᠠᠯ᠎ᠠ ᠬᠦᠳᠡᠭᠡ᠎ᠳᠤ ᠦᠰᠦᠭᠰᠡᠨ ᠪᠣᠯᠬᠤᠷ ᠰᠠᠯᠬᠢ ᠰᠢᠭᠣᠷᠭ᠋ᠠᠨ᠂ ᠭᠠᠩ ᠬᠠᠭᠣᠷᠠᠢ᠂ ᠵᠤᠳ ᠭᠠᠮᠰᠢᠭ᠎ᠢ ᠦᠵᠡᠵᠦ ᠶᠠᠪᠤᠭᠰᠠᠨ᠎ᠠᠴᠠ ᠪᠢᠰᠢ᠂ ᠥᠩ᠎ᠲᠠᠢ ᠦᠭᠡᠳᠡ᠎ᠲᠠᠢ ᠣᠨ ᠵᠢᠯ᠎ᠢ ᠬᠤᠪᠤᠷᠬᠠᠨ ᠬᠠᠷᠠᠭᠰᠠᠨ ᠶᠤᠮ᠃ ᠡᠪᠦᠭᠡ ᠡᠮᠡᠭᠡ ᠵᠢᠨ ᠳᠡᠭᠡᠷ᠎ᠡ ᠦᠶ᠎ᠡ᠎ᠳᠤ ᠶᠠᠬᠡ ᠰᠠᠢ᠌ᠬᠠᠨ ᠭᠠᠩᠭ᠋ᠠᠩ ᠪᠠᠢ᠌ᠭ᠋ᠠᠯᠢ᠎ᠲᠠᠢ ᠪᠠᠢ᠌ᠯ᠎ᠠ ᠭᠡᠵᠣ ᠬᠡᠯᠡᠵᠦ ᠪᠠᠢ᠌ᠭᠰᠠᠨ᠎ᠢ ᠴᠡᠭᠡᠵᠢᠯᠡᠭᠰᠡᠨ ᠲᠡᠳᠦᠢ ᠪᠤᠷᠣᠭ᠋ᠠᠨ ᠬᠤᠷ᠎ᠠ ᠵᠢ ᠶᠡᠭᠡ ᠥᠵᠡᠭᠡ ᠦᠭᠡᠢ ᠬᠠᠭᠤᠷᠠᠢ ᠦᠰᠴᠡᠢ᠃ ᠨᠢᠯᠬ᠎ᠠ ᠪᠠᠯᠴᠢᠷ ᠨᠠᠰᠣᠨ᠎ᠤ ᠲᠣᠷᠠᠳᠬᠠᠯ᠎ᠳᠤ ᠠᠶᠣᠩᠭ᠎ᠠ ᠳᠣᠣᠭ᠋ᠠᠷᠬᠤ᠎ᠠᠴᠠ ᠰᠦᠨᠡᠰᠤ᠎ᠪᠠᠨ ᠵᠠᠪᠬᠠᠷᠠᠲᠠᠯ᠎ᠠ ᠰᠣᠴᠢᠵᠤ ᠶᠡᠬᠡ ᠣᠰᠤ᠎ᠠᠴᠠ ᠠᠶᠤᠳᠠᠭ ᠪᠠᠢ᠌ᠪᠠ ᠃
   ᠭᠣᠪᠢ ᠵᠢᠨ ᠬᠦᠮᠦᠰ᠎ᠲᠤ ᠤᠰᠣ ᠡᠷᠳᠡᠨᠢ᠂ ᠭᠠᠳᠠᠨ᠎ᠠ᠎ᠪᠠᠨ ᠢᠷᠡᠳᠡᠭ ᠰᠠᠭ᠋ᠠᠬᠠᠯᠲᠠ ᠡᠷᠳᠡᠨᠢ᠃ ᠠᠪᠤ ᠭᠣᠪᠢ᠎ᠳᠤ ᠰᠣᠷᠣᠭᠰᠠᠨ ᠪᠣᠯᠬᠤᠷ ᠪᠠᠯᠭᠣ ᠤᠰᠣ᠎ᠪᠠᠷ ᠠᠮᠠ᠎ᠪᠠᠨ ᠵᠠᠢ᠌ᠯᠠᠵᠤ ᠨᠢᠭᠣᠷ ᠭᠠᠷ ᠵᠶ᠋ᠠᠨ ᠤᠬᠢᠶᠠᠬᠤ᠎ᠨᠢ ᠲᠡᠷᠡ᠃ ᠬᠤᠷᠢᠶᠠᠵᠤ ᠨᠦᠭᠡᠴᠡᠯᠡᠭᠰᠡᠨ ᠤᠰᠤ᠎ᠪᠠᠷ ᠵᠶ᠋ᠠᠨ ᠬᠤᠷᠠᠭ᠎ᠠ ᠢᠰᠢᠭᠡ᠂ ᠬᠠᠰᠢᠶᠠᠨ᠎ᠳᠤ ᠢᠷᠡᠳᠡᠭ ᠪᠤᠭᠱ᠌ᠣᠷᠭ᠎ᠠ᠂ ᠬᠠᠶᠠ ᠬᠦᠳᠡᠭᠡ ᠭᠠᠳᠠᠨ᠎ᠠ ᠬᠠᠲᠠᠵᠤ ᠴᠠᠩᠭ᠋ᠠᠭᠰᠠᠨ ᠦᠷ᠎ᠡ ᠵᠤᠯᠵᠠᠭ᠎ᠠ ᠲᠠᠷᠪᠠᠭ᠎ᠠ ᠢᠨᠵᠠᠭ᠎ᠠ ᠵᠢ ᠤᠰᠣᠯᠠᠳᠠᠭ ᠪᠠᠢ᠌ᠪᠠ᠃ ᠭᠡᠬᠦ᠎ᠳᠤ᠎ᠪᠠᠨ ᠡᠵᠢ᠎ᠳᠤ ᠤᠰᠣ ᠳᠣᠲᠠᠭ᠋ᠠᠵᠤ ᠦᠵᠡᠭᠡ ᠦᠭᠡᠢ᠃
   ᠡᠵᠢ ᠵᠠᠯᠠᠭᠤ᠎ᠳᠤ᠎ᠪᠠᠨ ᠦᠢ᠍ᠷ᠎ᠠ ᠵᠠᠭᠤᠷ᠎ᠠ᠎ᠳᠤ᠎ᠪᠠᠨ 《ᠭᠠᠩᠭ᠋ᠠᠩ ᠪᠦᠰᠡᠭᠦᠢ》 ᠨᠡᠷ᠎ᠠ᠎ᠲᠠᠢ᠂ ᠨᠢᠭᠣᠷ ᠭᠠᠷ ᠵᠶ᠋ᠠᠨ ᠤᠬᠢᠶᠠᠬᠤ᠎ᠳᠤ ᠤᠰᠣ ᠶᠡᠬᠡ ᠬᠡᠷᠡᠭᠯᠡᠳᠡᠭ ᠭᠡᠨ᠎ᠡ ᠯᠠᠢ᠃ ᠪᠤᠳᠣᠪᠠᠯ ᠰᠠᠢ᠌ᠬᠠᠨ ᠨᠤᠲᠣᠭ᠎ᠲᠤ᠎ᠪᠠᠨ ᠦᠷ᠎ᠡ᠎ᠪᠠᠨ ᠦᠰᠭᠡᠬᠦ ᠭᠡᠵᠤ ᠶᠠᠳᠠᠷᠠᠵᠤ ᠶᠠᠪᠤᠭ᠎ᠠ  ᠪᠦᠰᠡᠭᠦᠢ ᠬᠦᠮᠦᠨ᠎ᠢ ᠭᠤᠶᠣᠬᠠᠨ ᠪᠠᠢ᠌ᠯᠭ᠋ᠠᠬᠤ ᠭᠡᠳᠡᠭ ᠡᠷ᠎ᠡ ᠬᠦᠮᠦᠨ᠎ᠤ ᠰᠠᠨᠠᠳᠠᠭ ᠰᠠᠨᠠᠭ᠎ᠠ ᠪᠢᠵᠡ! ᠮᠠᠨ᠎ᠤ᠎ᠬᠢᠨ᠎ᠳᠤ ᠵᠦᠩᠳᠡᠭᠡᠨ ᠬᠦᠮᠦᠰ ᠴᠣᠭᠯᠠᠷᠠᠨ᠎ᠠ᠃ ᠠᠪᠤ ᠵᠤᠭ᠎ᠠ᠎ᠲᠠᠢ ᠬᠦᠮᠦᠨ ᠪᠠᠢ᠌ᠯ᠎ᠠ᠃ ᠦᠵᠡᠭᠰᠡᠨ ᠬᠠᠷᠠᠭᠰᠠᠨ ᠵᠶ᠋ᠠᠨ ᠶᠠᠷᠢᠨ᠎ᠠ ᠦᠦ᠂ ᠦᠯᠢᠭᠡᠷ ᠬᠠᠭᠤᠴᠢ ᠲᠡᠯᠭᠡᠨ᠎ᠡ ᠦᠦ᠂ 《ᠵᠠ ᠪᠠᠢ᠌ᠵᠡ! ᠠᠵᠠ᠎ᠲᠠᠢ  ᠬᠡᠢ᠌ᠮᠣᠷᠢᠯᠢᠭ  ᠨᠤᠲᠣᠭ ᠁》 ᠭᠡᠳ ᠣᠩᠭᠤᠵᠤ ᠲᠦᠩᠰᠦᠢ᠌ᠭᠰᠡᠨ ᠪᠤᠷᠦ ᠬᠦᠳᠡᠭᠡ᠎ᠪᠠᠨ ᠬᠠᠷᠠᠭ᠋ᠠᠳ ᠬᠤᠳᠠᠯ ᠶᠠᠷᠢᠬᠤ᠎ᠨᠢ ᠢᠯᠡᠭᠦᠦ ᠭᠤᠶᠣ ᠪᠠᠢ᠌ᠪᠠ᠃ ᠲᠡᠷᠡ᠎ᠪᠠᠷ ᠡᠵᠢ ᠵᠢᠨ ᠳᠡᠷᠭᠡᠳᠡ ᠰᠡᠳᠭᠢᠯ ᠰᠡᠷᠭᠦᠭᠡᠬᠦ᠎ᠪᠠᠷ ᠬᠦᠮᠦᠨ ᠳᠦᠭᠦᠷᠴᠦ ᠯᠠ ᠪᠠᠢ᠌ᠳᠠᠭ᠃ ᠪᠡᠶ᠎ᠡ ᠴᠣᠭᠴᠠᠰ᠎ᠤᠨ ᠦᠵᠡᠰᠬᠦᠯᠡᠩ ᠭᠡᠭᠴᠢ ᠵᠣᠪᠠᠯᠠᠩ᠎ᠳᠤ ᠣᠨᠠᠬᠤ ᠤᠷᠣᠭ᠎ᠠ ᠬᠦᠰᠡᠯᠡᠩ᠎ᠳᠤ ᠵᠢᠯᠣᠭᠤ ᠠᠯᠳᠠᠳᠠᠭ ᠠᠢ᠌ᠯ᠎ᠤᠨ ᠲᠡᠬᠦᠤ ᠨᠡᠷ᠎ᠢ ᠡᠵᠢ ᠢᠨᠢᠶᠡᠵᠦ ᠳᠠᠭᠣᠯᠠᠳᠠᠭ ᠪᠣᠯᠬᠤᠷ ᠮᠠᠭᠤᠬᠠᠢ ᠬᠠᠷᠠᠵᠤ ᠪᠤᠯᠣᠮᠠᠷ ᠦᠭᠡᠢ ᠰᠠᠢ᠌ᠬᠠᠨ ᠬᠦᠮᠦᠨ ᠶᠤᠮ᠃ ᠠᠭᠣᠳᠠᠮ ᠬᠦᠨᠳᠡᠢ ᠵᠢᠨ ᠰᠠᠯᠬᠢ᠎ᠪᠠᠷ ᠢᠨᠢᠶᠡᠳᠡᠭ ᠴᠡᠴᠡᠭᠡᠰ ᠰᠢᠭ ᠴᠡᠭᠡᠵᠢᠨ᠎ᠤ ᠵᠦᠭᠡᠯᠡᠨ ᠳᠠᠭᠣᠣ᠎ᠪᠠᠷ ᠠᠯᠢᠪᠠ ᠠᠮᠢᠲᠠᠨ᠎ᠤ ᠪᠣᠬᠢᠨᠢᠳᠦᠯ ᠭᠠᠰᠯᠠᠩ᠎ᠢ ᠮᠠᠷᠲᠠᠭᠣᠯᠣᠨ᠎ᠠ᠃ ᠠᠪᠤ ᠪᠤᠰᠣᠳ᠎ᠠᠴᠠ ᠬᠠᠷᠠᠮᠨᠠᠳᠠᠭ ᠶᠠᠩᠵᠣᠳᠠᠢ ᠵᠠᠷᠢᠮ ᠦᠶ᠎ᠡ᠎ᠳᠤ ᠬᠦᠮᠦᠨ ᠢᠷᠡᠬᠦ᠎ᠠᠴᠠ ᠲᠦᠪᠡᠭᠰᠢᠶᠡᠳᠡᠭ ᠶᠤᠮ᠃ ᠲᠡᠷᠡ᠎ᠠᠴᠠ ᠪᠤᠯᠵᠣ ᠠᠪᠤ ᠳᠡᠭᠳᠡᠭᠡᠬᠡᠢ᠎ᠪᠠᠨ ᠬᠠᠷᠠᠮᠨᠠᠭᠰᠠᠨ ᠰᠢᠪᠠᠭᠣ ᠰᠢᠭ᠋ ᠤᠰᠣᠨ᠎ᠳᠤ ᠶᠠᠪᠤᠬᠤ᠎ᠪᠠᠨ ᠮᠠᠷᠲᠠᠭ᠋ᠠᠳ ᠬᠠᠶᠠᠭ᠋ᠠᠨ᠎ᠳᠤ᠎ᠪᠠᠨ ᠳᠡᠮᠡᠢ ᠬᠤᠷᠭᠣᠳᠠᠨ᠎ᠠ᠃ ᠵᠠᠷᠢᠮ᠎ᠳᠤ᠎ᠪᠠᠨ ᠡᠵᠢ ᠬᠤᠭᠤᠰᠣᠨ ᠪᠤᠷᠪᠢ ᠬᠠᠷᠳᠠᠩᠨᠠᠭᠣᠯᠵᠤ᠄
 《ᠠᠪᠤ᠎ᠨᠢ ᠲᠠ ᠤᠰᠣᠨ᠎ᠳᠤ᠎ᠪᠠᠨ ᠶᠠᠪᠤᠭ᠋ᠠᠳ ᠢᠷᠡᠬᠦ ᠦᠭᠡᠢ ᠶᠤᠮ ᠦᠦ? ᠴᠢᠷᠠᠢ ᠨᠢᠭᠣᠷ ᠭᠡᠭᠴᠢ ᠶᠠᠩᠵᠤ ᠵᠢᠨ ᠪᠣᠯᠵᠤ ᠲᠤᠭᠤᠷᠣᠯ᠎ᠠ᠂ ᠢᠩᠬᠢᠭᠡᠳ ᠦᠨᠵᠢᠪᠡᠯ ᠭᠤᠯᠣᠭᠳᠠᠬᠤ ᠎ᠳᠤ ᠳᠦᠭᠦᠭᠰᠡᠨ》 ᠭᠡᠵᠤ ᠬᠠᠢ᠌ᠯᠤᠭᠰᠠᠨ ᠲᠣᠭᠣᠯᠭ᠎ᠠ ᠰᠢᠭ᠋ ᠨᠢᠳᠦ ᠲᠣᠷᠮᠣᠢ᠌ᠯᠭ᠋ᠠᠨ ᠶᠠᠯᠠᠷᠬᠠᠳᠠᠭ ᠶᠤᠮ᠃ ᠭᠤᠯᠣᠬᠤ ᠭᠤᠯᠣᠭᠳᠠᠬᠤ ᠭᠡᠳᠡᠭ᠎ᠢ ᠴᠡᠭᠡᠷᠲᠡᠢ ᠰᠢᠭ  ᠠᠪᠤ ᠡᠵᠢ ᠬᠤᠶᠠᠭᠣᠯᠠ ᠵᠠᠩ ᠵᠶ᠋ᠠᠨ ᠤᠯᠣᠭᠰᠠᠨ ᠪᠠᠢ᠌ᠬᠤ ᠳ᠋ᠠ᠃ ᠤᠰᠣ  ᠠᠪᠬᠤ᠎ᠨᠢ ᠠᠪᠤ ᠵᠢᠨ ᠭᠣᠣᠯᠲᠠᠢ ᠠᠵᠢᠯ ᠪᠣᠯᠬᠤᠷ ᠦᠷᠴᠡᠢ᠌ᠵᠦ ᠠᠪᠤᠭ᠋ᠠᠳ ᠬᠤᠭᠤᠰᠣᠨ ᠪᠤᠷᠪᠢ᠎ᠪᠠᠨ ᠲᠡᠭᠦᠵᠢᠯᠡᠭᠡᠳ ᠣᠨᠣᠭ᠋ᠠᠨ᠎ᠳᠤ᠎ᠪᠠᠨ ᠬᠣᠯᠬᠢᠵᠤ ᠬᠦᠷᠬᠦ᠎ᠳᠤ ᠡᠵᠢ ᠠᠮᠠ᠎ᠪᠠᠨ ᠪᠠᠷᠢᠭᠰᠠᠭ᠋ᠠᠷ  ᠨᠠᠳᠠ ᠤᠷᠣᠭᠣ ᠬᠠᠷᠠᠵᠣ ᠢᠨᠢᠶᠡᠮᠰᠦᠭᠯᠡᠨ᠎ᠡ᠃ ᠪᠢ ᠠᠪᠤ ᠵᠢᠨ ᠬᠤᠢ᠌ᠨ᠎ᠠ᠄
《ᠠᠪᠤ ᠡ᠂ ᠪᠢ ᠲᠠᠨ᠎ᠲᠠᠢ ᠤᠴᠢᠶ᠎ᠠ》 ᠭᠡᠳ ᠲᠡᠮᠡᠢ ᠶᠠᠷᠢᠬᠣ᠎ᠳᠤ ᠠᠪᠤ ᠭᠡᠳᠡᠷᠭᠦ᠎ᠪᠠᠨ ᠬᠠᠷᠠᠭ᠋ᠠᠳ᠄
《ᠬᠡᠥᠬᠡᠳ ᠪᠠᠢ᠌ᠵᠤ ᠮᠢᠨᠦ ᠬᠦᠦ ᠴᠢᠳᠠᠬᠣ ᠪᠤᠯᠣᠭ᠎ᠠ ᠦᠭᠡᠢ ᠳ᠋ᠠ᠂  ᠡᠵᠢ᠎ᠳᠤ᠎ᠪᠠᠨ ᠬᠠᠨᠢ ᠪᠣᠯ》  ᠭᠡᠳ ᠣᠯᠠᠨ ᠪᠤᠯᠠᠭ᠎ᠤᠨ ᠵᠠᠳᠠᠭ᠋ᠠᠢ᠎ᠳᠤ  ᠶᠠᠪᠤᠳᠠᠭ ᠶᠤᠮ᠃  ᠬᠣᠢ᠌ᠨ᠎ᠠ᠎ᠠᠴᠠ᠎ᠨᠢ᠄
《ᠠᠪᠤ ᠴᠢᠨᠢ ᠲᠡᠨᠡᠭ  ᠪᠢᠵᠡ? ᠡᠵᠢ ᠵᠢ᠎ᠨᠢ ᠰᠠᠬᠢᠵᠤ ᠪᠠᠢ ᠭᠡᠨ᠎ᠡ ᠰᠢᠦ!》 ᠭᠡᠳ ᠲᠠᠭ᠋ᠠᠵᠠᠩᠨᠠᠨ ᠢᠨᠢᠶᠡᠨ᠎ᠡ᠃  ᠠᠪᠤ ᠵᠢ ᠮᠠᠨᠠᠭᠰᠠᠭ᠋ᠠᠷ ᠪᠠᠢ᠌ᠭ᠋ᠠᠳ ᠤᠰᠣᠨ᠎ᠠᠴᠠ ᠶᠠᠪᠤᠭ᠋ᠠᠳ ᠢᠷᠡᠬᠦ᠎ᠳᠤ ᠠᠪᠤ ᠡᠵᠢ ᠲᠡᠩᠨᠡᠭᠡ᠎ᠲᠠᠢ ᠪᠤᠷᠪᠢ ᠵᠢ ᠪᠠᠭᠣᠯᠭ᠋ᠠᠬᠣ ᠵᠠᠭᠣᠷ᠎ᠠ ᠲᠡᠮᠡᠭᠡᠨ᠎ᠤ ᠪᠦᠬᠦᠨ ᠳᠡᠭᠡᠭᠦᠷ ᠰᠢᠪᠡᠨᠡᠯᠳᠦᠳᠡᠭ᠎ᠢ ᠬᠠᠷᠠᠵᠠᠢ᠃ ᠠᠪᠤ ᠬᠤᠳᠠᠯ ᠵᠶ᠋ᠠᠷ ᠴᠢᠮᠠᠷᠬᠠᠵᠤ ᠪᠠᠢ᠌ᠪᠠ᠃ ᠡᠵᠢ ᠵᠢᠨ  ᠵᠶ᠋ᠡᠨ ᠬᠠᠯᠠᠭᠤᠨ ᠬᠤᠩᠰᠢᠶᠠᠷ᠎ᠢ ᠭᠠᠭᠴᠠᠬᠠᠨ ᠮᠢᠨᠦ ᠭᠡᠵᠣ ᠪᠤᠳᠣᠳᠠᠭ ᠪᠠᠢ᠌ᠪᠠ᠃ ᠡᠨᠡ ᠬᠠᠢ᠌ᠷ᠎ᠠ ᠵᠢᠨ ᠬᠠᠯᠠᠭᠣᠨ ᠦᠨᠦᠰᠦᠯᠲᠠ ᠬᠦᠳᠡᠭᠡ ᠵᠢᠨ ᠰᠠᠯᠬᠢ ᠰᠢᠭ᠋ ᠡᠪᠡᠰᠣᠨ᠎ᠤ ᠦᠵᠦᠭᠦᠷ ᠨᠠᠢ᠌ᠭᠤᠳᠠᠭ  ᠰᠡᠨᠵᠡᠢ᠃ ᠡᠵᠢ᠄
《  ᠠᠰᠢᠭᠦᠢ ᠨᠢᠭᠡ ᠪᠤᠷᠣᠭ᠎ᠠ ᠤᠷᠣᠬᠤ ᠶᠤᠮ ᠪᠠᠢ᠌ᠨ᠎ᠠ》 ᠭᠡᠳ ᠭᠠᠵᠠᠷ᠎ᠠᠴᠠ ᠡᠯᠡᠰᠦ ᠠᠪᠴᠦ ᠰᠠᠴᠤᠬᠤᠯᠠᠷ ᠪᠢ ᠪᠠᠰᠠ ᠳᠠᠭᠤᠷᠢᠶᠠᠵᠤ  ᠨᠢᠭᠡ ᠠᠳᠬᠣ ᠰᠢᠷᠣᠢ ᠰᠠᠴᠣᠬᠣ᠎ᠳᠤ ᠡᠵᠢ ᠬᠦᠬᠦᠷᠡᠵᠦ᠄
《ᠴᠢ ᠶᠠᠭᠤ ᠮᠡᠳᠡᠯ᠎ᠡ ᠭᠡᠵᠣ ᠰᠢᠷᠦᠢ ᠪᠤᠲᠠᠷᠠᠭᠣᠯᠵᠤ ᠪᠠᠢ᠌ᠨ᠎ᠠ?》 ᠭᠡᠵᠤ ᠡᠯᠢᠭᠡ ᠬᠠᠲᠠᠬᠤ ᠵᠠᠭᠤᠷ᠎ᠠ ᠵᠡᠭᠦᠨ ᠡᠮᠦᠨ᠎ᠡ᠎ᠠᠴᠠ ᠵᠢᠪᠠᠷ ᠤᠷᠢᠪᠠᠯ ᠭᠣᠷᠪᠠᠨ ᠬᠤᠨᠣᠭ᠎ᠲᠤ᠎ᠪᠠᠨ ᠵᠠᠪᠠᠯ ᠪᠤᠷᠣᠭ᠋ᠠᠯᠠᠳᠠᠭ》 ᠭᠡᠵᠤ ᠬᠡᠯᠡᠵᠦ ᠪᠠᠢ᠌ᠭᠰᠠᠨ᠎ᠢ ᠦᠨᠡᠮᠰᠢᠵᠢ ᠪᠢᠯᠡ᠃  ᠪᠢ ᠡᠵᠢ ᠵᠢᠨ ᠬᠡᠯᠡᠭᠰᠡᠨ ᠦᠭᠡ ᠵᠢ ᠮᠠᠨᠠᠵᠤ᠂ ᠭᠡᠷ᠎ᠤᠨ ᠬᠠᠶᠠᠭ᠋ᠠᠨ᠎ᠳᠤ ᠪᠤᠷᠪᠢ ᠲᠦᠰᠢᠭᠡᠳ ᠪᠤᠷᠣᠭ᠎ᠠ ᠤᠷᠣᠬᠤ ᠵᠢ  ᠬᠦᠯᠢᠶᠡᠵᠦ ᠰᠠᠭᠣᠪᠠ᠃ ᠠᠪᠤ᠄
《ᠮᠠᠨ᠎ᠤ ᠤᠰᠣᠨ᠎ᠤ ᠰᠠᠪᠠ ᠬᠦᠯᠦᠷᠡᠭᠰᠡᠨ ᠪᠠᠢ᠌ᠬ᠎ᠠ᠎ᠨᠢ ᠭᠡᠳ ᠥᠭᠡᠳᠡ ᠬᠠᠷᠠᠨ ᠪᠠᠢ᠌ᠭᠰᠠᠨ ᠵᠶ᠋ᠠᠨ ᠮᠢᠨᠦ ᠬᠦᠦ ᠬᠠᠯᠠᠭᠣᠨ᠎ᠳᠤ ᠭᠠᠳᠠᠨ᠎ᠠ ᠰᠠᠭᠣᠭ᠋ᠠᠳ  ᠰᠢᠲᠠᠴᠢᠬᠠᠬᠤ ᠪᠤᠢ》 ᠭᠡᠬᠦ᠎ᠳᠤ  ᠪᠢ᠄
《ᠪᠤᠷᠣᠭ᠎ᠠ ᠭᠡᠳᠡᠭ᠎ᠢ ᠴᠢᠨᠢ ᠬᠦᠯᠢᠶᠡᠵᠦ ᠯᠠ ᠪᠠᠢ᠌ᠨ᠎ᠠ》 ᠭᠡᠵᠤ ᠢᠨᠢᠶᠡᠯᠭᠡᠵᠦ ᠪᠠᠢ᠌ᠭᠰᠠᠨ ᠶᠤᠮ᠃
《ᠥ!  ᠬᠤᠷ᠎ᠠ ᠪᠠᠭᠣᠬᠤ ᠵᠢ ᠬᠦᠯᠢᠶᠠᠵᠦ ᠪᠠᠢ᠌ᠨ᠎ᠠ ᠦᠦ ᠳ᠋ᠠ? ᠵᠢᠪᠠᠷ ᠰᠠᠯᠬᠢᠨ᠎ᠤ ᠵᠦᠭ ᠵᠶ᠋ᠡᠨ ᠤᠯᠳᠠᠭ ᠰᠠᠢ᠌ᠬᠠᠨ ᠮᠠᠯᠴᠢᠨ ᠭᠠᠷᠬᠤ᠎ᠨᠢ》 ᠭᠡᠳ ᠪᠦᠰᠡ᠎ᠪᠠᠨ ᠴᠢᠩᠭ᠋ᠠᠯᠠᠵᠤ  ᠬᠤᠨᠢᠨ᠎ᠳᠤ᠎ᠪᠠᠨ ᠶᠠᠪᠤᠪᠠ᠃ ᠬᠤᠷᠮᠣᠢ ᠬᠡᠢ᠌ᠰᠭᠡᠵᠣ ᠶᠠᠪᠤᠬᠣ ᠭᠡᠵᠣ ᠡᠷ᠎ᠡ ᠬᠦᠮᠦᠨ᠎ᠤ ᠪᠠᠬᠠᠳᠣᠯ ᠲᠡᠷᠡ ᠪᠠᠢ᠌ᠭ᠎ᠠ ᠭᠡᠵᠣ ᠨᠠᠭ᠋ᠠᠨ᠎ᠠ᠎ᠨᠢ ᠪᠢ ᠤᠮᠣᠭᠰᠢᠵᠤ ᠬᠠᠷᠠᠨ᠎ᠠ᠃ ᠲᠡᠷᠡ ᠵᠣᠨ ᠦᠩᠰᠢᠵᠦ ᠲᠠᠷᠭᠣᠨ ᠲᠡᠮᠡᠭᠡᠨ᠎ᠤ ᠨᠢᠷᠦᠭᠤᠨ᠎ᠳᠤ  ᠬᠠᠮᠬᠤᠤᠯ ᠤᠷᠭᠤᠵᠤ᠂ ᠢᠮᠠᠭ᠋ᠠᠨ᠎ᠤ ᠰᠡᠭᠦᠯ ᠢᠵᠠᠷᠠᠭᠰᠠᠨ ᠰᠠᠢ᠌ᠬᠠᠨ ᠵᠢᠯ ᠪᠤᠯᠣᠭᠰᠠᠨ ᠶᠤᠮ᠃
ᠲᠡᠷᠡ ᠵᠤᠨ ᠭᠣᠣᠯ ᠵᠶ᠋ᠠᠷ ᠬᠠᠭᠣᠷᠠᠢ ᠦᠶᠡᠷ ᠢᠷᠡᠭᠰᠡᠨ᠎ᠢ ᠭᠠᠢ᠌ᠬᠠᠵᠢ ᠪᠢᠯᠡ᠃ ᠠᠭᠣᠯᠠᠨ᠎ᠳᠤ ᠶᠡᠬᠡ ᠪᠤᠷᠣᠭ᠎ᠠ ᠣᠷᠣᠪᠠᠯ ᠭᠣᠣᠯ ᠵᠶ᠋ᠠᠷ ᠨᠠᠭ᠋ᠠᠰᠢ᠎ᠪᠠᠨ ᠦᠶᠡᠷ ᠢᠷᠡᠳᠡᠭ ᠭᠡᠵᠤ ᠡᠵᠢ ᠶᠠᠷᠢᠵᠣ ᠦᠭᠴᠡᠢ᠃ ᠡᠢ᠌ᠮᠦ ᠶᠡᠭᠡ ᠤᠰᠣ ᠶᠠᠪᠤᠳᠠᠭ᠎ᠢ ᠠᠩᠬ᠎ᠠ ᠬᠠᠷᠠᠪᠠ᠃ ᠨᠠᠷᠢᠨ ᠭᠣᠣᠯ᠎ᠤᠨ ᠬᠦᠨᠳᠡᠢ᠎ᠪᠠᠷ ᠦᠶᠡᠷ᠎ᠤᠨ ᠦᠵᠦᠭᠦᠷ ᠰᠢᠷ᠎ᠠ ᠲᠤᠭᠤᠰᠣ ᠲᠠᠲᠠᠭᠣᠯᠣᠨ ᠱᠣᠣᠭᠢᠭ᠋ᠠᠳ ᠢᠷᠡᠬᠦ᠎ᠨᠢ ᠤᠷᠣᠯᠳᠣᠭ᠋ᠠᠨ᠎ᠤ ᠮᠣᠷᠢᠳ ᠢᠷᠡᠬᠦ ᠮᠡᠳᠦ ᠰᠦᠷ᠎ᠲᠠᠢ᠃ ᠠᠪᠤ ᠮᠣᠷᠢ᠎ᠲᠠᠢ ᠳᠠᠪᠬᠢᠵᠤ ᠢᠷᠡᠭᠡᠳ 《ᠪᠤᠷᠣᠭ᠋ᠠᠯᠠᠬᠤ ᠶᠤᠮ ᠪᠠᠢ᠌ᠨ᠎ᠠ》 ᠭᠡᠳ ᠨᠠᠮ᠎ᠠ ᠵᠢ ᠮᠣᠷᠢ ᠣᠨᠣᠭᠤᠯᠵᠣ ᠡᠵᠢ᠎ᠲᠠᠢ ᠶᠢᠰᠣᠨ ᠰᠢᠳᠢ ᠵᠢᠨ ᠶᠠᠭᠣᠮ᠎ᠠ ᠶᠠᠷᠢᠵᠤ ᠶᠠᠪᠤᠬᠤ᠎ᠳᠤ ᠮᠢᠨᠦ ᠨᠦᠢ᠍ᠷ ᠬᠦᠷᠦᠨ᠎ᠡ᠃ ᠭᠡᠷ᠎ᠲᠤ᠎ᠪᠠᠨ ᠬᠠᠷᠢᠵᠤ ᠤᠴᠢᠬᠤ ᠎ᠳᠤ ᠠᠪᠤ ᠨᠢᠭᠡ ᠲᠡᠪᠡᠷᠢ ᠲᠦᠯᠡᠭᠡ ᠲᠡᠭᠦᠵᠦ᠂ ᠡᠵᠢ ᠤᠷᠣᠢ ᠵᠢᠨ ᠬᠤᠭᠤᠯᠠᠨ᠎ᠤ  ᠰᠣᠷᠢᠰᠤ ᠲᠡᠭᠦᠵᠡᠢ᠃ 
 《ᠤᠷᠣᠬᠣ ᠲᠡᠭᠷᠢ ᠵᠢᠨ ᠤᠷᠣᠢ᠎ᠨᠢ ᠴᠣᠭᠣᠷᠬᠠᠢ᠂ ᠤᠷᠣᠬᠣ ᠦᠭᠡᠢ ᠲᠡᠭᠷᠢ ᠵᠢᠨ ᠬᠠᠶᠠᠭ᠎ᠠ ᠴᠤᠭᠤᠷᠬᠠᠢ》 ᠭᠡᠳᠡᠭ ᠵᠶ᠋ᠡᠷ ᠨᠢᠬᠡ ᠯᠨ ᠮᠡᠳᠡᠬᠦ᠎ᠳᠤ ᠵᠢᠪᠠᠷ ᠰᠡᠩᠭᠢᠨᠡᠵᠤ ᠪᠦᠭᠭᠦᠭᠰᠢᠪᠡ᠃ ᠤᠷᠣᠢ ᠳᠡᠭᠡᠷ᠎ᠡ ᠬᠦᠴᠦᠲᠠᠢ ᠬᠦᠷᠴᠢᠭᠡᠨᠡᠨ ᠳᠣᠷᠭᠢᠵᠤ᠂ ᠭᠡᠷ᠎ᠤᠨ ᠡᠮᠦᠨᠡᠬᠢ ᠠᠭᠣᠯᠠᠨ ᠤᠷᠣᠢ ᠳᠡᠭᠡᠷ᠎ᠡ ᠴᠠᠭ᠋ᠠᠨ ᠭᠡᠷᠡᠯ ᠲᠠᠰᠢᠭᠣᠷᠳᠠᠨ  ᠭᠢᠯᠪᠠᠭ᠋ᠠᠯᠠᠪᠠ᠃ ᠪᠢ ᠠᠶᠣᠩᠭ᠎ᠠ ᠳᠣᠣᠭ᠋ᠠᠷᠬᠤ ᠵᠢ ᠦᠵᠡᠭᠡ ᠦᠭᠡᠢ ᠪᠤᠯᠬᠣᠷ  《ᠡᠵᠢ ᠡ!》 ᠭᠡᠳ ᠬᠠᠰᠬᠢᠷᠣᠭᠰᠠᠭ᠋ᠠᠷ ᠪᠤᠷᠪᠢ ᠵᠢᠨ ᠳᠡᠭᠡᠭᠦᠷ ᠳᠣᠩᠭᠤᠴᠠᠨ ᠬᠠᠷᠠᠢ᠌ᠯᠭ᠋ᠠᠭ᠋ᠠᠳ ᠭᠡᠷ᠎ᠲᠤ᠎ᠪᠠᠨ ᠳᠠᠪᠬᠢᠨ ᠤᠷᠣᠪᠠ᠃  《ᠠᠶᠤᠩᠭ᠎ᠠ ᠨᠢᠷᠭᠡᠬᠦ᠎ᠨᠢ ᠭᠠᠯᠳᠦ ᠯᠤᠤ ᠤᠭᠲᠠᠷᠭᠤᠢ᠎ᠳᠤ ᠪᠠᠭᠲᠠᠯᠴᠠᠬᠤ ᠦᠬᠡᠢ ᠯᠤᠤᠰ᠎ᠤᠨ ᠡᠵᠠᠨ᠎ᠲᠠᠢ ᠨᠢᠭᠦᠯ ᠬᠢᠭᠰᠡᠨ ᠬᠤᠤᠷ᠎ᠤᠨ ᠠᠭ᠋ᠠᠯᠵᠢ ᠵᠢ ᠠᠯᠠᠬᠤ ᠰᠢᠢ᠍ᠳᠭᠡᠯ ᠦᠭᠴᠦ ᠵᠤᠳᠣᠭ᠋ᠠᠨ ᠬᠢᠵᠦ ᠪᠠᠢ᠌ᠨ᠎ᠠ》 ᠭᠡᠳᠡᠭ ᠠᠪᠤ ᠵᠢᠨ ᠶᠠᠷᠢᠳᠠᠭ ᠦᠯᠢᠭᠡᠷ ᠪᠤᠳᠣᠭᠳᠠᠨ᠎ᠠ᠃ ᠬᠤᠷ᠎ᠠ ᠪᠤᠷᠣᠭ᠋ᠠᠨ᠎ᠳᠤ ᠠᠯᠠᠭ ᠡᠷᠢᠶᠠᠨ ᠬᠤᠪᠴᠠᠰᠣ ᠡᠮᠤᠰᠬᠦ ᠵᠢ ᠴᠡᠭᠡᠷᠯᠠᠳᠡᠭ ᠵᠠᠩᠰᠢᠯ᠎ᠨᠢ ᠭᠠᠯᠲᠦ ᠯᠤᠤ᠂ ᠯᠤᠤᠰ᠎ᠤᠨ ᠬᠠᠳ ᠬᠦᠮᠦᠨ᠎ᠢ ᠠᠨᠳᠠᠭᠤ ᠨᠢᠷᠭᠡᠬᠦ᠎ᠠᠴᠠ ᠬᠡᠴᠢᠶᠡᠭᠰᠡᠨ ᠴᠡᠭᠡᠷ ᠭᠡᠨ᠎ᠡ᠃ 《ᠠᠶᠤᠩᠭ᠎ᠠ ᠳᠣᠣᠭ᠋ᠠᠷᠪᠠᠯ ᠭᠡᠷ᠎ᠲᠤ᠎ᠪᠠᠨ ᠤᠷᠣ》 ᠭᠡᠳᠡᠭ ᠬᠡᠯᠡᠯᠭᠡ ᠪᠤᠢ᠃ ᠲᠡᠭᠷᠢ ᠲᠣᠣᠭ᠋ᠠᠷᠪᠠᠯ 《ᠬᠦᠶᠢ᠂ ᠬᠦᠶᠢ》 ᠭᠡᠵᠤ ᠦᠨᠳᠦᠷ ᠳᠠᠭᠣ ᠭᠠᠷᠭ᠋ᠠᠵᠤ 《ᠪᠢ ᠬᠦᠮᠦᠨ ᠪᠠᠢ᠌ᠨ᠎ᠠ》 ᠭᠡᠳᠡᠭ ᠲᠤᠭᠢᠶ᠎ᠠ ᠥᠭᠴᠦ᠂ ᠵᠠᠷᠢᠮ ᠭᠠᠵᠠᠷ ᠡᠭᠦᠳᠡ᠎ᠪᠠᠷ ᠵᠶ᠋ᠡᠨ ᠱᠦᠭᠦᠷ ᠰᠠᠪᠠ ᠭᠠᠳᠠᠭᠰᠢ ᠰᠢᠲᠡᠳᠡᠭ ᠵᠠᠩᠰᠢᠯ᠎ᠢ ᠤᠳᠣ ᠬᠦᠷᠲᠡᠯ᠎ᠡ ᠬᠠᠳᠠᠭ᠋ᠠᠯᠠᠵᠤ ᠪᠤᠢ᠃ ᠡᠵᠢ ᠠᠷᠤ᠎ᠠᠴᠠ᠄
 《ᠢᠯᠢ ᠡ! ᠮᠢᠨᠦ ᠬᠦᠦ ᠠᠶᠣᠩᠭ᠎ᠠ᠎ᠠᠴᠠ ᠰᠣᠴᠢᠭᠰᠠᠨ᠎ᠨᠢ ᠲᠡᠷᠡ ᠦᠦ》 ᠭᠡᠳ ᠲᠣᠯᠣᠭ᠋ᠠᠢ ᠵᠢ ᠢᠯᠢᠵᠦ᠂ 《ᠢᠷ᠎ᠡ ᠡ᠂ ᠢᠷ᠎ᠡ》 ᠭᠡᠵᠤ ᠰᠦᠨᠠᠰᠣ ᠵᠢ ᠲᠠᠭᠤᠳᠠᠵᠤ ᠦᠭᠴᠢ ᠪᠢᠯᠡ᠃ ᠠᠶᠤᠭᠰᠠᠨ ᠪᠢ  ᠴᠢᠬᠢ᠎ᠪᠠᠨ ᠪᠦᠭᠯᠡᠨ ᠵᠤᠭᠰᠣᠨ᠎ᠠ᠃ ᠡᠮᠦᠨ᠎ᠡ ᠬᠤᠭᠤᠯᠠᠢ᠂ ᠠᠭᠣᠯᠠᠨ ᠪᠡᠯ ᠲᠠᠭ᠋ᠠᠭ᠋ᠠᠳ ᠴᠠᠭ᠋ᠠᠨ ᠬᠤᠢ ᠲᠠᠲᠠᠵᠤ ᠥᠨᠦᠬᠢ ᠪᠤᠷᠣᠭ᠎ᠠ ᠭᠡᠳᠡᠭ᠎ᠨᠢ ᠱᠠᠭᠢᠵᠦ ᠡᠬᠢᠯᠡᠪᠡ᠃ ᠡᠵᠢ ᠪᠦᠷ  ᠬᠡᠥᠬᠡᠳ ᠰᠢᠭ ᠪᠠᠶᠠᠷᠯᠠᠵᠤ ᠭᠡᠷ᠎ᠲᠤ ᠪᠠᠢ᠌ᠭᠰᠠᠨ ᠠᠶᠠᠭ᠎ᠠ ᠱᠠᠭ᠋ᠠᠵᠠᠩ᠂ ᠲᠤᠭᠣᠭ᠎ᠠ ᠬᠠᠢ᠌ᠰᠤ ᠁ ᠥᠭᠡᠳᠡ ᠠᠮᠠᠰᠠᠷ᠎ᠲᠠᠢ ᠪᠦᠬᠦᠨ᠎ᠢ ᠭᠠᠳᠠᠨ᠎ᠠ ᠭᠠᠷᠭ᠋ᠠᠵᠤ ᠬᠥᠬᠡ ᠲᠡᠭᠷᠢ ᠵᠢᠨ ᠷᠠᠰᠢᠶᠠᠨ ᠬᠤᠷᠢᠶᠠᠬᠤ᠎ᠠᠴᠠ ᠨᠤᠷᠬᠤ᠎ᠨᠢ ᠭᠤᠶᠤ ᠭᠡᠨ᠎ᠡ᠃ ᠡᠵᠢ᠄
《ᠮᠢᠨᠦ ᠬᠦᠦ ᠬᠦᠷᠮ᠎ᠡ᠎ᠪᠠᠨ ᠲᠠᠢ᠌ᠯᠤᠭ᠋ᠠᠳ ᠪᠤᠷᠣᠭ᠋ᠠᠨ᠎ᠳᠤ ᠳᠠᠪᠬᠢ》 ᠭᠡᠯ᠎ᠡ᠃ ᠪᠢ ᠠᠩᠬ᠎ᠠ ᠪᠤᠷᠣᠭ᠋ᠠᠨ᠎ᠠᠴᠠ ᠠᠶᠣᠵᠤ ᠪᠠᠢ᠌ᠭᠰᠠᠨ ᠵᠶ᠋ᠠᠨ ᠵᠤᠤᠯᠠᠭᠰᠠᠨ ᠬᠤᠳᠠᠴᠢ᠎ᠲᠠᠢ᠎ᠪᠠᠨ ᠨᠦᠭᠦᠳ ᠪᠤᠯᠵᠣ ᠪᠤᠷᠣᠭ᠋ᠠᠨ᠎ᠤ ᠤᠰᠣᠨ᠎ᠳᠤ ᠦᠰᠦᠷᠭᠡᠪᠡ᠃ ᠮᠢᠨᠦ ᠮᠠᠭᠤ ᠬᠠᠯᠲᠠᠷ ᠴᠢᠷᠠᠢ ᠦᠩᠭᠡ ᠤᠷᠣᠴᠢᠬᠠᠯ᠎ᠠ ᠭᠡᠵᠣ ᠡᠵᠢ ᠠᠪᠤ᠎ᠲᠠᠢ ᠮᠦᠰᠢᠶᠡᠵᠦ ᠪᠠᠢ᠌ᠪᠠ ᠃ ᠲᠡᠷᠡ ᠡᠳᠦᠷ ᠮᠠᠨ᠎ᠤ᠎ᠬᠢᠨ ᠬᠠᠮᠤᠭ᠎ᠤᠨ ᠶᠡᠬᠡ ᠤᠰᠣ ᠬᠤᠷᠢᠶᠠᠭᠰᠠᠨ ᠤᠳᠠᠭ᠎ᠠ᠎ᠲᠠᠢ᠃
ᠰᠠᠷᠠ ᠮᠠᠨᠳᠣᠬᠣ ᠵᠢᠨ ᠦᠶ᠎ᠡ᠎ᠳᠤ ᠠᠪᠤ ᠭᠡᠷ᠎ᠤᠨ ᠠᠷᠣ᠎ᠳᠤ ᠱᠤᠩ ᠪᠤᠰᠬᠠᠵᠤ ᠶᠤᠯᠣᠭ ᠲᠠᠲᠠᠭ᠋ᠠᠳ ᠡᠵᠢ᠎ᠲᠠᠢ  ᠴᠣᠭ ᠪᠠᠢ᠌ᠯ᠎ᠠ᠃
《ᠮᠢᠨᠦ ᠬᠦᠦ ᠲᠡᠨᠳᠡ᠎ᠪᠠᠨ ᠪᠠᠢ》 ᠭᠡᠨ᠎ᠡ᠃ ᠡᠵᠢ ᠵᠢᠨ ᠤᠷᠣᠢ ᠳᠡᠭᠡᠷ᠎ᠡ᠎ᠠᠴᠠ ᠴᠣᠷᠭᠤ᠎ᠲᠠᠢ ᠤᠰᠣ ᠭᠤᠭᠤᠵᠢᠭᠤᠯᠬᠤ᠎ᠳᠤ ᠵᠢᠪᠠᠷ᠎ᠤᠨ ᠲᠡᠭᠡᠳᠦ ᠲᠠᠯ᠎ᠠ᠎ᠠᠴᠠ ᠭᠤᠶᠣ ᠦᠨᠦᠷ ᠭᠠᠷᠴᠦ ᠰᠢᠪᠠᠭᠤ ᠮᠡᠳᠥ ᠳᠡᠭᠡᠯᠵᠡᠨ᠎ᠡ᠃ ᠴᠡᠩᠬᠡᠷ ᠠᠭ᠋ᠠᠷ᠎ᠲᠤ ᠡᠭᠦᠯᠡᠡ ᠰᠡᠮᠡᠷᠬᠡᠢ᠎ᠪᠠᠷ ᠰᠠᠷᠠᠨ᠎ᠤ ᠴᠠᠭ᠋ᠠᠨ ᠲᠤᠶᠠᠭ᠎ᠠ ᠰᠠᠴᠣᠷᠠᠵᠣ ᠤᠳᠣ ᠠᠷᠴᠢᠭᠰᠠᠨ ᠰᠦ᠎ᠲᠠᠢ ᠰᠦᠨᠢ ᠨᠦᠮᠦᠷᠢᠯᠡᠭᠰᠡᠨ ᠭᠣᠪᠢ ᠵᠢᠨ ᠬᠦᠳᠡᠭᠡ ᠴᠠᠢ᠌ᠷᠠᠨ ᠲᠤᠨᠢᠷᠬᠠᠨ᠎ᠠ᠃ ᠡᠵᠢ ᠵᠢᠨ ᠬᠥ᠋ ᠬᠠᠷ᠎ᠠ ᠭᠡᠵᠢᠭᠡ᠎ᠠᠴᠠ ᠮᠦᠩᠭᠦᠨ ᠬᠢᠷ᠎ᠠ᠎ᠲᠠᠢ ᠭᠡᠷᠡᠯ ᠲᠤᠯᠢᠶᠠᠵᠤ᠂ ᠪᠡᠶ᠎ᠡ᠎ᠪᠠᠨ ᠨᠢᠭᠤᠭᠰᠠᠨ ᠴᠠᠭ᠋ᠠᠨ ᠶᠤᠷᠣᠭ᠎ᠲᠤ ᠰᠡᠭᠦᠳᠡᠷ ᠲᠤᠰᠴᠦ᠂ ᠦᠬᠢᠨ ᠲᠡᠭᠷᠢ ᠵᠢᠨ ᠵᠢᠷᠣᠭ ᠠᠮᠢᠯᠠᠭᠰᠠᠨ ᠭᠡᠮᠡᠷ ᠡᠬᠡ ᠪᠠᠢ᠌ᠭ᠋ᠠᠯᠢ ᠵᠢᠨ ᠭᠣᠸ᠎ᠠ ᠦᠵᠡᠰᠭᠦᠯᠡᠩ᠎ᠢ ᠲᠣᠯᠢᠨ᠎ᠳᠤ ᠣᠢ᠌ᠯᠠᠭᠰᠠᠨ ᠰᠠᠷᠠ ᠮᠡᠳᠥ ᠰᠣᠮᠣᠨ᠎ᠤ ᠨᠠᠭ᠋ᠠᠳᠣᠮ᠎ᠳᠤ ᠺᠢᠨᠣ᠋ ᠦᠵᠡᠵᠦ ᠤᠴᠢᠬᠤ᠎ᠳᠤ ᠬᠦᠰᠢᠭᠡᠨ ᠲᠡᠭᠡᠷ᠎ᠡ ᠭᠠᠷᠳᠠᠭ ᠵᠢᠷᠤᠭ᠎ᠠᠴᠠ ᠠᠩᠭᠢᠷ ᠬᠠᠷᠠᠭᠳᠠᠨ᠎ᠠ᠃ ᠤᠳᠣ ᠪᠤᠳᠣᠬᠤ᠎ᠳᠤ ᠬᠤᠲᠠ ᠵᠢᠨ ᠬᠦᠮᠦᠨ ᠰᠢᠭ ᠤᠰᠣᠨ᠎ᠳᠤ ᠤᠷᠣᠵᠣ ᠪᠠᠢ᠌ᠵᠠᠢ᠃ ᠴᠢᠬᠢᠭ᠎ᠤᠨ ᠦᠨᠦᠷ ᠰᠡᠩᠭᠢᠨᠡᠭᠰᠡᠨ ᠡᠯᠡᠰᠤ ᠬᠠᠶᠠᠭ᠋ᠠᠷᠠᠭᠰᠠᠨ ᠭᠣᠪᠢ ᠵᠢᠨ ᠬᠤᠪᠤᠷᠬᠠᠨ ᠦᠳᠡᠰᠢ ᠤᠰᠣ ᠰᠠᠳᠠᠷᠠᠬᠤ ᠴᠢᠮᠡᠭᠡ᠎ᠪᠠᠷ ᠪᠢ ᠨᠤᠬᠠᠢ᠎ᠲᠠᠢ᠎ᠪᠠᠨ  ᠰᠠᠷᠠ ᠡᠭᠦᠯᠡ ᠬᠤᠶᠠᠷ᠎ᠤᠨ ᠬᠡᠨ᠎ᠨᠢ ᠲᠦᠷᠦᠭᠦᠯᠡᠵᠦ ᠳᠠᠪᠬᠢᠳᠠᠭ᠎ᠢ ᠰᠢᠷᠲᠡᠨ ᠰᠠᠭᠣᠨ᠎ᠠ᠃  ᠠᠪᠤ ᠤᠰᠣ ᠵᠦᠭᠡᠭᠡᠵᠦ ᠯᠠ ᠪᠠᠢ᠌ᠪᠠ ᠁
  ᠨᠠᠷᠠ ᠭᠠᠷᠴᠦ ᠶᠡᠬᠡ ᠭᠣᠪᠢ ᠰᠡᠷᠢᠭᠦᠨ ᠵᠶ᠋ᠡᠷ ᠠᠮᠢᠰᠬᠤᠯᠯᠠᠨ᠎ᠠ᠃ ᠭᠠᠩ ᠲᠠᠢ᠌ᠯᠣᠭᠰᠠᠨ ᠲᠡᠷᠡ ᠪᠤᠷᠣᠭ᠋ᠠᠨ᠎ᠳᠤ ᠣᠯᠠᠨ ᠵᠢᠯ ᠰᠣᠬᠣᠷᠠᠭᠰᠠᠨ ᠣᠯᠠᠨ ᠪᠣᠯᠠᠭ ᠲᠠᠬᠢᠵᠤ ᠣᠷᠭᠢᠯᠣᠭᠰᠠᠨ᠎ᠢ ᠦᠷᠯᠦᠭᠡ ᠬᠠᠷᠠᠵᠠᠢ᠃ ᠣᠯᠠᠨ ᠪᠣᠯᠠᠭ ᠣᠨᠳᠣᠷᠴᠦ᠂ ᠬᠦᠳᠡᠭᠡ ᠰᠠᠷᠢᠳᠠᠭ ᠣᠬᠢᠶᠠᠭᠳᠠᠨ ᠦᠨᠳᠡᠭᠡᠨ ᠴᠢᠯᠠᠭᠤ ᠵᠠᠢ᠌ᠳᠠᠯᠠᠨ ᠵᠢᠯᠠᠭ᠎ᠠ ᠤᠷᠣᠭᠣᠳᠠᠵᠤ ᠬᠤᠯᠠ ᠵᠢᠨ ᠬᠣᠯᠠ ᠨᠠᠷᠢᠨ ᠤᠷᠣᠰᠬᠠᠯ ᠭᠠᠵᠠᠷ ᠡᠮᠵᠢᠶᠠᠷᠢᠯᠠᠨ ᠦᠷᠯᠦᠭᠡ ᠦᠳᠡᠰᠢ ᠵᠢᠨ ᠨᠠᠷᠠᠨ᠎ᠤ ᠲᠤᠶᠠᠭ᠋ᠠᠨ᠎ᠳᠤ  ᠴᠢᠮᠡᠭᠡ ᠦᠭᠡᠢ  ᠭᠢᠯᠪᠠᠯᠵᠠᠨ ᠭᠢᠯᠠᠷᠠᠨ᠎ᠠ᠃
  ᠡᠵᠢ ᠵᠢ ᠪᠤᠳᠣᠭᠳᠠᠭᠣᠯᠣᠮᠠᠷ ᠰᠣᠳᠠᠰᠣᠨ᠎ᠤ ᠬᠦᠨᠳᠡᠢ᠎ᠳᠤ ᠴᠢᠰᠤ ᠤᠷᠤᠰᠣᠨ ᠰᠢᠷᠪᠤᠰᠣᠨ᠎ᠳᠤ ᠬᠠᠩᠭᠢᠷ᠎ᠠ᠎ᠠᠴᠠ ᠬᠦᠴᠦ ᠲᠡᠩᠬᠡᠭᠡ ᠨᠦᠭᠡᠴᠡᠯᠡᠳᠡᠭ ᠠᠮᠢ ᠨᠠᠰᠣᠨ᠎ᠤ ᠴᠢᠳᠬᠣᠯ ᠰᠡᠯᠭᠦᠭᠰᠡᠨ ᠬᠡᠥᠬᠡᠳ ᠨᠠᠰᠣᠨ᠎ᠤ ᠲᠣᠷᠠᠳᠬᠠᠯ᠎ᠢ ᠦᠯᠡᠳᠡᠭᠡᠭᠰᠡᠨ ᠶᠤᠮ᠃ ᠵᠠᠯᠠᠭᠤ ᠶᠠᠪᠤᠭᠰᠠᠨ ᠡᠵᠢ ᠵᠢᠨ ᠲᠡᠷᠡ ᠵᠣᠨ᠎ᠢ ᠳᠠᠭᠣᠯᠠᠮᠠᠷ ᠰᠠᠨᠠᠭᠳᠠᠨ᠎ᠠ᠃ ᠮᠠᠨ᠎ᠤ ᠬᠦᠳᠡᠭᠡ᠎ᠪᠠᠷ ᠲᠤᠵᠢᠨ ᠦᠩᠭᠡ ᠭᠠᠷᠴᠣ ᠬᠤᠪᠢᠷᠠᠵᠤ ᠪᠠᠢ᠌ᠯ᠎ᠠ᠃ ᠬᠠᠷ᠎ᠠ ᠪᠤᠳ᠋ᠨ ᠶᠠᠭ᠋ᠠᠨ ᠵᠶ᠋ᠠᠷ ᠴᠡᠴᠡᠭᠯᠡᠵᠦ ᠭᠣᠣᠯ᠎ᠳᠤ ᠤᠷᠭᠣᠭᠰᠠᠨ ᠬᠠᠢ᠌ᠯᠠᠰᠣᠨ ᠮᠤᠳᠣ ᠬᠦᠷᠡᠩ ᠬᠠᠷ᠎ᠠ᠎ᠪᠠᠷ ᠱᠣᠣᠭᠢᠨ᠎ᠡ᠃ ᠤᠰᠣᠨ᠎ᠤ ᠰᠢᠪᠠᠭᠤ ᠮᠠᠨ᠎ᠤ᠎ᠬᠢᠨ᠎ᠤ ᠭᠡᠷ᠎ᠤᠨ ᠳᠡᠭᠡᠭᠦᠷ ᠭᠠᠷᠳᠠᠭ ᠪᠣᠯᠪᠠ᠃ ᠵᠠᠳᠠᠭ᠋ᠠᠢ ᠵᠢᠨ ᠡᠩᠭᠡᠷ᠎ᠲᠤ ᠲᠡᠮᠡᠭᠡ ᠮᠠᠯ ᠬᠤᠷᠠᠵᠤ᠂ ᠴᠡᠴᠡᠭ ᠳᠡᠯᠭᠡᠷᠡᠭᠰᠡᠨ ᠲᠠᠨᠵᠢᠨ ᠲᠡᠭᠡᠷ᠎ᠡ ᠠᠯᠠᠭ ᠡᠷᠪᠡᠬᠡᠢ ᠪᠦᠵᠢᠨ᠂ ᠣᠰᠤᠨ᠎ᠳᠤ ᠵᠡᠭᠡᠷ᠎ᠡ ᠬᠠᠷᠠᠭᠳᠠᠪᠠ᠃ ᠠᠪᠤ ᠵᠢᠨ ᠰᠢᠷ᠎ᠠ ᠠᠳᠠ ᠨᠢᠷᠣᠭᠤ ᠠᠮᠠᠷᠠᠵᠤ᠂  ᠤᠰᠣᠨ᠎ᠤ ᠵᠡᠰ ᠪᠤᠷᠪᠢ ᠭᠡᠷ᠎ᠤᠨ ᠬᠠᠶᠠᠭ᠋ᠠᠨ᠎ᠳᠤ ᠭᠡᠷᠡᠯ ᠠᠰᠬᠠᠨ᠎ᠠ ᠃
ᠠᠪᠤ ᠡᠵᠢ ᠭᠠᠳᠠᠭᠣᠷ ᠶᠠᠪᠤᠵᠣ ᠢᠷᠡᠭᠡᠳ ᠬᠦᠷᠡᠩ ᠢᠩᠭᠡ ᠵᠢ ᠪᠤᠳᠣᠭᠤ ᠵᠢ᠎ᠨᠢ ᠠᠪᠤᠭᠣᠯᠬᠤ ᠭᠡᠵᠣ ᠭᠡᠷ᠎ᠠᠴᠠ ᠶᠠᠭᠣᠮ᠎ᠠ  ᠵᠥᠭᠡᠭᠡᠭᠡᠳ ᠭᠠᠷᠪᠠ᠃ ᠠᠪᠤ ᠬᠤᠭᠤᠷ ᠲᠠᠲᠠᠵᠤ᠂ ᠡᠵᠢ ᠬᠦᠦᠰᠯᠡᠬᠦ᠎ᠳᠤ ᠢᠩᠭᠡ᠎ᠪᠠᠨ ᠳᠠᠭ᠋ᠠᠵᠤ ᠨᠢᠯᠪᠤᠰᠣᠷᠠᠭᠰᠠᠨ ᠶᠤᠮ᠃  ᠬᠤᠭᠤᠷ᠎ᠤᠨ ᠠᠶᠠᠯᠭᠤ᠎ᠲᠠᠢ ᠨᠠᠷᠢᠨ ᠭᠣᠣᠯ᠎ᠤᠨ ᠤᠰᠣ ᠲᠤᠷᠭ᠋ᠠᠰᠢᠨ ᠮᠡᠯᠮᠡᠯᠵᠡᠬᠦ ᠮᠡᠳᠥ ᠭᠣᠪᠢ ᠵᠢᠨ ᠡᠯᠢᠭᠡᠨ᠎ᠠᠴᠠ ᠠᠷᠭ᠋ᠠᠯ᠎ᠤᠨ ᠤᠲᠣᠭ᠎ᠠ᠎ᠲᠠᠢ ᠤᠶᠠᠩᠭ᠋ᠠᠷᠠᠨ ᠬᠤᠯᠠᠳᠠᠨ᠎ᠠ᠃ ᠲᠡᠷᠭᠡᠳᠡ᠎ᠨᠢ ᠪᠢ ᠡᠯᠡᠰᠣᠨ ᠳᠡᠭᠡᠷ᠎ᠡ ᠤᠷᠭᠣᠭᠰᠠᠨ ᠨᠢᠯᠬ᠎ᠠ ᠴᠣᠯᠢᠬᠢᠷ᠎ᠤᠨ ᠨᠡᠷᠢᠨ ᠤᠷᠲᠦ ᠦᠨᠳᠦᠰᠦ  ᠭᠤᠷᠢᠶᠠᠯᠠᠨ ᠴᠠᠭ᠋ᠠᠷᠢᠭ ᠲᠠᠲᠠᠭᠰᠠᠨ᠎ᠢ ᠭᠠᠢ᠌ᠬᠠᠨ ᠬᠠᠷᠠᠵᠤ 《ᠡᠵᠢ ᠨᠠᠮ᠎ᠠ ᠵᠢ ᠭᠤᠯᠣᠬᠤ ᠦᠭᠡᠢ ᠪᠢᠵᠡ》 ᠭᠡᠵᠣ ᠪᠢᠳᠡᠭᠦᠬᠡᠨ ᠰᠠᠨᠠᠪᠠ᠃
ᠬᠦᠮᠦᠨᠰᠢᠨ᠎ᠡ ᠭᠡᠭᠴᠢ ᠮᠢᠨᠦ ᠬᠡᠥᠬᠡᠳ ᠨᠠᠰᠤ ᠨᠠᠷᠢᠨ ᠭᠣᠣᠯ ᠰᠢᠭ᠋ ᠤᠷᠣᠰᠣᠨ ᠣᠳᠪᠠ᠃  ᠪᠢ ᠭᠣᠪᠢ᠎ᠠᠴᠠ ᠨᠢᠯᠪᠤᠰᠣ᠎ᠲᠠᠢ ᠠᠶᠠᠷᠯᠠᠪᠠ᠃  ᠦᠨᠡᠨ᠎ᠳᠤ᠎ᠪᠠᠨ ᠡᠵᠢ᠎ᠳᠤ᠎ᠪᠠᠨ ᠬᠤᠷᠭᠣᠳᠠᠭᠰᠠᠨ ᠶᠤᠮ᠃ ᠭᠣᠪᠢ᠎ᠠᠴᠠ᠎ᠪᠠᠨ ᠰᠠᠯᠵᠤ ᠶᠠᠪᠤᠳᠠᠭ ᠡᠳᠦᠷ ᠠᠪᠤ ᠵᠢᠨ ᠵᠶ᠋ᠡᠨ ᠠᠲᠣᠷᠢᠶ᠎ᠠ ᠰᠠᠭᠣᠭᠰᠠᠨ ᠴᠢᠷᠠᠢ ᠵᠢ ᠡᠭᠴᠡ ᠬᠠᠷᠠᠵᠤ ᠴᠢᠳᠠᠭᠰᠠᠨ ᠦᠭᠡᠢ᠃ ᠡᠵᠢ ᠡᠯᠢᠭᠡᠨ᠎ᠳᠤ᠎ᠪᠠᠨ ᠨᠠᠮ᠎ᠠ ᠵᠢ ᠬᠡᠥᠬᠡᠳ ᠪᠠᠢ᠌ᠬᠤ᠎ᠳᠤ ᠲᠡᠪᠡᠷᠢᠳᠡᠭ ᠰᠢᠭ ᠨᠠᠭ᠋ᠠᠭ᠋ᠠᠳ ᠨᠢᠯᠪᠤᠰᠣ᠎ᠨᠢ ᠮᠢᠨᠦ ᠬᠠᠴᠠᠷ ᠳᠡᠭᠡᠷ᠎ᠡ ᠲᠡᠷᠡ ᠵᠢᠯ᠎ᠤᠨ ᠪᠤᠷᠣᠭ᠎ᠠ ᠤᠷᠣᠳᠠᠭ ᠰᠢᠭ᠋ ᠫᠦᠷᠲᠡᠬᠢᠨ ᠣᠨᠠᠪᠠ᠃ ᠮᠢᠨᠦ ᠰᠠᠯᠵᠤ ᠶᠠᠳᠠᠭᠰᠠᠨ ᠰᠡᠳᠬᠢᠯ᠎ᠢ ᠰᠠᠮᠨᠠᠭᠰᠠᠨ ᠨᠢᠯᠪᠤᠰᠤ ᠨᠠᠷᠢᠨ ᠭᠣᠣᠯ᠎ᠤᠨ ᠤᠷᠣᠰᠬᠠᠯ ᠰᠢᠭ᠋ ᠡᠩᠭᠡᠷ ᠎ᠲᠤ ᠰᠢᠩᠭᠡᠵᠤ ᠪᠠᠢ᠌ᠪᠠ᠃ ᠬᠦᠳᠡᠭᠡ ᠭᠣᠪᠢ᠎ᠳᠤ ᠮᠢᠨᠦ ᠤᠨᠠᠭ᠋ᠠᠨ ᠨᠠᠰᠦ ᠨᠠᠷᠢᠨ ᠭᠣᠣᠯ᠎ᠤᠨ ᠲᠠᠰᠤᠷᠬᠠᠢ ᠤᠷᠣᠰᠬᠠᠯ ᠰᠢᠭ᠋ ᠭ᠋ᠭᠢᠷ ᠦᠭᠡᠢ ᠦᠰᠴᠦ ᠰᠡᠳᠭᠢᠯ ᠵᠶ᠋ᠡᠷ ᠲᠣᠷᠨᠢᠭᠰᠠᠨ᠃
ᠪᠢ ᠰᠣᠷᠭ᠋ᠠᠭᠣᠯᠢ᠎ᠳᠤ ᠣᠷᠣᠭᠰᠠᠨ ᠵᠢᠯ ᠬᠠᠲᠤᠨ ᠭᠣᠣᠯ᠎ᠤᠨ ᠬᠦᠪᠡᠭᠡᠨ᠎ᠳᠤ ᠬᠦᠷᠪᠡ᠃ ᠬᠠᠲᠤᠨ ᠭᠣᠣᠯ  ᠠᠵᠢᠨᠠᠢ ᠬᠦᠯᠦᠭ ᠴᠣᠷᠣᠢ᠌ᠨ ᠪᠤᠰᠬᠤ ᠮᠡᠳᠥ  ᠬᠦᠷᠬᠢᠷᠡᠨ ᠳᠠᠪᠠᠯᠭ᠋ᠠᠯᠠᠨ᠎ᠠ᠃ ᠲᠡᠷᠡ ᠮᠢᠨᠦ ᠵᠠᠯᠠᠭᠤ ᠨᠠᠰᠣᠨ᠎ᠤ ᠬᠦᠴᠦ ᠵᠣᠷᠢᠭ᠎ᠢ ᠠᠷᠭ᠋ᠠᠮᠵᠢᠪᠠ᠃ ᠠᠪᠤ ᠡᠵᠢ ᠬᠠᠮᠢᠭ᠎ᠠ ᠴᠦ᠍ ᠶᠠᠪᠤᠭᠰᠠᠨ ᠦᠭᠡᠢ᠃ ᠨᠠᠰᠣᠨ ᠲᠤᠷᠰᠢᠲᠠ ᠭᠣᠪᠢ ᠵᠢᠨ ᠬᠦᠳᠡᠭᠡ ᠨᠠᠷᠢᠨ ᠭᠣᠣᠯ᠎ᠳᠤ᠎ᠪᠠᠨ ᠡᠯᠡᠭᠡᠭᠰᠡᠨ, ᠶᠤᠮ ᠰᠠᠨ᠃ ᠠᠪᠤ ᠪᠤᠷᠬᠠᠯᠠᠭᠰᠠᠨ᠎ᠠᠴᠠ ᠬᠤᠢ᠌ᠰᠢ ᠡᠵᠢ ᠭᠣᠪᠢ᠎ᠳᠤ᠎ᠪᠠᠨ ᠰᠠᠭ᠋ᠠᠯᠢ ᠵᠢᠨ ᠬᠤᠶᠠᠷ ᠢᠩᠭᠡ᠎ᠲᠠᠢ᠎ᠪᠠᠨ ᠨᠠᠮ᠎ᠠ ᠵᠢ ᠬᠦᠯᠢᠶᠡᠳᠡᠭ  ᠪᠠᠢ᠌ᠪᠠ᠃ 
ᠡᠵᠢ ᠡ! ᠰᠦᠨᠢ᠎ᠨᠢ ᠪᠢ ᠶᠢᠰᠦᠨ ᠡᠷᠳᠡᠨᠢ ᠵᠢᠨ ᠰᠢᠭᠢᠳᠭᠡᠭᠡ᠎ᠲᠠᠢ ᠳᠠᠯᠯᠠᠭ᠎ᠠ ᠵᠢᠨ ᠤᠭᠣᠲᠠ᠎ᠠᠴᠠ ᠷᠠᠰᠢᠶᠠᠨ ᠬᠤᠷᠢᠶᠠᠵᠤ ᠪᠠᠢ᠌ᠨ᠎ᠠ ᠭᠡᠵᠣ ᠵᠡᠭᠦᠳᠦᠯᠡᠭᠡᠳ ᠰᠡᠷᠢᠪᠠ᠃ ᠡᠵᠢ ᠡ! ᠲᠠ ᠶᠠᠭ᠋ᠠᠬᠢᠭᠰᠠᠨ ᠶᠠᠭ᠋ᠠᠷᠠᠣ ᠠᠶᠠᠷᠯᠠᠪᠠ? ᠪᠢ ᠨᠠᠷᠢᠨ ᠭᠣᠣᠯ᠎ᠳᠤ᠎ᠪᠠᠨ ᠪᠤᠴᠠᠵᠤ ᠢᠷᠡᠭᠰᠡᠨ ᠰᠢᠦ!  ᠨᠠᠮ᠎ᠠ ᠵᠢ ᠲᠡᠷᠭᠡᠳᠡ ᠴᠢᠨᠢ ᠪᠠᠢ᠌ᠭ᠎ᠠ ᠬᠤᠭᠤᠷᠣᠨᠳᠦ ᠬᠤᠷᠸ᠎ᠠ ᠵᠢᠨ ᠬᠠᠮᠣᠭ ᠨᠠᠮ ᠵᠢᠮ  ᠦᠦᠷ ᠵᠶ᠋ᠡᠷ ᠪᠤᠷᠬᠠᠨ ᠲᠠᠨ᠎ᠢ ᠵᠠᠯᠠᠭ᠋ᠠᠳ ᠶᠠᠪᠤᠭᠰᠠᠨ ᠦᠦ! ᠲᠠᠨ᠎ᠤ ᠬᠠᠢ᠌ᠷ᠎ᠠ᠎ᠳᠤ ᠳᠡᠪᠲᠦᠭᠰᠡᠨ ᠠᠮᠢᠨ᠎ᠤ ᠴᠢᠨᠢ ᠲᠠᠰᠣᠷᠬᠠᠢ ᠪᠢᠳᠠ ᠬᠡᠳᠤ ᠢᠩᠭᠡᠭᠡᠳ ᠬᠠᠭ᠋ᠠᠴᠠᠬᠤ ᠭᠡᠵᠤ ᠦᠶᠡᠯᠡᠨ ᠤᠷᠣᠰᠬᠤ ᠨᠢᠯᠪᠤᠰᠤ ᠡᠵᠢ ᠵᠢᠨ ᠠᠷᠤ᠎ᠠᠴᠠ ᠡᠩᠭᠡᠷ᠎ᠤᠨ ᠵᠠᠩᠭᠢᠶ᠎ᠠ᠎ᠲᠠᠢ ᠮᠦᠩᠭᠦᠨ ᠲᠤᠪᠴᠢ ᠭᠠᠩᠰᠠᠷᠠᠨ ᠬᠠᠢ᠌ᠯᠣᠭᠰᠠᠨ ᠶᠤᠮ᠃ ᠲᠠᠨ᠎ᠤ ᠠᠷᠢᠭᠣᠨ ᠴᠣᠭᠴᠠᠰ ᠬᠦᠳᠡᠭᠡ ᠬᠤᠨᠣᠭᠰᠠᠨ ᠰᠠᠷᠠ ᠵᠢ ᠠᠷᠭ᠋ᠠᠮᠵᠢᠶᠠᠯᠠᠵᠤ᠂ ᠴᠣᠬᠢᠶ᠎ᠠ ᠵᠢᠨ ᠤᠷᠣᠢ ᠳᠠᠷᠣᠭᠰᠠᠨ ᠬᠠᠨ ᠬᠠᠢ᠌ᠷᠬᠠᠨ ᠪᠦᠬᠦᠢ᠌ᠨ ᠨᠠᠮᠠᠨᠴᠢᠯᠠᠵᠤ᠂ ᠤᠢ ᠲᠠᠢ᠌ᠭ᠎ᠠ᠂ ᠬᠦᠳᠡᠭᠡ ᠲᠠᠯ᠎ᠠ᠂ ᠬᠠᠭᠤᠴᠢ ᠪᠠᠭᠣᠷᠠᠢ᠂ ᠬᠤᠳᠳᠣᠭ᠎ᠤᠨ ᠡᠩᠭᠡᠷ ᠁ ᠲᠡᠨ᠎ᠤ ᠬᠢᠰᠬᠢᠵᠤ ᠶᠠᠪᠤᠭᠰᠠᠨ ᠰᠦᠨ ᠴᠠᠭ᠋ᠠᠨ ᠮᠦᠷ ᠵᠶ᠋ᠡᠷ ᠴᠠᠰᠤ ᠬᠠᠶᠠᠯᠠᠨ ᠭᠠᠵᠠᠷ ᠲᠡᠯᠡᠬᠡᠢ ᠭᠠᠰᠢᠭᠣᠳᠠᠯ ᠨᠦᠮᠦᠷᠯᠡᠵᠡᠢ᠃

            ᠭᠤᠷᠪᠠ 
 《ᠡᠵᠢ ᠡ!》 ᠭᠡᠵᠣ ᠲᠡᠨ᠎ᠢ᠎ᠪᠠᠨ ᠳᠠᠭᠣᠳᠠᠬᠣ᠎ᠳᠤ ᠨᠠᠷᠠ ᠰᠢᠭ᠋ ᠬᠠᠷᠠᠭᠳᠠᠳᠠᠭ᠂ ᠰᠠᠷᠠ ᠰᠢᠭ᠋ ᠢᠨᠢᠶᠡᠳᠡᠭ ᠪᠠᠢ᠌ᠯ᠎ᠠ᠃   ᠡᠵᠢ᠎ᠪᠠᠨ  ᠦᠭᠡᠢ᠌ᠯᠡᠳᠡᠭ ᠴᠠᠭ  ᠲᠠᠩᠴᠦ ᠡᠷᠲᠡ ᠢᠷᠡᠭᠰᠡᠨ ᠪᠠᠢ᠌ᠵᠠᠢ᠃ ᠠᠯᠠᠭ ᠳᠡᠯᠡᠭᠡᠢ ᠵᠢᠨ ᠬᠦᠢ᠍ᠲᠡᠨ ᠬᠦᠷᠦᠰᠣᠨ᠎ᠳᠤ ᠠᠩᠬ᠎ᠠ ᠬᠥᠯ ᠲᠡᠯᠪᠢᠬᠤ᠎ᠳᠤ ᠠᠩᠭᠢᠷ ᠤᠭᠤᠷᠠᠭ ᠵᠶ᠋ᠡᠷ ᠵᠶ᠋ᠡᠨ ᠲᠡᠵᠢᠭᠡᠯ᠎ᠤᠨ ᠲᠡᠭᠡᠵᠢ ᠰᠠᠬᠠᠷᠠᠭᠣᠯᠣᠨ ᠨᠠᠮ᠎ᠠ ᠵᠢ ᠲᠤᠷᠨᠢᠭᠣᠯᠣᠭᠰᠠᠨ᠃ ᠬᠤᠨ ᠰᠢᠪᠠᠭᠣᠨ᠎ᠤ ᠰᠡᠭᠦᠳᠡᠷ᠎ᠲᠤ ᠬᠥᠯ ᠵᠶ᠋ᠡᠨ ᠬᠦᠷᠦᠭᠡᠴᠢᠭᠡᠭᠡᠳ ᠲᠠᠨ᠎ᠤ ᠡᠪᠦᠷ᠎ᠲᠤ ᠲᠤᠯᠠᠭ᠋ᠠᠴᠠᠵᠤ ᠦᠨᠳᠡᠢ᠌ᠭᠰᠡᠨ᠃ ᠠᠪᠤ ᠵᠢᠨ ᠰᠦᠷᠦᠭ᠎ᠠᠴᠠ ᠪᠤᠴᠠᠵᠤ ᠳᠠᠪᠬᠢᠭ᠋ᠠᠳ ᠲᠠᠨ᠎ᠤ ᠴᠢᠨᠠᠭᠰᠠᠨ ᠴᠠᠢ᠎ᠪᠠᠷ ᠭᠣᠣᠯ ᠵᠶ᠋ᠡᠨ ᠨᠤᠷᠭ᠋ᠠᠳᠠᠭ ᠪᠠᠢ᠌ᠪᠠ᠃ ᠠᠷᠪᠠᠨ ᠵᠢᠯ᠎ᠤᠨ ᠰᠣᠷᠭ᠋ᠠᠭᠣᠯᠢ᠎ᠳᠤ ᠤᠷᠣᠭ᠋ᠠᠳ ᠠᠩᠬᠠᠨ᠎ᠤ ᠵᠢᠯ ᠡᠵᠢ᠎ᠪᠠᠨ  ᠰᠠᠨᠠᠭ᠋ᠠᠳ ᠶᠠᠭᠤ ᠵᠢ ᠴᠦ᠍ ᠬᠦᠰᠡᠬᠦ ᠦᠭᠡᠢ ᠬᠠᠷᠢᠶ᠎ᠠ ᠯᠠ ᠭᠡᠵᠤ  ᠪᠤᠳᠣᠳᠠᠭ ᠪᠠᠢ᠌ᠪᠠ᠃ ᠡᠵᠢ᠎ᠪᠠᠨ ᠰᠠᠨᠠᠳᠠᠭ ᠬᠦᠦ ᠰᠢᠯᠭ᠋ᠠᠯᠲᠠ᠎ᠳᠤ᠎ᠪᠠᠨ ᠮᠠᠭᠣ ᠳ᠋ᠦᠩ ᠠᠪᠴᠢᠭ᠋ᠠᠳ ᠪᠠᠭᠰᠢ ᠲᠠᠨ᠎ᠢ ᠲᠠᠭᠤᠳᠠᠵᠢ ᠪᠢᠯᠡ! ᠲᠠᠨ᠎ᠢ᠎ᠪᠠᠨ ᠬᠠᠷᠠᠭ᠋ᠠᠳ ᠪᠠᠶᠠᠷᠯᠠᠳᠠᠭ ᠮᠡᠬᠡ ᠵᠢ ᠪᠠᠭᠰᠢ ᠮᠡᠳᠡᠭᠡᠳ ᠡᠵᠢ᠎ᠪᠠᠨ ᠰᠠᠨᠠᠭᠰᠠᠨ ᠬᠦᠦ᠎ᠢ ᠪᠤᠷᠣᠭᠣᠰᠢᠶᠠᠭᠰᠠᠨ ᠦᠭᠡᠢ ᠰᠠᠨ᠃
  ᠠᠯᠠᠭ ᠦᠷ᠎ᠡ ᠴᠢᠨᠢ ᠪᠢᠳᠡ ᠣᠯᠠᠭᠣᠯᠠ᠎ᠪᠠᠨ ᠬᠣᠩᠰᠢᠶᠠᠷ ᠥᠭᠬᠦ ᠭᠡᠵᠣ ᠡᠵᠢ ᠵᠢᠨ ᠬᠣᠷᠮᠣᠢ᠎ᠠᠴᠠ ᠵᠡᠭᠦᠭᠳᠡᠵᠦ᠂ ᠠᠯᠳᠠᠨ ᠲᠡᠯᠡᠬᠡᠢ᠎ᠳᠤ ᠪᠠᠭᠲᠠᠵᠣ ᠶᠠᠳᠠᠨ ᠬᠠᠢ᠌ᠷ᠎ᠠ ᠪᠣᠯᠢᠶᠡᠯᠴᠠᠳᠠᠭ ᠬᠣᠢ᠌ᠨ᠎ᠠ ᠠᠪᠤ ᠵᠢᠨ ᠠᠯᠠᠭ ᠨᠢᠳᠦ᠎ᠨᠢ ᠬᠠᠢ᠌ᠯᠣᠭᠰᠠᠨ ᠲᠤᠭᠣᠯᠭ᠎ᠠ ᠰᠢᠭ᠋ ᠡᠷᠭᠢᠯᠳᠦᠭᠡᠳ ᠬᠤᠭᠤᠯᠠᠢ ᠵᠠᠰᠠᠳᠠᠭ ᠪᠠᠢ᠌ᠪᠠ᠃ ᠠᠯᠠᠭ᠋ᠠᠨ ᠳᠡᠭᠡᠷᠡᠬᠢ ᠰᠢᠬᠢᠷ ᠵᠶ᠋ᠡᠨ ᠲᠤᠭ᠋ᠠᠯᠠᠭ᠋ᠠᠳ ᠠᠷᠠᠭ ᠡᠭᠦᠷᠴᠦ ᠠᠷᠭ᠋ᠠᠯ ᠲᠡᠭᠦᠳᠡᠭ ᠡᠵᠢ ᠵᠢ᠎ᠪᠠᠨ ᠶᠠᠳᠠᠷᠠᠵᠣ ᠶᠠᠪᠤᠭ᠎ᠠ ᠵᠢ ᠲᠤᠭ᠋ᠠᠯᠠᠳᠠᠭ ᠦᠭᠡᠢ ᠪᠠᠢ᠌ᠵᠤ ᠯᠠ ᠳ᠋ᠠ᠃ ᠠᠪᠤ ᠦᠷᠦᠪᠴᠢᠯᠡᠳᠡᠭ ᠪᠠᠢ᠌ᠭᠰᠠᠨ ᠪᠠᠢ᠌ᠬ᠎ᠠ ᠳ᠋ᠠ᠃ ᠠᠭ᠋ᠠᠷᠤᠤᠯ ᠡᠭᠡᠵᠡᠭᠡᠢ ᠠᠮᠠᠨ᠎ᠳᠤ᠎ᠪᠠᠨ ᠬᠦᠯᠬᠦᠬᠦ᠎ᠳᠤ᠎ᠪᠠᠨ ᠡᠵᠢ ᠵᠢ᠎ᠪᠠᠨ ᠵᠠᠯᠠᠭᠤ ᠪᠠᠢ᠌ᠨ᠎ᠠ ᠭᠡᠵᠣ ᠬᠦᠯᠦᠰᠦᠨ ᠎ᠳᠤ᠎ᠪᠠᠨ ᠳᠡᠪᠲᠦᠵᠦ ᠶᠠᠪᠤᠬᠤ᠎ᠳᠤ᠎ᠨᠢ ᠠᠩᠵᠠᠭ᠋ᠠᠷᠠᠳᠠᠭ ᠦᠭᠡᠢ ᠤᠰᠣᠨ ᠲᠡᠨᠡᠭ ᠮᠢᠨᠦ ᠲᠤᠷᠠᠳᠬᠠᠯ ᠎ᠳᠤ ᠠᠪᠤ  ᠨᠠᠰᠣᠨ᠎ᠤ ᠬᠠᠨᠢ ᠪᠤᠯᠵᠣ ᠡᠵᠢ ᠵᠢᠨ ᠰᠡᠳᠭᠢᠯ᠎ᠢ ᠵᠠᠰᠠᠳᠠᠭ ᠪᠠᠢ᠌ᠪᠠ !  
ᠢᠰᠡᠭᠡᠢ ᠰᠣᠨᠵᠤ ᠡᠷ᠎ᠡ ᠦᠰᠴᠡᠢ᠃ ᠠᠯᠣᠰ᠎ᠤᠨ ᠠᠯᠣᠰ᠎ᠲᠤ᠎ᠪᠠᠨ ᠬᠦᠦ ᠴᠢᠨᠢ ᠪᠢᠳᠠ ᠡᠬᠡ ᠤᠷᠣᠨ ᠵᠶ᠋ᠡᠨ ᠭᠡᠳ ᠡᠵᠢ᠎ᠠᠴᠠ᠎ᠪᠠᠨ ᠲᠠᠩᠲᠠ ᠬᠣᠯᠠᠳᠠᠭ᠋ᠠᠳ ᠶᠠᠪᠤᠭᠰᠠᠨ ᠡ! ᠦᠷᠥ ᠵᠢᠷᠦᠬᠡ ᠤᠷᠤᠭᠤ᠎ᠪᠠᠨ ᠬᠡᠬᠦᠯᠡᠷ ᠠᠵᠢᠨ ᠲᠤᠵᠢᠨ ᠰᠦᠨᠢ ᠵᠢᠨ ᠤᠷᠲᠤ᠎ᠳᠤ ᠰᠠᠬᠢᠯᠭ᠎ᠠ ᠦᠭᠡᠢ ᠬᠣᠭᠣᠰᠤᠨ ᠲᠡᠷᠪᠡᠳᠡᠭ ᠦᠷ᠎ᠡ᠎ᠪᠠᠨ ᠢᠷᠡᠭᠦᠯᠡᠷ 《ᠶᠠᠳᠠᠷᠠᠭᠰᠠᠨ ᠪᠠᠢ᠌ᠯ ᠦᠬᠡᠢ᠂ ᠤᠨᠳᠠᠭ》 ᠭᠡᠳ ᠲᠡᠪᠥᠷ᠎ᠡ᠎ᠲᠠᠢ ᠴᠠᠢ᠎ᠪᠠᠨ ᠴᠣᠭᠰᠢᠭᠣᠯᠵᠤ ᠨᠠᠷᠠ ᠦᠳᠡᠯᠡᠳᠡᠭ ᠪᠠᠢ᠌ᠪᠠ᠃ ᠮᠠᠭᠣ ᠵᠡᠭᠦᠳᠦ ᠵᠡᠭᠦᠳᠦᠯᠡᠭᠡᠳ ᠰᠠᠨᠠᠭ᠎ᠠ ᠠᠯᠳᠠᠬᠣ᠎ᠳᠤ ᠲᠠᠢ᠌ᠪᠤᠩ ᠪᠠᠢ ᠭᠡᠵᠣ ᠲᠡᠷᠭᠡᠳᠡ ᠰᠠᠬᠢᠵᠣ ᠯᠠ ᠪᠠᠢ᠌ᠳᠠᠭ᠃ ᠬᠦᠢ᠍ᠲᠡᠨ ᠴᠡᠪᠳᠡᠭ᠂ ᠬᠤᠷᠣᠨ ᠦᠭᠡ ᠠᠭᠰᠠᠳᠠᠭ ᠬᠠᠬᠢᠷ ᠬᠥᠯᠲᠡᠨ᠎ᠤ ᠲᠤᠮᠳᠡ ᠦᠷᠦᠪᠴᠢᠯᠡᠮᠡᠷ ᠭᠤᠡᠭᠰᠤᠢ᠌ᠬᠤ᠎ᠳᠤ 《ᠵᠠ! ᠶᠠᠭ᠋ᠠᠬᠢᠳᠠᠭ ᠶᠤᠮ᠂ ᠡᠷ᠎ᠡ ᠬᠦᠮᠦᠨ᠎ᠤ ᠭᠤᠷᠪᠠᠨ ᠲᠠᠪᠠᠭ᠎ᠠ ᠵᠢ ᠲᠤᠭᠤᠯᠵᠣ ᠦᠵᠡ》 ᠭᠡᠳᠡᠭ᠃ ᠦᠷ᠎ᠡ ᠴᠢᠨᠢ ᠪᠢᠳᠠ ᠬᠠᠲᠠᠭᠣᠵᠢᠵᠤ ᠦᠨᠳᠡᠢ᠌ᠬᠦ᠎ᠳᠤ ᠨᠢᠯᠪᠤᠰᠣ᠎ᠪᠠᠷ ᠴᠢᠯᠠᠭᠣᠵᠢᠵᠤ᠂ ᠴᠢᠠᠳᠠᠭ᠎ᠠ ᠳᠠᠪᠲᠠᠭᠰᠠᠨ ᠬᠠᠲᠠᠭᠣ ᠠᠮᠢᠳᠣᠷᠠᠯ᠎ᠢ ᠠᠵᠢᠭ ᠦᠭᠡᠢ ᠲᠤᠭᠤᠯᠣᠭᠰᠠᠨ ᠶᠤᠮ ᠳ᠋ᠠᠭ᠃ 
ᠬᠦᠮᠦᠨ ᠠᠮᠢᠲᠠᠨ᠎ᠳᠤ ᠦᠷ᠎ᠡ ᠵᠢᠨ ᠵᠠᠶᠠᠭ᠎ᠠ ᠣᠯᠠᠨ ᠵᠠᠭᠤ ᠵᠢᠨ ᠪᠣᠯᠣᠮᠵᠢ ᠪᠠᠢ᠌ᠬᠤ᠎ᠳᠤ ᠮᠢᠩᠭ᠋ᠠᠨ᠎ᠤ ᠲᠠᠪᠢᠯᠠᠩ᠎ᠳᠤ ᠡᠵᠢ ᠵᠢᠨ ᠢᠷᠦᠭᠡᠯ ᠭᠠᠭᠴᠠ ᠪᠠᠢ᠌ᠳᠠᠭ᠎ᠢ ᠰᠠᠨᠠᠬᠤ ᠦᠭᠡᠢ ᠲᠡᠷᠪᠡᠵᠡᠢ᠃ ᠨᠦᠮᠵᠦᠭᠬᠡᠨ ᠬᠠᠢ᠌ᠷᠠᠨ᠎ᠳᠤ᠎ᠪᠠᠨ ᠬᠠᠲᠠᠭᠣ ᠵᠦᠭᠡᠯᠡᠨ ᠭᠣᠣᠯ ᠬᠠᠷᠠᠯᠠᠮᠠᠷ ᠥᠬᠥᠭᠡᠷᠳᠡᠵᠦ ᠴᠠᠴᠠᠮᠠᠷ ᠭᠠᠰᠢᠭᠣᠨ ᠤᠰᠤ ᠵᠢ ᠲᠠ ᠭᠠᠭᠴᠠᠭ᠋ᠠᠷ ᠡᠭᠦᠷᠴᠦ ᠶᠠᠪᠤᠭᠰᠠᠨ᠃ ᠲᠨ ᠬᠠᠨᠢ ᠢᠵᠢᠯᠢ᠎ᠠᠴᠠ᠎ᠪᠠᠨ ᠣᠭᠤᠰᠣᠷ ᠲᠠᠰᠣᠷᠠᠭᠰᠠᠨ ᠬᠤᠷᠸ᠎ᠠ ᠵᠢᠨ ᠬᠠᠯᠠᠭᠣᠨ ᠪᠦᠯᠢᠶᠡᠨ᠎ᠳᠤ  ᠣᠢ᠌ᠭ᠎ᠠ ᠦᠭᠡᠢ ᠵᠢᠳᠬᠦᠵᠦ 《ᠮᠢᠨᠦ ᠬᠦᠦ ᠰᠠᠨᠠᠭ᠎ᠠ ᠠᠮᠤᠷ! ᠡᠵᠢ᠎ᠨᠢ ᠰᠠᠢ᠌ᠨ ᠪᠠᠢ᠌ᠨ᠎ᠠ》 ᠭᠡᠳᠡᠭ ᠪᠠᠢ᠌ᠯ᠎ᠠ᠃ ᠭᠠᠪᠢᠶ᠎ᠠ ᠲᠡᠮᠳᠡᠭᠯᠡᠵᠦ᠂ ᠠᠵᠠ ᠵᠢᠷᠭ᠋ᠠᠯ ᠲᠤᠬᠢᠶᠠᠬᠤ ᠬᠤᠪᠤᠷᠬᠠᠨ ᠮᠦᠴᠡ᠎ᠳᠤ ᠲᠠ ᠠᠷᠣ᠎ᠳᠤᠨᠢ ᠵᠤᠭᠰᠣᠭ᠋ᠠᠳ ᠮᠦᠰᠢᠶᠡᠵᠦ ᠪᠠᠢ᠌ᠪᠠ ᠃ ᠡᠵᠢ ᠡ! ᠬᠡᠥᠬᠡᠰ ᠴᠢᠨᠢ ᠶᠠᠮᠠᠷᠬᠠᠨ ᠠᠮᠢᠨᠴᠢᠷ ᠬᠣᠬᠢᠷ ᠪᠠᠢ᠌ᠪᠠ ᠡ?  
  ᠡᠬᠡ ᠵᠢᠨ ᠰᠦ ᠵᠢᠨ ᠬᠠᠷᠢᠭᠤ᠎ᠳᠤ ᠣᠬᠠᠭ᠋ᠠᠨ ᠴᠣᠭᠣᠷᠠᠵᠠᠢ!
          
                ᠲᠦᠷᠪᠠ
ᠨᠠᠷᠠ᠎ᠪᠠᠨ ᠬᠠᠷᠠᠭ᠋ᠠᠳ ᠡᠵᠢ᠎ᠪᠠᠨ ᠳᠣᠷᠠᠰᠳᠠᠭ᠂ ᠰᠠᠷᠠ᠎ᠪᠠᠨ ᠮᠠᠨᠠᠭ᠋ᠠᠳ ᠡᠵᠢ ᠎ᠪᠠᠨ ᠵᠡᠭᠦᠳᠦᠯᠡᠳᠡᠭ ᠴᠠᠭ ᠠᠷᠠᠢ ᠡᠷᠲᠡ ᠢᠷᠡᠭᠰᠡᠨ ᠶᠤᠮ᠃ ᠡᠵᠢ ᠮᠢᠨᠢ ᠬᠤᠶᠠᠷ ᠦᠵᠦᠭᠦᠷ᠎ᠤᠨ ᠨᠡᠷᠡᠨ ᠵᠶ᠋ᠡᠷ ᠡᠷᠲᠡᠯᠡᠵᠤ ᠤᠷᠣᠢ᠌ᠯᠠᠵᠤ ᠬᠦᠯᠦᠰᠦ᠎ᠪᠠᠨ ᠬᠠᠲᠠᠭ᠋ᠠᠵᠤ ᠶᠠᠪᠤᠭᠰᠠᠨ ᠨᠢᠭᠡ ᠨᠠᠰᠤ ᠶᠤᠮ᠃ ᠲᠠᠨ᠎ᠤ ᠨᠠᠰᠣᠨ ᠲᠣᠷᠰᠢᠬᠢ ᠵᠤᠪᠠᠵᠣ ᠵᠦᠳᠡᠷᠡᠭᠰᠡᠨ᠎ᠢ ᠰᠠᠨᠠᠬᠤ ᠪᠦᠷᠢ ᠡᠯᠢᠭᠡ ᠬᠠᠭ᠋ᠠᠰᠷᠠᠵᠤ᠂ ᠰᠢᠷᠪᠣᠰᠤ ᠴᠢᠩᠭ᠋ᠠᠷᠠᠳᠠᠭ ᠶᠤᠮ᠃ ᠡᠬᠡ ᠤᠷᠣᠨ᠎ᠲᠠᠢ᠎ᠪᠠᠨ ᠲᠠᠨ᠎ᠤ ᠲᠡᠯᠭᠡᠷ ᠦᠷᠦᠰᠢᠶᠡᠩᠭᠦᠢ ᠬᠠᠢ᠌ᠷ᠎ᠠ ᠵᠢ ᠨᠡᠬᠡᠨ ᠰᠠᠨᠠᠬᠤ᠎ᠳᠤ ᠲᠣᠭ᠎ᠠ ᠪᠦᠷᠢᠨ ᠲᠤᠯᠣᠭ᠋ᠠᠢ ᠮᠡᠨᠳᠦ ᠦᠷ᠎ᠡ ᠴᠢᠨᠢ ᠪᠢᠳᠡ ᠡᠵᠢ ᠵᠢ᠎ᠪᠠᠨ ᠭᠤᠮᠣᠳᠠᠭ᠋ᠠᠭᠰᠠᠨ ᠶᠤᠮ ᠦᠦ ᠭᠡᠵᠣ ᠪᠤᠳᠣᠳᠠᠭ ᠪᠣᠯᠵᠠᠢ ᠁ ᠣᠰᠤᠨ ᠲᠡᠨᠡᠭ ᠨᠠᠰᠣᠨ᠎ᠤ ᠬᠣᠷᠣᠮ ᠲᠡᠷᠡ ᠬᠦ᠌ ᠦᠷᠥ ᠵᠢᠷᠦᠬᠡ ᠮᠢᠨᠢ ᠲᠠᠰᠣᠷᠠᠮᠠᠷ ᠣᠨ ᠵᠢᠯ᠎ᠤᠳ᠎ᠲᠤ  ᠪᠢᠳᠠ ᠵᠦᠩᠳᠡᠭᠡᠨ ᠡᠬᠡ ᠤᠷᠣᠨ᠎ᠲᠠᠢ᠎ᠪᠠᠨ ᠵᠤᠪᠠᠵᠤ ᠶᠠᠪᠤᠬᠣ᠎ᠳᠤ ᠡᠵᠢ᠎ᠳᠤ᠎ᠪᠠᠨ ᠭᠣᠮᠣᠳᠠᠵᠣ ᠬᠠᠷᠠᠮᠰᠠᠯ ᠦᠯᠡᠳᠡᠭᠡᠭᠰᠡᠨ  ᠴᠢᠭ ᠦᠭᠡᠢ ᠰᠠᠨ᠃ ᠠᠳᠠᠯᠢᠬᠠᠨ ᠦᠷ᠎ᠡ᠎ᠪᠠᠨ ᠭᠡᠳ ᠮᠢᠨᠦ ᠡᠵᠢ ᠳᠠᠪᠬᠤᠷ ᠵᠤᠪᠠᠵᠤ ᠶᠠᠪᠤᠭᠰᠠᠨ᠃ ᠠᠶᠠᠨ᠎ᠤ ᠠᠷᠭ᠋ᠠᠮᠵᠢᠶ᠎ᠠ ᠵᠢᠨ ᠬᠤᠶᠠᠷ ᠦᠵᠦᠭᠦᠷ᠎ᠢ ᠬᠣᠯᠪᠤᠭᠰᠠᠨ ᠵᠢᠷᠦᠬᠡᠨ᠎ᠤ ᠤᠭᠣᠰᠣᠷ᠎ᠲᠤ᠎ᠪᠠᠨ ᠡᠵᠢ ᠬᠦᠮᠦᠨ ᠶᠡᠬᠡ ᠵᠤᠪᠠᠵᠤ᠂ ᠵᠦᠪ ᠬᠠᠷᠠᠵᠤ ᠢᠨᠢᠶᠡᠭᠡᠳ ᠪᠤᠷᠣᠭᠣ ᠬᠠᠷᠠᠵᠤ ᠣᠬᠢᠯᠠᠳᠠᠭ ᠭᠡᠯᠴᠡᠨ᠎ᠡ᠃  ᠤᠶᠠᠭ᠎ᠠ᠎ᠪᠠᠨ ᠲᠠᠰᠣᠯᠠᠬᠤ ᠵᠠᠶᠠᠭ᠎ᠠ ᠵᠢ ᠬᠦᠯᠢᠶᠡᠵᠦ ᠴᠢᠳᠠᠬᠣ ᠦᠭᠡᠢ ᠭᠡᠵᠤ ᠠᠪᠤ ᠵᠢᠨ ᠬᠦᠦ ᠮᠡᠬᠦᠰᠳᠡᠵᠦ ᠠᠮᠢ ᠬᠠᠭ᠋ᠠᠴᠠᠠᠠᠣ ᠵᠣᠪᠠᠯᠠᠩ ᠎ᠳᠤ ᠣᠨᠠᠬᠤ ᠦᠶ᠎ᠡ᠎ᠳᠤ ᠲᠡᠷᠭᠡᠳᠡ᠎ᠠᠴᠠ ᠡᠵᠢ ᠮᠢᠨᠢ ᠮᠠᠨᠠᠨ᠎ᠳᠤ ᠰᠠᠭᠣᠭᠰᠠᠨ ᠬᠠᠠ ᠬᠠᠢ᠌ᠷᠬᠠᠨ ᠰᠢᠭ᠋ ᠲᠠᠢ᠌ᠪᠤᠩ ᠬᠠᠷᠠᠭᠳᠠᠵᠤ ᠴᠠᠰᠣᠨ ᠮᠦᠰᠣᠨ ᠢᠰᠭᠡᠷᠬᠦ ᠬᠦᠢ᠍ᠲᠡᠨ ᠵᠢᠪᠠᠷ᠎ᠲᠤ ᠴᠠᠷᠴᠠᠵᠤ ᠵᠤᠭᠰᠣᠭᠰᠠᠨ ᠶᠤᠮ᠃ ᠶᠠᠷᠢᠶᠠᠨ ᠦᠭᠡᠢ ᠬᠡᠨ ᠠᠯᠢᠨ᠎ᠳᠤ᠎ᠨᠢ ᠬᠡᠴᠡᠭᠦᠦ ᠪᠠᠢ᠌ᠵᠢ ᠯᠠ ᠳ᠋ᠠ᠃ ᠭᠠᠭᠴᠠ ᠴᠦ᠍ ᠭᠡᠰᠡᠨ ᠲᠠᠨ᠎ᠤ ᠰᠡᠳᠭᠢᠯ᠎ᠢ ᠵᠠᠰᠠᠠᠠᠣ ᠶᠤᠮ ᠰᠠᠨ ᠭᠡᠵᠤ ᠰᠠᠨᠠᠬᠤ᠎ᠨᠢ ᠤᠷᠣᠢ᠌ᠲᠠᠪᠠ! ᠡᠵᠢ ᠲᠠᠨ᠎ᠢ ᠪᠠᠢ᠌ᠬᠤ᠎ᠳᠤ ᠭᠡᠷ ᠳᠦᠭᠦᠷᠡᠩ ᠪᠠᠢ᠌ᠯ᠎ᠠ᠃ 《ᠡᠬᠡ ᠵᠢᠨ ᠰᠠᠨᠠᠭ᠎ᠠ ᠦᠷ᠎ᠡ᠎ᠳᠤ ᠂ ᠦᠷ᠎ᠡ ᠵᠢᠨ ᠰᠠᠨᠠᠭ᠎ᠠ ᠠᠭᠤᠯᠠᠨ᠎ᠳᠤ》 ᠭᠡᠭᠴᠢ ᠰᠠᠢ᠌ᠨ ᠵᠦᠭ᠎ᠲᠤ ᠮᠢᠩᠭ᠋ᠠᠨ ᠪᠤᠷᠬᠠᠨ᠂ ᠮᠢᠩᠭ᠎ᠠ ᠮᠢᠩᠭ᠋ᠠᠨ᠎ᠠᠴᠠ ᠡᠬᠡ ᠵᠢᠨ ᠠᠭᠣᠳᠠᠮ ᠦᠷᠦᠰᠢᠶᠡᠯ ᠳᠡᠭᠷᠢ ᠰᠠᠴᠠᠭᠣ ᠪᠠᠭᠲᠠᠭ᠋ᠠᠳᠠᠭ᠎ᠢ ᠣᠨᠣᠭ᠋ᠠᠵᠤ ᠬᠡᠯᠡᠭᠰᠡᠨ ᠬᠠᠢ᠌ᠷ᠎ᠠ ᠰᠢᠷᠬᠠᠯᠠᠭ᠎ᠠ ᠪᠠᠢ᠌ᠵᠤ ᠲᠠᠭ᠋ᠠᠷᠠᠨ᠎ᠠ᠃ ᠲᠡᠷᠡ ᠰᠡᠳᠭᠢᠯ᠎ᠤᠨ ᠰᠢᠷᠬᠠᠯᠠᠭ᠎ᠠ ᠵᠢ ᠠᠨᠠᠭ᠋ᠠᠬᠤ ᠭᠡᠵᠣ ᠮᠢᠩᠭ᠎ᠠ ᠮᠢᠩᠭ᠋ᠠᠨ᠎ᠠᠴᠠ ᠦᠶ᠎ᠡ ᠬᠤᠯᠪᠣᠨ ᠠᠪᠤ ᠵᠢᠨ ᠬᠦᠪᠡᠭᠦᠳ ᠤᠬᠠᠭ᠋ᠠᠷᠠᠵᠤ ᠶᠠᠪᠤᠭᠰᠠᠨ  ᠬᠦᠴᠦ ᠶᠤᠮ!
  ᠪᠢᠳᠠ ᠡᠵᠢ ᠵᠢ᠎ᠪᠠᠨ ᠰᠠᠨᠠᠬᠤ ᠭᠡᠵᠤ ᠬᠣᠵᠢᠭᠤ ᠣᠬᠠᠭ᠋ᠠᠷᠠᠭᠰᠠᠨ ᠬᠠᠢ᠌ᠷ᠎ᠠ ᠶᠤᠮ᠃ ᠡᠵᠢ ᠵᠢ᠎ᠪᠠᠨ ᠰᠠᠨᠠᠬᠤ ᠪᠦᠷᠢ ᠲᠠᠨ᠎ᠤ ᠪᠠᠷ᠎ᠠ ᠴᠢᠨᠳᠠᠷᠸ᠎ᠠ ᠰᠡᠳᠭᠢᠯ᠎ᠳᠤ ᠪᠠᠭᠤᠨ᠎ᠠ᠃  ᠠᠪᠤ ᠵᠢᠨ ᠦᠭᠡᠢ᠎ᠳᠤ ᠲᠠ ᠨᠢᠯᠪᠤᠰᠣ ᠎ᠪᠠᠨ ᠨᠢᠭᠣᠵᠤ ᠦᠮᠦᠷᠡᠵᠦ ᠶᠠᠪᠤᠬᠤ᠎ᠳᠤ ᠪᠢᠳᠠ ᠲᠡᠨᠡᠭᠯᠡᠵᠦ ᠪᠠᠢ᠌ᠪᠠ᠃ ᠲᠠ ᠣᠯᠠᠭ᠋ᠠᠨ ᠠᠮᠢᠨ᠎ᠤ ᠲᠠᠰᠣᠷᠬᠠᠢ᠎ᠪᠠᠨ ᠲᠡᠵᠢᠭᠡᠬᠦ ᠭᠡᠵᠣ ᠵᠢᠷ᠎ᠤᠨ ᠠᠮᠢᠳᠣᠷᠠᠯ᠎ᠳᠤ ᠵᠢᠷ᠎ᠤᠨ ᠪᠤᠰᠣ ᠬᠠᠲᠠᠭᠣ ᠲᠡᠷᠡ ᠵᠣᠪᠠᠯᠠᠩ᠎ᠢ ᠣᠭᠤᠷᠴᠦ ᠦᠵᠡᠭᠡ ᠦᠭᠡᠢ ᠬᠤᠷᠮᠣᠢ ᠨᠦᠢ᠍ᠲᠠᠨ ᠨᠢᠷᠣᠭᠤ ᠬᠠᠲᠠᠭᠣ ᠵᠢᠳᠬᠦᠪᠡ᠃ ᠲᠣᠯᠭ᠋ᠠᠨ᠎ᠤ᠎ᠪᠠᠨ ᠳᠡᠷᠭᠡᠳᠡ ᠣᠯᠣᠭᠰᠠᠨ ᠬᠡᠳᠦᠨ ᠰᠠᠯᠪᠠᠷᠬᠠᠢ ᠮᠦᠩᠭᠦ᠎ᠪᠠᠨ ᠲᠤᠭ᠋ᠠᠯᠠᠵᠤ ᠴᠡᠨᠡᠭ᠎ᠨᠢ ᠮᠠᠭᠣᠳᠠᠭᠰᠠᠨ ᠷᠠᠳᠢᠣ᠋᠎ᠪᠠᠨ ᠱᠠᠵᠢᠬᠢᠨᠠᠭᠣᠯᠣᠨ ᠨᠢᠷᠦᠭᠤ ᠠᠮᠠᠷᠠᠵᠤ ᠬᠡᠪᠲᠡᠬᠦ᠎ᠨᠢ ᠦᠵᠡᠭᠳᠡᠨ᠎ᠡ᠃ ᠠᠬ᠎ᠠ ᠳᠡᠭᠦᠦ ᠬᠡᠳᠦᠭᠦᠯᠡ ᠬᠦᠮᠦᠨ᠎ᠤ ᠮᠠᠩᠯᠠᠢ᠎ᠳᠤ ᠦᠵᠦᠭᠦᠷᠯᠡᠬᠦ ᠭᠡᠵᠦ ᠲᠠᠨ᠎ᠤ ᠬᠦᠳᠡᠯᠮᠦᠷᠢ᠂ ᠲᠠᠨ᠎ᠤ ᠦᠢ᠍ᠳᠬᠠᠷ᠎ᠲᠤ  ᠲᠠᠢ᠌ᠴᠢᠯᠠᠭᠳᠠᠭᠰᠠᠨ ᠶᠤᠮ ᠃
  ᠡᠵᠢ ᠮᠢᠨᠢ ᠭᠡᠷ᠎ᠤᠨ ᠭᠠᠳᠠᠨ᠎ᠠ᠎ᠪᠠᠨ ᠦᠷ᠎ᠡ᠎ᠪᠠᠨ ᠬᠦᠯᠢᠶᠡᠵᠦ ᠮᠠᠢ᠌ᠵᠢᠬᠢᠨᠠᠨ ᠬᠠᠷᠠᠭᠳᠠᠬᠤ᠎ᠳᠤ ᠰᠠᠯᠬᠢ ᠬᠦᠷᠲᠡᠯ᠎ᠡ ᠡᠷᠴᠢ  ᠬᠠᠷᠢᠳᠠᠭ ᠠᠵᠢ᠃ ᠦᠷ᠎ᠡ ᠬᠡᠥᠬᠡᠳ ᠴᠢᠨᠢ ᠣᠯᠠᠨ ᠵᠢᠯ᠎ᠤᠨ ᠲᠣᠷᠰᠢ ᠣᠨᠠᠭ᠋ᠠᠨ ᠨᠠᠰᠤ᠎ᠪᠠᠨ ᠡᠯᠡᠭᠡᠵᠦ᠂ ᠬᠢᠵᠢᠶᠠᠯ ᠨᠠᠰᠤ᠎ᠪᠠᠨ ᠭᠠᠳᠠᠷᠯᠠᠬᠤ ᠪᠤᠯᠲᠠᠯ᠎ᠠ ᠡᠵᠢ ᠵᠢ᠎ᠪᠠᠨ ᠵᠠᠯᠠᠭᠤ ᠡᠵᠢ ᠭᠡᠵᠣ ᠪᠤᠳᠣᠵᠣ ᠶᠠᠪᠤᠯ᠎ᠠ᠃ ᠡᠵᠢ ᠮᠢᠨᠢ ᠪᠢᠲᠠᠨ᠎ᠢ᠎ᠪᠠᠨ ᠰᠣᠷ ᠰᠢᠭ᠋ ᠪᠥᠭᠡᠴᠡᠢ᠌ᠯᠡᠵᠦ ᠰᠣᠢ᠌ᠭᠰᠠᠨ ᠳ᠋ᠠᠭ᠃ ᠬᠡᠥᠬᠡᠳ ᠵᠶ᠋ᠡᠨ ᠰᠠᠢ᠌ᠬᠠᠨ ᠠᠵᠢᠯᠯᠠᠵᠤ ᠪᠠᠢ᠌ᠭ᠎ᠠ ᠰᠣᠷᠠᠭ ᠵᠶ᠋ᠠᠷ ᠨᠠᠰᠤ᠎ᠪᠠᠨ ᠨᠡᠮᠡᠵᠦ ᠶᠠᠪᠤᠯ᠎ᠠ ᠭᠡᠵᠣ ᠬᠡᠥᠬᠡᠳ ᠰᠢᠭ ᠪᠠᠶᠠᠷᠯᠠᠳᠠᠭ ᠪᠠᠢ᠌ᠪᠠ᠃ ᠬᠠᠶᠠ ᠨᠢᠭᠡ ᠬᠠᠵᠠᠭ᠋ᠠᠢ ᠪᠤᠷᠣᠭᠣ ᠭᠢᠰᠬᠢᠬᠦ᠎ᠳᠤ ᠠᠩᠵᠠᠭ᠋ᠠᠷᠠᠭ᠎ᠠ ᠦᠭᠡᠢ ᠶᠤᠮ ᠰᠢᠭ 《ᠵᠠ ᠶᠠᠭ᠋ᠠᠬᠢᠬᠤ ᠪᠤᠢ᠂ ᠠᠮᠢᠳᠣᠷᠠᠯ᠎ᠤᠨ ᠣᠯᠵᠤ ᠠᠯᠳᠠᠬᠣ ᠭᠡᠭᠴᠢ ᠡᠢ᠌ᠮᠦ ᠪᠠᠢ᠌ᠳᠠᠭ》 ᠭᠡᠳ ᠵᠦᠪ ᠲᠠᠯ᠎ᠠ ᠵᠢᠨ ᠲᠦᠷᠦᠭᠡᠨ᠎ᠳᠤ ᠰᠦ ᠳᠤᠰᠤᠭ᠋ᠠᠵᠤ᠂ ᠣᠢ᠌ᠴᠢᠭᠣᠯᠬᠤ ᠦᠭᠡᠢ ᠭᠡᠵᠣ ᠪᠣᠯᠭᠤᠮᠵᠢᠯᠠᠨ ᠪᠤᠷᠣᠭᠣ ᠲᠠᠯ᠎ᠠ ᠵᠢᠨ ᠳᠦᠷᠥᠭᠡᠨ᠎ᠠᠴᠠ ᠲᠦᠰᠢᠵᠦ ᠬᠠᠷ᠎ᠠ ᠴᠠᠢ᠎ᠳᠤ᠎ᠪᠠᠨ ᠵᠠᠩᠭᠢᠷᠠᠴᠦ ᠰᠠᠭᠣᠳᠠᠭ ᠶᠤᠮ᠃ ᠠᠶᠠᠨ᠎ᠤ ᠲᠣᠭᠣᠷᠢᠮ᠎ᠳᠤ ᠠᠩᠭᠤᠬᠠᠨ ᠪᠤᠷᠦ᠎ᠨᠢ ᠶᠠᠳᠠᠷᠠᠵᠤ ᠶᠠᠪᠤᠬᠣ᠎ᠳᠤ ᠠᠶᠠᠭ᠎ᠠ᠎ᠲᠠᠢ ᠴᠠᠢ᠎ᠳᠤ ᠡᠵᠢ ᠵᠢᠨ ᠪᠤᠷᠦ ᠨᠢᠳᠦ ᠬᠠᠢ᠌ᠷ᠎ᠠ ᠳᠦᠭᠦᠷᠡᠩ ᠬᠦᠪᠦᠯᠵᠡᠵᠤ᠂ 《ᠡᠵᠢ᠎ᠨᠢ ᠬᠦᠦ᠎ᠳᠤ᠎ᠪᠠᠨ ᠬᠠᠨᠢ ᠪᠣᠯᠵᠤ ᠢᠯᠡᠭᠦᠦ ᠬᠡᠳᠣᠨ ᠣᠨ ᠠᠮᠢᠳᠣᠷᠠᠬᠣ ᠶᠤᠮ ᠰᠠᠨ》 ᠭᠡᠵᠣ ᠢᠷᠡᠵᠦ ᠤᠴᠢᠬᠤ ᠪᠦᠷᠢ ᠳᠠᠩᠲᠠ ᠢᠩᠬᠢᠵᠤ  ᠦᠭᠡ ᠦᠯᠡᠳᠡᠭᠡᠬᠦ ᠪᠠᠢ᠌ᠯ᠎ᠠ᠃ 《ᠬᠠᠨ ᠬᠠᠢ᠌ᠷᠬᠠᠨ᠎ᠢ ᠴᠠᠰᠤ ᠳᠠᠷᠣᠵᠣ ᠬᠠᠢ᠌ᠷᠠᠨ ᠪᠡᠶ᠎ᠡ ᠵᠢ ᠨᠠᠰᠤ ᠳᠠᠷᠣᠬᠤ》 ᠭᠡᠭᠴᠢ ᠵᠠᠶᠠᠭ᠎ᠠ ᠵᠢ᠎ᠨᠢ ᠲᠡᠭᠰᠢᠯᠡᠵᠤ ᠬᠤᠷᠸ᠎ᠠ ᠵᠢᠨ ᠡᠨᠡᠬᠡᠨ ᠵᠠᠢ ᠎ᠪᠠᠷ ᠡᠵᠢ ᠵᠢ᠎ᠪᠠᠨ ᠨᠠᠰᠣᠵᠢᠵᠤ ᠪᠠᠢ᠌ᠨ᠎ᠠ ᠭᠡᠵᠣ ᠶᠡᠷᠦ᠎ᠠᠴᠠ ᠰᠠᠨᠠᠳᠠᠭ ᠦᠭᠡᠢ ᠪᠠᠢ᠌ᠪᠠ᠃ ᠬᠠᠨ ᠪᠤᠭᠤᠷᠣᠯ ᠡᠵᠢ ᠵᠢᠨ ᠢᠨᠢᠶᠡᠮᠰᠦᠭᠯᠡᠯ᠎ᠳᠤ ᠭᠣᠣᠯ᠎ᠤᠨ ᠤᠰᠣᠨ᠎ᠳᠤ ᠴᠢᠯᠠᠭᠤ ᠲᠤᠯᠢᠶᠠᠯᠭ᠋ᠠᠭᠰᠠᠨ ᠰᠢᠭ᠋ ᠮᠠᠩᠨᠠᠢ᠎ᠳᠤ᠎ᠨᠢ ᠠᠳᠣᠷᠢᠶ᠎ᠠ ᠰᠠᠭᠣᠵᠠᠢ᠃   
  ᠮᠠᠨᠣᠰ᠎ᠢ ᠬᠡᠢ ᠮᠠᠨᠠᠨ ᠪᠠᠢ᠌ᠬᠤ᠎ᠳᠤ ᠲᠠ ᠰᠣᠩᠭᠣᠵᠤ ᠠᠮᠢ ᠣᠯᠭᠤᠯᠵᠤ ᠦᠭᠭᠦᠭᠰᠡᠨ ᠶᠤᠮ ᠡᠵᠢ ᠡ! ᠡᠵᠢ ᠵᠢ᠎ᠪᠠᠨ ᠳᠡᠷ᠎ᠡ ᠳᠡᠭᠡᠷ᠎ᠡ ᠮᠡᠳᠡᠭᠡ ᠰᠡᠬᠡᠭᠡ ᠦᠭᠡᠢ ᠪᠤᠯᠬᠣ᠎ᠳᠤ  ᠪᠢᠳᠡ ᠬᠡᠳᠦ ᠳᠠᠬᠢᠵᠤ   ᠰᠡᠷᠡᠭᠡᠬᠦ ᠭᠡᠳ ᠪᠤᠰᠬᠠᠵᠤ ᠴᠢᠳᠠᠭᠰᠠᠨ ᠦᠭᠡᠢ᠃ ᠪᠤᠷᠬᠠᠨ ᠡᠵᠢ ᠲᠠ ᠦᠷᠦᠰᠢᠶᠡᠵᠦ ᠬᠠᠢ᠌ᠷᠠᠯᠠ! ᠡᠵᠢ ᠡ! ᠵᠠᠭᠣᠨ ᠎ᠳᠤ ᠶᠡᠷᠡᠨ ᠶᠢᠰᠦᠨ ᠪᠠᠶᠠᠷᠲᠠᠢ ᠭᠡᠳ ᠰᠠᠯᠬᠣ ᠵᠢᠨ ᠲᠦᠭᠡᠷᠭᠡ᠎ᠪᠠᠷ ᠵᠣᠯᠭ᠋ᠠᠬᠤ ᠲᠠᠪᠢᠯᠠᠩ ᠪᠠᠢ᠌ᠬᠤ᠎ᠳᠤ ᠭᠠᠭᠴᠠ ᠪᠤᠯᠳᠠᠭ ᠦᠭᠡᠢ ᠬᠠᠭ᠋ᠠᠴᠠᠯ᠎ᠤᠨ ᠨᠢᠭᠡ ᠲᠤᠭ᠋ᠠᠯᠠᠩ᠎ᠢ ᠪᠤᠷᠬᠠᠨ ᠪᠢᠲᠠᠨ᠎ᠠᠴᠠ ᠬᠠᠷᠠᠮᠨᠠᠵᠠᠢ᠃ ᠬᠦᠮᠦᠨ᠎ᠤ ᠠᠮᠢᠳᠣᠷᠠᠯ ᠎ᠤᠨ ᠠᠯᠢ ᠨᠢᠭᠡ ᠡᠳᠦᠷ᠎ᠢ ᠡᠭᠦᠷᠢᠳᠡ ᠵᠢᠨ ᠬᠠᠭ᠋ᠠᠴᠠᠯ ᠪᠤᠯᠬᠣ ᠵᠢ ᠲᠥᠰᠦᠭᠡᠯᠡᠬᠦ ᠪᠢᠰᠢ! ᠲᠡᠷᠡ ᠦᠶ᠎ᠡ᠎ᠳᠤ ᠡᠵᠢ᠎ᠪᠠᠨ ᠰᠠᠨᠠᠬᠤ᠎ᠳᠤ ᠪᠢᠳᠠ ᠲᠠᠯᠪᠢᠭ᠋ᠠᠳ ᠬᠦᠷᠳᠡᠭ ᠪᠠᠢ᠌ᠪᠠ᠃ ᠤᠳᠣ ᠪᠢᠳᠡ ᠬᠡᠳᠦᠭᠦᠯᠡ ᠰᠠᠳᠣᠨ ᠲᠦᠷᠦᠯ᠎ᠤᠨ᠎ᠳᠤ᠎ᠪᠠᠨ ᠠᠢ᠌ᠯᠴᠢᠯᠠᠨ᠎ᠠ ᠦᠦ ᠭᠡᠬᠦ᠎ᠠᠴᠠ ᠪᠢᠰᠢ ᠡᠵᠢ᠎ᠪᠠᠨ ᠰᠠᠨᠠᠬᠣ᠎ᠳᠤ ᠤᠴᠢᠬᠤ ᠭᠠᠵᠠᠷ ᠦᠭᠡᠢ ᠦᠨᠦᠴᠢᠷᠡᠯ᠎ᠠ᠃ ᠭᠡᠷ ᠤᠷᠣᠨ ᠬᠠᠩᠬᠠᠢ᠌ᠷᠠᠵᠤ ᠢᠯᠴᠢ ᠬᠠᠷᠢᠭᠰᠠᠨ ᠮᠢᠨᠦ ᠰᠡᠳᠬᠢᠯ ᠳᠤᠨᠳᠠᠷᠠᠨ᠎ᠠ᠃ ᠡᠵᠢ ᠵᠢᠨ ᠪᠦᠪᠠᠢ᠎ᠲᠠᠢ ᠬᠣᠷᠸ᠎ᠠ᠎ᠳᠤ ᠡᠵᠢ᠎ᠪᠠᠨ  ᠬᠠᠷᠠᠮᠨᠠᠭᠰᠠᠨ ᠪᠢᠳᠡᠨ᠎ᠤ ᠤᠷᠣᠰᠬᠤ ᠨᠢᠯᠪᠤᠰᠣ ᠠᠷᠭ᠎ᠠ ᠦᠭᠡᠢ ᠡᠭᠦᠨ᠎ᠢ ᠦᠨᠡᠮᠰᠢᠯᠡᠭᠦᠯᠪᠡ᠃ 
《ᠮᠢᠨᠦ  ᠬᠦᠦ  ᠬᠠᠷᠢᠭ᠋ᠠᠳ ᠢᠷ᠎ᠡ》 ᠭᠡᠵᠦ  ᠪᠠᠭ᠎ᠠ ᠵᠢᠨ ᠨᠡᠭᠡᠯ ᠰᠣᠨᠣᠰᠳᠠᠨ᠎ᠠ ᠪᠢᠯᠡ᠃ ᠡᠵᠢ ᠡ!  ᠬᠡᠷᠪᠡ ᠴᠠᠭ ᠮᠦᠴᠡ᠎ᠢ ᠪᠤᠴᠠᠭ᠋ᠠᠵᠤ ᠴᠢᠳᠠᠳᠠᠭ ᠶᠤᠮ ᠪᠣᠯ  ᠁ ᠪᠢ ᠨᠢᠯᠪᠤᠰᠣ᠎ᠪᠠᠨ ᠵᠠᠯᠬᠢᠮᠠᠷ ᠪᠠᠢ᠌ᠨ᠎ᠠ᠃
ᠲᠠᠨ᠎ᠳᠤ᠎ᠪᠠᠨ  ᠨᠠᠮᠠᠨᠴᠢᠯᠠᠶ᠎ᠠ!

 

ᠢᠷᠡᠯᠲᠡ᠄ ᠦᠪᠤᠷ ᠮᠤᠡᠭᠭᠤᠯ᠎ᠤᠨ 《ᠨᠡᠢ᠌ᠬᠡᠮ》 ᠰᠡᠳᠬᠦᠯ᠎ᠤᠨ ᠬᠤᠷᠢᠶ᠎ᠠ
          
ᠬᠠᠮᠢᠶ᠎ᠡ ᠪᠦᠬᠦᠢ ᠰᠣᠨᠢᠨ
ᠨᠠᠢ᠌ᠷᠠᠭᠤᠯᠬᠤ ᠬᠡᠯᠲᠡᠰ ᠪᠤᠶᠤ ᠲᠡᠭᠦᠨ᠎ᠤ ᠲᠣᠭᠣᠷᠢᠨ᠎ᠳᠤ᠎ᠬᠢ ᠥᠯᠢᠭᠡᠷ
ᠮᠠᠨ᠎ᠤ ᠤᠷᠤᠨ᠎ᠤ᠎ᠬᠢᠨ ᠭᠤᠷᠪᠠᠨ ᠲᠠᠯ᠎ᠠ᠎ᠠᠴᠠ 5 ᠵᠢᠯ᠎ᠳᠤ 5 ᠳ᠋ᠦᠩᠰᠢᠭᠤᠷ ᠲᠥᠭᠥᠷᠢᠭ ᠪᠡᠯᠨ ᠤᠷᠤᠭᠤᠯᠵᠤ ᠠᠵᠢᠯ ᠮᠡᠷᠭᠡᠵᠢᠯ᠎ᠤᠨ ᠰᠤᠷᠭ᠋ᠠᠨ ᠬᠥᠮᠦᠵᠢᠯ᠎ᠤᠨ ᠬᠦᠭᠵᠢᠬᠦᠯᠤᠯᠳᠡ᠎ᠳᠤ ᠴᠢᠳᠠᠪᠬᠢ ᠤᠯᠭᠤᠪᠠ
ᠲᠥᠪ᠎ᠤᠨ ᠡᠳ᠋᠎ᠤᠨ ᠵᠠᠰᠠᠭ᠎ᠠᠴᠠ ᠮᠠᠨ᠎ᠤ ᠣᠷᠣᠨ᠎ᠤ ᠶᠠᠳᠠᠭᠤ ᠬᠦᠴᠢᠷᠳᠡᠯᠲᠡᠢ ᠤᠯᠠᠨ ᠲᠦᠮᠡᠨ᠎ᠤ ᠲᠤᠰᠠᠯᠠᠮᠵᠢ ᠵᠢᠨ ᠨᠥᠬᠥᠪᠦᠷᠢ ᠵᠢ56.33 ᠳ᠋ᠦᠩᠰᠢᠭᠤᠷ ᠲᠥᠭᠥᠷᠢᠭ ᠪᠠᠭᠤᠯᠭ᠋ᠠᠪᠠ
ᠮᠠᠨ᠎ᠤ ᠣᠷᠣᠨ 《ᠣᠲᠣ ᠦᠶ᠎ᠡ ᠵᠢᠨ ᠵᠠᠮ ᠬᠠᠷᠢᠯᠴᠠᠭ᠎ᠠ ᠡᠳ᠋ ᠪᠠᠷᠠᠭ᠋ᠠᠨ᠎ᠤ ᠭᠦᠢ᠍ᠯᠭᠡᠭᠡᠨ᠎ᠤ ᠳᠠᠭ᠋ᠠᠭᠤᠯᠤᠭᠴᠢ ᠠᠵᠤ ᠠᠬᠤᠢ᠌ᠯᠠᠯ᠎ᠢ ᠪᠤᠵᠠᠭ᠋ᠠᠢ᠌ᠷᠠᠭᠤᠯᠬᠤ ᠠᠵᠢᠯᠯᠠᠭ᠋ᠠᠨ᠎ᠤ ᠲᠥᠰᠥᠯ》᠎ᠢ ᠨᠡᠢ᠌ᠲᠡᠯᠡᠵᠦ᠂ 2026 ᠣᠨ ᠪᠣᠯᠬᠤ᠎ᠳᠤ ᠥᠪᠥᠷ ᠮᠣᠩᠭᠣᠯ᠎ᠤᠨ ᠨᠢᠭᠡᠴᠢ ᠡᠳ᠋ ᠪᠠᠷᠠᠭ᠋ᠠᠨ᠎ᠤ ᠡᠷᠭᠢᠯᠲᠡ ᠵᠢᠨ ᠬᠡᠮᠵᠢᠶ᠎ᠡ ᠵᠢᠨ ᠡᠳ᠋ ᠪᠠᠷᠠᠭ᠋ᠠᠨ᠎ᠤ ᠭᠦᠢ᠍ᠯᠭᠡᠭᠡᠨ᠎ᠤ ᠥᠪᠡᠷ᠎ᠤᠨ ᠥᠷᠲᠡᠭ᠎ᠢ 6%᠎ᠪᠠᠷ ᠪᠠᠭᠤᠷᠠᠭᠤᠯᠬᠤ ᠪᠤᠯᠤᠨ᠎ᠠ
《ᠲᠠᠪᠤᠨ ᠰᠠᠢ᠌ᠨ》᠎ᠢ ᠠᠭᠤᠰᠤᠯᠴᠠᠭᠤᠯᠵᠤ᠂ ᠭᠠᠵᠠᠷ ᠰᠢᠷᠣᠢ ᠵᠢᠨ ᠭᠠᠷᠤᠯᠲᠠ ᠵᠢᠨ ᠨᠦᠬᠡᠴᠨ ᠬᠦᠴᠤᠨ᠎ᠢ ᠬᠦᠭᠵᠢᠬᠡᠶ᠎ᠡ — ᠬᠥᠳᠡᠭᠡ ᠠᠵᠤ ᠠᠬᠤᠢ ᠵᠢᠨ ᠦᠢ᠍ᠯᠡᠳᠪᠦᠷᠢᠯᠡᠯ᠎ᠤᠨ ᠬᠤᠪᠢᠰᠤᠯᠲᠠ᠎ᠠᠴᠠ ᠰᠢᠨ᠎ᠡ ᠴᠢᠨᠠᠷ ᠪᠦᠬᠦᠢ ᠦᠢ᠍ᠯᠡᠳᠪᠦᠷᠢᠯᠡᠯ᠎ᠤᠨ ᠬᠦᠴᠦᠨ᠎ᠢ ᠬᠥᠭᠵᠢᠭᠦᠯᠦᠭᠰᠡᠨ ᠥᠪᠥᠷ ᠮᠣᠩᠭᠣᠯ᠎ᠤᠨ ᠠᠮᠢᠵᠢᠷᠠᠯ᠎ᠤᠨ ᠬᠦᠴᠤᠨ
 
            