ᠭᠠᠵᠠᠷ᠎ᠤᠨ ᠨᠡᠷ᠎ᠡ ᠵᠢᠨ ᠨᠤᠲᠠᠯᠠᠯᠲᠠ᠄ ᠬᠣᠣᠯᠢᠨ ᠭᠣᠣᠯ
ᠸᠠᠩ ᠬᠠᠢ ᠹᠸᠩ ᠵᠤᠬᠢᠶᠠᠪᠠ
ᠬᠣᠤᠯᠢᠨ ᠭᠣᠤᠯ ᠪᠣᠯ ᠰᠤᠩᠭ᠋ᠠᠷᠢ ᠮᠥᠷᠡᠨ᠎ᠤ ᠰᠠᠪᠠ ᠭᠠᠵᠠᠷ᠎ᠤᠨ ᠨᠤᠨ ᠮᠥᠷᠡᠨ᠎ᠤ ᠤᠰᠤᠨ ᠰᠢᠰᠲ᠋ᠧᠮ᠎ᠳᠤ ᠬᠠᠷᠢᠶᠠᠯᠠᠭᠳᠠᠵᠤ᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠲᠦᠩᠯᠢᠶᠣᠤ ᠬᠣᠲᠠ ᠵᠢᠨ ᠵᠠᠷᠤᠳ ᠬᠣᠰᠢᠭᠤᠨ᠎ᠤ ᠲᠡᠬᠡ ᠵᠢᠨ ᠬᠠᠨ ᠠᠭᠤᠯᠠ ᠵᠢᠨ ᠬᠣᠷᠮᠣᠶ᠎ᠠᠴᠠ ᠡᠬᠢ ᠠᠪᠴᠤ᠂ ᠬᠣᠣᠯᠢᠩᠭᠣᠣᠯ ᠬᠣᠲᠠ᠂ ᠬᠢᠩᠭ᠋ᠠᠨ ᠠᠢ᠌ᠮᠠᠭ᠎ᠤᠨ ᠬᠣᠷᠴᠢᠨ ᠪᠠᠷᠠᠭᠤᠨ ᠭᠠᠷᠤᠨ ᠳᠤᠮᠳᠠᠳᠤ ᠬᠣᠰᠢᠭᠤ᠎ᠪᠠᠷ ᠳᠡᠮᠵᠢᠨ᠂ ᠭᠢᠷᠢᠨ ᠮᠤᠵᠢ ᠵᠢᠨ ᠲᠦᠩ ᠢᠣᠢ ᠰᠢᠶᠠᠨ᠂ ᠳ᠋ᠠ ᠠᠨ ᠰᠢᠶᠠᠨ ᠵᠶ᠋ᠠᠷ ᠤᠷᠤᠰ᠎ᠤᠨ ᠥᠩᠭᠡᠷᠡᠭᠰᠡᠨ᠎ᠤ ᠳᠠᠷᠠᠭ᠎ᠠ᠂ ᠤᠰᠤᠨ ᠤᠷᠤᠰᠬᠠᠯ ᠠᠭ᠋ᠠᠵᠢᠮ ᠵᠶ᠋ᠠᠷ ᠳᠠᠷᠬᠠᠨ ᠠᠷᠢᠯᠳᠠᠭ᠃ ᠬᠣᠤᠯᠢᠨ ᠭᠣᠤᠯ ᠬᠣᠲᠠ ᠵᠢᠨ ᠬᠢᠯᠢ ᠳᠣᠲᠣᠷᠠᠬᠢ ᠴᠠᠭᠳᠠ ᠭᠣᠤᠯ᠂ ᠮᠠᠩᠭᠢᠷ ᠭᠣᠤᠯ᠂ ᠬᠡᠷᠡᠮᠲᠦ ᠭᠣᠤᠯ᠂ ᠪᠠᠷᠠᠭᠤᠨ ᠪᠤᠷᠭ᠋ᠠᠰᠤ᠎ᠲᠠᠶ ᠭᠣᠤᠯ᠂ ᠬᠥᠨᠳᠡᠢ ᠵᠢᠨ ᠭᠣᠤᠯ ᠵᠡᠷᠭᠡ ᠲᠠᠪᠤᠨ ᠵᠤᠷᠪᠤᠰ ᠳᠣᠲᠣᠭ᠋ᠠᠳᠤ ᠬᠠᠭᠤᠷᠠᠶ ᠭᠣᠤᠯ᠎ᠨᠢ ᠲᠣᠰ ᠭᠣᠤᠯ᠎ᠳᠤ ᠤᠷᠤᠰ᠎ᠤᠨ ᠣᠷᠣᠵᠤ ᠪᠠᠢ᠌ᠨ᠎ᠠ᠃ ᠬᠣᠤᠯᠢᠨ ᠭᠣᠤᠯ᠎ᠤᠨ ᠭᠣᠤᠯ ᠤᠷᠤᠰᠬᠠᠯ᠎ᠤᠨ ᠪᠥᠬᠥ ᠣᠷᠳᠣᠨ᠎ᠢ 590 ᠺᠢᠯᠣᠮᠧᠲᠷ᠂ ᠰᠠᠪᠠ ᠭᠠᠵᠠᠷ᠎ᠤᠨ ᠲᠠᠯᠠᠪᠠᠶ᠎ᠨᠢ 27840 ᠲᠡᠭᠰᠢ ᠳᠥᠷᠪᠡᠯᠵᠢᠨ ᠺᠢᠯᠣᠮᠧᠲᠷ᠂ ᠬᠣᠷᠴᠢᠨ ᠪᠠᠷᠠᠭᠤᠨ ᠭᠠᠷᠤᠨ ᠳᠤᠮᠳᠠᠳᠤ ᠬᠣᠰᠢᠭᠤᠨ᠎ᠤ ᠬᠢᠯᠢ ᠳᠣᠲᠣᠷᠠᠬᠢ ᠣᠷᠳᠣᠨ᠎ᠢ 258 ᠺᠢᠯᠣᠮᠧᠲᠷ᠂ ᠰᠠᠪᠠ ᠭᠠᠵᠠᠷ᠎ᠤᠨ ᠲᠠᠯᠠᠪᠠᠶ᠎ᠨᠢ 14113 ᠲᠡᠭᠰᠢ ᠳᠥᠷᠪᠡᠯᠵᠢᠨ ᠺᠢᠯᠣᠮᠧᠲᠷ ᠪᠣᠯᠤᠨ᠎ᠠ᠃ ᠲᠡᠭᠦᠨ᠎ᠤ ᠭᠣᠣᠯ ᠴᠢᠳᠬᠤᠯᠠᠩ ᠭᠡᠪᠡᠯ ᠵᠠᠢ᠌ᠰᠠᠩ᠎ᠳᠤ ᠭᠣᠣᠯ᠂ ᠬᠥᠨᠳᠡᠯᠡᠨ ᠭᠣᠣᠯ᠂ ᠵᠡᠭᠦᠨ ᠵᠢᠷᠢᠮ ᠭᠣᠣᠯ᠂ ᠳᠤᠮᠳᠠ ᠤᠰᠤ᠂ ᠪᠠᠶᠠᠨ ᠬᠠᠷ᠎ᠠ ᠭᠣᠣᠯ ᠵᠡᠷᠭᠡ ᠲᠠᠪᠤᠨ ᠵᠤᠷᠪᠤᠰ ᠪᠠᠢ᠌ᠩᠭᠤ ᠵᠢᠨ ᠤᠷᠤᠰᠬᠠᠯ ᠭᠣᠣᠯ ᠪᠣᠯᠤᠨ᠎ᠠ ᠃ ᠬᠢᠩᠭ᠋ᠠᠨ ᠠᠢ᠌ᠮᠠᠭ᠎ᠤᠨ ᠬᠣᠷᠴᠢᠨ ᠪᠠᠷᠠᠭᠤᠨ ᠭᠠᠷᠤᠨ ᠳᠤᠮᠳᠠᠳᠤ ᠬᠣᠰᠢᠭᠤᠨ ᠬᠠᠷᠢᠶᠠᠨ ᠳᠤ᠎ᠬᠢ ᠬᠠᠮᠤᠭ᠎ᠤᠨ ᠶᠡᠬᠡ ᠭᠣᠤᠯ ᠮᠥᠷᠡᠨ ᠪᠤᠯᠤᠨ᠎ᠠ᠃
ᠬᠣᠣᠯᠢᠨ ᠭᠣᠣᠯ ᠢ ᠤᠳᠤ ᠬᠢᠲᠠᠳ ᠬᠡᠯᠡᠨ ᠳᠤ 《霍林郭勒》 ᠭᠡᠵᠦ ᠣᠷᠴᠢᠭᠤᠯᠤᠨ ᠪᠢᠴᠢᠳᠡᠭ᠃ ᠲᠡᠦᠬᠡᠨ ᠰᠤᠷᠪᠤᠯᠵᠢ ᠪᠢᠴᠢᠭ᠎ᠲᠤ 《合河》᠂ 《鹤五河》᠂ 《霍勒河》᠂ 《哈古勒河》᠂ 《哈果伦河》 ᠵᠡᠷᠭᠡ ᠣᠯᠠᠨ ᠵᠦᠢ᠍ᠯ᠎ᠤᠨ ᠲᠡᠮᠳᠡᠭᠯᠡᠯ ᠪᠠᠢ᠌ᠳᠠᠭ᠃ ᠬᠣᠤᠯᠢᠨ ᠭᠣᠤᠯ᠎ᠤᠨ ᠦᠭᠡ ᠵᠢᠨ ᠤᠳᠬ᠎ᠠ ᠵᠢᠨ ᠲᠤᠬᠠᠶ 《 ᠴᠠᠢ ᠬᠤᠭᠤᠯᠠ ᠵᠢᠨ 》᠂ 《ᠠᠯᠤᠰ ᠬᠣᠯᠠ ᠵᠢᠨ 》᠂ 《ᠬᠤᠭᠤᠷ᠎ᠤᠨ 》᠂ 《ᠬᠠᠪᠤᠷ᠎ᠤᠨ 》᠂ 《 ᠬᠤᠭᠤᠯᠡᠢ ᠵᠢᠨ 》 ᠵᠡᠷᠭᠡ ᠣᠯᠠᠨ ᠵᠦᠢᠯ᠎ᠤᠨ ᠬᠡᠯᠡᠯᠭᠡ ᠪᠠᠢ᠍ᠨ᠎ᠠ᠃
ᠨᠤᠲᠠᠯᠠᠭᠰᠠᠨᠢ ᠦᠨᠳᠦᠰᠦᠯᠡᠪᠡᠯ᠂ ᠬᠣᠣᠯᠢᠨ ᠭᠣᠣᠯ ᠤᠨ ᠰᠠᠪᠠ ᠭᠠᠵᠠᠷ ᠨᠡᠯᠢᠶᠡᠳ ᠥᠷᠭᠡᠨ᠂ ᠰᠠᠯᠪᠤᠷᠢ ᠤᠷᠤᠰᠬᠠᠯ ᠨᠡᠯᠢᠶᠡᠳ ᠤᠯᠠᠨ᠂ ᠲᠡᠦᠬᠡ ᠵᠢᠨ ᠳᠠᠭᠤᠳᠠᠯᠭ᠎ᠠ ᠠᠳᠠᠯᠢ ᠦᠭᠡᠢ᠂ ᠤᠳᠬ᠎ᠠ᠎ᠨᠢ ᠪᠠᠯᠠᠷᠬᠠᠢ ᠪᠠᠢ᠌ᠳᠠᠭ᠃ ᠭᠣᠣᠯᠳᠠᠭᠤ ᠳᠣᠣᠷᠠᠬᠢ ᠲᠠᠪᠤᠨ ᠵᠦᠢ᠍ᠯ᠎ᠤᠨ ᠬᠡᠯᠡᠯᠭᠡ ᠪᠤᠢ᠃
ᠨᠢᠭᠡ ᠂ ᠬᠣᠭᠤᠯᠡ ᠣᠮᠳᠠ ᠭᠡᠬᠦ ᠣᠳᠬ᠎ᠠ᠎ᠠᠴᠠ ᠢᠷᠡᠯᠲᠡᠢ ᠭᠡᠬᠦ ᠦᠵᠡᠯᠲᠡ
ᠴᠢᠩ ᠤᠯᠤᠰ᠎ᠤᠨ ᠦᠶ᠎ᠡ ᠵᠢᠨ 《ᠮᠣᠩᠭᠣᠯ᠎ᠤᠨ ᠬᠤᠰᠢᠭᠤ ᠨᠤᠳᠤᠭ᠎ᠤᠨ ᠲᠡᠮᠳᠡᠭᠯᠡᠯ 》 ᠳᠤ ᠲᠡᠮᠳᠡᠭᠯᠡᠭᠳᠡᠭᠰᠡᠨ ᠬᠢᠲᠠᠳ ᠪᠢᠴᠢᠯᠭᠡ 《哈古勒河 》 ᠵᠢ ᠮᠣᠩᠭᠣᠯ ᠬᠡᠯᠡᠨ᠎ᠳᠤ 《ᠬᠠᠭᠤᠯ ᠭᠣᠣᠯ 》 [1] ᠭᠡᠵᠤ ᠲᠡᠮᠳᠡᠭᠯᠡᠵᠦ᠂ ᠪᠠᠳᠠᠷᠠᠭᠤᠯᠲᠤ ᠲᠦᠷᠦ ᠵᠢᠨ ᠭᠤᠴᠢᠨ ᠳᠥᠷᠪᠡᠳᠦᠭᠡᠷ ᠣᠨ᠎ᠤ 《ᠲᠦᠰᠢᠶᠡᠲᠦ ᠸᠠᠩ᠎ᠤᠨ ᠬᠣᠰᠢᠭᠤᠨ᠎ᠤ ᠭᠠᠵᠠᠷ᠎ᠤᠨ ᠵᠢᠷᠤᠭ 》 [2] ᠵᠢᠴᠢ 《ᠵᠢᠷᠢᠮ᠎ᠤᠨ ᠴᠢᠭᠤᠯᠭ᠋ᠠᠨ᠎ᠤ ᠨᠤᠨ ᠠᠷᠪᠠᠨ ᠬᠣᠰᠢᠭᠤᠨ᠎ᠤ ᠲᠦᠰᠢᠶᠡᠲᠦ ᠬᠣᠰᠢᠭᠤᠨ᠎ᠤ ᠵᠢᠷᠤᠭ 》 ᠢ ᠲᠡᠯᠭᠡᠨ ᠦᠵᠡᠪᠡᠯ᠂ ᠭᠠᠵᠠᠷ᠎ᠤᠨ ᠵᠢᠷᠤᠭ ᠳᠡᠭᠡᠷ᠎ᠡ ᠦᠨᠡᠬᠡᠷ 《ᠬᠠᠬᠤᠯ ᠭᠤᠤᠯ 》 ᠪᠠ 《ᠬᠠᠭᠤᠯᠤᠨ ᠭᠣᠣᠯ 》 [3] ᠭᠡᠬᠦ ᠮᠡᠲᠦ ᠵᠢᠨ ᠨᠡᠷ᠎ᠡ᠎ᠲᠠᠢ ᠭᠣᠣᠯ ᠮᠥᠷᠡᠨ ᠪᠠᠢ᠌ᠳᠠᠭ ᠪᠦᠭᠡᠳ ᠭᠠᠵᠠᠷ᠎ᠤᠨ ᠪᠠᠢ᠌ᠴᠠ᠎ᠨᠢ ᠮᠦᠨ ᠤᠳᠤ ᠵᠢᠨ ᠬᠤᠤᠯᠢᠨ ᠭᠤᠤᠯ᠎ᠤᠨ ᠭᠠᠵᠠᠷ᠎ᠤᠨ ᠪᠠᠢ᠌ᠴᠠ᠎ᠲᠠᠢ ᠨᠡᠢ᠌ᠴᠡᠵᠤ ᠪᠤᠢ᠃ ᠰᠠᠳᠠ ᠺᠤᠤᠵᠢᠷᠣᠣ ᠵᠢᠨ 《ᠲᠦᠰᠢᠶᠡᠲᠦ ᠴᠢᠨ ᠸᠠᠩ᠎ᠤᠨ ᠬᠡᠷᠡᠭ ᠶᠠᠪᠤᠳᠠᠯ 》 ᠳᠠᠬᠢ 《ᠬᠣᠤᠯᠢᠨ ᠭᠣᠤᠯ 》 ᠭᠡᠳᠡᠭ ᠦᠭᠡ ᠵᠢᠨ ᠤᠳᠬ᠎ᠠ ᠵᠢ ᠄ 《ᠨᠤᠲᠤᠭ᠎ᠤᠨ ᠬᠦᠮᠦᠰ᠎ᠤᠨ ᠬᠡᠯᠡᠬᠦ᠎ᠪᠠᠷ ᠤᠮᠳᠠᠭ᠋ᠠᠨ᠎ᠤ ᠬᠠᠩᠭ᠋ᠠᠯᠲᠠ ᠪᠤᠯᠤᠨ᠎ᠠ》 [4] ᠭᠡᠵᠦ ᠲᠠᠢ᠌ᠯᠪᠤᠷᠢᠯᠠᠵᠠᠶ᠃ ᠡᠭᠦᠨ᠎ᠳᠤ 《ᠬᠤᠤᠯᠢᠨ ᠭᠤᠤᠯ》᠎ᠤᠨ ᠤᠳᠬ᠎ᠠ ᠵᠢ 《ᠣᠮᠳᠠᠭ᠋ᠠᠨ》 ᠭᠡᠵᠤ ᠲᠠᠢ᠌ᠯᠪᠦᠷᠢᠯᠠᠭᠰᠠᠨ ᠪᠦᠭᠡᠳ 《ᠬᠤᠤᠯᠢᠨ》᠎ᠨᠢ 《ᠬᠤᠭᠤᠯᠠ hccl 》 ) ᠭᠡᠬᠦ ᠳᠠᠭᠤᠳᠠᠯᠭ᠎ᠠ ᠵᠢᠨ ᠬᠤᠪᠢᠷᠠᠯ ᠭᠡᠵᠤ ᠦᠵᠡᠵᠡᠢ ᠃ ᠭᠡᠪᠡᠴᠦ ᠡᠨᠡ ᠳ᠋ᠦᠩᠨᠡᠯᠲᠡ᠎ᠨᠢ ᠪᠠᠰᠠ ᠪᠤᠳᠠᠲᠠᠢ ᠪᠠᠢ᠌ᠴᠠᠭ᠋ᠠᠯᠲᠠ ᠬᠢᠬᠦ ᠳᠤᠮᠳᠠ᠎ᠪᠠᠨ ᠲᠤᠬᠠᠢ ᠵᠢᠨ ᠭᠠᠵᠠᠷ᠎ᠤᠨ ᠬᠥᠮᠦᠰ᠎ᠤᠨ ᠬᠡᠯᠡᠬᠦ ᠵᠢ ᠰᠣᠨᠣᠰᠤᠭᠰᠠᠨ᠎ᠠᠴᠠ ᠪᠢᠰᠢ᠂ ᠣᠨᠣᠪᠴᠢᠲᠠᠢ ᠰᠣᠷᠪᠤᠯᠵᠢ ᠪᠢᠴᠢᠭ᠎ᠤᠨ ᠪᠠᠷᠢᠮᠲᠠ ᠦᠭᠡᠢ ᠶᠤᠮ᠃ 《ᠳᠤᠮᠳᠠᠳᠤ ᠤᠯᠤᠰ᠎ᠤᠨ ᠭᠠᠵᠠᠷ᠎ᠤᠨ ᠨᠡᠷ᠎ᠡ ᠵᠢᠨ ᠬᠤᠪᠢᠰᠤᠯᠲᠠ ᠵᠢᠨ ᠭᠠᠷ ᠳᠡᠪᠲᠡᠷ — 1912 ᠣᠨ᠎ᠠᠴᠠ ᠨᠠᠭ᠋ᠠᠰᠢᠬᠢ ᠮᠤᠵᠢ ᠬᠣᠲᠠ ᠰᠢᠶᠠᠨ᠎ᠤ ᠰᠢᠨ᠎ᠡ ᠬᠠᠭᠤᠴᠢᠨ ᠭᠠᠵᠠᠷ᠎ᠤᠨ ᠨᠡᠷ᠎ᠡ》 ᠳᠤ᠄ 《ᠬᠣᠤᠯᠢᠨ ᠭᠣᠤᠯ 》᠎ᠤᠨ 《ᠬᠤᠤᠯᠢᠨ》 ᠭᠡᠬᠦ ᠦᠭᠡ ᠪᠤᠯ ᠮᠣᠩᠭᠣᠯ ᠬᠡᠯᠡ ᠮᠥᠨ᠂ ᠬᠢᠲᠠᠳ ᠵᠶ᠋ᠠᠷ 《霍林》 ᠭᠡᠵᠦ ᠣᠷᠴᠢᠭᠤᠯᠵᠤ᠂ 《ᠠᠮᠲᠠᠲᠤ ᠬᠣᠭᠣᠯᠠ ᠰᠢᠭ᠋ ᠭᠣᠤᠯ ᠭᠡᠰᠡᠨ ᠤᠳᠬ᠎ᠠ᠎ᠲᠠᠢ ᠪᠠᠢ᠌ᠵᠤ᠂ ᠬᠣᠤᠯᠢᠨ ᠭᠣᠤᠯ ᠡᠭᠦᠨ᠎ᠠᠴᠠ ᠪᠣᠯᠵᠣ ᠢᠩᠭᠢᠵᠦ ᠨᠡᠷᠡᠯᠡᠭᠳᠡᠪᠡ 》 [5] ᠭᠡᠵᠦ ᠲᠠᠢ᠌ᠯᠪᠤᠷᠢᠯᠠᠵᠠᠶ᠃ 《ᠬᠣᠷᠴᠢᠨ ᠪᠠᠷᠠᠭᠤᠨ ᠭᠠᠷᠤᠨ ᠳᠤᠮᠳᠠᠳᠤ ᠬᠣᠰᠢᠭᠤᠨ᠎ᠤ ᠭᠠᠵᠠᠷ᠎ᠤᠨ ᠨᠡᠷ᠎ᠡ ᠵᠢᠨ ᠣᠢ᠌ᠯᠠᠯᠭ᠎ᠠ》 ᠳᠤ᠂ ᠭᠦᠩᠵᠦ ᠵᠢᠨ ᠳᠠᠪᠠᠭ᠋ᠠᠨ᠎ᠠᠴᠠ ᠣᠯᠳᠠᠭᠰᠠᠨ ᠴᠢᠯᠠᠭᠤᠨ ᠬᠥᠰᠢᠢ᠎ᠡ ᠳᠡᠭᠡᠷ᠎ᠡ 《ᠴᠠ· ᠬᠠᠬᠤᠯ ᠭᠣᠣᠯ 》 [6] ᠭᠡᠵᠦ ᠲᠡᠮᠳᠡᠭᠯᠡᠭᠰᠡᠨ ᠪᠠᠢ᠌ᠳᠠᠭ ᠭᠡᠰᠡᠨ ᠪᠦᠭᠡᠳ ᠡᠨᠡ᠎ᠨᠢ 《ᠴᠠᠢ ᠬᠣᠭᠤᠯᠡ ᠵᠢᠨ ᠭᠣᠣᠯ 》 ᠭᠡᠰᠡᠨ ᠤᠳᠬ᠎ᠠ᠎ᠲᠠᠢ ᠭᠡᠰᠡᠨ ᠪᠦᠭᠡᠳ 《ᠬᠣᠣᠯᠢᠨ ᠭᠣᠣᠯ 》 ᠭᠡᠬᠦ ᠦᠭᠡ᠎ᠨᠢ ᠮᠣᠩᠭᠣᠯ ᠬᠡᠯᠡᠨ᠎ᠠᠴᠠ ᠢᠷᠡᠯᠲᠡᠢ ᠭᠡᠵᠦ ᠦᠵᠡᠵᠡᠢ᠃ 《ᠬᠣᠷᠴᠢᠨ ᠪᠠᠷᠠᠭᠤᠨ ᠭᠠᠷᠤᠨ ᠳᠤᠮᠳᠠᠳᠤ ᠬᠣᠰᠢᠭᠤᠨ᠎ᠤ ᠰᠣᠶᠣᠯ ᠲᠡᠦᠬᠡ ᠵᠢᠨ ᠪᠢᠴᠢᠭ ᠮᠠᠲ᠋ᠧᠷᠢᠶᠠᠯ 》 ᠤᠨ ᠳᠣᠯᠣᠳᠤᠭ᠋ᠠᠷ ᠳᠡᠪᠲᠡᠷ᠎ᠤᠨ ᠭᠠᠵᠠᠷ᠎ᠤᠨ ᠨᠡᠷ᠎ᠡ ᠵᠢᠨ ᠤᠳᠬ᠎ᠠ ᠵᠢ ᠲᠠᠢ᠌ᠯᠪᠤᠷᠢᠯᠠᠭᠰᠠᠨ ᠠᠭᠤᠯᠭ᠎ᠠ ᠵᠢᠴᠢ ᠨᠠᠢ᠍ᠮᠠᠳᠤᠭ᠋ᠠᠷ ᠳᠡᠪᠲᠡᠷ᠎ᠤᠨ ᠬᠣᠷᠴᠢᠨ ᠪᠠᠷᠠᠭᠤᠨ ᠭᠠᠷᠤᠨ ᠳᠤᠮᠳᠠᠳᠤ ᠬᠣᠰᠢᠭᠤᠨ᠎ᠤ ᠭᠣᠣᠯ ᠮᠥᠷᠡᠨ᠎ᠤ ᠡᠬᠢ ᠰᠤᠷᠪᠤᠯᠵᠢ ᠵᠢᠨ ᠪᠠᠢ᠌ᠴᠠᠭ᠋ᠠᠯᠲᠠ ᠳᠤᠮᠳᠠ ᠪᠦᠷ ᠲᠡᠭᠡᠷᠡᠬᠢ ᠴᠢᠯᠠᠭᠤᠨ ᠬᠥᠰᠢᠢ᠎ᠡ ᠵᠢᠨ ᠪᠢᠴᠢᠭᠡᠰᠦ ᠪᠤᠯᠬᠤ 《ᠴᠠ· ᠬᠠᠬᠤᠯ ᠭᠣᠣᠯ 》 ᠤᠨ ᠤᠴᠠᠷᠢ ᠳᠤᠷᠠᠳᠴᠠᠢ᠃ 1946 ᠣᠨ᠎ᠤ 《ᠪᠠᠷᠠᠭᠤᠨ ᠬᠣᠷᠴᠢᠨ ᠳᠤᠮᠳᠠᠳᠤ ᠬᠣᠰᠢᠭᠤᠨ᠎ᠤ ᠪᠦᠷᠢᠨ ᠵᠢᠷᠤᠭ 》 ᠲᠤ ᠲᠤᠰ ᠭᠣᠣᠯ᠎ᠤᠨ ᠨᠡᠷ᠎ᠡ ᠵᠢᠨ 《ᠴᠠ》 ᠢ ᠬᠠᠰᠤᠵᠤ 《ᠬᠠᠭᠤᠯ ᠭᠣᠣᠯ 》 [7] ᠭᠡᠵᠦ ᠲᠡᠮᠳᠡᠭᠯᠡᠪᠡ᠃ ᠬᠣᠷᠴᠢᠨ ᠪᠠᠷᠠᠭᠤᠨ ᠭᠠᠷᠤᠨ ᠳᠤᠮᠳᠠᠳᠤ ᠬᠣᠰᠢᠭᠤᠨ᠎ᠤ ᠤᠤᠯ᠎ᠤᠨ ᠬᠣᠰᠢᠭᠤᠨ ᠳᠠᠷᠤᠭ᠎ᠠ ᠡᠷᠳᠡᠨᠢᠸᠴᠢᠷ ᠢ ᠰᠣᠷᠪᠤᠯᠵᠢᠯᠠᠭᠰᠠᠨ ᠵᠶ᠋ᠠᠷ ᠬᠢᠷᠢᠨ ᠬᠤᠲᠠᠨ᠎ᠳᠤ ᠠᠵᠢᠯᠯᠠᠵᠤ ᠪᠠᠢ᠌ᠬᠤ ᠳᠤ᠎ᠪᠠᠨ᠂ ᠭᠢᠷᠢᠨ ᠮᠤᠵᠢ ᠵᠢᠨ ᠮᠦᠽᠧᠶ᠎ᠳᠤ ᠲᠤᠰ ᠬᠥᠰᠢᠶᠡᠨ᠎ᠤ ᠪᠢᠴᠢᠭ᠎ᠢ ᠣᠯᠵᠤ ᠦᠵᠡᠪᠡ ᠭᠡᠵᠣ ᠶᠠᠷᠢᠭᠰᠠᠨ ᠪᠠᠢ᠌ᠨ᠎ᠠ᠃ ᠲᠤᠰ ᠬᠥᠰᠢᠶᠡᠨ᠎ᠤ ᠪᠢᠴᠢᠭ᠎ᠲᠤ 《 ᠬᠠᠬᠤᠯ ᠭᠣᠣᠯ》 ᠭᠡᠵᠦ ᠲᠡᠮᠳᠡᠭᠯᠡᠵᠦ᠂ ᠬᠢᠲᠠᠳ ᠵᠶ᠋ᠠᠷ 《哈古拉河》 ᠭᠡᠵᠦ ᠣᠷᠴᠢᠭᠤᠯᠪᠠ᠃ ᠡᠭᠦᠨ᠎ᠠᠴᠠ ᠪᠢᠳᠡ ᠴᠢᠯᠠᠭᠤᠨ ᠬᠥᠰᠢᠶᠡᠨ ᠳᠡᠭᠡᠷ᠎ᠡ 《 ᠴᠠ· ᠬᠠᠬᠤᠯ ᠭᠣᠣᠯ 》 ᠭᠡᠰᠡᠨ ᠬᠡᠯᠪᠡᠷᠢ ᠪᠠᠷ ᠪᠢᠴᠢᠭᠳᠡᠭᠰᠡᠨ ᠭᠡᠵᠤ ᠪᠠᠳᠤᠲᠠᠢ ᠬᠡᠯᠡᠬᠦ᠎ᠳᠤ ᠪᠡᠷᠬᠡ ᠪᠠᠢ᠌ᠨ᠎ᠠ᠃
ᠬᠣᠶᠠᠷ᠂ ᠠᠯᠤᠰ ᠬᠤᠯᠠ ᠭᠡᠬᠦ ᠣᠳᠬ᠎ᠠ᠎ᠠᠴᠠ ᠢᠷᠡᠯᠲᠡᠢ ᠭᠡᠬᠦ ᠦᠵᠡᠯᠲᠡ
《ᠵᠢᠷᠢᠮ᠎ᠤᠨ ᠴᠢᠭᠤᠯᠭ᠋ᠠᠨ᠎ᠤ ᠠᠷᠪᠠᠨ ᠬᠣᠰᠢᠭᠤᠨ᠎ᠤ ᠪᠠᠢ᠌ᠴᠠᠭ᠋ᠠᠯᠲᠠ ᠵᠢᠨ ᠮᠡᠳᠡᠭᠦᠯᠦᠯᠲᠡ ᠵᠢᠨ ᠪᠢᠴᠢᠭ》 (ᠳᠡᠭᠡᠳᠦ) ᠲᠤ ᠲᠡᠮᠳᠡᠭᠯᠡᠭᠰᠡᠨᠢ ᠦᠨᠳᠦᠰᠦᠯᠡᠪᠡᠯ᠄ 《ᠵᠣᠨ ᠨᠠᠮᠤᠷ ᠪᠣᠷᠣᠭ᠋ᠠᠨ᠎ᠤ ᠤᠯᠠᠷᠢᠯ ᠭᠣᠣᠯ ᠮᠥᠷᠡᠨ ᠤᠷᠤᠰᠤᠨ᠎ᠠ᠂ ᠤᠰᠤ ᠡᠪᠡᠰᠦ᠂ ᠵᠢᠱ᠌ᠢᠶᠡᠯᠡᠪᠡᠯ᠂ ᠬᠣᠯᠡ (霍勒) ᠭᠣᠣᠯ᠎ᠤᠨ ᠪᠣᠷᠣᠭ᠋ᠠᠨ᠎ᠤ ᠡᠷᠭᠢ᠎ᠳᠠᠬᠢ ᠬᠦᠬᠡ ᠨᠠᠭᠤᠢ ᠰᠦᠮ᠎ᠡ ᠵᠢᠨ ᠪᠠᠶᠠᠨᠵᠤᠯᠠ ᠵᠢᠨ ᠡᠯ᠎ᠡ ᠨᠠᠭᠤᠷ ᠴᠦᠩᠬᠦᠯ᠎ᠨᠢ ᠡᠪᠦᠯ᠎ᠤᠨ ᠮᠥᠰᠥ ᠬᠥᠯᠳᠡᠭᠰᠡᠨ ᠤ ᠲᠠᠷᠠᠭ᠎ᠠ ᠠᠢ᠌ᠯ ᠲᠣᠰᠬᠣᠨ ᠳᠤ᠎ᠪᠠᠨ ᠪᠤᠴᠠᠨ᠎ᠠ》 [8]᠃ 《霍勒 》 ᠭᠡᠬᠦ ᠦᠭᠡᠨ᠎ᠠᠴᠠ ᠮᠣᠩᠭᠣᠯ ᠦᠭᠡ ᠵᠢ᠎ᠨᠢ ᠰᠡᠷᠭᠦᠭᠡᠪᠡᠯ 《ᠬᠣᠯᠡ》 ᠪᠣᠯᠤᠨ᠎ᠡ᠃ 《 ᠬᠤᠤᠯᠢᠨ》᠎ᠨᠢ 《ᠬᠤᠯᠡ》 ᠵᠢᠨ ᠬᠤᠪᠢᠷᠠᠯ ᠭᠡᠵᠤ ᠦᠵᠡᠵᠡᠢ᠂ ᠤᠴᠢᠷ᠎ᠨᠢ ᠡᠨᠳᠡ ᠡᠪᠦᠯ᠎ᠳᠤ᠎ᠪᠠᠨ ᠬᠠᠬᠢᠷ ᠬᠦᠢ᠍ᠲᠡᠨ᠂ ᠵᠢᠯ ᠳᠤ᠎ᠪᠠᠨ ᠰᠠᠭᠤᠵᠤ ᠳᠡᠢ᠌ᠯᠬᠦ ᠦᠭᠡᠢ ᠲᠦᠢ᠍ᠯ᠎ᠤᠨ ᠠᠯᠤᠰ ᠬᠣᠯᠠ ᠪᠠᠢ᠌ᠨ᠎ᠠ ᠭᠡᠵᠦ ᠦᠵᠡᠳᠡᠭ᠃ ᠡᠨᠡ ᠬᠦ᠌ ᠵᠦᠢ᠍ᠴᠢᠯᠡᠯᠨᠢ ᠮᠥᠨ ᠴᠦ᠍ ᠨᠠᠢ᠌ᠳᠠᠪᠤᠷᠢᠲᠠᠢ ᠦᠨᠳᠦᠰᠦ ᠪᠠᠷᠢᠮᠲᠠ ᠦᠭᠡᠢ ᠶᠤᠮ᠃
ᠭᠤᠷᠪᠡ ᠂ ᠬᠤᠭᠤᠷ ᠭᠡᠬᠦ ᠭᠡᠬᠦ ᠣᠳᠬ᠎ᠠ᠎ᠠᠴᠠ ᠢᠷᠡᠯᠲᠡᠢ ᠭᠡᠬᠦ ᠦᠵᠡᠯᠲᠡ
《ᠳᠤᠮᠳᠠᠳᠤ ᠤᠯᠤᠰ᠎ᠤᠨ ᠭᠠᠵᠠᠷ᠎ᠤᠨ ᠨᠡᠷ᠎ᠡ ᠵᠢᠨ ᠢᠷᠡᠯ ᠭᠠᠷᠤᠯ᠎ᠤᠨ ᠲᠣᠯᠢ 》 ᠳᠤ ᠲᠡᠮᠳᠡᠭᠯᠡᠭᠰᠡᠨ ᠵᠶ᠋ᠡᠷ᠄ 《ᠬᠣᠤᠯᠢᠨ ᠭᠣᠤᠯ ᠥᠪᠥᠷ ᠮᠣᠩᠭᠣᠯ᠎ᠤᠨ ᠵᠢᠷᠢᠮ ᠠᠢ᠌ᠮᠠᠭ᠎ᠤᠨ ᠬᠣᠷᠴᠢᠨ ᠪᠠᠷᠠᠭᠤᠨ ᠭᠠᠷᠤᠨ ᠳᠤᠮᠳᠠᠳᠤ ᠬᠣᠰᠢᠭᠤᠨ᠎ᠳᠤ ᠪᠣᠶ᠂ ᠰᠤᠶᠤᠯᠵᠢ ᠠᠭᠤᠯᠠ᠎ᠠᠴᠠ ᠡᠬᠢ ᠠᠪᠴᠤ᠂ ᠤᠰᠤᠨ ᠤᠷᠤᠰᠬᠠᠯ ᠬᠤᠭᠤᠷ ᠲᠠᠲᠠᠵᠤ ᠪᠠᠢ᠌ᠭ᠎ᠠ ᠮᠡᠲᠦ ᠪᠣᠯᠬᠣᠷ ᠲᠡᠭᠡᠵᠤ ᠨᠡᠷᠡᠢ᠌ᠳᠴᠡᠢ ᠭᠡᠰᠡᠨ ᠤᠯᠠᠮᠵᠢᠯᠠᠯ᠎ᠲᠠᠢ᠃ ᠡᠰᠡᠬᠦᠯ᠎ᠡ 《ᠬᠤᠭᠤᠷ ᠭᠣᠣᠯ 》 ᠭᠡᠵᠦ ᠣᠷᠴᠢᠭᠤᠯᠤᠨ 《ᠬᠤᠭᠤᠷ 》 ᠭᠡᠰᠡᠨ ᠤᠳᠬ᠎ᠠ ᠵᠢ ᠬᠠᠳᠠᠭ᠋ᠠᠯᠠᠵᠡᠢ》 [9] ᠭᠡᠰᠡᠨ᠃ ᠡᠨᠡ ᠬᠦ᠌ ᠵᠦᠢᠴᠢᠯᠡᠯᠲᠡᠨᠢ ᠶᠠᠮᠠᠷ ᠴᠤ᠌ ᠲᠡᠦᠬᠡᠨ ᠰᠤᠷᠪᠤᠯᠵᠢ ᠪᠢᠴᠢᠭ᠎ᠤᠨ ᠦᠨᠳᠦᠰᠦᠯᠡᠯ ᠪᠠᠢ᠌ᠬᠤ ᠦᠭᠡᠢ ᠠᠴᠠ ᠨᠠᠢ᠌ᠳᠠᠪᠤᠷᠢ ᠦᠭᠡᠢ ᠪᠠᠷᠢᠮᠲᠠ ᠪᠤᠯᠤᠭᠰᠠᠨ ᠪᠠᠢ᠌ᠨ᠎ᠠ᠃
ᠲᠦᠷᠪᠡ ᠂ ᠬᠠᠪᠤᠷ ᠭᠡᠬᠦ ᠣᠳᠬ᠎ᠠ᠎ᠠᠴᠠ ᠢᠷᠡᠯᠲᠡᠢ ᠭᠡᠬᠦ ᠦᠵᠡᠯᠲᠡ
ᠶᠠᠫᠣᠨ᠎ᠤ ᠡᠷᠳᠡᠮᠲᠡᠨ ᠭᠦ᠋ ᠭᠤᠸᠠᠩ ᠱ᠌ᠢ ᠵᠢᠨ ᠵᠣᠬᠢᠶᠠᠭᠰᠠᠨ 《ᠮᠠᠨᠵᠤ ᠵᠢᠨ ᠭᠠᠵᠠᠷ᠎ᠤᠨ ᠨᠡᠷ᠎ᠡ ᠵᠢᠨ ᠰᠢᠨᠵᠢᠯᠡᠯ 》 ᠳᠤ ᠲᠡᠮᠳᠡᠭᠯᠡᠭᠰᠡᠨ ᠵᠶ᠋ᠡᠷ᠄ 《 ᠡᠨᠡ᠎ᠨᠢ ᠮᠣᠩᠭᠣᠯ ᠬᠡᠯᠡᠨ᠎ᠳᠤ ᠬᠠᠪᠤᠷ᠎ᠤᠨ ᠤᠯᠠᠷᠢᠯ ᠭᠡᠰᠡᠨ ᠤᠳᠬ᠎ᠠ᠎ᠲᠠᠢ᠃ 》᠃ ᠡᠭᠦᠨ᠎ᠠᠴᠠ ᠭᠠᠳᠠᠨ᠎ᠠ 《ᠮᠣᠩᠭᠣᠯ ᠭᠠᠵᠠᠷ᠎ᠤᠨ ᠨᠡᠷ᠎ᠡ ᠵᠢᠨ ᠲᠠᠢ᠌ᠯᠪᠤᠷᠢ 》᠎ᠳᠤ᠂ 《ᠮᠣᠩᠭᠣᠯ ᠬᠡᠯᠡᠨ᠎ᠳᠤ ᠬᠠᠭᠤᠯ᠎ᠨᠢ ᠬᠠᠪᠤᠷ᠎ᠤᠨ ᠤᠯᠠᠷᠢᠯ᠎ᠤᠨ ᠤᠳᠬ᠎ᠠ ᠵᠢ ᠬᠠᠳᠠᠭ᠋ᠠᠯᠠᠵᠡᠢ ᠂ ᠳᠠᠷᠤᠢ ᠮᠣᠩᠭᠣᠯ ᠬᠡᠯᠡᠨ᠎ᠳᠤ 《ᠬᠠᠭᠤᠯ 》 ᠪᠣᠯ ᠬᠠᠪᠤᠷ ᠭᠡᠳᠡᠭ》᠃ ᠡᠨᠳᠡ ᠮᠣᠩᠭᠣᠯ ᠬᠡᠯᠡᠨ᠎ᠤ 《ᠬᠠᠭᠤᠯ qagul 》᠎ᠢ 《ᠬᠠᠪᠤᠷ qabur 》 ᠭᠡᠵᠦ ᠤᠩᠰᠢᠭ᠋ᠠᠳ᠂ ᠳᠠᠬᠢᠨ 《qabur 》 ᠭᠡᠬᠦ ᠦᠭᠡ ᠵᠢᠨ ᠲᠠᠭᠤᠳᠠᠯᠭ᠎ᠠ᠎ᠪᠠᠷ 《ᠬᠠᠪᠤᠷ 》 ᠭᠡᠬᠦ ᠲᠠᠭ᠋ᠠᠮᠠᠭᠯᠠᠯ ᠬᠢᠭᠰᠡᠨ᠎ᠠᠴᠠ ᠪᠤᠷᠤᠭᠤ ᠳ᠋ᠦᠩᠨᠡᠯᠲᠡ ᠪᠤᠯᠤᠭᠰᠠᠨ᠎ᠨᠢ ᠢᠯᠡᠷᠬᠡᠶ ᠪᠠᠢ᠌ᠨ᠎ᠠ᠃
ᠲᠠᠪᠤ ᠂ ᠬᠣᠭᠤᠯᠡᠢ ᠵᠢᠨ ᠭᠣᠣᠯ ᠭᠡᠬᠦ ᠣᠳᠬ᠎ᠠ᠎ᠠᠴᠠ ᠢᠷᠡᠯᠲᠡᠢ ᠭᠡᠬᠦ ᠦᠵᠡᠯᠲᠡ
ᠭᠠᠵᠠᠷ ᠤᠰᠤᠨ᠎ᠤ ᠨᠡᠷ᠎ᠡ᠎ᠪᠠᠨ ᠭᠠᠵᠠᠷ᠎ᠤᠨ ᠪᠠᠢ᠌ᠴᠠ ᠭᠠᠵᠠᠷ᠎ᠤᠨ ᠭᠠᠳᠠᠷᠭᠤ᠎ᠪᠠᠷ ᠨᠡᠷᠡᠢ᠌ᠳᠬᠦ᠎ᠨᠢ ᠨᠡᠭᠦᠳᠡᠯᠴᠢᠨ ᠦᠨᠳᠦᠰᠦᠲᠡᠨ᠎ᠤ ᠳᠠᠳᠬᠠᠯ ᠪᠤᠯᠤᠨ᠎ᠠ᠃ ᠬᠣᠤᠯᠢᠨ ᠭᠣᠤᠯ ᠠᠭᠤᠯᠠᠨ᠎ᠤ ᠬᠥᠨᠳᠡᠶ᠎ᠪᠠᠷ ᠤᠷᠤᠰᠴᠣ ᠪᠠᠢ᠌ᠨ᠎ᠠ ᠃ ᠷᠢᠨᠴᠢᠨᠳᠣᠷᠵᠢ ᠮᠣᠩᠭᠣᠯ ᠬᠡᠯᠡᠨ᠎ᠤ ᠭᠠᠵᠠᠷ᠎ᠤᠨ ᠨᠡᠷ᠎ᠡ ᠵᠢ ᠬᠠᠮᠠᠭ᠋ᠠᠯᠠᠬᠤ ᠲᠤᠬᠠᠢ ᠰᠢᠨᠵᠢᠯᠡᠯ 》 ᠭᠡᠬᠦ ᠨᠣᠮ᠎ᠳᠠᠭᠠᠨ 《ᠬᠣᠤᠯᠢᠨ ᠭᠣᠤᠯ 》 ᠭᠡᠳᠡᠭ ᠦᠭᠡ ᠵᠢᠨ ᠤᠳᠬ᠎ᠠ ᠵᠢ ᠲᠠᠭ᠋ᠠᠮᠠᠭᠯᠠᠵᠤ ᠪᠢᠴᠢᠬᠦ ᠳᠤ᠎ᠪᠠᠨ᠄ ᠮᠣᠩᠭᠣᠯ ᠬᠡᠯᠡᠨ᠎ᠳᠤ ᠠᠭᠤᠯᠠᠨ ᠬᠥᠨᠳᠡᠶ ᠵᠢ ᠪᠠᠰᠠ 《ᠬᠣᠭᠤᠯᠡᠢ》 ᠭᠡᠳᠡᠭ ᠪᠤᠯᠬᠤᠷ 《ᠬᠤᠤᠯᠢᠨ》 ᠭᠡᠬᠦ ᠦᠭᠡ ᠵᠢ 《ᠬᠣᠭᠤᠯᠡᠢ ᠵᠢᠨ》 ᠭᠡᠵᠤ ᠰᠡᠷᠭᠦᠭᠡᠭᠡᠳ ᠶᠡᠷᠦᠩᠬᠡᠢ ᠨᠡᠷ᠎ᠡ ᠭᠣᠣᠯ᠎ᠢ ᠵᠠᠯᠭ᠋ᠠᠪᠡᠯ 《ᠬᠣᠭᠤᠯᠡᠢ ᠵᠢᠨ ᠭᠣᠣᠯ》 ᠪᠤᠯᠴᠢᠬᠠᠬᠤ ᠶᠤᠮ᠃ ᠡᠨᠡ ᠮᠡᠲᠦ᠎ᠪᠠᠷ ᠦᠨᠦᠳᠦᠷ᠎ᠤᠨ ᠬᠤᠤᠯᠢᠨ ᠭᠣᠣᠯ᠎ᠤᠨ ᠮᠣᠩᠭᠤᠯ ᠲᠠᠭᠣᠳᠠᠯᠭ᠎ᠠ 《ᠬᠤᠤᠯᠢᠨ ᠭᠤᠤᠯ》᠎ᠢ 《ᠬᠣᠭᠤᠯᠠᠢ ᠵᠢᠨ ᠭᠣᠣᠯ》᠎ᠤᠨ ᠠᠪᠢᠶᠠᠨ᠎ᠤ ᠬᠣᠪᠢᠷᠠᠯ ᠮᠦᠨ ᠭᠡᠵᠤ ᠦᠵᠡᠪᠡᠯ ᠲᠤᠰ ᠭᠣᠣᠯ᠎ᠤᠨ ᠪᠠᠢ᠌ᠭ᠋ᠠᠯᠢ ᠵᠢᠨ ᠭᠠᠵᠠᠷ ᠵᠦᠢ ᠵᠢᠨ ᠪᠠᠢ᠌ᠳᠠᠯ᠎ᠲᠠᠢ ᠨᠡᠯᠢᠶᠡᠳ ᠨᠡᠢ᠌ᠴᠡᠬᠦ ᠮᠥᠷᠲᠡᠭᠡᠨ ᠭᠠᠵᠠᠷ᠎ᠤᠨ ᠨᠡᠷ᠎ᠡ ᠵᠢᠨ ᠪᠦᠷᠢᠯᠳᠦᠬᠦ ᠵᠢᠮ᠎ᠡ ᠬᠠᠤᠯᠢ᠎ᠲᠠᠢ ᠨᠡᠢ᠌ᠴᠡᠵᠦ ᠪᠠᠢ᠌ᠬᠤ ᠶᠤᠮ [12]᠃ ᠭᠡᠪᠡᠴᠦ ᠲᠡᠷᠡ ᠪᠤᠯ ᠵᠥᠪᠬᠡᠨ ᠲᠠᠭ᠋ᠠᠮᠠᠭᠯᠠᠯ ᠲᠡᠳᠦᠢ᠂ ᠭᠦᠢ᠍ᠴᠡᠳ ᠲᠡᠦᠬᠡᠨ ᠮᠠᠲ᠋ᠧᠷᠢᠶᠠᠯ᠎ᠤᠨ ᠦᠨᠳᠦᠰᠦᠯᠡᠯ ᠪᠠᠢ᠌ᠬᠤ ᠦᠭᠡᠢ ᠭᠡᠵᠦ ᠬᠡᠯᠡᠪᠡ᠃ ᠤᠷᠤᠰ᠎ᠤᠨ ᠭᠠᠵᠠᠷ ᠵᠦᠢ ᠵᠢᠨ ᠤᠬᠠᠭ᠋ᠠᠨᠲᠠᠨ ᠭ᠊ · ᠨ᠊ · ᠫᠤᠲ᠋ᠧᠨᠢᠨ ᠤ 《ᠮᠣᠩᠭᠣᠯ᠎ᠤᠨ ᠣᠢ᠌ᠯᠠᠪᠤᠷᠢ 》 ᠭᠡᠬᠦ ᠨᠣᠮ᠎ᠤᠨ ᠬᠣᠶᠠᠳᠤᠭ᠋ᠠᠷ ᠪᠦᠯᠦᠭ᠎ᠲᠤ 《ᠶᠡᠬᠡ ᠬᠢᠩᠭ᠋ᠠᠨ ᠳᠠᠪᠠᠭ᠋ᠠᠨ᠎ᠤ ᠳᠤᠮᠳᠠ ᠬᠡᠰᠡᠭ ᠵᠶ᠋ᠡᠷ ᠠᠶᠠᠯᠠᠭᠰᠠᠨ᠎ᠨᠢ (1899 ᠣᠨ᠎ᠤ ᠵᠤᠨ)》 ᠳᠤ᠄ 《ᠬᠠᠪᠴᠢᠯ᠎ᠤᠨ ᠠᠮᠠᠰᠠᠷ᠎ᠲᠤ ᠵᠣᠭᠰᠣᠪᠠᠯ ᠮᠦᠭᠦᠴᠢᠨ (莫古钦) ᠭᠣᠣᠯ ᠪᠣᠯᠤᠨ ᠬᠠᠭᠤᠯᠤᠨ ᠭᠣᠣᠯ (霍伦戈尔河) ᠤᠨ ᠬᠥᠨᠳᠡᠢ ᠵᠢᠨ ᠡᠷᠬᠢᠨ ᠲᠣᠭᠣᠷᠢᠨ ᠳᠤ᠎ᠪᠠᠨ ᠠᠭᠤᠯᠠᠰ᠎ᠢ ᠣᠯᠵᠤ ᠬᠠᠷᠠᠬᠤ ᠪᠣᠯᠤᠨ᠎ᠠ᠃ ᠭᠣᠣᠯ᠎ᠤᠨ ᠬᠥᠨᠳᠡᠢ ᠵᠢᠨ 7 ᠪᠤᠶᠤ 8 ᠣᠷᠲᠣ ᠵᠢᠨ ᠥᠷᠭᠡᠨ ᠬᠥᠨᠳᠡᠢ ᠵᠢᠨ ᠠᠮᠠ᠎ᠨᠢ ᠠᠭᠤᠯᠠᠨ ᠬᠠᠪᠴᠢᠯ᠎ᠢ ᠨᠠᠭ᠋ᠠᠯᠳᠤᠵᠤ᠂ ᠭᠣᠣᠯ᠎ᠤᠨ ᠬᠥᠨᠳᠡᠢ ᠵᠢ ᠲᠠᠭ᠋ᠠᠵᠦ ᠪᠠᠭᠤᠪᠠᠯ᠂ ᠪᠢᠳᠡ ᠳᠠᠷᠤᠢ ᠮᠦᠭᠦᠴᠢᠨ ( ᠮᠦᠭᠦ᠎ᠲᠦ 莫古图) ᠭᠣᠣᠯ᠎ᠤᠨ ᠡᠷᠭᠢ᠎ᠳᠤ ᠬᠦᠷᠳᠡᠭ᠃ ᠲᠤᠰ ᠭᠣᠣᠯ᠎ᠤᠨ ᠬᠥᠨᠳᠡᠶ᠎ᠨᠢ ᠵᠠᠮ᠎ᠤᠨ ᠪᠠᠷᠠᠭᠤᠨ ᠲᠠᠯ᠎ᠠ᠎ᠳᠤ ᠪᠠᠢ᠌ᠬᠤ ᠲᠤᠯᠠ᠂ ᠨᠥᠭᠥᠭᠡ ᠨᠢᠭᠡ ᠬᠡᠰᠡᠭ᠎ᠨᠢ ᠪᠠᠰᠠ ᠪᠠᠷᠠᠭᠤᠨ ᠲᠠᠯ᠎ᠠ ᠵᠢᠨ ᠦᠷᠭᠦᠯᠵᠢᠯᠡᠨ ᠢᠷᠡᠭᠰᠡᠨ ᠭᠣᠣᠯ᠎ᠤᠨ ᠬᠥᠨᠳᠡᠶ᠎ᠲᠠᠢ ᠨᠡᠢ᠌ᠯᠡᠵᠦ ᠪᠠᠢ᠌ᠨ᠎ᠠ᠂ ᠲᠡᠷᠡ ᠬᠡᠰᠡᠭ ᠬᠥᠨᠳᠡᠶ᠎ᠳᠤ ᠪᠠᠢ᠌ᠬᠤ᠎ᠨᠢ ᠬᠠᠭᠤᠯᠤᠨ ᠭᠣᠣᠯ᠎ᠤᠨ ᠳᠡᠭᠡᠳᠦ ᠤᠷᠤᠰᠬᠠᠯ᠎ᠤᠨ ᠬᠡᠰᠡᠭ ᠪᠣᠯᠤᠨ᠎ᠠ᠃ ᠵᠠᠷᠤᠳ ᠬᠣᠰᠢᠭᠤᠨ᠎ᠤ ᠨᠢᠭᠡ ᠬᠥᠮᠦᠨ᠎ᠤ ᠬᠡᠯᠡᠬᠦ᠎ᠪᠠᠷ᠂ ᠬᠠᠭᠤᠯᠤᠨ ᠭᠣᠣᠯ (ᠬᠠᠭᠤᠯ ᠭᠣᠣᠯ)ᠲᠤᠷ ᠮᠥᠷᠡᠨ᠎ᠳᠤ ᠤᠷᠤᠰ᠎ᠤᠨ ᠣᠷᠣᠳᠠᠭ ᠭᠡᠨ᠎ᠡ᠂ ᠲᠡᠷᠡ ᠪᠠᠰᠠ ᠵᠠᠯᠭ᠋ᠠᠭ᠋ᠠᠳᠲᠤᠷ (托罗河) ᠮᠥᠷᠡᠨᠳᠤᠷ ᠤᠷᠤᠰ᠎ᠤᠨ ᠤᠷᠤᠵᠤ᠂ ᠪᠠᠰᠠ ᠨᠦᠩ᠎ᠨᠢ ᠾᠧ(农尼河) ᠭᠣᠣᠯ᠎ᠳᠤ ᠤᠷᠤᠰ᠎ᠤᠨ ᠣᠷᠣᠨ᠎ᠠ᠂ ᠪᠢᠳᠡ ᠬᠠᠭᠤᠯᠤᠨ ᠭᠣᠣᠯ᠎ᠤᠨ ᠵᠡᠭᠦᠨ ᠡᠷᠭᠢ ᠵᠢ᠎ᠲᠠᠭᠠᠨ ᠤᠷᠤᠭᠰᠢᠯᠠᠨ᠎ᠠ 》 [ 13]᠃ ᠳᠡᠭᠡᠷᠡᠬᠢ ᠲᠡᠮᠳᠡᠭᠯᠡᠯ᠎ᠠᠴᠠ 《霍伦戈尔》 ᠪᠤᠶᠤ 《霍雷音戈尔》 ᠢ ᠲᠤᠬᠠᠶ ᠵᠢᠨ ᠦᠶ᠎ᠡ ᠵᠢᠨ ᠵᠠᠷᠤᠳ ᠬᠣᠰᠢᠭᠤᠨ᠎ᠤ ᠬᠥᠮᠦᠰ᠎ᠤᠨ ᠲᠠᠢ᠌ᠯᠪᠤᠷᠢᠯᠠᠯᠲᠠ᠎ᠪᠠᠷ 《霍雷音戈尔》 ᠢ ᠮᠣᠩᠭᠣᠯ ᠬᠡᠯᠡᠨ᠎ᠳᠤ ᠰᠡᠷᠭᠦᠭᠡᠨ ᠪᠢᠴᠢᠪᠡᠯ 《ᠬᠤᠭᠤᠯᠠᠢ ᠵᠢᠨ ᠭᠤᠤᠯ》 ᠪᠣᠯᠤᠨ᠎ᠠ᠃ 《 ᠬᠤᠭᠤᠯᠠᠢ ᠵᠢᠨ》 ᠭᠡᠰᠡᠨ᠎ᠨᠢ 《 ᠬᠦᠨᠳᠡᠢ ᠬᠤᠭᠤᠯᠡᠢ ᠵᠢᠨ 》 ᠭᠡᠰᠡᠨ ᠤᠳᠬ᠎ᠠ᠎ᠪᠠᠷ ᠢᠯᠡᠷᠡᠭᠰᠡᠨ᠎ᠨᠢ ᠲᠤᠳᠤᠷᠬᠠᠢ ᠪᠠᠢ᠌ᠨ᠎ᠠ᠃
ᠡᠭᠦᠨ᠎ᠠᠴᠠ ᠭᠠᠳᠠᠨ᠎ᠠ᠂ ᠮᠦᠩᠭᠦᠨᠪᠠᠶᠠᠷᠤᠨ《ᠬᠣᠤᠯᠢᠨ ᠭᠣᠤᠯ ᠬᠣᠲᠠ ᠵᠢᠨ ᠮᠣᠩᠭᠣᠯ ᠬᠡᠯᠡᠨ᠎ᠤ ᠭᠠᠵᠠᠷ᠎ᠤᠨ ᠨᠡᠷ᠎ᠡ ᠵᠢᠨ ᠢᠷᠡᠯᠲᠡ ᠪᠠ ᠠᠭᠤᠯᠭ᠎ᠠ ᠵᠢᠨ ᠲᠤᠬᠠᠶ》 ᠭᠡᠬᠦ ᠵᠣᠬᠢᠶᠠᠯ᠎ᠳᠤ᠄ ᠨᠠᠶᠠᠨ ᠨᠠᠰᠤᠲᠠᠶ ᠨᠠᠰᠤᠨ᠎ᠤ ᠠᠮᠠᠷᠠᠯᠲᠠ᠎ᠪᠠᠨ ᠠᠪᠤᠭᠰᠠᠨ ᠨᠢᠭᠡᠨ ᠰᠸᠯᠾᠸᠵᠠᠪ ᠨᠠᠰᠤᠲᠠᠨ ᠪᠣᠶ᠂ ᠲᠡᠷᠡ ᠪᠣᠯ ᠤᠤᠯ ᠠᠴᠠ ᠬᠤᠤᠯᠢᠩᠭᠣᠣᠯ ᠬᠣᠲᠠ ᠵᠢᠨ ᠬᠠᠪᠢ᠎ᠪᠠᠷ ᠰᠠᠭᠤᠵᠤ ᠪᠠᠢ᠌ᠭᠰᠠᠨ ᠮᠣᠩᠭᠣᠯ ᠬᠥᠮᠦᠨ ᠶᠤᠮ᠂ ᠪᠤᠷᠤᠬᠤᠵᠡᠷᠳᠤ ᠳᠦᠷᠦᠵᠦ᠂ ᠪᠠᠭ᠎ᠠ ᠳᠤ᠎ᠪᠠᠨ ᠬᠥᠨᠳᠡᠶ ᠬᠠᠨ (ᠬᠠᠴᠢᠨ ᠠᠭᠤᠯᠠ ) ᠤ ᠳᠣᠤᠷ᠎ᠠ ᠨᠡᠭᠦᠳᠡᠯᠯᠡᠨ ᠮᠠᠯᠵᠢᠵᠤ ᠪᠠᠢ᠌ᠵᠡᠢ᠃ ᠨᠠᠰᠤᠲᠠᠨ᠎ᠤ ᠬᠡᠯᠡᠬᠦ᠎ᠪᠠᠷ᠂ ᠵᠠᠷᠤᠳ ᠬᠣᠰᠢᠭᠤᠨ᠎ᠤ ᠬᠣᠢ᠌ᠲᠤ ᠬᠡᠰᠡᠭ᠎ᠲᠤ ᠵᠡᠭᠦᠨᠰᠢ ᠪᠠᠷᠠᠭᠤᠨᠰᠢ ᠴᠢᠭᠯᠡᠯ᠎ᠤᠨ ᠭᠤᠷᠪᠠᠨ ᠬᠤᠩᠬᠢᠯ᠎ᠲᠠᠢ᠂ ᠳᠠᠷᠤᠶ ᠪᠠᠭ᠎ᠠ ᠬᠢᠩᠭ᠋ᠠᠨ ᠠᠯᠲᠠᠨ ᠳᠠᠪᠠᠭ᠎ᠠ᠎ᠪᠠᠷ ᠪᠠᠷᠢᠮᠵᠢᠶ᠎ᠠ ᠪᠣᠯᠭ᠋ᠠᠵᠤ᠂ ᠳᠠᠪᠠᠭ᠋ᠠᠨ᠎ᠤ ᠡᠮᠦᠨ᠎ᠡ ᠲᠠᠯ᠎ᠠ ᠵᠢ 《ᠥᠪᠥᠷ ᠬᠥᠨᠳᠡᠶ 》 ᠭᠡᠳᠡᠭ᠂ ᠥᠪᠥᠷ ᠭᠡᠳᠡᠭ᠎ᠨᠢ ᠳᠠᠪᠠᠭ᠎ᠠ ᠵᠢᠨ ᠡᠮᠦᠨ᠎ᠡ ᠲᠠᠯ᠎ᠠ ᠵᠢ ᠵᠢᠭ᠋ᠠᠵᠤ ᠪᠠᠢ᠌ᠨ᠎ᠠ᠂ 《ᠬᠥᠨᠳᠡᠶ 》 ᠭᠡᠳᠡᠭ᠎ᠨᠢ ᠪᠠᠶᠠᠨᠪᠤᠯᠠᠭ ᠲᠣᠭᠣᠷᠢᠭ ᠪᠣᠯᠤᠨ ᠤᠯᠠᠭ᠋ᠠᠨᠬᠠᠳᠠ ᠣᠷᠴᠢᠮ᠎ᠤᠨ ᠬᠤᠩᠬᠢᠯ ᠪᠤᠯᠤᠨ᠎ᠠ᠂ ᠳᠠᠪᠠᠭ᠋ᠠᠨ᠎ᠤ ᠬᠣᠢ᠌ᠲᠤ ᠲᠠᠯ᠎ᠠ᠎ᠨᠢ 《ᠠᠷᠤ ᠬᠥᠨᠳᠡᠶ》 ᠪᠠ 《ᠬᠣᠭᠣᠯᠠᠶ ᠬᠥᠨᠳᠡᠶ》 ᠭᠡᠬᠦ ᠬᠣᠶᠠᠷ ᠬᠣᠩᠭᠢᠯ ᠪᠠᠢ᠌ᠳᠠᠭ᠃ 《ᠬᠣᠭᠣᠯᠠᠶ 》 ᠪᠣᠯ 《ᠠᠭᠤᠯᠠᠨ ᠬᠥᠨᠳᠡᠶ 》 ᠭᠡᠰᠡᠨ ᠤᠳᠬ᠎ᠠ᠎ᠲᠠᠢ᠂ 《ᠬᠣᠤᠯᠢᠨ ᠭᠣᠤᠯ 》 ᠪᠣᠯ ᠠᠭᠤᠯᠠᠨ ᠬᠥᠨᠳᠡᠶ ᠵᠢᠨ ᠬᠣᠩᠭᠢᠯ᠎ᠤᠨ ᠨᠠᠷᠢᠨ ᠪᠥᠭᠡᠳ ᠣᠷᠳᠣ ᠭᠠᠵᠠᠷ ᠵᠦᠶ ᠵᠢᠨ ᠣᠨᠴᠠᠯᠢᠭ ᠵᠶ᠋ᠠᠷ ᠨᠡᠷᠡᠢ᠌ᠳᠦᠭᠰᠡᠨ ᠶᠤᠮ᠃ ᠡᠭᠦᠨ᠎ᠤ ᠬᠠᠮᠲᠤ᠂ ᠡᠨᠡ ᠭᠤᠷᠪᠠᠨ ᠠᠭᠤᠯᠠᠨ ᠬᠥᠨᠳᠡᠶ ᠵᠢᠨ ᠬᠣᠩᠭᠢᠯ᠎ᠳᠤ ᠲᠤᠰ ᠲᠤᠰ ᠨᠢᠭᠡ ᠭᠣᠣᠯ᠎ᠲᠠᠢ ᠪᠠᠢ᠌ᠵᠤ᠂ ᠭᠣᠣᠯ᠎ᠤᠨ ᠨᠡᠷ᠎ᠡ᠎ᠪᠠᠨ ᠠᠭᠤᠯᠠ ᠵᠢᠨ ᠬᠦᠨᠳᠡᠢ ᠵᠢᠨ ᠬᠡᠯᠪᠡᠷᠢ᠎ᠪᠠᠷ ᠨᠡᠷᠡᠯᠡᠭᠰᠡᠨ ᠪᠠᠢ᠌ᠨ᠎ᠠ᠂ ᠳᠠᠷᠤᠶ 《ᠥᠪᠥᠷ ᠬᠥᠨᠳᠡᠶ ᠭᠣᠣᠯ 》᠂ 《ᠠᠷᠤ ᠬᠥᠨᠳᠡᠶ ᠭᠣᠣᠯ 》᠂ 《ᠬᠣᠭᠣᠯᠠᠢ ᠭᠣᠣᠯ 》 ᠭᠡᠬᠦ ᠭᠤᠷᠪᠠᠨ ᠭᠣᠣᠯ ᠪᠣᠯᠤᠨ᠎ᠠ᠃ ᠬᠣᠵᠢᠮ᠎ᠨᠢ ᠬᠥᠮᠦᠰ 《ᠬᠣᠭᠣᠯᠠᠢ ᠵᠢᠨ ᠭᠣᠣᠯ 》 ᠳᠣᠲᠣᠷᠠᠬᠢ 《ᠬᠣᠭᠣᠯᠠᠢ 》 ᠵᠢ ᠳᠥᠭᠥᠮᠴᠢᠯᠡᠭᠡᠳ 《ᠬᠤᠤᠯᠢᠨ 》 ᠭᠡᠵᠦ᠂ 《ᠬᠣᠣᠯᠢᠨ ᠭᠣᠣᠯ 》 ᠪᠣᠯᠭ᠋ᠠᠵᠠᠢ᠃ ᠨᠠᠰᠤᠲᠠᠨ ᠮᠦᠨ ᠨᠦᠬᠦᠪᠦᠷᠢᠯᠡᠨ ᠶᠠᠷᠢᠬᠤ ᠳᠤ᠎ᠪᠠᠨ 《ᠬᠦᠨᠳᠡᠢ ᠬᠠᠨ (ᠠᠭᠤᠯᠠᠨ ᠬᠦᠨᠳᠡᠢ)》 ᠪᠠ 《ᠬᠦᠨᠳᠡᠢ ᠵᠢᠨ ᠭᠣᠣᠯ 》 ᠠᠴᠠ ᠬᠤᠯᠠ ᠦᠭᠡᠢ ᠪᠠᠷᠠᠭᠤᠨ ᠦᠵᠦᠮᠦᠴᠢᠨ ᠨᠤᠳᠤᠭ᠎ᠲᠤ 《ᠬᠣᠭᠣᠯᠠᠢ ᠵᠢᠨ ᠭᠣᠣᠯ ᠪᠠᠯᠭ᠋ᠠᠰᠤ 》 [14] ᠭᠡᠵᠦ ᠪᠤᠢ᠃ ᠳᠡᠭᠡᠷᠡᠬᠢ ᠬᠣᠶᠠᠷ ᠵᠢᠱ᠌ᠢᠶ᠎ᠡ ᠳᠤ᠎ᠬᠢ ᠬᠢᠲᠠᠳ ᠬᠡᠯᠡᠨ᠎ᠤ ᠠᠪᠢᠶᠠᠴᠢᠯᠠᠭᠰᠠᠨ ᠣᠷᠴᠢᠭᠤᠯᠭ᠎ᠠ ᠪᠤᠯᠬᠤ 《霍雷音戈尔 》 ᠪᠣᠯᠤᠨ 《霍来音郭勒》᠎ᠨᠢ ᠠᠳᠠᠯᠢ ᠨᠢᠭᠡ ᠦᠭᠡ ᠵᠢᠨ ᠠᠳᠠᠯᠢ ᠪᠤᠰᠤ ᠲᠠᠭᠤᠳᠠᠯᠭ᠎ᠠ ᠪᠤᠯᠬᠤ ᠪᠦᠭᠡᠳ ᠮᠣᠩᠭᠣᠯ ᠬᠡᠯᠡᠨ ᠳᠤ ᠰᠡᠷᠭᠦᠭᠡᠨ ᠪᠢᠴᠢᠪᠡᠯ 《ᠬᠣᠭᠤᠯᠡᠢ ᠵᠢᠨ ᠭᠤᠤᠯ》 ᠪᠤᠯᠣᠨ᠎ᠠ᠃
ᠡᠨᠡ ᠬᠦ᠌ ᠮᠠᠭ᠋ᠠᠳᠯᠠᠯ᠎ᠤᠨ ᠣᠨᠣᠪᠴᠢᠲᠤ ᠴᠢᠨᠠᠷ᠎ᠢ ᠨᠤᠲᠠᠯᠠᠬᠤ ᠵᠢᠨ ᠲᠥᠯᠥᠭᠡ᠂ ᠰᠸᠯᠾᠸᠵᠠᠪ ᠨᠠᠰᠤᠲᠠᠨ ᠪᠣᠯᠤᠨ ᠮᠥᠩᠭᠦᠨᠪᠠᠶᠠᠷ᠎ᠲᠠᠢ ᠲᠠᠬᠢᠨ ᠠᠭᠤᠯᠵᠠᠪᠠ᠃ ᠨᠠᠰᠤᠲᠡᠨ ᠬᠣᠤᠯᠢᠨ ᠭᠣᠤᠯ᠎ᠤᠨ ᠡᠬᠢ᠎ᠨᠢ ᠭᠣᠤᠯ ᠮᠥᠷᠡᠨ᠎ᠤ ᠲᠣᠰ ᠪᠡᠶ᠎ᠡ ᠵᠢ ᠣᠯᠵᠤ ᠬᠠᠷᠠᠬᠤ ᠥᠬᠡᠶ᠂ ᠠᠭᠤᠯᠠᠨ ᠵᠢᠯᠠᠭ᠎ᠠ ᠵᠢᠨ ᠬᠣᠭᠣᠯᠠᠶ ᠬᠡᠯᠪᠡᠷᠢᠲᠦ ᠠᠭᠤᠯᠠ᠎ᠠᠴᠠ ᠤᠷᠤᠰ᠎ᠤᠨ ᠭᠠᠷᠴᠤ᠂ ᠠᠭᠤᠯᠠᠨ ᠳᠡᠭᠡᠷ᠎ᠡ ᠵᠣᠭᠰᠣᠪᠠᠯ ᠭᠠᠵᠠᠷ ᠳᠣᠤᠷᠠᠬᠢ ᠤᠰᠤᠨ᠎ᠤ ᠤᠷᠤᠰᠬᠠᠯ᠎ᠤᠨ ᠲᠠᠭᠤᠨ᠎ᠢ ᠣᠯᠵᠤ ᠰᠣᠨᠣᠰᠤᠨ᠎ᠠ ᠭᠡᠵᠦ ᠪᠠᠲᠤᠲᠠᠶ ᠬᠡᠯᠡᠵᠦ ᠪᠠᠢ᠌ᠯ᠎ᠠ᠃ ᠡᠢ᠌ᠮᠤ ᠮᠥᠷᠲᠡᠭᠡᠨ ᠨᠠᠷᠢᠨ ᠤᠷᠲᠤ ᠭᠠᠵᠠᠷ᠎ᠤᠨ ᠪᠠᠢ᠌ᠴᠠ᠎ᠨᠢ ᠮᠠᠰᠢ ᠤᠷᠲᠤ ᠬᠡᠰᠡᠭ ᠭᠠᠵᠠᠷ ᠦᠷᠭᠦᠯᠵᠢᠯᠡᠨ᠎ᠡ᠃ ᠮᠥᠩᠭᠦᠨᠪᠠᠶᠠᠷ᠄ 《ᠲᠤᠬᠠᠶ ᠵᠢᠨ ᠭᠠᠵᠠᠷ᠎ᠤᠨ ᠮᠠᠯᠴᠢᠳ᠎ᠤᠨ ᠨᠤᠲᠤᠭ᠎ᠤᠨ ᠠᠶᠠᠯᠭᠤᠨ᠎ᠳᠤ ᠨᠠᠷᠢᠨ ᠣᠷᠳᠣ ᠠᠭᠤᠯᠠᠨ ᠬᠥᠨᠳᠡᠶ ᠵᠢ ᠬᠠᠭᠤᠯ ᠭᠡᠳᠡᠭ᠂ ᠬᠣᠭᠤᠯᠠᠢ᠎ᠪᠠᠷ ᠤᠷᠤᠰ᠎ᠤᠨ ᠥᠩᠭᠡᠷᠡᠬᠦ ᠭᠣᠣᠯ᠎ᠢ ᠬᠠᠭᠤᠯ ᠭᠣᠣᠯ ᠭᠡᠳᠡᠭ 》 ᠭᠡᠵᠤ ᠶᠠᠷᠢᠵᠤ ᠪᠠᠢ᠌ᠯ᠎ᠠ᠃ ᠲᠡᠭᠡᠪᠡᠯ ᠬᠠᠭᠤᠯ ᠭᠣᠤᠯ (ᠬᠣᠣᠯᠢᠨ ᠭᠣᠤᠯ ) ᠪᠣᠯ ᠳᠠᠷᠤᠶ ᠬᠥᠨᠳᠡᠶ ᠬᠣᠭᠤᠯᠡᠢ ᠵᠢᠨ ᠭᠣᠤᠯ ᠪᠣᠯᠤᠨ᠎ᠠ᠃
ᠳᠡᠭᠡᠷ᠎ᠡ ᠶᠠᠷᠢᠭᠰᠠᠨ᠎ᠢ ᠬᠤᠷᠢᠶᠠᠩᠭᠤᠢ᠌ᠯᠠᠪᠠᠯ᠂ ᠪᠢᠳᠡ ᠲᠡᠦᠬᠡ ᠰᠣᠶᠣᠯ ᠭᠠᠵᠠᠷ᠎ᠤᠨ ᠨᠡᠷ᠎ᠡ ᠵᠢᠨ ᠦᠨ᠎ᠡ ᠴᠡᠨ᠎ᠡ ᠵᠢᠨ ᠵᠠᠷᠴᠢᠮ ᠪᠠ 《ᠨᠢᠭᠡᠨᠲᠡ ᠵᠠᠩᠰᠢᠭᠰᠠᠨᠢ ᠵᠣᠷᠰᠢᠯ ᠵᠶ᠋ᠠᠷ ᠶᠠᠪᠤᠭᠤᠯᠬᠤ᠂ ᠨᠡᠷ᠎ᠡ᠎ᠨᠢ ᠡᠵᠡᠨ ᠵᠶ᠋ᠡᠨ ᠳᠠᠭ᠋ᠠᠬᠤ 》 [15] ᠵᠠᠷᠴᠢᠮ᠎ᠢ ᠵᠢᠷᠤᠮᠯᠠᠵᠤ᠂ ᠲᠤᠬᠠᠶ ᠵᠢᠨ ᠭᠠᠵᠠᠷ᠎ᠤᠨ ᠮᠣᠩᠭᠣᠯᠴᠤᠳ᠎ᠤᠨ ᠣᠢ᠌ᠯᠠᠭ᠋ᠠᠯᠲᠠ ᠪᠠ ᠲᠠᠢ᠌ᠯᠪᠤᠷᠢᠯᠠᠯᠲᠠ ᠳᠤ ᠰᠠᠭᠤᠷᠢᠯᠠᠨ ᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠲᠦᠩᠯᠢᠶᠣᠤ ᠬᠣᠲᠠ ᠵᠢᠨ ᠬᠠᠷᠢᠶᠠᠨ ᠳᠤ ᠬᠢ ᠰᠢᠶᠠᠨ᠎ᠤ ᠲᠠᠰ᠎ᠤᠨ ᠬᠣᠲᠠ ᠪᠤᠯᠬᠤ 《 ᠬᠤᠤᠯᠢᠩᠭᠤᠤᠯ ᠬᠣᠲᠠ 》 ᠵᠢᠨ ᠨᠡᠷᠡᠢ᠌ᠳᠦᠯ ᠵᠢᠴᠢ 《ᠬᠣᠣᠯᠢᠨ ᠭᠣᠣᠯ᠎ᠤᠨ ᠨᠡᠭᠦᠷᠡᠰᠦᠨ ᠠᠭᠤᠷᠬᠠᠶ 》 ᠵᠢᠨ ᠪᠦᠯᠦᠭᠯᠡᠯ᠎ᠤᠨ ᠨᠡᠷᠡᠢ᠌ᠳᠦᠯ ᠵᠡᠷᠭᠡ ᠲᠡᠦᠬᠡ ᠰᠣᠶᠣᠯ᠎ᠤᠨ ᠠᠬᠤᠶ ᠪᠠᠢ᠌ᠳᠠᠯ ᠢ ᠦᠨᠳᠦᠰᠦᠯᠡᠨ᠂ 《ᠬᠣᠣᠯᠢᠨ ᠭᠣᠣᠯ 》 ᠭᠡᠰᠡᠨ ᠨᠡᠷ᠎ᠡ ᠵᠢ ᠦᠷᠭᠦᠯᠵᠢᠯᠡᠨ ᠬᠡᠷᠡᠭᠯᠡᠵᠦ᠂ ᠬᠢᠲᠠᠳ ᠨᠡᠷᠡᠢ᠌ᠳᠦᠯ᠎ᠢ ᠨᠡᠷ᠎ᠡ ᠵᠢ 《霍林郭勒》 ᠭᠡᠵᠦ ᠨᠢᠭᠡᠳᠭᠡᠬᠦ ᠵᠢ ᠰᠠᠨᠠᠭᠤᠯᠵᠤ ᠪᠠᠢ᠌ᠨ᠎ᠠ᠃
ᠵᠣᠬᠢᠶᠠᠭᠴᠢ ᠵᠢᠨ ᠬᠠᠶᠢᠭ᠄ ᠦᠪᠦᠷ ᠮᠣᠩᠭᠤᠯ᠎ᠤᠨ ᠪᠠᠭᠰᠢ ᠵᠢᠨ ᠶᠡᠬᠡ ᠰᠣᠷᠭ᠋ᠠᠭᠤᠯᠢ ᠵᠢᠨ ᠲᠡᠤᠬᠡ ᠰᠣᠳᠤᠯᠤᠯ᠎ᠤᠨ ᠲᠡᠭᠡᠳᠤ ᠰᠤᠷᠭ᠋ᠠᠭᠤᠯᠢ