ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠡᠶ᠋ᠢᠭᠡᠮ ᠰᠡᠳᠬᠦᠯ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠦᠢᠯᠡᠴᠢᠯᠡᠭᠡ   -   ᠠᠷᠠᠳ᠎ᠤᠨ ᠠᠮᠢᠳᠤᠷᠠᠯ
ᠮᠠᠨ᠎ᠤ ᠤᠷᠤᠨ ᠨᠡᠢ᠌ᠭᠡᠮ᠎ᠤᠨ ᠳᠤᠰᠠᠯᠠᠮᠵᠢ ᠵᠢᠨ ᠭᠡᠷ ᠪᠦᠯᠢ ᠵᠢᠨ ᠦᠨᠡᠳᠤ ᠳᠡᠮᠳᠡᠭᠳᠤ ᠵᠢᠨ ᠮᠡᠳᠡᠭᠡ ᠵᠠᠩᠬᠢ ᠵᠢ ᠬᠠᠷᠭᠤᠭᠤᠯᠤᠨ ᠪᠠᠢ᠌ᠴᠠᠭ᠋ᠠᠪᠠ
ᠨᠡᠶᠢᠲᠡᠯᠡᠭᠰᠡᠨ ᠴᠠᠭ᠄ 2019-01-14

         
      ᠣᠢ᠌ᠷ᠎ᠡ᠎ᠳᠤ᠂ ᠦᠪᠡᠷᠳᠡᠭᠡᠨ ᠵᠠᠰᠠᠬᠤ ᠤᠷᠤᠨ᠎ᠤ ᠠᠷᠠᠳ᠎ᠤᠨ ᠶᠠᠪᠤᠳᠠᠯ᠎ᠤᠨ ᠳᠢᠩᠬᠢᠮ᠎ᠤᠨ᠎ᠬᠢᠨ ᠠᠷᠠᠳ᠎ᠤᠨ ᠶᠠᠪᠤᠳᠠᠯ᠎ᠤᠨ ᠶᠠᠮᠤᠨ᠎ᠤ ᠳᠤᠤᠷ᠎ᠠ ᠤᠷᠤᠯᠭ᠋ᠠᠳᠤ ᠭᠡᠷ ᠪᠦᠯᠢ ᠵᠢ ᠨᠣᠲᠠᠯᠠᠨ ᠳᠤᠭᠳᠠᠭ᠋ᠠᠬᠤ ᠵᠢᠯᠤᠭᠤᠳᠬᠤ ᠳᠦᠪ᠎ᠤᠨ ᠳᠡᠮᠵᠢᠯᠭᠡ᠎ᠪᠠᠷ ᠪᠦᠬᠦ ᠤᠷᠤᠨ᠎ᠤ ᠨᠠᠭ᠋ᠠᠳᠤ ᠵᠠᠬ᠎ᠠ ᠵᠢᠨ ᠠᠮᠢᠳᠤᠷᠠᠯ᠎ᠤᠨ ᠪᠠᠳᠤᠯᠠᠪᠤᠷᠢ ᠵᠢᠨ ᠠ᠋ᠷᠦᠭᠡ ᠵᠢᠨ ᠦᠨᠡᠳᠤ ᠳᠡᠮᠳᠡᠭᠳᠤ ᠵᠢᠨ ᠮᠡᠳᠡᠭᠡ ᠵᠠᠩᠬᠢ ᠵᠢ ᠬᠠᠷᠭᠤᠭᠤᠯᠤᠨ ᠪᠠᠢ᠌ᠴᠠᠭ᠋ᠠᠵᠠᠢ᠃
      ᠬᠠᠷᠭᠤᠭᠤᠯᠤᠨ ᠪᠠᠢ᠌ᠴᠠᠭ᠋ᠠᠬᠤ᠎ᠪᠠᠷ ᠳᠠᠮᠵᠢᠨ᠂ ᠨᠢᠭᠡ ᠪᠦᠯᠦᠭ ᠨᠠᠭ᠋ᠠᠳᠤ ᠵᠠᠬ᠎ᠠ ᠵᠢᠨ ᠠᠮᠢᠳᠤᠷᠠᠯ᠎ᠤᠨ ᠪᠠᠳᠤᠯᠠᠪᠤᠷᠢ ᠵᠢᠨ ᠠ᠋ᠷᠦᠭᠡ᠎ᠨᠢ ᠨᠡᠢ᠌ᠬᠡᠮ᠎ᠤᠨ ᠳᠤᠰᠠᠯᠠᠮᠵᠢ ᠵᠢᠨ ᠳᠦᠷᠦ ᠵᠢᠨ ᠪᠤᠳᠤᠯᠭ᠎ᠠ ᠵᠢᠨ ᠨᠦᠬᠦᠴᠡᠯ᠎ᠳᠤ ᠨᠠᠢ᠌ᠴᠡᠬᠦ ᠦᠭᠡᠢ ᠪᠠᠢ᠌ᠬᠤ ᠵᠢ ᠢᠯᠡᠷᠡᠬᠦᠯᠵᠤ᠂ ᠠᠷᠠᠳ᠎ᠤᠨ ᠶᠠᠪᠤᠳᠠᠯ᠎ᠤᠨ ᠳᠢᠩᠬᠢᠮ᠎ᠤᠨ ᠬᠤᠯᠪᠤᠭᠳᠠᠯ ᠪᠦᠬᠦᠢ ᠰᠠᠯᠠᠭ᠎ᠠ ᠮᠦᠴᠢᠷ᠎ᠨᠢ ᠬᠢᠨᠠᠨ ᠬᠠᠷᠭᠤᠭᠤᠯᠬᠤ ᠰᠢᠰᠲᠸᠮ ᠵᠶ᠋ᠡᠷ ᠳᠠᠮᠵᠢᠨ ᠠ᠋ᠷᠡᠭᠡᠯᠵᠡᠭᠡ᠎ᠲᠠᠢ ᠳ᠋ᠠᠢ᠌ᠲ᠋ᠠ ᠵᠢ ᠡᠯ᠎ᠡ ᠠᠢ᠌ᠮᠠᠭ ᠬᠤᠳᠠ᠎ᠳᠤ ᠪᠠᠭᠤᠯᠭ᠋ᠠᠨ ᠦᠭᠴᠤ᠂ ᠡᠯ᠎ᠡ ᠠᠢ᠌ᠮᠠᠭ ᠬᠤᠳᠠ ᠵᠢᠨ᠎ᠬᠢᠨ᠎ᠢ ᠳᠡᠭᠡᠳᠤ ᠭᠡᠮᠵᠢᠶ᠎ᠡ᠎ᠪᠠᠷ ᠴᠢᠬᠤᠯᠠᠴᠢᠯᠠᠨ᠂ ᠠᠵᠢᠯᠳᠠᠨ ᠵᠶ᠋ᠡᠨ ᠵᠤᠬᠢᠶᠠᠨ ᠪᠠᠢ᠌ᠭᠤᠯᠤᠨ ᠪᠠᠢ᠌ᠴᠠᠭ᠋ᠠᠨ ᠬᠠᠷᠭᠤᠭᠤᠯᠵᠤ᠂ ᠨᠠᠭ᠋ᠠᠳᠤ ᠵᠠᠬ᠎ᠠ ᠵᠢᠨ ᠠᠮᠢᠳᠤᠷᠠᠯ᠎ᠤᠨ ᠪᠠᠳᠤᠯᠠᠪᠤᠷᠢ ᠬᠦᠷᠳᠡᠬᠦ ᠨᠦᠬᠦᠴᠡᠯ᠎ᠳᠤ ᠨᠡᠢ᠌ᠴᠡᠬᠦ ᠦᠭᠡᠢ ᠵᠢ᠎ᠨᠢ ᠴᠠᠭ ᠳᠠᠷᠤᠢ᠎ᠨᠢ ᠨᠠᠭ᠋ᠠᠳᠤ ᠵᠠᠬ᠎ᠠ ᠵᠢᠨ ᠠᠮᠢᠳᠤᠷᠠᠯ᠎ᠤᠨ ᠪᠠᠳᠤᠯᠠᠪᠤᠷᠢ ᠤᠯᠭᠤᠬᠤ ᠭᠡᠪᠴᠢᠶᠠᠨ᠎ᠠᠴᠠ ᠭᠠᠷᠭ᠋ᠠᠬᠤ ᠮᠦᠷᠳᠡᠭᠡᠨ ᠵᠤᠬᠢᠬᠤ ᠭᠡᠮᠵᠢᠶ᠎ᠡ᠎ᠪᠠᠷ ᠳᠤᠷᠭ᠋ᠠᠵᠤ᠂ ᠪᠠᠢ᠌ᠳᠠᠯ᠎ᠨᠢ ᠬᠦᠨᠳᠤ ᠭᠡᠴᠡᠬᠦᠤ᠎ᠠᠴᠠ᠎ᠨᠢ ᠠ᠋ᠷᠡᠬᠦᠤ ᠵᠢᠨ ᠬᠠᠷᠢᠭᠤᠴᠠᠯᠭ᠎ᠠ ᠨᠡᠭᠡᠮᠵᠢᠯᠡᠨ᠂ ᠨᠡᠢ᠌ᠭᠡᠮ᠎ᠤᠨ ᠳᠤᠰᠠᠯᠠᠮᠵᠢ ᠵᠢᠨ ᠳᠦᠷᠦ ᠵᠢᠨ ᠪᠤᠳᠤᠯᠭ᠎ᠠ ᠵᠢ ᠠ᠋ᠷᠭᠡ ᠳᠡᠭᠰᠢ᠂ ᠳᠦᠪ ᠭᠤᠤᠯᠴᠢ᠎ᠪᠠᠷ ᠭᠡᠷᠡᠭᠵᠢᠬᠦᠯᠬᠦ ᠵᠢ ᠪᠠᠳᠤᠯᠠᠬᠤ ᠭᠡᠷᠭᠳᠡᠢ ᠭᠡᠵᠤ ᠱᠠᠭ᠋ᠠᠷᠳᠠᠵᠠᠢ᠃
      ᠳᠠᠷᠠᠭ᠋ᠠᠴᠢ᠎ᠪᠠᠷ᠂ ᠠᠷᠠᠳ᠎ᠤᠨ ᠶᠠᠪᠤᠳᠠᠯ᠎ᠤᠨ ᠳᠢᠩᠬᠢᠮ ᠪᠤᠯᠤᠨ ᠦᠨᠡᠳᠤ ᠳᠡᠮᠳᠡᠭᠳᠤ ᠵᠢᠨ ᠰᠠᠯᠠᠭ᠎ᠠ ᠮᠦᠴᠢᠷ᠎ᠤᠨ᠎ᠬᠢᠨ ᠬᠠᠮᠳᠤᠷᠠᠯᠴᠠᠭ᠎ᠠ᠎ᠪᠠᠨ ᠦᠷᠬᠦᠯᠵᠢᠯᠡᠨ ᠴᠢᠩᠭ᠋ᠠᠳᠬᠠᠬᠤ ᠵᠢᠨ ᠬᠠᠮᠳᠤ ᠨᠡᠢ᠌ᠭᠡᠮ᠎ᠤᠨ ᠳᠤᠰᠠᠯᠠᠮᠵᠢ ᠵᠢᠨ ᠭᠡᠷ ᠪᠦᠯᠢ ᠵᠢᠨ ᠦᠨᠡᠳᠤ ᠳᠡᠮᠳᠡᠭᠳᠤ ᠵᠢᠨ ᠮᠡᠳᠡᠭᠡ ᠵᠠᠩᠬᠢ ᠵᠢ ᠬᠠᠷᠭᠤᠭᠤᠯᠤᠨ ᠪᠠᠢ᠌ᠴᠠᠭ᠋ᠠᠬᠤ ᠠᠵᠢᠯ ᠦᠷᠨᠢᠬᠦᠯᠵᠤ᠂ ᠮᠠᠨ᠎ᠤ ᠤᠷᠤᠨ᠎ᠤ ᠨᠠᠢ᠌ᠭᠡᠮ᠎ᠤᠨ ᠳᠤᠰᠠᠯᠠᠮᠵᠢ ᠵᠢᠨ ᠠᠵᠢᠯ᠎ᠤᠨ ᠰᠢᠰᠲᠸᠮ᠎ᠢ ᠤᠯᠠᠮ ᠳᠡᠬᠦᠯᠳᠡᠷᠵᠢᠬᠦᠯᠦᠨ᠂ ᠨᠠᠭ᠋ᠠᠳᠤ ᠵᠠᠬ᠎ᠠ ᠵᠢᠨ ᠠᠮᠢᠳᠤᠷᠠᠯ᠎ᠤᠨ ᠪᠠᠳᠤᠯᠠᠪᠤᠷᠢ ᠵᠢᠨ ᠠᠵᠢᠯ᠎ᠢ ᠤᠯᠠᠮ ᠢᠯᠡ ᠳᠤᠳᠤ ᠪᠤᠯᠭ᠋ᠠᠬᠤ᠎ᠪᠠᠷ ᠪᠠᠢ᠌ᠨ᠎ᠠ᠃

ᠢᠷᠡᠯᠲᠡ᠄
          
ᠬᠠᠮᠢᠶ᠎ᠡ ᠪᠦᠬᠦᠢ ᠰᠣᠨᠢᠨ
ᠦᠪᠡᠷᠳᠡᠭᠡᠨ ᠵᠠᠰᠠᠬᠤ ᠤᠷᠤᠨ᠎ᠤ 15 ᠬᠤᠰᠢᠭᠤ ᠰᠢᠶᠠᠨ ᠬᠤᠳᠠ ᠳᠤᠭᠤᠷᠢᠭ᠎ᠢ ᠨᠡᠢ᠌ᠭᠡᠮ᠎ᠤᠨ ᠳᠤᠰᠠᠯᠠᠮᠵᠢ ᠵᠢᠨ ᠶᠡᠷᠦᠩᠭᠡᠢ᠌ᠯᠡᠭᠰᠡᠨ ᠦᠭᠡᠷᠡᠴᠢᠯᠡᠯᠳᠡ ᠵᠢᠨ ᠳᠤᠷᠰᠢᠯᠳᠠ ᠵᠢᠨ ᠴᠢᠭ ᠪᠤᠯᠭ᠋ᠠᠪᠠ
ᠬᠦᠯᠦᠨ ᠪᠤᠢ᠌ᠷ ᠬᠤᠳᠠ ᠵᠡᠮᠳᠡᠭᠴᠤᠳ᠎ᠤᠨ ᠬᠤᠶᠠᠷ ᠵᠦᠢ᠍ᠯ᠎ᠤᠨ ᠨᠦᠬᠦᠪᠤᠷᠢ ᠵᠢᠨ ᠳ᠋ᠠᠢ᠌ᠲ᠋ᠠ ᠵᠢ ᠮᠠᠳᠠᠭᠡ ᠵᠠᠩᠬᠢ ᠵᠢᠨ ᠰᠢᠰᠲᠸᠮ᠎ᠳᠤ ᠰᠢᠩᠭᠡᠭᠡᠨ ᠤᠷᠤᠭᠤᠯᠬᠤ ᠵᠢ ᠪᠠᠶᠠᠯᠡᠬᠦᠯᠪᠡ
ᠬᠦᠯᠦᠨ ᠪᠤᠢ᠌ᠷ᠎ᠤᠨ ᠠᠷᠠᠳ᠎ᠤᠨ ᠶᠠᠪᠤᠳᠠᠯ᠎ᠤᠨ ᠳᠤᠪᠴᠢᠶ᠎ᠠ ᠨᠠᠮ᠎ᠤᠨ ᠵᠤᠬᠢᠶᠠᠨ ᠪᠠᠢ᠌ᠭᠤᠯᠤᠯᠳᠠ ᠵᠢᠨ ᠱᠦᠵᠢ ᠵᠢᠨ 2018 ᠤᠨ᠎ᠳᠤ ᠦᠨᠳᠦᠰᠤᠨ ᠱᠠᠳᠤᠨ᠎ᠤ ᠨᠠᠮ᠎ᠤᠨ ᠪᠠᠢ᠌ᠭᠤᠯᠤᠯᠳᠠ ᠵᠢ ᠠᠳᠬᠤᠭᠰᠠᠨ ᠳᠤᠬᠠᠢ ᠳᠤᠰᠢᠶᠠᠯ᠎ᠤᠨ ᠮᠡᠳᠡᠬᠦᠯᠦᠯᠳᠡ ᠵᠢᠨ ᠬᠤᠷᠠᠯ ᠬᠢᠪᠠ
ᠬᠢᠩᠭ᠋ᠠᠨ ᠠᠢ᠌ᠮᠠᠭ ᠠ᠋ᠷᠡᠭᠦᠯᠵᠢᠯ᠎ᠤᠨ ᠲᠣᠭᠣᠷᠢᠨ ᠵᠤᠭ᠋ᠠᠴᠠᠬᠤ ᠨᠠᠰᠤᠲᠠᠳ᠎ᠢ ᠠᠰᠠᠷᠠᠬᠤ ᠠᠵᠤ ᠦᠢ᠍ᠯᠡᠰ᠎ᠢ ᠬᠦᠭᠵᠢᠬᠦᠯᠬᠦ ᠶᠡᠷᠢᠶᠡᠨ᠎ᠤ ᠳᠠᠪᠴᠠᠩ ᠠ᠋ᠷᠬᠢᠯᠡᠪᠡ
ᠪᠤᠭᠤᠳᠤ ᠵᠢᠨ ᠠᠷᠠᠳ᠎ᠤᠨ ᠶᠠᠪᠤᠳᠠᠯ᠎ᠤᠨ ᠳᠤᠪᠴᠢᠶ᠎ᠠ ᠨᠠᠰᠤᠲᠠᠳ᠎ᠢ ᠠᠰᠠᠷᠠᠬᠤ ᠦᠢ᠍ᠯᠡᠴᠢᠯᠡᠭᠡᠨ᠎ᠤ ᠪᠠᠢ᠌ᠭᠤᠯᠤᠮᠵᠢ ᠵᠢᠨ ᠠᠮᠤᠷ ᠳᠦᠪᠰᠢᠨ᠎ᠤ ᠬᠠᠮᠢᠶᠠᠷᠤᠯᠳᠠ ᠵᠢ ᠪᠠᠢ᠌ᠴᠠᠭ᠋ᠠᠨ ᠵᠢᠯᠤᠭᠤᠳᠪᠠ
 
            