ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠡᠶ᠋ᠢᠭᠡᠮ ᠰᠡᠳᠬᠦᠯ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠦᠢᠯᠡᠴᠢᠯᠡᠭᠡ   -   ᠠᠷᠠᠳ᠎ᠤᠨ ᠠᠮᠢᠳᠤᠷᠠᠯ
ᠣᠷᠳᠤᠰ ᠬᠣᠲᠠ ᠵᠢᠨ ᠣᠨᠴᠠ ᠬᠦᠴᠢᠷᠳᠡᠯ᠎ᠲᠠᠢ ᠬᠦᠮᠤᠰ᠎ᠢ ᠲᠦᠪᠯᠡᠷᠡᠩᠭᠦᠢ ᠠᠰᠠᠷᠠᠨ ᠬᠠᠷᠠᠭ᠋ᠠᠯᠵᠠᠬᠤ ᠬᠡᠷᠡᠭᠴᠡᠭᠡ ᠱᠠᠭ᠋ᠠᠷᠳᠠᠯᠭ᠎ᠠ ᠵᠢ ᠪᠠᠢ᠌ᠴᠠᠭ᠋ᠠᠨ ᠦᠢ᠍ᠯᠠᠭ᠋ᠠᠬᠤ ᠠᠵᠢᠯ ᠳᠠᠭᠤᠰᠪᠠ
ᠨᠡᠶᠢᠲᠡᠯᠡᠭᠰᠡᠨ ᠴᠠᠭ᠄ 2019-05-14

         
      ᠦᠢ᠍ᠷ᠎ᠠ ᠵᠢᠨ ᠠ᠋ᠳᠤᠷ ᠣᠷᠳᠤᠰ ᠬᠤᠲᠠ ᠵᠢᠨ ᠠᠷᠠᠳ᠎ᠤᠨ ᠶᠠᠪᠤᠳᠠᠯ᠎ᠤᠨ ᠳᠣᠪᠴᠢᠶ᠎ᠠ ᠵᠢᠨ᠎ᠬᠢᠨ ᠠᠵᠢᠯᠳᠠᠨ ᠵᠶ᠋ᠠᠨ ᠵᠣᠬᠢᠶᠠᠨ ᠪᠠᠢ᠌ᠭᠤᠯᠤᠨ᠂ ᠰᠠᠯᠤᠩᠬᠢ ᠰᠠᠭᠤᠵᠤ ᠪᠠᠢ᠌ᠭ᠎ᠠ ᠣᠨᠴᠠ ᠬᠦᠴᠢᠷᠲᠡᠯ᠎ᠲᠠᠢ ᠬᠦᠮᠤᠰ᠎ᠢ ᠲᠦᠪᠯᠡᠷᠡᠭᠦᠯᠤᠨ ᠰᠠᠭᠤᠯᠭ᠋ᠠᠵᠤ ᠠᠰᠠᠷᠠᠨ ᠬᠠᠷᠠᠭ᠋ᠠᠯᠵᠠᠬᠤ ᠬᠡᠷᠡᠭᠴᠡᠭᠡ ᠱᠠᠭ᠋ᠠᠷᠳᠠᠯᠭ᠎ᠠ ᠵᠢ ᠪᠠᠢ᠌ᠴᠠᠭ᠋ᠠᠨ ᠦᠢ᠍ᠯᠠᠭ᠋ᠠᠬᠤ ᠠᠵᠢᠯ ᠵᠶ᠋ᠠᠨ ᠦᠷᠨᠢᠭᠦᠯᠤᠨ᠂ ᠬᠣᠲᠠ ᠪᠠᠯᠭ᠋ᠠᠰᠤᠨ᠎ᠤ ᠰᠠᠯᠤᠩᠬᠢ ᠰᠠᠭᠤᠵᠤ ᠪᠠᠢ᠌ᠭ᠎ᠠ ᠣᠨᠴᠠ ᠬᠦᠴᠢᠷᠳᠠᠯ᠎ᠲᠠᠢ ᠬᠦᠮᠤᠰ᠎ᠢ ᠲᠦᠪᠯᠡᠷᠡᠭᠦᠯᠤᠨ ᠰᠠᠭᠤᠯᠭ᠋ᠠᠵᠤ ᠠᠰᠠᠷᠠᠨ ᠬᠠᠷᠠᠭ᠋ᠠᠯᠵᠠᠬᠤ ᠬᠡᠷᠡᠭᠴᠡᠭᠡ ᠱᠠᠭ᠋ᠠᠷᠳᠠᠯᠭ᠎ᠠ ᠵᠢ ᠪᠦᠬᠦ ᠳᠠᠯ᠎ᠠ᠎ᠪᠠᠷ ᠪᠠᠢ᠌ᠴᠠᠭ᠋ᠠᠨ ᠦᠢ᠍ᠯᠠᠭ᠋ᠠᠭᠰᠠᠨ ᠪᠠᠢ᠌ᠨ᠎ᠠ᠃
      ᠳᠤᠰ ᠤᠳᠠᠭ᠋ᠠᠨ᠎ᠤ ᠪᠠᠢ᠌ᠴᠠᠭ᠋ᠠᠯᠲᠠ᠎ᠳᠤ ᠠᠢ᠌ᠯ ᠠ᠋ᠷᠤᠬᠡ ᠳᠠᠷᠠᠭ᠋ᠠᠯᠠᠨ ᠰᠠᠯᠤᠩᠬᠢ ᠰᠠᠭᠤᠭᠰᠠᠨ ᠣᠨᠴᠠ ᠬᠦᠴᠢᠷᠳᠠᠯ᠎ᠲᠠᠢ ᠬᠦᠮᠤᠰ᠎ᠤᠨ ᠭᠡᠷ᠎ᠲᠤ ᠬᠦᠷᠴᠤ᠂ ᠦᠨᠳᠤᠰᠤᠨ ᠪᠠᠢ᠌ᠳᠠᠯ ᠪᠠ ᠲᠦᠪᠯᠡᠷᠡᠭᠦᠯᠤᠨ ᠰᠠᠭᠤᠯᠭ᠋ᠠᠵᠤ ᠬᠠᠷᠠᠭ᠋ᠠᠯᠵᠠᠨ ᠠᠰᠠᠷᠠᠬᠤ ᠳᠤᠬᠠᠢ ᠳᠤᠷ᠎ᠠ ᠰᠠᠨᠠᠭ᠎ᠠ ᠵᠢ᠎ᠨᠢ ᠰᠣᠨᠣᠰᠤᠨ᠂ ᠣᠨᠴᠠ ᠬᠦᠴᠢᠷᠳᠡᠯ᠎ᠲᠠᠢ ᠬᠦᠮᠤᠰ᠎ᠢ ᠲᠦᠪᠯᠡᠷᠡᠭᠦᠯᠤᠨ ᠰᠠᠭᠤᠯᠭ᠋ᠠᠵᠤ ᠠᠰᠠᠷᠠᠨ ᠬᠠᠷᠠᠭ᠋ᠠᠯᠵᠠᠬᠤ ᠬᠡᠷᠡᠭᠴᠡᠭᠡ ᠱᠠᠭ᠋ᠠᠷᠳᠠᠯᠭ᠎ᠠ ᠵᠢᠨ ᠪᠠᠢ᠌ᠴᠠᠭ᠋ᠠᠯᠲᠠ ᠵᠢᠨ ᠬᠦᠰᠤᠨᠤᠭ᠌᠎ᠢ ᠲᠠᠭᠯᠠᠭᠤᠯᠤᠨ ᠪᠣᠳᠠᠳᠤ ᠪᠠᠢ᠌ᠳᠠᠯ᠎ᠢ ᠦᠨᠡᠨᠬᠦ ᠰᠠᠢ᠌ᠨ ᠡᠵᠡᠮᠰᠢᠵᠤ ᠴᠢᠳᠠᠭᠰᠠᠨ ᠪᠠᠢ᠌ᠨ᠎ᠠ᠃ ᠣᠳᠣᠬᠠᠨ᠎ᠳᠤ ᠣᠷᠳᠣᠰ᠎ᠲᠤ ᠬᠣᠲᠠ ᠵᠢᠨ ᠰᠠᠯᠤᠩᠬᠢ ᠰᠠᠭᠤᠷᠢᠰᠢᠵᠤ ᠪᠠᠢ᠌ᠭ᠎ᠠ ᠣᠨᠴᠠ ᠬᠦᠴᠢᠷᠲᠡᠯ᠎ᠲᠠᠢ ᠬᠦᠮᠤᠨ 315᠂ ᠬᠦᠳᠡᠭᠡ ᠳᠤᠰᠬᠤᠨ᠎ᠤ ᠰᠠᠯᠤᠩᠬᠢ ᠰᠠᠭᠤᠷᠢᠰᠢᠵᠤ ᠪᠠᠢ᠌ᠭ᠎ᠠ ᠣᠨᠴᠠ ᠬᠦᠴᠢᠷᠳᠠᠯ᠎ᠲᠠᠢ ᠬᠦᠮᠤᠨ 3746 ᠪᠣᠢ᠃ ᠪᠠᠢ᠌ᠴᠠᠭ᠋ᠠᠨ ᠦᠢ᠍ᠯᠠᠭ᠋ᠠᠭᠰᠠᠨ ᠵᠶ᠋ᠠᠷ᠂ ᠲᠦᠪᠯᠡᠷᠡᠭᠦᠯᠤᠨ ᠠᠰᠠᠷᠠᠵᠤ ᠬᠠᠷᠠᠭ᠋ᠠᠯᠵᠠᠭᠤᠯᠬᠤ ᠬᠡᠷᠡᠭᠴᠡᠭᠡ᠎ᠲᠠᠢ ᠬᠣᠲᠠ ᠵᠢᠨ ᠣᠨᠴᠠ ᠬᠦᠴᠢᠷᠳᠠᠯ᠎ᠲᠠᠢ ᠬᠦᠮᠤᠨ 29 ᠪᠠᠢ᠌ᠵᠤ᠂ ᠠᠮᠢᠳᠤᠷᠠᠯ ᠵᠶ᠋ᠠᠨ ᠠᠷᠭ᠋ᠠᠴᠠᠭ᠋ᠠᠵᠤ ᠳᠡᠢ᠌ᠯᠬᠦ ᠦᠭᠡᠢ᠎ᠨᠢ 62%᠎ᠢ ᠡᠵᠡᠯᠡᠭᠰᠡᠨ ᠪᠠ ᠲᠦᠪᠯᠡᠷᠡᠭᠦᠯᠤᠨ ᠠᠰᠠᠷᠠᠵᠤ ᠬᠠᠷᠠᠭ᠋ᠠᠯᠵᠭᠤᠯᠬᠤ ᠬᠡᠷᠡᠭᠴᠡᠭᠡ᠎ᠲᠠᠢ ᠬᠦᠳᠡᠭᠡ ᠳᠤᠰᠬᠤᠨ᠎ᠤ ᠣᠨᠴᠠ ᠬᠦᠴᠢᠷᠲᠡᠯ᠎ᠲᠠᠢ ᠬᠦᠮᠤᠨ 140 ᠪᠠᠢ᠌ᠵᠤ᠂ ᠠᠮᠢᠳᠤᠷᠠᠯ ᠵᠶ᠋ᠠᠨ ᠠᠷᠭ᠋ᠠᠴᠠᠭ᠋ᠠᠵᠤ ᠳᠡᠢ᠌ᠯᠬᠦ ᠦᠭᠡᠢ᠎ᠨᠢ 87% ᠵᠢ ᠡᠵᠡᠯᠡᠪᠡ᠃
      ᠳᠠᠷᠠᠭ᠋ᠠᠴᠢ᠎ᠪᠠᠷ᠂ ᠣᠷᠳᠣᠰ ᠬᠣᠲᠠ ᠵᠢᠨ᠎ᠬᠢᠨ ᠲᠦᠪᠯᠡᠷᠡᠭᠦᠯᠤᠨ ᠠᠰᠠᠷᠠᠵᠤ ᠬᠠᠷᠠᠭ᠋ᠠᠯᠵᠠᠭᠤᠯᠬᠤ ᠬᠡᠷᠡᠭᠴᠡᠭᠡ᠎ᠲᠠᠢ ᠠᠮᠢᠳᠤᠷᠠᠯ ᠵᠶ᠋ᠠᠨ ᠠᠷᠭ᠋ᠠᠴᠠᠭ᠋ᠠᠵᠤ ᠳᠡᠢ᠌ᠯᠬᠦ ᠦᠭᠡᠢ 18 ᠨᠡᠷ᠎ᠡ ᠬᠣᠲᠠ ᠵᠢᠨ ᠣᠨᠴᠠ ᠬᠦᠴᠢᠷᠲᠡᠯ᠎ᠲᠠᠢ ᠬᠦᠮᠤᠨ ᠪᠠ 122 ᠨᠡᠷ᠎ᠡ ᠠᠮᠢᠳᠤᠷᠠᠯ ᠵᠶ᠋ᠠᠨ ᠠᠷᠭ᠋ᠠᠴᠠᠭ᠋ᠠᠵᠤ ᠳᠡᠢ᠌ᠯᠬᠦ ᠦᠭᠡᠢ ᠬᠦᠳᠡᠭᠡ ᠳᠤᠰᠬᠤᠨ᠎ᠤ ᠣᠨᠴᠠ ᠬᠦᠴᠢᠷᠳᠡᠯ᠎ᠲᠠᠢ ᠬᠦᠮᠤᠨ᠎ᠢ ᠪᠦᠷ ᠲᠦᠪᠯᠡᠷᠡᠭᠦᠯᠤᠨ ᠰᠠᠭᠤᠯᠭ᠋ᠠᠵᠤ ᠠᠰᠠᠷᠠᠨ ᠬᠠᠷᠠᠭ᠋ᠠᠯᠵᠠᠬᠤ᠎ᠪᠠᠷ ᠪᠣᠯᠵᠣ᠂ 2019 ᠣᠨ᠎ᠤ ᠰᠡᠭᠦᠯᠴᠢ᠎ᠠᠴᠠ ᠠ᠋ᠮᠤᠨ᠎ᠡ ᠠᠮᠢᠳᠤᠷᠠᠯ ᠵᠶ᠋ᠠᠨ ᠠᠷᠭ᠋ᠠᠴᠠᠭ᠋ᠠᠵᠤ ᠳᠡᠢ᠌ᠯᠬᠦ ᠦᠭᠡᠢ ᠣᠨᠴᠠ ᠬᠦᠴᠢᠷᠲᠡᠯ᠎ᠲᠠᠢ ᠬᠦᠮᠤᠨ᠎ᠤ ᠠᠰᠠᠷᠠᠨ ᠬᠠᠷᠠᠭ᠋ᠠᠯᠵᠠᠬᠤ ᠨᠤᠷᠮ᠎ᠠ ᠵᠢ 55%᠎ᠳᠤ ᠬᠦᠷᠭᠡᠬᠦ᠎ᠪᠠᠷ ᠴᠢᠷᠮᠠᠢ᠌ᠵᠤ᠂ ᠠᠮᠢᠳᠤᠷᠠᠯ ᠵᠶ᠋ᠠᠨ ᠠᠷᠭ᠋ᠠᠴᠠᠭ᠋ᠠᠵᠤ ᠳᠡᠢ᠌ᠯᠬᠦ ᠦᠭᠡᠢ ᠣᠨᠴᠠ ᠬᠦᠴᠢᠷᠳᠡᠯ᠎ᠲᠠᠢ ᠬᠦᠮᠤᠰ᠎ᠤᠨ ᠠᠰᠠᠷᠠᠨ ᠬᠠᠷᠠᠭ᠋ᠠᠯᠵᠠᠬᠤ ᠦᠢ᠍ᠯᠡᠴᠢᠯᠡᠭᠡᠨ᠎ᠤ ᠱᠠᠭ᠋ᠠᠷᠳᠠᠯᠭ᠎ᠠ ᠵᠢ ᠦᠨᠡᠨᠬᠦ ᠬᠠᠩᠭ᠋ᠠᠨ᠂ ᠶᠠᠳᠠᠭᠤ᠎ᠠᠴᠠ ᠠᠩᠬᠢᠵᠢᠷᠠᠭᠤᠯᠬᠤ ᠪᠣᠭᠣᠮᠲᠠ ᠰᠢᠪᠲᠤᠯᠬᠤ ᠠᠵᠢᠯ᠎ᠳᠤ ᠭᠦᠴᠤᠲᠠᠢ ᠳᠡᠮᠵᠢᠯᠭᠡ ᠦᠵᠡᠭᠦᠯᠬᠦ᠎ᠪᠠᠷ ᠪᠠᠢ᠌ᠨ᠎ᠠ᠃


ᠢᠷᠡᠯᠲᠡ᠄
          
ᠬᠠᠮᠢᠶ᠎ᠡ ᠪᠦᠬᠦᠢ ᠰᠣᠨᠢᠨ
ᠦᠪᠡᠷᠳᠡᠭᠡᠨ ᠵᠠᠰᠠᠬᠤ ᠣᠷᠣᠨ᠎ᠤ ᠠᠷᠠᠳ᠎ᠤᠨ ᠶᠠᠪᠤᠳᠠᠯ᠎ᠤᠨ ᠲᠢᠩᠬᠢᠮ ᠶᠠᠳᠠᠭᠤ᠎ᠠᠴᠠ ᠠᠩᠬᠢᠵᠢᠷᠠᠭᠤᠯᠬᠤ ᠪᠣᠭᠤᠮᠲᠠ ᠰᠢᠪᠳᠤᠯᠬᠤ ᠠᠵᠢᠯ᠎ᠤᠨ ᠤᠳᠤᠷᠢᠳᠬᠤ ᠪᠠᠭ᠎ᠠ ᠳᠤᠭᠤᠢ᠌ᠯᠠᠩ᠎ᠤᠨ ᠬᠤᠷᠠᠯ ᠬᠢᠪᠡ
ᠹᠸᠩ ᠬᠤ᠌ ᠾᠧ ᠤᠯᠠᠭ᠋ᠠᠨᠴᠠᠪ ᠬᠤᠲᠠ᠎ᠳᠤ ᠬᠦᠷᠴᠤ ᠪᠠᠢ᠌ᠴᠠᠭ᠋ᠠᠨ ᠰᠤᠳᠤᠯᠤᠯᠲᠠ ᠬᠢᠪᠡ
ᠠᠷᠠᠳ᠎ᠤᠨ ᠶᠠᠪᠤᠳᠠᠯ᠎ᠤᠨ ᠲᠢᠩᠬᠢᠮ ᠨᠡᠢ᠌ᠬᠡᠮ᠎ᠤᠨ ᠳᠤᠰᠠᠯᠠᠮᠵᠢ ᠵᠢᠨ ᠮᠡᠳᠡᠭᠡ ᠵᠠᠩᠭᠢᠵᠢᠯᠲᠠ ᠵᠢᠨ ᠪᠣᠯᠪᠠᠰᠤᠷᠠᠯ᠎ᠤᠨ ᠠᠩᠬᠢ ᠠ᠋ᠷᠬᠢᠯᠡᠪᠡ
ᠬᠥᠬᠡᠬᠤᠲᠠ ᠵᠢᠨ ᠨᠡᠢ᠌ᠭᠡᠮ᠎ᠤᠨ ᠠᠰᠠᠷᠠᠮᠵᠢ ᠵᠢᠨ ᠬᠦᠷᠢᠶᠡᠯᠡᠩ ᠲᠤᠰᠬᠠᠢ ᠮᠡᠷᠭᠡᠵᠢᠯᠲᠡᠳ᠎ᠤᠨ ᠵᠢᠱ᠌ᠢᠨ ᠦᠨᠡᠯᠡᠬᠦ ᠲᠤᠭᠤᠢ᠌ᠯᠠᠩ᠎ᠤᠨ ᠰᠢᠯᠭ᠋ᠠᠨ ᠠᠪᠬᠤ ᠰᠢᠯᠭ᠋ᠠᠯᠲᠠ᠎ᠳᠤ ᠬᠢᠷᠢ ᠲᠡᠩᠴᠡᠪᠡ
ᠪᠤᠭᠤᠲᠦ ᠬᠤᠲᠠ ᠨᠡᠢ᠌ᠬᠡᠮ᠎ᠤᠨ ᠳᠤᠰᠠᠯᠠᠮᠵᠢ ᠵᠢᠨ ᠲᠣᠭᠲᠠᠯᠴᠠᠭ᠎ᠠ ᠵᠢ ᠲᠡᠭᠦᠯᠳᠡᠷᠵᠢᠭᠦᠯᠤᠨ ᠠᠷᠠᠳ᠎ᠤᠨ ᠠᠮᠢᠳᠤᠷᠠᠯ᠎ᠤᠨ ᠪᠠᠲᠤᠯᠠᠭ᠋ᠠᠨ᠎ᠤ ᠲᠣᠣᠷ᠎ᠢ ᠨᠢᠭᠲᠠ ᠰᠦᠯᠵᠢᠵᠤ ᠪᠣᠢ
 
            