5 ᠳ᠋ᠤᠭ᠋ᠠᠷ ᠰᠠᠷ᠎ᠠ ᠵᠢᠨ 20᠎ᠤ ᠠ᠋ᠳᠤᠷ ᠪᠣᠯ ᠨᠢᠭᠡᠨ ᠶᠡᠷᠤ ᠪᠣᠰᠤ ᠵᠢᠨ ᠠ᠋ᠳᠤᠷ ᠪᠣᠯᠣᠨ᠎ᠠ᠃ ᠤᠴᠢᠷ᠎ᠨᠢ ᠬᠢᠲᠠᠳ ᠬᠡᠯᠡᠨ᠎ᠤ ᠪᠢ ᠴᠢᠮ᠎ᠠ᠎ᠳᠤ ᠬᠠᠢ᠌ᠷᠠᠲᠠᠢ ᠭᠡᠰᠡᠨ ᠦᠭᠡ᠎ᠲᠠᠢ ᠠᠪᠢᠶ᠎ᠠ ᠲᠠᠭ᠋ᠠᠷᠠᠭᠰᠠᠨ ᠵᠢᠯ ᠪᠦᠷᠢ ᠵᠢᠨ ᠠ᠋ᠨᠡ ᠠ᠋ᠳᠤᠷ ᠤᠷᠤᠭ ᠲᠠᠩᠰᠠᠯᠠᠬᠤ ᠭᠠᠵᠠᠷ᠎ᠲᠤ ᠶᠡᠷᠤ᠎ᠨᠢ ᠤᠷᠤᠭ ᠲᠠᠩᠰᠠᠯᠠᠬᠤ᠎ᠪᠠᠷ ᠢᠷᠡᠭᠰᠡᠨ ᠬᠦᠮᠤᠰ ᠣᠯᠠᠰᠢᠷᠠᠵᠤ᠂ ᠮᠠᠰᠢ ᠣᠯᠠᠨ ᠤᠷᠤᠭ ᠳᠠᠩᠰᠠᠯᠠᠬᠤ ᠰᠢᠨ᠎ᠡ ᠬᠦᠮᠤᠨ ᠠ᠋ᠨᠡᠬᠦ ᠣᠨᠴᠠᠭ᠋ᠠᠢ ᠠ᠋ᠳᠤᠷ ᠠ᠋ᠨᠳᠡ ᠪᠣᠯᠵᠣᠨ ᠢᠷᠡᠵᠤ ᠤᠷᠤᠭ᠎ᠤᠨ ᠲᠡᠮᠳᠡᠭ ᠵᠶ᠋ᠠᠨ ᠠᠪᠳᠠᠭ ᠪᠠᠢ᠌ᠪᠠ᠃ ᠠ᠋ᠨᠡ ᠠ᠋ᠳᠤᠷ ᠮᠦᠨ ᠠᠳᠠᠯᠢ᠂ ᠦᠳᠡ ᠵᠢᠨ ᠠ᠋ᠮᠤᠨ᠎ᠡ 9 ᠴᠠᠭ ᠪᠣᠯᠤᠭ᠎ᠠ ᠦᠭᠡᠢ᠎ᠪᠠᠷ ᠠ᠋ᠷᠢᠶᠡᠨ ᠬᠣᠲᠠ ᠵᠢᠨ ᠠᠷᠠᠳ᠎ᠤᠨ ᠶᠠᠪᠤᠳᠠᠯ ᠬᠢᠭᠡᠳ ᠨᠡᠢ᠌ᠬᠡᠮ ᠲᠣᠭᠣᠷᠢᠭ᠎ᠤᠨ ᠪᠦᠲᠤᠭᠡᠨ ᠪᠠᠢ᠌ᠭᠤᠯᠤᠯᠲᠠ ᠵᠢᠨ ᠬᠠᠮᠢᠶᠠᠷᠤᠯᠲᠠ ᠵᠢᠨ ᠳᠣᠪᠴᠢᠶᠠᠨ᠎ᠤ ᠤᠷᠤᠭ ᠳᠠᠩᠰᠠᠯᠠᠬᠤ ᠭᠠᠵᠠᠷ ᠤᠷᠤᠭ ᠳᠠᠩᠰᠠᠯᠠᠬᠤ᠎ᠪᠠᠷ ᠢᠷᠡᠭᠰᠡᠨ ᠰᠢᠨ᠎ᠡ ᠬᠦᠮᠤᠰ ᠨᠢᠭᠡᠨᠲᠡ ᠤᠷᠲᠤ ᠭᠡᠭᠴᠢ ᠮᠦᠷᠯᠡᠨ ᠵᠣᠭᠰᠣᠭ᠋ᠠᠳ ᠬᠦᠯᠢᠶᠡᠵᠡᠭᠡᠨ᠎ᠡ᠃
ᠵᠢᠯ ᠪᠦᠷᠢ ᠵᠢᠨ 〈〈520〉〉᠎ᠨᠢ ᠤᠷᠤᠭ ᠳᠠᠩᠰᠠᠯᠠᠬᠤ ᠣᠷᠬᠢᠯ ᠪᠣᠯᠳᠠᠭ ᠤᠴᠢᠷ᠎ᠠᠴᠠ ᠠ᠋ᠳᠡᠭᠡᠷ ᠰᠢᠨ᠎ᠡ ᠬᠦᠮᠤᠰ᠎ᠤᠨ ᠤᠷᠤᠭ ᠳᠠᠩᠰᠠᠯᠠᠬᠤ ᠶᠠᠪᠤᠳᠠᠯ᠎ᠢ᠎ᠨᠢ ᠢᠯᠭᠤᠮ ᠤᠷᠤᠭᠰᠢᠲᠠᠢ ᠪᠣᠯᠭ᠋ᠠᠬᠤ ᠵᠢᠨ ᠲᠦᠯᠤᠭᠡ᠂ ᠠ᠋ᠷᠢᠶᠡᠨ ᠬᠤᠲᠠ ᠵᠢᠨ ᠠᠷᠠᠳ᠎ᠤᠨ ᠶᠠᠪᠤᠳᠠᠯ ᠬᠢᠭᠡᠳ ᠨᠡᠢ᠌ᠬᠡᠮ ᠲᠣᠭᠣᠷᠢᠭ᠎ᠤᠨ ᠪᠦᠲᠤᠭᠡᠨ ᠪᠠᠢ᠌ᠭᠤᠯᠤᠯᠲᠠ ᠵᠢᠨ ᠬᠠᠮᠢᠶᠠᠷᠤᠯᠲᠠ ᠵᠢᠨ ᠳᠣᠪᠴᠢᠶᠠᠨ᠎ᠤ ᠤᠷᠤᠭ ᠳᠠᠩᠰᠠᠯᠠᠬᠤ ᠭᠠᠵᠠᠷ᠎ᠤᠨ ᠠᠵᠢᠯᠲᠠᠨ ᠨᠠᠷ ᠴᠤ᠌ ᠳᠠᠩᠰᠠᠯᠠᠬᠤ ᠰᠦᠯᠵᠢᠶ᠎ᠡ ᠰᠢᠰᠲᠸᠮ᠂ ᠲᠣᠨᠣᠭ ᠲᠦᠬᠦᠭᠡᠷᠤᠮᠵᠢ ᠵᠡᠷᠭᠡ ᠪᠦᠬᠦ ᠲᠠᠯ᠎ᠠ ᠵᠢᠨ ᠪᠡᠯᠡᠳᠬᠡᠯ ᠠᠵᠢᠯ ᠵᠶ᠋ᠠᠨ ᠤᠷᠢᠳᠴᠢᠯᠠᠨ ᠰᠠᠢ᠌ᠨ ᠬᠢᠭᠡᠳ ᠠ᠋ᠨᠡ ᠠ᠋ᠳᠤᠷ ᠠᠵᠢᠯ᠎ᠳᠤ᠎ᠪᠠᠨ ᠠ᠋ᠷᠲᠡᠯᠡᠨ ᠭᠠᠷᠴᠤ᠂ 24 ᠬᠣᠣᠰ ᠰᠢᠨ᠎ᠡ ᠬᠦᠮᠤᠨ᠎ᠳᠤ ᠤᠷᠤᠭ ᠳᠠᠩᠰᠠᠯᠠᠬᠤ ᠭᠠᠷ ᠭᠦᠢ᠍ᠴᠡᠳᠬᠡᠯ᠎ᠢ᠎ᠨᠢ ᠬᠢᠭᠡᠳ ᠤᠷᠤᠭ᠎ᠤᠨ ᠲᠡᠮᠲᠡᠭ᠎ᠢ᠎ᠨᠢ ᠭᠠᠷᠳᠠᠭᠤᠯᠤᠭᠰᠠᠨ ᠪᠠᠢ᠌ᠨ᠎ᠠ᠃