2019 ᠣᠨ᠎ᠳᠤ ᠠᠷᠠᠳ᠎ᠤᠨ ᠶᠠᠪᠤᠳᠠᠯ᠎ᠤᠨ ᠲᠢᠩᠬᠢᠮ᠎ᠠᠴᠠ ᠪᠡᠭᠡᠵᠢᠩ ᠦᠪᠣᠷ ᠮᠣᠩᠭᠣᠯ᠎ᠤᠨ ᠨᠡᠢ᠌ᠬᠡᠮ᠎ᠤᠨ ᠠᠵᠢᠯ᠎ᠤᠨ ᠦᠢ᠍ᠯᠡᠴᠢᠯᠡᠭᠡᠨ᠎ᠤ 〈〈ᠭᠠᠷ ᠬᠣᠯᠪᠣᠬᠣ ᠲᠦᠯᠣᠪᠯᠡᠭᠡ〉〉 ᠵᠢ ᠭᠦᠨᠵᠡᠭᠡᠢ ᠠᠬᠢᠭᠤᠯᠬᠤ᠎ᠪᠠᠷ ᠪᠣᠯᠪᠠ ᠃ ᠪᠡᠭᠡᠵᠢᠩ ᠬᠣᠲᠠ᠎ᠠᠴᠠ ᠲᠣᠮᠢᠯᠠᠨ ᠢᠷᠡᠭᠦᠯᠤᠭ᠌ᠰᠡᠨ ᠦᠢ᠍ᠯᠡᠴᠢᠯᠡᠭᠡᠨ᠎ᠤ ᠪᠠᠢ᠌ᠭᠤᠯᠤᠮᠵᠢ ᠵᠢᠨ ᠳᠠᠭ᠋ᠠᠭᠤᠯᠤᠯ ᠳᠣᠣᠷ᠎ᠠ ᠮᠠᠨ᠎ᠤ ᠣᠷᠣᠨ᠎ᠤ ᠳᠤᠰᠠᠯᠠᠮᠵᠢ ᠬᠦᠷᠲᠡᠭᠰᠡᠨ ᠨᠡᠢ᠌ᠬᠡᠮ᠎ᠤᠨ ᠠᠵᠢᠯ᠎ᠤᠨ ᠪᠠᠢ᠌ᠭᠤᠯᠤᠮᠵᠢ ᠢᠯᠡᠳᠲᠡ ᠦᠷ᠎ᠡ ᠪᠦᠲᠤᠮᠵᠢ ᠣᠯᠵᠠᠢ᠃
ᠳᠤᠰᠠᠯᠠᠮᠵᠢ ᠬᠦᠷᠲᠡᠭᠰᠡᠨ ᠨᠡᠢ᠌ᠬᠡᠮ᠎ᠤᠨ ᠠᠵᠢᠯ᠎ᠤᠨ ᠪᠠᠢ᠌ᠭᠤᠯᠤᠮᠵᠢ (ᠰᠢᠯᠤᠭᠤᠨ ᠴᠠᠭ᠋ᠠᠨ ᠬᠤᠰᠢᠭᠤᠨ᠎ᠤ ᠵᠢᠵᠢᠭ ᠬᠣᠲᠠ ᠶᠡᠬᠡ ᠬᠠᠢ᠌ᠷ᠎ᠠ ᠠᠯᠪᠠᠨ ᠵᠢᠷᠤᠮ᠎ᠤᠨ ᠠᠵᠢᠯᠲᠠᠨ᠎ᠤ ᠬᠣᠯᠪᠣᠭ᠎ᠠ) ᠪᠡᠭᠡᠵᠢᠩ ᠦᠪᠣᠷ ᠮᠣᠩᠭᠣᠯ᠎ᠤᠨ ᠨᠡᠢ᠌ᠬᠡᠮ᠎ᠤᠨ ᠠᠵᠢᠯ᠎ᠤᠨ ᠦᠢ᠍ᠯᠡᠴᠢᠯᠡᠭᠡᠨ᠎ᠤ ᠪᠠᠢ᠌ᠭᠤᠯᠤᠮᠵᠢ ᠵᠢᠨ 〈〈ᠭᠠᠷ ᠬᠣᠯᠪᠣᠬᠤ ᠲᠦᠯᠣᠪᠯᠡᠭᠡ〉〉 ᠵᠢ ᠬᠡᠷᠡᠭᠵᠢᠭᠦᠯᠬᠦ᠎ᠪᠠᠷ ᠳᠠᠮᠵᠢᠭ᠋ᠠᠳ᠂ ᠪᠡᠭᠡᠵᠢᠩ᠎ᠳᠠᠬᠢ ᠰᠣᠯᠣᠩᠭ᠋ᠠᠨ ᠲᠤᠶᠠᠭ᠎ᠠ ᠨᠡᠢ᠌ᠬᠡᠮ᠎ᠤᠨ ᠠᠵᠢᠯᠲᠠᠨ᠎ᠤ ᠬᠡᠷᠡᠭ ᠡᠷᠬᠢᠯᠡᠬᠦ ᠭᠠᠵᠠᠷ᠎ᠤᠨ ᠳᠡᠮᠵᠢᠯᠭᠡ ᠳᠤᠰᠠᠯᠠᠮᠵᠢ᠎ᠪᠠᠷ ᠰᠢᠯᠤᠭᠤᠨ ᠴᠠᠭ᠋ᠠᠨ ᠬᠤᠰᠢᠭᠤᠨ᠎ᠤ ᠦᠨᠣᠴᠢᠨ ᠦᠷᠤᠭᠡᠰᠤᠨ ᠬᠡᠣᠬᠡᠳ᠎ᠲᠤ ᠪᠣᠳᠠᠲᠠᠢ ᠦᠢ᠍ᠯᠡᠴᠢᠯᠡᠭᠡ ᠬᠠᠩᠭ᠋ᠠᠭᠰᠠᠨ ᠪᠠ ᠲᠠ ᠱᠠᠨ ᠵᠡᠷᠭᠡ ᠨᠡᠢ᠌ᠬᠡᠮ ᠲᠣᠭᠣᠷᠢᠭ᠎ᠲᠤ ᠦᠰᠤᠨ ᠪᠣᠢ᠌ᠵᠢᠯᠲᠠ ᠵᠢᠨ ᠬᠦᠮᠤᠵᠢᠯ᠎ᠤᠨ ᠪᠣᠯᠪᠠᠰᠤᠷᠠᠯ᠂ ᠭᠠᠷᠠᠭ᠎ᠤᠨ ᠰᠡᠭᠦᠯᠴᠢ ᠵᠢᠨ ᠳᠤᠷ᠎ᠠ ᠰᠣᠨᠢᠷᠬᠠᠯ᠎ᠤᠨ ᠬᠢᠴᠢᠶᠡᠯ᠂ ᠬᠡᠪ ᠴᠢᠨᠠᠷ᠎ᠤᠨ ᠪᠣᠯᠪᠠᠰᠤᠷᠠᠯ ᠪᠣᠯᠤᠨ ᠠᠯᠪᠠᠨ ᠵᠢᠷᠤᠮ᠎ᠤᠨ ᠠᠵᠢᠯᠯᠠᠭ᠎ᠠ ᠵᠡᠷᠭᠡ ᠰᠡᠳᠬᠢᠯᠭᠡ ᠵᠢᠨ ᠬᠠᠢ᠌ᠷ᠎ᠠ ᠬᠠᠷᠠᠭ᠋ᠠᠯᠵᠠᠯ᠎ᠤᠨ ᠠᠵᠢᠯᠯᠠᠭ᠎ᠠ ᠵᠢ 17 ᠤᠳᠠᠭ᠎ᠠ ᠬᠢᠭᠡᠳ 449 ᠬᠡᠣᠬᠡᠳ (ᠤᠳᠠᠭ᠎ᠠ) ᠠᠰᠢᠭ ᠬᠦᠷᠲᠡᠭᠰᠡᠨ ᠪᠠᠢ᠌ᠨ᠎ᠠ᠃
ᠰᠢᠯᠤᠭᠤᠨ ᠴᠠᠭ᠋ᠠᠨ ᠬᠣᠰᠢᠭᠤᠨ᠎ᠤ ᠵᠢᠵᠢᠭ ᠬᠣᠲᠠ ᠶᠡᠬᠡ ᠬᠠᠢ᠌ᠷ᠎ᠠ ᠠᠯᠪᠠᠨ ᠵᠢᠷᠤᠮ᠎ᠤᠨ ᠠᠵᠢᠯᠲᠠᠨ᠎ᠤ ᠬᠣᠯᠪᠣᠭ᠎ᠠ ᠵᠢᠨ᠎ᠬᠢᠨ ᠦᠪᠣᠷ ᠮᠣᠩᠭᠤᠯ᠎ᠤᠨ ᠠᠯᠪᠠᠨ ᠵᠢᠷᠤᠮ᠎ᠤᠨ ᠠᠵᠢᠯ ᠦᠢ᠍ᠯᠡᠰ᠎ᠤᠨ ᠬᠦᠭᠵᠢᠯᠲᠡ ᠵᠢᠨ ᠰᠠᠭᠤᠷᠢ ᠮᠦᠩᠭᠦᠨ᠎ᠤ ᠨᠡᠢ᠌ᠬᠡᠮᠯᠢᠭ ᠪᠣᠯᠤᠨ ᠬᠠᠢ᠌ᠨᠠᠨ᠎ᠤ ᠴᠸᠩ ᠮᠸᠢ ᠪᠤᠶᠠᠨ᠎ᠤ ᠦᠢ᠍ᠯᠡᠰ᠎ᠤᠨ ᠰᠠᠭᠤᠷᠢ ᠮᠦᠩᠭᠦᠨ᠎ᠤ ᠨᠡᠢ᠌ᠬᠡᠮᠯᠢᠭ᠎ᠲᠠᠢ ᠬᠠᠮᠲᠤᠷᠠᠨ 〈〈ᠦᠨᠣᠴᠢᠨ ᠬᠡᠣᠬᠡᠳ᠎ᠢ ᠬᠠᠢ᠌ᠷᠠᠯᠠᠨ ᠬᠠᠯᠠᠮᠵᠢᠯᠠᠬᠤ〉〉 ᠳᠦᠰᠤᠯᠢ ᠦᠷᠨᠢᠭᠦᠯᠵᠤ᠂ ᠶᠠᠳᠠᠭᠤ ᠬᠦᠴᠢᠷᠲᠡᠯ᠎ᠲᠠᠢ ᠭᠡᠷ ᠪᠦᠯᠢ᠎ᠪᠠᠷ ᠬᠦᠷᠤᠨ 112 ᠦᠨᠣᠴᠢᠨ ᠬᠡᠣᠬᠡᠳ᠎ᠢ ᠰᠤᠩᠭᠤᠵᠤ᠂ 25.44 ᠲᠦᠮᠡᠨ ᠲᠦᠭᠦᠷᠢᠭ ᠵᠶ᠋ᠠᠷ ᠳᠡᠮᠵᠢᠨ ᠳᠤᠰᠠᠯᠠᠭᠰᠠᠨ ᠪᠠᠢ᠌ᠨ᠎ᠠ᠃

