ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠡᠶ᠋ᠢᠭᠡᠮ ᠰᠡᠳᠬᠦᠯ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠦᠢᠯᠡᠴᠢᠯᠡᠭᠡ   -   ᠠᠷᠠᠳ᠎ᠤᠨ ᠠᠮᠢᠳᠤᠷᠠᠯ
ᠮᠠᠨ᠎ᠤ ᠣᠷᠣᠨ ᠪᠡᠯᠴᠢᠬᠡᠷ᠎ᠤᠨ ᠲᠠᠭ᠋ᠠᠭ᠋ᠠᠴᠨ᠎ᠠᠴᠠ ᠬᠡᠳᠤᠷᠡᠳᠡᠯ᠎ᠡ ᠮᠠᠯᠵᠢᠬᠤ ᠠᠰᠠᠭᠤᠳᠠᠯ᠎ᠢ ᠰᠢᠢ᠍ᠳᠪᠤᠷᠢᠯᠡᠬᠦ ᠲᠤᠷᠰᠢᠯᠲᠠ ᠵᠢᠨ ᠴᠡᠭ᠎ᠤᠨ ᠠᠵᠢᠯ᠎ᠢ ᠡᠬᠢᠯᠡᠬᠦᠯᠪᠡ
ᠨᠡᠶᠢᠲᠡᠯᠡᠭᠰᠡᠨ ᠴᠠᠭ᠄ 2024-01-17

    ᠪᠡᠯᠴᠢᠬᠡᠷ᠎ᠤᠨ ᠲᠠᠭ᠋ᠠᠭ᠋ᠠᠴᠨ᠎ᠠᠴᠠ ᠬᠡᠳᠤᠷᠡᠳᠡᠯ᠎ᠡ ᠮᠠᠯᠵᠢᠬᠤ ᠲᠤᠬᠠᠢ ᠰᠢ ᠵᠢᠨ ᠫᠢᠩ ᠶᠡᠷᠦᠩᠬᠡᠢ ᠱᠦᠵᠢ ᠵᠢᠨ ᠴᠢᠬᠤᠯᠠ ᠵᠢᠭ᠋ᠠᠪᠤᠷᠢ ᠵᠢᠨ ᠵᠣᠷᠢᠭ ᠰᠠᠨᠠᠭ᠎ᠠ ᠵᠢ ᠭᠦᠨᠵᠡᠭᠡᠢ ᠨᠠᠢ᠌ᠳᠠᠪᠤᠷᠢᠵᠢᠭᠤᠯᠵᠤ᠂ ᠪᠡᠯᠴᠢᠬᠡᠷ᠎ᠤᠨ ᠲᠠᠭ᠋ᠠᠭ᠋ᠠᠴᠨ᠎ᠠᠴᠠ ᠬᠡᠳᠤᠷᠡᠳᠡᠯ᠎ᠡ ᠮᠠᠯᠵᠢᠬᠤ ᠠᠰᠠᠭᠤᠳᠠᠯ᠎ᠢ ᠦᠨᠡᠨ ᠬᠦ᠌ ᠰᠢᠢ᠍ᠳᠪᠦᠷᠢᠯᠡᠬᠦ ᠵᠢᠨ ᠲᠥᠯᠥᠭᠡ᠂ ᠦᠪᠤᠷ ᠮᠤᠡᠭᠭᠤᠯ᠎ᠤᠨ ᠥᠪᠡᠷᠲᠡᠭᠡᠨ ᠵᠠᠰᠠᠬᠤ ᠣᠷᠣᠨ᠎ᠤ ᠵᠠᠰᠠᠭ᠎ᠤᠨ ᠣᠷᠳᠣᠨ᠎ᠤ ᠠᠯᠪᠠᠨ ᠲᠢᠩᠬᠢᠮ᠎ᠤᠨ᠎ᠬᠢᠨ 《ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ  ᠪᠡᠯᠴᠢᠬᠡᠷ᠎ᠤᠨ ᠲᠠᠭ᠋ᠠᠭ᠋ᠠᠴᠨ᠎ᠠᠴᠠ ᠬᠡᠳᠤᠷᠡᠳᠡᠯ᠎ᠡ ᠮᠠᠯᠵᠢᠬᠤ ᠠᠰᠠᠭᠤᠳᠠᠯ᠎ᠢ ᠰᠢᠢ᠍ᠳᠪᠦᠷᠢᠯᠡᠬᠦ ᠲᠤᠷᠰᠢᠯᠲᠠ ᠵᠢᠨ ᠲᠥᠰᠥᠯ》 (《ᠲᠤᠷᠰᠢᠯᠲᠠ ᠵᠢᠨ ᠲᠥᠰᠥᠯ》 ᠭᠡᠵᠦ ᠲᠤᠪᠴᠢᠯᠠᠶ᠎ᠠ)᠎ᠢ ᠳᠠᠷᠤᠮᠠᠯᠯᠠᠨ ᠲᠠᠷᠬᠠᠭ᠋ᠠᠬᠰᠠᠨ᠎ᠤ ᠬᠠᠮᠳᠤ ᠪᠡᠯᠴᠢᠬᠡᠷ᠎ᠤᠨ ᠲᠠᠭ᠋ᠠᠭ᠋ᠠᠴᠨ᠎ᠠᠴᠠ ᠬᠡᠳᠤᠷᠡᠳᠡᠯ᠎ᠡ ᠮᠠᠯᠵᠢᠬᠤ ᠠᠰᠠᠭᠤᠳᠠᠯ᠎ᠢ ᠰᠢᠢ᠍ᠳᠪᠦᠷᠢᠯᠡᠬᠦ ᠲᠤᠷᠰᠢᠯᠲᠠ ᠵᠢᠨ ᠠᠵᠢᠯ᠎ᠢ ᠡᠬᠢᠯᠡᠭᠦᠯᠪᠡ᠃
   《ᠲᠤᠷᠰᠢᠯᠲᠠ ᠵᠢᠨ ᠲᠥᠰᠥᠯ》᠎ᠨᠢ ᠨᠡᠶ᠋ᠢᠲᠡ 5 ᠲᠠᠯ᠎ᠠ ᠵᠢᠨ 17 ᠪᠣᠳᠠᠲᠠᠢ ᠡᠭᠦᠷᠭᠡ᠎ᠳᠤ ᠬᠣᠯᠪᠣᠭᠳᠠᠨ᠎ᠠ᠃ 《  ᠤᠷᠢᠳ ᠵᠶ᠋ᠡᠷ ᠲᠤᠷᠰᠢᠨ᠂ ᠳᠠᠷᠠᠭ᠎ᠠ᠎ᠨᠢ ᠬᠡᠷᠡᠭᠵᠢᠭᠦᠯᠬᠦ》 ᠰᠡᠳᠬᠢᠮᠵᠢ᠎ᠪᠠᠷ 1 ᠵᠢᠯ᠎ᠤᠨ ᠬᠤᠭᠤᠴᠠᠭ᠎ᠠ ᠵᠢ ᠬᠡᠷᠡᠭᠯᠡᠵᠦ ᠪᠠᠢ᠌ᠭ᠋ᠠᠳ ᠠᠳᠠᠯᠢ ᠪᠤᠰᠤ ᠪᠡᠯᠴᠢᠭᠡᠷ᠎ᠤᠨ ᠲᠥᠷᠥᠯ ᠬᠡᠯᠪᠡᠷᠢ᠂ ᠠᠳᠠᠯᠢ ᠪᠤᠰᠤ ᠠᠵᠤ ᠠᠬᠤᠢ ᠵᠢᠨ ᠲᠥᠷᠥᠯ ᠬᠡᠯᠪᠡᠷᠢ ᠵᠢᠨ ᠣᠷᠣᠨ᠎ᠳᠤ ᠲᠤᠷᠰᠢᠯᠲᠠ ᠵᠢᠨ ᠴᠡᠭ᠎ᠤᠨ ᠠᠵᠢᠯ᠎ᠢ ᠥᠷᠨᠢᠭᠦᠯᠬᠦ᠎ᠪᠠᠷ ᠲᠥᠯᠥᠪᠯᠡᠵᠦ᠂ ᠲᠤᠬᠠᠢ ᠵᠢᠨ ᠭᠠᠵᠠᠷ ᠣᠷᠣᠨ᠎ᠤ ᠪᠠᠢ᠌ᠳᠠᠯ᠎ᠳᠤ᠎ᠨᠢ ᠲᠣᠬᠢᠷᠠᠭᠤᠯᠤᠨ᠂  ᠪᠡᠯᠴᠢᠬᠡᠷ᠎ᠤᠨ ᠲᠠᠭ᠋ᠠᠭ᠋ᠠᠴᠨ᠎ᠠᠴᠠ ᠬᠡᠳᠤᠷᠡᠳᠡᠯ᠎ᠡ ᠮᠠᠯᠵᠢᠬᠤ ᠠᠰᠠᠭᠤᠳᠠᠯ᠎ᠢ ᠨᠢᠭᠡ ᠭᠠᠵᠠᠷ᠎ᠳᠤ ᠨᠢᠭᠡ ᠠᠷᠭ᠎ᠠ ᠪᠣᠳᠣᠯᠭ᠎ᠠ᠎ᠪᠠᠷ ᠰᠢᠢ᠍ᠳᠪᠦᠷᠢᠯᠡᠵᠦ᠂ ᠲᠤᠷᠰᠢᠯᠭ᠎ᠠ᠎ᠪᠠᠨ ᠳ᠋ᠦᠩᠨᠡᠭᠰᠡᠨ᠎ᠤ ᠳᠠᠷᠠᠭ᠎ᠠ ᠪᠥᠬᠥ ᠲᠠᠯ᠎ᠠ᠎ᠪᠠᠷ ᠳᠡᠯᠭᠡᠷᠡᠭᠦᠯᠦᠨ᠎ᠡ᠃ ᠨᠢᠭᠡ᠎ᠳᠤ᠂ ᠠᠰᠠᠭᠤᠳᠠᠯ ᠵᠶ᠋ᠡᠷ ᠤᠳᠤᠷᠢᠳᠤᠮᠵᠢ ᠪᠣᠯᠭ᠋ᠠᠬᠤ ᠵᠢ ᠪᠠᠷᠢᠮᠲᠠᠯᠠᠵᠤ᠂ ᠪᠠᠢ᠌ᠭ᠋ᠠᠯᠢ ᠵᠢᠨ ᠨᠤᠲᠤᠭ ᠪᠡᠯᠴᠢᠭᠡᠷ᠎ᠤᠨ ᠮᠠᠯ ᠪᠡᠯᠴᠢᠭᠡᠷ᠎ᠢ ᠲᠡᠩᠴᠡᠭᠦᠷᠢ᠎ᠲᠠᠢ ᠪᠠᠢ᠌ᠯᠭ᠋ᠠᠬᠤ ᠣᠷᠣᠨ᠎ᠤ ᠮᠠᠯ ᠪᠡᠯᠴᠢᠭᠡᠷ᠎ᠤᠨ ᠠᠰᠠᠭᠤᠳᠠᠯ᠎ᠳᠤ ᠠᠩᠬᠠᠷᠤᠯ ᠵᠶ᠋ᠠᠨ ᠲᠥᠪᠯᠡᠷᠡᠭᠦᠯᠵᠦ᠂ ᠠᠮᠢ ᠠᠬᠤᠢ ᠵᠢᠨ ᠬᠠᠮᠠᠭ᠋ᠠᠯᠠᠯᠲᠠ᠂ ᠠᠵᠤ ᠦᠢ᠍ᠯᠡᠰ᠎ᠤᠨ ᠬᠡᠯᠪᠡᠷᠢ ᠵᠢ ᠬᠤᠪᠢᠷᠠᠭᠤᠯᠬᠤ᠂ ᠠᠷᠠᠳ᠎ᠤᠨ ᠠᠮᠢᠳᠤᠷᠠᠯ᠎ᠤᠨ ᠪᠠᠲᠤᠯᠠᠭ᠎ᠠ ᠵᠡᠷᠭᠡ ᠭᠤᠷᠪᠠᠨ ᠲᠠᠯ᠎ᠠ᠎ᠠᠴᠠ ᠨᠤᠲᠤᠭ ᠪᠡᠯᠴᠢᠭᠡᠷ᠎ᠤᠨ ᠮᠠᠯ ᠪᠡᠯᠴᠢᠭᠡᠷ᠎ᠤᠨ ᠠᠰᠠᠭᠤᠳᠠᠯ᠎ᠢ ᠦᠨᠡᠨ ᠬᠦ᠌ ᠰᠢᠢ᠍ᠳᠪᠤᠷᠢᠯᠡᠨ᠎ᠡ᠃ ᠬᠣᠶᠠᠷ᠎ᠲᠤ᠂ ᠮᠠᠯᠵᠢᠬᠤ ᠣᠷᠣᠨ᠎ᠤ ᠦᠢ᠍ᠯᠡᠳᠪᠦᠷᠢᠯᠡᠯ ᠡᠵᠡᠩᠨᠡᠯᠲᠡ ᠵᠢᠨ ᠠᠷᠭ᠎ᠠ ᠵᠢ ᠬᠤᠪᠢᠷᠠᠭᠤᠯᠬᠤ ᠶᠠᠪᠤᠳᠠᠯ᠎ᠢ  ᠪᠡᠯᠴᠢᠬᠡᠷ᠎ᠤᠨ ᠲᠠᠭ᠋ᠠᠭ᠋ᠠᠴᠨ᠎ᠠᠴᠠ ᠬᠡᠳᠤᠷᠡᠳᠡᠯ᠎ᠡ ᠮᠠᠯᠵᠢᠬᠤ ᠠᠰᠠᠭᠤᠳᠠᠯ᠎ᠢ ᠰᠢᠢ᠍ᠳᠪᠦᠷᠢᠯᠡᠬᠦ ᠭᠣᠣᠯ ᠠᠷᠭ᠎ᠠ ᠵᠠᠮ ᠪᠣᠯᠭ᠋ᠠᠬᠤ ᠬᠡᠷᠡᠭᠲᠡᠢ᠃ ᠬᠠᠰᠢᠶ᠎ᠠ ᠰᠠᠷᠠᠪᠴᠢ ᠰᠢᠨ᠎ᠡ᠎ᠪᠠᠷ ᠪᠠᠶ᠋ᠢᠭᠤᠯᠬᠤ᠎ᠪᠠᠷ ᠳᠠᠮᠵᠢᠭᠤᠯᠤᠨ ᠲᠠᠯ᠎ᠠ ᠨᠤᠲᠤᠭ᠎ᠤᠨ ᠮᠠᠯᠵᠢᠬᠤ ᠣᠷᠣᠨ᠎ᠤ 《ᠭᠤᠷᠪᠠ ᠵᠢ ᠬᠤᠪᠢᠷᠠᠭᠤᠯᠬᠤ》 ᠥᠭᠡᠷᠡᠴᠢᠯᠡᠯᠲᠡ ᠵᠢ ᠠᠬᠢᠭᠤᠯᠵᠤ᠂ ᠲᠤᠬᠠᠢ ᠵᠢᠨ ᠭᠠᠵᠠᠷ ᠣᠷᠣᠨ᠎ᠤ ᠪᠠᠢ᠌ᠳᠠᠯ᠎ᠳᠤ᠎ᠨᠢ ᠲᠣᠬᠢᠷᠠᠭᠤᠯᠤᠨ 10 ᠵᠦᠢ᠍ᠯ᠎ᠤᠨ ᠪᠡᠯᠴᠢᠭᠡᠷ᠎ᠤᠨ ᠮᠠᠯ ᠠᠵᠤ ᠠᠬᠤᠢ ᠵᠢᠨ ᠬᠥᠭᠵᠢᠯᠲᠡ ᠵᠢᠨ ᠵᠠᠭᠪᠤᠷ᠎ᠢ ᠳᠡᠯᠭᠡᠷᠡᠭᠦᠯᠵᠦ᠂ ᠲᠦᠬᠦᠬᠡᠷᠤᠮᠵᠢᠳᠤ ᠮᠠᠯ ᠠᠵᠤ ᠠᠬᠤᠢ ᠵᠢᠨ ᠲᠡᠵᠢᠭᠡᠨ ᠦᠷᠡᠵᠢᠭᠦᠯᠬᠦ ᠬᠡᠪᠴᠢᠶ᠎ᠡ ᠵᠢ ᠥᠷᠭᠡᠳᠬᠡᠨ᠂ ᠨᠤᠲᠤᠭ ᠪᠡᠯᠴᠢᠭᠡᠷ ᠳᠡᠭᠡᠷᠡᠬᠢ ᠮᠠᠯ᠎ᠢ ᠦᠨᠡᠨ ᠬᠦ᠌ ᠪᠠᠭ᠋ᠠᠰᠬᠠᠨ᠎ᠠ᠃ ᠭᠤᠷᠪᠠ᠎ᠳᠤ᠂ 《ᠡᠪᠡᠰᠦᠨ᠎ᠤ ᠢᠷᠡᠯᠲᠡ》 ᠵᠢᠨ ᠠᠰᠠᠭᠤᠳᠠᠯ᠎ᠢ ᠰᠢᠢ᠍ᠳᠪᠦᠷᠢᠯᠡᠬᠦ ᠶᠠᠪᠤᠳᠠᠯ᠎ᠢ ᠪᠡᠯᠴᠢᠬᠡᠷ᠎ᠤᠨ ᠲᠠᠭ᠋ᠠᠭ᠋ᠠᠴᠨ᠎ᠠᠴᠠ ᠬᠡᠳᠤᠷᠡᠳᠡᠯ᠎ᠡ ᠮᠠᠯᠵᠢᠬᠤ ᠠᠰᠠᠭᠤᠳᠠᠯ᠎ᠢ ᠰᠢᠢ᠍ᠳᠪᠦᠷᠢᠯᠡᠬᠦ ᠭᠣᠣᠯ ᠠᠷᠭ᠎ᠠ ᠵᠠᠮ ᠪᠣᠯᠭ᠋ᠠᠨ᠎ᠠ᠃ ᠲᠠᠷᠢᠮᠠᠯ ᠪᠡᠯᠴᠢᠭᠡᠷ᠎ᠢ ᠬᠥᠭᠵᠢᠭᠦᠯᠬᠦ᠂ ᠡᠰᠢ ᠰᠦᠷᠡᠯ᠎ᠢ ᠪᠣᠷᠳᠣᠭ᠎ᠠ ᠪᠣᠯᠭ᠋ᠠᠬᠤ ᠬᠡᠮᠵᠢᠶ᠎ᠡ ᠵᠢ ᠳᠡᠭᠡᠭᠰᠢᠯᠡᠭᠦᠯᠬᠦ᠂ ᠡᠪᠡᠰᠦ ᠪᠣᠷᠳᠣᠭ᠎ᠠ ᠵᠢ ᠬᠠᠳᠠᠭ᠋ᠠᠯᠠᠵᠤ ᠵᠥᠭᠡᠭᠡᠪᠦᠷᠢᠯᠡᠬᠦ ᠰᠢᠰᠲᠸᠮ᠎ᠢ ᠲᠡᠭᠦᠯᠳᠡᠷᠵᠢᠭᠦᠯᠬᠦ ᠵᠡᠷᠭᠡ ᠠᠷᠭ᠎ᠠ ᠬᠡᠮᠵᠢᠶ᠎ᠡ᠎ᠪᠠᠷ ᠮᠠᠨ᠎ᠤ ᠣᠷᠣᠨ᠎ᠤ ᠡᠪᠡᠰᠦ ᠪᠣᠷᠳᠣᠭ᠎ᠠ ᠵᠢᠨ ᠬᠠᠩᠭ᠋ᠠᠯᠭ᠎ᠠ ᠵᠢᠨ ᠲᠦᠪᠰᠢᠨ᠎ᠢ ᠠᠯᠬᠤᠮ ᠠᠯᠬᠤᠮ ᠵᠶ᠋ᠠᠷ ᠳᠡᠭᠡᠭᠰᠢᠯᠡᠭᠦᠯᠵᠦ᠂ ᠪᠡᠯᠴᠢᠭᠡᠷ᠎ᠤᠨ ᠮᠠᠯ ᠠᠵᠤ ᠠᠬᠤᠢ ᠵᠢᠨ ᠪᠠᠢ᠌ᠭ᠋ᠠᠯᠢ ᠵᠢᠨ ᠨᠤᠲᠤᠭ ᠪᠡᠯᠴᠢᠭᠡᠷ᠎ᠲᠤ ᠬᠡᠲᠦ ᠲᠦᠰᠢᠭᠯᠡᠬᠦ ᠠᠰᠠᠭᠤᠳᠠᠯ᠎ᠢ ᠰᠢᠢ᠍ᠳᠪᠦᠷᠢᠯᠡᠨ᠎ᠡ᠃ ᠳᠥᠷᠪᠡ᠎ᠳᠤ᠂ ᠠᠵᠤ ᠦᠢ᠍ᠯᠡᠰ᠎ᠤᠨ ᠬᠥᠭᠵᠢᠯᠲᠡ ᠵᠢ ᠠᠬᠢᠭᠤᠯᠬᠤ ᠵᠢ ᠪᠡᠯᠴᠢᠬᠡᠷ᠎ᠤᠨ ᠲᠠᠭ᠋ᠠᠭ᠋ᠠᠴᠨ᠎ᠠᠴᠠ ᠬᠡᠳᠤᠷᠡᠳᠡᠯ᠎ᠡ ᠮᠠᠯᠵᠢᠬᠤ ᠠᠰᠠᠭᠤᠳᠠᠯ᠎ᠢ ᠰᠢᠢ᠍ᠳᠪᠦᠷᠢᠯᠡᠬᠦ ᠴᠢᠬᠤᠯᠠ ᠪᠠᠷᠢᠴᠨ ᠪᠣᠯᠭ᠋ᠠᠨ᠎ᠠ᠃ ᠰᠢᠯᠢᠳᠡᠭ ᠮᠠᠯ᠎ᠢ ᠰᠣᠩᠭᠣᠨ ᠪᠣᠢ᠌ᠵᠢᠭᠤᠯᠵᠤ ᠳᠡᠯᠭᠡᠷᠡᠭᠦᠯᠬᠦ᠂ ᠰᠢᠨᠵᠢᠯᠡᠬᠦ ᠤᠬᠠᠭ᠋ᠠᠨᠴᠢ᠎ᠪᠠᠷ ᠮᠠᠯ ᠬᠠᠷᠢᠭᠤᠯᠬᠤ ᠮᠡᠷᠭᠡᠵᠢᠯ᠎ᠤᠨ ᠪᠣᠯᠪᠠᠰᠤᠷᠠᠯ᠂ ᠮᠠᠯ᠎ᠤᠨ ᠠᠰᠢᠭ ᠰᠢᠮ᠎ᠡ ᠵᠢᠨ ᠨᠠᠷᠠᠲᠤ ᠲᠥᠷᠥᠯ ᠲᠡᠮᠳᠡᠭᠲᠦ ᠵᠢᠨ ᠪᠠᠢ᠌ᠭᠤᠯᠤᠯᠲᠠ ᠵᠡᠷᠭᠡ ᠣᠯᠠᠨ ᠵᠦᠢ᠍ᠯ᠎ᠤᠨ ᠠᠵᠤ ᠦᠢ᠍ᠯᠡᠰ᠎ᠤᠨ ᠬᠥᠭᠵᠢᠯᠲᠡ ᠵᠢᠨ ᠲᠥᠷᠥ ᠵᠢᠨ ᠪᠣᠳᠣᠯᠭ᠎ᠠ᠎ᠪᠠᠷ ᠳᠠᠮᠵᠢᠭᠤᠯᠤᠨ᠂  ᠮᠢᠬᠠᠨ᠎ᠤ ᠭᠠᠷᠤᠯᠳᠠ ᠵᠢ ᠲᠠᠰᠤᠷᠠᠯᠲᠠ ᠦᠭᠡᠢ ᠨᠡᠮᠡᠭᠳᠡᠬᠦᠯᠵᠤ᠂ ᠤᠯᠠᠨ ᠬᠣᠨᠢ ᠲᠡᠵᠢᠭᠡᠵᠦ ᠪᠠᠢ᠌ᠭᠰᠠᠨ᠎ᠠᠴᠠ᠎ᠪᠠᠨ ᠢᠯᠡᠭᠦᠦ ᠵᠣᠭᠣᠰ ᠣᠯᠬᠤ ᠲᠡᠢ᠌ᠰᠢ ᠬᠤᠪᠢᠷᠠᠭᠤᠯᠤᠨ᠎ᠠ᠃ ᠲᠠᠪᠤ᠎ᠳᠤ᠂ ᠨᠤᠲᠤᠭ ᠪᠡᠯᠴᠢᠭᠡᠷ᠎ᠤᠨ ᠬᠢᠨᠠᠯᠲᠠ ᠬᠠᠮᠢᠶᠠᠷᠤᠯᠲᠠ ᠵᠢᠨ ᠲᠦᠪᠰᠢᠨ᠎ᠢ ᠳᠡᠭᠡᠭᠰᠢᠯᠡᠭᠦᠯᠬᠦ ᠵᠢ ᠪᠡᠯᠴᠢᠬᠡᠷ᠎ᠤᠨ ᠲᠠᠭ᠋ᠠᠭ᠋ᠠᠴᠨ᠎ᠠᠴᠠ ᠬᠡᠳᠤᠷᠡᠳᠡᠯ᠎ᠡ ᠮᠠᠯᠵᠢᠬᠤ ᠠᠰᠠᠭᠤᠳᠠᠯ᠎ᠢ ᠰᠢᠢ᠍ᠳᠪᠦᠷᠢᠯᠡᠬᠦ ᠴᠢᠬᠤᠯᠠ ᠠᠷᠭ᠎ᠠ ᠪᠣᠯᠭ᠋ᠠᠨ᠎ᠠ᠃  ᠪᠡᠯᠴᠢᠬᠡᠷ᠎ᠤᠨ ᠲᠠᠭ᠋ᠠᠭ᠋ᠠᠴᠨ᠎ᠠᠴᠠ ᠬᠡᠳᠤᠷᠡᠳᠡᠯ᠎ᠡ ᠮᠠᠯᠵᠢᠬᠤ ᠵᠢ ᠦᠨᠡᠯᠡᠬᠦ ᠭᠦᠢ᠍ᠴᠡᠳᠬᠡᠯ ᠲᠣᠭ᠎ᠠ ᠵᠢᠨ ᠰᠢᠰᠲᠸᠮ᠎ᠢ ᠪᠠᠢ᠌ᠭᠤᠯᠤᠨ ᠲᠡᠭᠦᠯᠳᠡᠷᠵᠢᠭᠦᠯᠬᠦ᠎ᠪᠠᠷ ᠳᠠᠮᠵᠢᠭᠤᠯᠤᠨ᠂ ᠡᠬᠢ ᠪᠠᠶᠠᠯᠢᠭ᠎ᠢ ᠠᠰᠢᠭᠯᠠᠬᠤ ᠬᠢᠵᠠᠭ᠋ᠠᠷ ᠱᠤᠭᠤᠮ᠎ᠢ ᠲᠣᠳᠣᠷᠬᠠᠢ᠌ᠯᠠᠵᠤ᠂ ᠡᠯ᠎ᠡ ᠱᠠᠲᠤᠨ᠎ᠤ ᠨᠠᠮ᠎ᠤᠨ ᠬᠣᠷᠢᠶ᠎ᠠ ᠵᠠᠰᠠᠭ᠎ᠤᠨ ᠣᠷᠳᠣᠨ᠎ᠤ ᠭᠣᠣᠯ ᠴᠣᠭᠴᠠ ᠵᠢᠨ ᠬᠠᠷᠢᠭᠤᠴᠠᠯᠭ᠎ᠠ ᠵᠢ ᠪᠣᠳᠠᠲᠠᠢ᠌ᠵᠢᠭᠤᠯᠤᠨ᠂ ᠪᠡᠯᠴᠢᠬᠡᠷ᠎ᠤᠨ ᠲᠠᠭ᠋ᠠᠭ᠋ᠠᠴᠨ᠎ᠠᠴᠠ ᠬᠡᠳᠤᠷᠡᠳᠡᠯ᠎ᠡ ᠮᠠᠯᠵᠢᠬᠤ᠎ᠳᠤ ᠬᠢᠨᠠᠯᠲᠠ ᠲᠠᠯᠪᠢᠵᠤ ᠬᠠᠮᠢᠶᠠᠷᠬᠤ ᠡᠷᠴᠢᠮ᠎ᠢ ᠤᠯᠠᠮ ᠴᠢᠩᠭ᠋ᠠᠳᠬᠠᠬᠤ ᠬᠡᠷᠡᠭᠲᠡᠢ᠃


 
 

 

ᠢᠷᠡᠯᠲᠡ᠄ ᠦᠪᠤᠷ ᠮᠤᠡᠭᠭᠤᠯ᠎ᠤᠨ ᠦᠪᠡᠷᠳᠡᠬᠡᠨ ᠵᠠᠰᠠᠬᠤ ᠤᠷᠤᠨ᠎ᠤ ᠠᠷᠠᠳ᠎ᠤᠨ ᠶᠠᠪᠤᠳᠠᠯ᠎ᠤᠨ ᠲᠢᠡᠭᠭᠢᠮ᠎ᠤᠨ ᠮᠤᠡᠭᠭᠤᠯ ᠰᠦᠯᠵᠢᠶ᠎ᠡ
          
ᠬᠠᠮᠢᠶ᠎ᠡ ᠪᠦᠬᠦᠢ ᠰᠣᠨᠢᠨ
ᠮᠠᠨ᠎ᠤ ᠤᠷᠤᠨ ᠦᠨᠦᠴᠢᠨ ᠵᠡᠮᠳᠡᠭ ᠬᠡᠤᠬᠡᠳ᠎ᠢ ᠡᠷᠭᠦᠨ ᠲᠡᠵᠢᠭᠡᠬᠦ ᠭᠡᠷ ᠪᠦᠯᠢ ᠵᠢᠨ᠎ᠬᠢᠨ᠎ᠢ ᠳᠡᠮᠵᠢᠬᠦ ᠲᠦᠷᠦ ᠵᠢᠨ ᠪᠤᠳᠤᠯᠭ᠎ᠠ ᠲᠤᠭᠲᠠᠭ᠋ᠠᠪᠠ
ᠮᠠᠨ᠎ᠤ ᠤᠷᠤᠨ᠎ᠤ᠎ᠬᠢᠨ ᠮᠠᠯᠴᠢᠨ ᠲᠠᠷᠢᠶᠠᠴᠢᠨ᠎ᠤ ᠬᠠᠵᠠᠭᠤ ᠬᠠᠪᠢ᠎ᠳᠤ᠎ᠪᠠᠨ ᠠᠵᠢᠯ ᠤᠯᠬᠤ ᠲᠡᠢ᠌ᠰᠢ ᠬᠦᠳᠤᠯᠵᠤ 《ᠵᠠᠭᠤᠨ ᠰᠤᠮᠤ ᠰᠢᠶᠠᠡᠭ ᠪᠠᠯᠭ᠋ᠠᠰᠤ ᠮᠢᠡᠭᠭ᠋ᠠᠨ ᠭᠠᠴᠠᠭ᠎ᠠ ᠲᠤᠰᠬᠤᠨ ᠲᠦᠮᠡᠨ ᠬᠦᠷᠢᠶ᠎ᠡ ᠬᠠᠰᠢᠶ᠎ᠠ》 ᠵᠢᠨ ᠠᠵᠢᠯᠯᠠᠭ᠎ᠠ᠎ᠪᠠᠷ ᠬᠦᠷᠢᠶ᠎ᠡ ᠬᠠᠰᠢᠶ᠎ᠠ ᠵᠢᠨ ᠠᠵᠤ ᠠᠬᠤᠢ ᠵᠢᠨ ᠪᠤᠵᠠᠭ᠋ᠠᠢ᠌ᠷᠠᠭᠤᠯᠵᠤ ᠪᠠᠢ᠌ᠨ᠎ᠠ
ᠮᠠᠨ᠎ᠤ ᠣᠷᠣᠨ ᠡᠮᠴᠢᠯᠡᠭᠡᠨ᠎ᠤ ᠦᠢ᠍ᠯᠡᠴᠢᠯᠡᠭᠡ ᠵᠢᠨ ᠦᠨ᠎ᠡ ᠬᠠᠩᠰᠢ ᠵᠢᠨ ᠥᠭᠡᠷᠡᠴᠢᠯᠡᠯᠲᠡ ᠵᠢ ᠭᠦᠨᠵᠡᠭᠡᠢ᠌ᠷᠡᠭᠦᠯᠬᠦ ᠲᠤᠷᠰᠢᠯᠲᠠ ᠵᠢᠨ ᠮᠤᠵᠢ ᠣᠷᠣᠨ ᠵᠶ᠋ᠡᠷ ᠰᠤᠡᠭᠭᠤᠬᠳᠠᠪᠠ
ᠮᠠᠨ᠎ᠤ ᠤᠷᠤᠨ ᠦᠨᠤ ᠵᠢᠯ ᠳ᠋ᠦᠩᠰᠢᠭᠤᠷ ᠲᠥᠭᠥᠷᠢᠭ᠎ᠠᠴᠠ ᠳᠡᠭᠡᠭᠰᠢᠬᠢ ᠦᠢ᠍ᠯᠡᠳᠬᠦ ᠦᠢ᠍ᠯᠡᠰ᠎ᠤᠨ 960 ᠲᠥᠷᠥᠯ ᠵᠦᠢ᠍ᠯ᠎ᠢ ᠬᠡᠷᠡᠭᠵᠢᠭᠦᠯᠬᠦ᠎ᠪᠠᠷ ᠪᠣᠶ
ᠮᠠᠨ᠎ᠤ ᠣᠷᠣᠨ ᠶᠢᠰᠦᠳᠦᠭᠡᠷ ᠪᠦᠯᠦᠭ ᠤᠯᠤᠰ᠎ᠤᠨ ᠡᠮ ᠲᠠᠡᠭ᠎ᠢ ᠪᠦᠬᠡᠮ ᠵᠶ᠋ᠡᠷ ᠬᠤᠳᠠᠯᠳᠤᠨ ᠠᠪᠬᠤ ᠦᠷ᠎ᠡ ᠳ᠋ᠦᠩ᠎ᠢ ᠬᠡᠷᠡᠭᠵᠢᠬᠦᠯᠤᠬᠡᠳ ᠦᠨ᠎ᠡ ᠵᠢ᠎ᠨᠢ ᠳᠤᠮᠳᠠᠴᠢ᠎ᠪᠠᠷ 58%᠎ᠪᠠᠷ ᠪᠠᠭᠤᠷᠠᠭᠤᠯᠵᠤ᠂ ᠠᠷᠠᠳ᠎ᠤᠨ ᠳᠠᠷᠤᠭ᠋ᠠᠰᠤ ᠵᠢ ᠬᠥᠩᠭᠡᠷᠡᠭᠦᠯᠪᠡ
 
            