ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠡᠶ᠋ᠢᠭᠡᠮ ᠰᠡᠳᠬᠦᠯ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠨᠡᠶ᠋ᠢᠭᠡᠮ ᠰᠡᠳᠬᠦᠯ   -   ᠳᠤᠮᠳᠠᠲᠤ᠎ᠶᠢᠨ ᠦᠨᠳᠦᠰᠦᠲᠡᠨ᠎ᠤ ᠬᠠᠮᠲᠤ᠎ᠶᠢᠨ ᠴᠣᠭᠴᠠ᠎ᠶᠢᠨ ᠤᠬᠠᠮᠰᠠᠷ᠎ᠢ ᠪᠠᠲᠤᠳᠬᠠᠶ᠎ᠠ
ᠪᠣᠶᠠᠨᠰᠠᠭ ᠠᠵᠢᠯᠯᠠᠭ᠎ᠠ᠎ᠪᠠᠷ ᠵᠡᠮᠳᠡᠭᠴᠦᠳ᠎ᠤᠨ ᠰᠡᠳᠬᠢᠯ᠎ᠢ ᠳᠤᠯᠠᠭ᠋ᠠᠯᠠᠯ᠎ᠠ
ᠨᠡᠶᠢᠲᠡᠯᠡᠭᠰᠡᠨ ᠴᠠᠭ᠄ 2023-05-25

                     ᠨᠣᠮᠢᠨ  ᠴᠣᠯᠮᠣᠨ  ᠮᠡᠳᠡᠭᠡᠯᠡᠪᠡ
                                              
   ᠥᠪᠡᠷᠲᠡᠭᠡᠨ ᠵᠠᠰᠠᠬᠤ ᠣᠷᠣᠨ᠎ᠤ ᠡᠷᠡᠭᠦᠯᠵᠢᠯ᠎ᠤᠨ ᠲᠤᠰᠠᠯᠠᠬᠤ ᠪᠠᠭ᠋ᠠᠵᠢ ᠵᠢᠨ ᠲᠥᠪ᠎ᠤᠨ 2023 ᠣᠨ᠎ᠤ 《ᠡᠷᠡᠭᠦᠯᠵᠢᠬᠦ᠎ᠳᠤ ᠲᠤᠰᠠᠯᠠᠬᠤ ᠢᠨᠵᠸᠨ᠋ᠸᠷᠢᠩ》᠎ᠤᠨ ᠤᠯᠠᠭ᠋ᠠᠨᠴᠠᠪ ᠬᠣᠲᠠ᠎ᠳᠤ᠎ᠬᠢ ᠰᠢᠭᠰᠢᠨ ᠪᠠᠢ᠌ᠴᠠᠭ᠋ᠠᠬᠤ ᠠᠵᠢᠯᠯᠠᠭ᠋ᠠᠨ᠎ᠤ ᠲᠠᠯᠠᠪᠦᠷ᠎ᠲᠤ᠂ ᠬᠡᠳᠦᠨ ᠨᠠᠰᠤᠲᠠᠢ ᠡᠵᠢ ᠵᠡᠮᠳᠡᠭ ᠥᠬᠢᠨ ᠵᠶ᠋ᠡᠨ ᠬᠠᠷᠠᠭ᠋ᠠᠯᠵᠠᠵᠦ ᠪᠠᠢ᠌ᠭ᠎ᠠ ᠦᠵᠡᠭᠳᠡᠯ᠎ᠨᠢ ᠬᠦᠮᠦᠰ᠎ᠤᠨ ᠠᠩᠬᠠᠷᠤᠯ᠎ᠢ ᠳᠠᠲᠠᠨ᠎ᠠ᠃ ᠲᠡᠳᠡ ᠲᠤᠷᠠᠩᠬᠠᠢ ᠪᠡᠶ᠎ᠡ᠎ᠲᠠᠢ᠂ ᠪᠣᠭᠣᠷᠣᠯ ᠦᠰᠦ᠎ᠲᠠᠢ ᠪᠣᠯᠣᠭᠰᠠᠨ ᠪᠣᠯᠪᠠᠴᠦ ᠲᠠᠪᠢ ᠵᠢᠨ ᠳᠠᠪᠠᠭ᠎ᠠ ᠵᠢ ᠳᠠᠪᠠᠭᠰᠠᠨ ᠥᠬᠢᠨ᠎ᠤ᠎ᠪᠠᠨ ᠡᠮᠦᠨ᠎ᠡ᠎ᠠᠴᠠ ᠰᠡᠳᠬᠢᠯ ᠵᠣᠪᠠᠨ ᠵᠦᠳᠡᠷᠡᠭᠰᠡᠭᠡᠷ ᠪᠠᠢ᠌ᠵᠦ᠂ ᠥᠬᠢᠨ᠎ᠳᠤ᠎ᠪᠠᠨ ᠲᠦᠰᠢᠭ ᠲᠤᠯᠭ᠋ᠠᠭᠤᠷᠢ ᠪᠣᠯᠵᠦ ᠶᠠᠪᠤᠨ᠎ᠠ᠃
   ᠶᠠᠩ ᠰᠢ ᠮᠸᠢ ᠪᠣᠯ ᠲᠡᠳᠡᠭᠡᠷ ᠬᠦᠮᠦᠰ᠎ᠤᠨ ᠲᠣᠳᠣᠷᠠᠬᠢ ᠨᠢᠭᠡ᠎ᠨᠢ ᠪᠠᠢ᠌ᠭ᠎ᠠ ᠶᠤᠮ᠃ ᠲᠡᠷᠡ ᠡᠵᠢ ᠪᠣᠯᠣᠨ ᠲᠡᠭᠦᠦ ᠵᠢᠨ ᠵᠶ᠋ᠡᠨ ᠪᠠᠷ᠎ᠠ ᠪᠣᠯᠣᠯᠭ᠎ᠠ ᠎ᠪᠠᠷ ᠠᠬᠤᠢ ᠲᠠᠯᠠᠪᠠᠢ ᠎ᠳᠤ ᠢᠷᠡᠯ᠎ᠡ᠃ ᠲᠠᠪᠢᠨ ᠲᠠᠪᠤᠨ ᠨᠠᠰᠤᠲᠠᠢ ᠶᠠᠩ ᠰᠢ ᠮᠸᠢ ᠪᠣᠯ ᠯᠢᠶᠠᠩᠴᠸᠩ ᠰᠢᠶᠠᠨ᠎ᠤ ᠬᠤᠩ ᠮᠣᠣ ᠪᠠᠯᠭ᠋ᠠᠰᠤ ᠵᠢᠨ ᠬᠦᠮᠦᠨ ᠶᠤᠮ᠃ 2022 ᠣᠨ᠎ᠳᠤ ᠭᠤᠷᠪᠠᠨ ᠬᠦᠷᠳᠦᠲᠦ ᠮᠠᠰᠢᠨ ᠵᠶ᠋ᠠᠨ ᠵᠢᠯᠣᠭᠣᠳᠴᠦ ᠶᠠᠪᠤᠵᠦ ᠪᠠᠢ᠌ᠬᠤ᠎ᠳᠤ᠎ᠪᠠᠨ ᠵᠢᠷᠦᠬᠡᠨ᠎ᠤ ᠡᠪᠡᠳᠴᠢᠨ᠎ᠨᠢ ᠬᠥᠳᠡᠯᠵᠦ ᠮᠡᠳᠡᠷᠡᠯ  ᠠᠯᠳᠠᠨ ᠲᠡᠷᠭᠡᠨ ᠡᠨᠳᠡᠯ ᠭᠠᠷᠤᠭᠰᠠᠨ ᠤᠴᠢᠷ᠎ᠠᠴᠠ ᠬᠥᠬᠡᠬᠣᠲᠠ᠎ᠳᠤ ᠪᠠᠷᠠᠭᠤᠨ ᠬᠥᠯ ᠵᠶ᠋ᠡᠨ ᠮᠡᠰᠡ ᠵᠠᠰᠠᠯ ᠬᠢᠵᠦ  ᠳᠠᠭ᠋ᠠᠷᠢᠭᠤᠯᠵᠠᠢ᠂ ᠪᠠᠷᠠᠭᠤᠨ ᠭᠠᠷ᠎ᠨᠢ ᠡᠳᠦᠢ ᠬᠦᠷᠲᠡᠯ᠎ᠡ ᠬᠦᠴᠦ ᠲᠠᠮᠢᠷ ᠦᠭᠡᠢ᠂ ᠬᠥᠳᠡᠯᠮᠦᠷᠢᠯᠡᠬᠦ ᠴᠢᠳᠠᠪᠦᠷᠢ᠎ᠪᠠᠨ ᠪᠠᠷᠤᠭ ᠠᠯᠳᠠᠭᠰᠠᠨ ᠪᠠᠢ᠌ᠨ᠎ᠠ᠃ ᠶᠠᠩ ᠰᠢ ᠮᠸᠢ ᠵᠢᠨ ᠬᠡᠯᠡᠬᠦ᠎ᠪᠠᠷ᠂ ᠲᠡᠷᠡ ᠬᠦ᠌ ᠤᠳᠠᠭ᠎ᠠ ᠵᠢᠨ ᠮᠡᠰᠡ ᠵᠠᠰᠠᠯ ᠬᠢᠵᠦ ᠡᠮᠨᠡᠯᠭᠡ᠎ᠳᠤ ᠰᠠᠭᠤᠭᠰᠠᠨ᠎ᠨᠢ 34 ᠲᠦᠮᠡᠨ ᠲᠦᠭᠦᠷᠢᠭ ᠵᠠᠷᠤᠴᠠᠭᠤᠯᠵᠦ᠂ ᠲᠤᠬᠠᠢ ᠵᠢᠨ ᠦᠶ᠎ᠡ᠎ᠳᠤ ᠨᠠᠭ᠋ᠠᠲᠤ ᠵᠠᠬ᠎ᠠ ᠵᠢᠨ ᠠᠮᠢᠳᠤᠷᠠᠯ᠎ᠤᠨ ᠪᠠᠲᠤᠯᠠᠭ᠎ᠠ ᠵᠢᠨ ᠨᠦᠬᠦᠪᠦᠷᠢ  ᠬᠦᠷᠲᠡᠭᠡ ᠦᠭᠡᠢ ᠤᠴᠢᠷ᠎ᠠᠴᠠ 16  ᠲᠦᠮᠡᠨ ᠲᠦᠭᠦᠷᠢᠭ᠎ᠢ᠎ᠨᠢ ᠳᠠᠩᠰᠠᠨ᠎ᠠᠴᠠ ᠲᠠᠢ᠌ᠯᠵᠦ ᠳᠡᠢ᠌ᠯᠵᠠᠢ᠂ ᠣᠳᠣ ᠲᠡᠳᠡᠨ᠎ᠤ᠎ᠬᠢᠨ ᠪᠠᠩᠬᠢ᠎ᠳᠤ ᠠᠷᠪᠠᠨ ᠬᠡᠳᠦᠨ ᠲᠦᠮᠡᠨ ᠲᠦᠭᠦᠷᠢᠭ᠎ᠤᠨ  ᠥᠷᠢ᠎ᠲᠠᠢ᠃ ᠶᠠᠩ ᠰᠢ ᠮᠸᠢ ᠵᠢᠨ ᠨᠦᠬᠦᠷ᠎ᠨᠢ ᠳᠠᠷᠢᠬᠢᠨ᠎ᠤ ᠴᠢᠰᠦᠨ᠎ᠤ ᠬᠠᠩᠭ᠋ᠠᠯᠲᠠ᠎ᠨᠢ  ᠬᠦᠷᠦᠯᠴᠡᠬᠦ ᠦᠭᠡᠢ᠂ ᠵᠢᠷᠦᠬᠡᠨ ᠪᠣᠯᠴᠢᠩ᠎ᠨᠢ ᠴᠢᠰᠦ ᠳᠤᠲᠠᠭᠳᠠᠬᠤ ᠵᠡᠷᠭᠡ ᠡᠪᠡᠳᠴᠢᠨ᠎ᠲᠠᠢ᠎ᠠᠴᠠ ᠪᠣᠯᠵᠦ ᠠᠵᠢᠯᠯᠠᠵᠦ ᠳᠡᠢ᠌ᠯᠬᠦ ᠦᠭᠡᠢ ᠪᠣᠯᠬᠣᠷ ᠶᠠᠩ ᠰᠢ ᠮᠸᠢ ᠡᠷ᠎ᠡ ᠡᠮ᠎ᠡ ᠬᠣᠶᠠᠷ ᠵᠶ᠋ᠠᠨ ᠰᠠᠷ᠎ᠠ ᠪᠦᠷᠢ ᠵᠢᠨ 900 ᠲᠦᠭᠦᠷᠢᠭ᠎ᠤᠨ ᠨᠠᠭ᠋ᠠᠲᠤ ᠵᠠᠬ᠎ᠠ ᠵᠢᠨ ᠠᠮᠢᠳᠤᠷᠠᠯ᠎ᠤᠨ ᠪᠠᠲᠤᠯᠠᠭ᠎ᠠ ᠵᠢᠨ ᠨᠦᠬᠦᠪᠦᠷᠢ ᠪᠣᠯᠣᠨ ᠵᠠᠭᠤᠨ ᠲᠦᠭᠦᠷᠢᠭ᠎ᠤᠨ ᠵᠡᠮᠳᠡᠭᠴᠦᠳ᠎ᠤᠨ ᠨᠦᠬᠦᠪᠦᠷᠢ᠎ᠪᠠᠷ ᠠᠮᠢᠳᠤᠷᠠᠯ ᠵᠶ᠋ᠠᠨ ᠠᠷᠭ᠋ᠠᠴᠠᠭ᠋ᠠᠵᠦ ᠪᠤᠢ᠃
   《ᠠᠷᠪᠠᠨ ᠬᠡᠳᠦᠨ ᠵᠢᠯ᠎ᠤᠨ ᠡᠮᠦᠨ᠎ᠡ ᠨᠠᠮ᠎ᠠ ᠵᠢ ᠵᠢᠷᠦᠬᠡᠨ᠎ᠤ ᠡᠪᠡᠳᠴᠢᠨ᠎ᠲᠠᠢ ᠭᠡᠵᠦ ᠣᠨᠣᠰᠢᠯᠠᠭᠰᠠᠨ᠂ ᠭᠡᠪᠡᠴᠦ ᠵᠣᠭᠣᠰ ᠮᠦᠩᠬᠦ ᠬᠦᠷᠦᠯᠴᠡᠬᠦ ᠦᠭᠡᠢ ᠤᠴᠢᠷ᠎ᠠᠴᠠ ᠬᠣᠢ᠌ᠰᠢᠯᠠᠭᠤᠯᠤᠭᠰᠠᠭ᠋ᠠᠷ ᠪᠠᠢ᠌ᠵᠦ ᠨᠢᠳᠦᠨᠤᠨ ᠵᠢᠯ ᠲᠡᠷᠭᠡᠨ ᠡᠨᠳᠡᠯ ᠭᠠᠷᠭ᠋ᠠᠭᠰᠠᠨ᠂ ᠡᠨᠳᠡᠯ ᠭᠠᠷᠬᠤ᠎ᠠᠴᠠ ᠡᠮᠦᠨ᠎ᠡ ᠪᠢᠳᠡᠨ᠎ᠤ᠎ᠬᠢ ᠲᠠᠷᠢᠶ᠎ᠠ ᠲᠠᠷᠢᠭᠰᠠᠨ ᠵᠢᠯ᠎ᠤᠨ ᠣᠷᠣᠯᠭ᠎ᠠ ᠳᠦᠩᠭᠡᠵᠦ ᠬᠣᠶᠠᠷ ᠭᠣᠷᠪᠠᠨ ᠲᠦᠮᠡ᠎ᠳᠤ ᠬᠦᠷᠴᠦ ᠪᠠᠢ᠌ᠭᠰᠠᠨ᠃ ᠬᠦᠦ ᠮᠢᠨᠢ ᠬᠥᠬᠡᠬᠣᠲᠠ᠎ᠳᠤ ᠬᠦᠴᠦᠨ᠎ᠤ ᠠᠵᠢᠯ ᠬᠢᠵᠦ᠂ ᠪᠢᠳᠡᠨ᠎ᠳᠤ ᠵᠢᠭ᠋ᠠᠬᠠᠨ ᠴᠦ᠍ ᠬᠠᠪᠰᠤᠷᠤᠯᠭ᠎ᠠ ᠦᠵᠡᠭᠦᠯᠵᠦ ᠳᠡᠢ᠌ᠯᠬᠦ ᠦᠭᠡᠢ᠂ ᠭᠠᠭᠴᠠ ᠬᠥᠯ᠎ᠲᠠᠢ ᠪᠣᠯᠣᠭᠰᠠᠨ᠎ᠠᠴᠠ ᠰᠡᠭᠦᠯᠡᠷ ᠬᠢᠮᠡᠯ ᠮᠥᠴᠢ ᠲᠠᠭ᠋ᠠᠷᠠᠭᠤᠯᠬᠤ ᠲᠡᠩᠬᠡᠭᠡ ᠪᠠᠢ᠌ᠬᠤ ᠦᠭᠡᠢ ᠤᠴᠢᠷ᠎ᠠᠴᠠ ᠨᠠᠰᠤᠲᠠᠢ ᠡᠵᠢ ᠮᠢᠨᠢ ᠮᠢᠨᠦ ᠶᠠᠪᠤᠵᠦ ᠰᠠᠭᠤᠬᠤ᠎ᠳᠤ ᠲᠤᠰᠠ ᠪᠣᠯᠣᠭᠰᠠᠭ᠋ᠠᠷ ᠢᠷᠡᠭᠰᠡᠨ ᠶᠤᠮ᠂ ᠡᠨᠡ ᠤᠳᠠᠭ᠎ᠠ ᠲᠥᠯᠥᠪᠦᠷᠢ ᠦᠭᠡᠢ᠎ᠪᠠᠷ ᠬᠢᠮᠡᠯ ᠮᠥᠴᠢ ᠲᠠᠭ᠋ᠠᠷᠠᠭᠤᠯᠤᠭ᠋ᠠᠳ ᠳᠡᠢ᠌ᠯᠴᠢᠬᠡᠪᠡᠯ ᠨᠠᠳᠠ᠎ᠳᠤ ᠲᠦᠢ᠍ᠯ᠎ᠤᠨ ᠶᠡᠬᠡ ᠲᠤᠰᠠ ᠪᠣᠯᠣᠨ᠎ᠠ ᠳ᠋ᠠ᠃ ᠨᠠᠮ ᠪᠠ ᠵᠠᠰᠠᠭ᠎ᠤᠨ ᠣᠷᠳᠣᠨ᠎ᠠᠴᠠ ᠪᠢᠳᠡ ᠰᠢᠭ ᠬᠦᠴᠢᠷᠳᠡᠯᠳᠠᠢ ᠵᠡᠮᠳᠡᠭᠴᠦᠳ᠎ᠢ ᠡᠢ᠌ᠨ ᠬᠦ᠌ ᠬᠠᠯᠠᠮᠵᠢᠯᠠᠵᠦ ᠪᠠᠢ᠌ᠬᠤ᠎ᠳᠤ ᠲᠠᠯᠠᠷᠬᠠᠵᠦ ᠪᠠᠢ᠌ᠨ᠎ᠠ᠂ ᠥᠪᠡᠷᠲᠡᠭᠡᠨ ᠵᠠᠰᠠᠬᠤ ᠣᠷᠣᠨ᠎ᠤ ᠡᠷᠡᠭᠦᠯᠵᠢᠯ᠎ᠤᠨ ᠲᠤᠰᠠᠯᠠᠬᠤ ᠪᠠᠭ᠋ᠠᠵᠢ ᠵᠢᠨ ᠲᠥᠪ᠎ᠤᠨ᠎ᠬᠢᠨ ᠡᠢ᠌ᠮᠦᠷᠬᠦᠦ ᠰᠠᠨᠠᠭ᠋ᠠᠨ᠎ᠳᠤ ᠲᠠᠭ᠋ᠠᠷᠠᠭᠰᠠᠨ ᠦᠢ᠍ᠯᠡᠴᠢᠯᠡᠭᠡ ᠬᠠᠩᠭ᠋ᠠᠵᠦ ᠪᠠᠢ᠌ᠬᠤ᠎ᠳᠤ ᠲᠠᠯᠠᠷᠬᠠᠵᠦ ᠪᠠᠢ᠌ᠨ᠎ᠠ》 ᠭᠡᠵᠦ ᠶᠠᠩ ᠰᠢ ᠮᠸᠢ ᠨᠢᠯᠪᠦᠰᠦ ᠪᠦᠮᠪᠦᠷᠢᠭᠦᠯᠦᠨ ᠬᠡᠯᠡᠨ᠎ᠡ᠃
    ᠮᠥᠴᠢ ᠵᠡᠮᠳᠡᠭ ᠪᠣᠯᠬᠣ᠎ᠨᠢ ᠠᠮᠢᠳᠤᠷᠠᠯ᠎ᠤᠨ ᠲᠠᠯ᠎ᠠ᠎ᠳᠤ ᠨᠥᠯᠦᠭᠡ ᠦᠵᠡᠭᠦᠯᠬᠦ᠎ᠠᠴᠠ ᠭᠠᠳᠠᠨ᠎ᠠ᠂ ᠬᠥᠳᠡᠯᠮᠦᠷᠢᠯᠡᠬᠦ ᠴᠢᠳᠠᠪᠦᠷᠢ ᠵᠢ ᠪᠠᠭᠤᠷᠠᠭᠤᠯᠵᠦ᠂ ᠠᠵᠢᠯᠯᠠᠬᠤ ᠵᠠᠪᠰᠢᠶᠠᠨ᠎ᠢ ᠪᠠᠭ᠋ᠠᠰᠬᠠᠬᠤ ᠤᠴᠢᠷ᠎ᠠᠴᠠ ᠶᠡᠬᠡ ᠣᠯᠠᠨ ᠵᠡᠮᠳᠡᠭ ᠬᠦᠮᠦᠰ᠎ᠢ ᠨᠡᠢ᠌ᠭᠡᠮ ᠎ᠳᠤ᠎ᠬᠢ ᠪᠠᠭᠤᠷᠠᠢ ᠬᠠᠮᠲᠤ ᠴᠣᠭᠴᠠ ᠪᠣᠯᠭ᠋ᠠᠳᠠᠭ᠃ ᠠᠮᠢᠳᠤᠷᠠᠯ᠎ᠨᠢ ᠬᠦᠴᠢᠷᠳᠡᠯᠲᠠᠢ ᠵᠡᠮᠳᠡᠭᠴᠦᠳ᠎ᠲᠤ ᠬᠠᠨᠲᠤᠭᠤᠯᠤᠭᠰᠠᠨ 《ᠡᠷᠡᠭᠦᠯᠵᠢᠬᠦ᠎ᠳᠤ ᠲᠤᠰᠠᠯᠠᠬᠤ ᠢᠨᠵᠸᠨ᠋ᠸᠷᠢᠩ》᠎ᠨᠢ ᠠᠷᠠᠳ᠎ᠲᠤ ᠠᠰᠢᠭ ᠬᠦᠷᠳᠡᠭᠡᠬᠦ ᠲᠥᠷᠥᠯ ᠵᠦᠢ᠍ᠯ ᠪᠣᠯᠣᠭᠰᠠᠨ᠎ᠤ ᠬᠤᠪᠢ᠎ᠳᠤ 2013 ᠣᠨ᠎ᠠᠴᠠ ᠡᠬᠢᠯᠡᠨ ᠤᠯᠠᠮ᠎ᠠᠴᠠ ᠤᠯᠠᠮ ᠬᠦᠴᠢᠷᠳᠡᠯᠲᠠᠢ ᠵᠡᠮᠳᠡᠭᠴᠦᠳ᠎ᠲᠤ ᠲᠤᠰᠠ  ᠬᠢᠵᠦ᠂ ᠵᠡᠮᠳᠡᠭᠴᠦᠳ᠎ᠢ ᠬᠠᠪᠰᠤᠷᠤᠨ ᠳᠡᠮᠵᠢᠵᠦ᠂ ᠬᠠᠢ᠌ᠷ᠎ᠠ᠎ᠪᠠᠷ ᠰᠡᠳᠬᠢᠯ᠎ᠢ᠎ᠨᠢ ᠳᠤᠯᠠᠭ᠋ᠠᠯᠠᠵᠦ ᠵᠡᠮᠳᠡᠭᠴᠦᠳ᠎ᠤᠨ ᠰᠠᠢ᠌ᠨ ᠰᠠᠢ᠌ᠬᠠᠨ ᠠᠮᠢᠳᠤᠷᠠᠯ᠎ᠢ ᠬᠥᠭᠡᠭᠡᠴᠡᠯᠳᠦᠬᠦ ᠬᠦᠰᠡᠯ᠎ᠢ᠎ᠨᠢ  ᠪᠡᠶᠡᠯᠡᠭᠦᠯᠦᠭᠰᠡᠭᠡᠷ ᠢᠷᠡᠵᠡᠢ᠃

                     ᠮᠡᠳᠡᠭᠡᠯᠡᠭᠴᠢ ᠵᠢᠨ ᠬᠠᠶᠢᠭ᠄ ᠬᠥᠬᠡᠬᠣᠲᠠ ᠵᠢᠨ ᠰᠠᠢ᠌ᠬᠠᠨ ᠲᠤᠭᠤᠷᠢᠭ

 

ᠢᠷᠡᠯᠲᠡ᠄ ᠦᠪᠤᠷ ᠮᠤᠡᠭᠭᠤᠯ᠎ᠤᠨ 《ᠨᠡᠢ᠌ᠬᠡᠮᠮ》 ᠰᠡᠳᠬᠦᠯ
          
ᠬᠠᠮᠢᠶ᠎ᠡ ᠪᠦᠬᠦᠢ ᠰᠣᠨᠢᠨ
ᠵᠡᠮᠳᠡᠭ ᠬᠡᠦᠬᠡᠳ᠎ᠢ ᠬᠠᠯᠠᠮᠵᠢᠯᠠᠵᠦ ᠡᠷᠡᠭᠦᠯ ᠵᠶ᠋ᠡᠷ ᠦᠰᠦᠨ ᠲᠤᠷᠨᠢᠬᠤ᠎ᠳᠤ᠎ᠨᠢ ᠬᠦᠴᠦᠨ ᠨᠡᠮᠡᠷᠢᠯᠡᠶ᠎ᠡ
《ᠪᠦᠰ ᠤᠭᠤᠳᠠ᠎ᠲᠠᠢ ᠴᠠᠬᠳᠠᠭ᠎ᠠ》 ᠴᠸᠨ ᠨᠤᠮᠢᠨ᠄ ᠪᠦᠰ ᠤᠭᠤᠳᠠ ᠪᠠᠭ᠎ᠠ ᠪᠤᠯᠪᠠᠴᠦ ᠦᠢ᠍ᠯᠡᠳᠦᠯ᠎ᠨᠢ ᠶᠡᠭᠡ
ᠠᠷᠠᠳ᠎ᠤᠨ ᠶᠠᠪᠤᠳᠠᠯ᠎ᠤᠨ ᠹᠷᠣᠨᠲ᠎ᠲᠤ ᠬᠤᠰᠢᠭᠤᠴᠢᠯᠠᠨ ᠣᠯᠠᠨ ᠲᠦᠮᠡᠨ᠎ᠤ ᠢᠲᠡᠭᠡᠯ ᠬᠦᠨᠳᠦ ᠵᠢ ᠬᠦᠷᠲᠡᠨᠡᠮ
ᠲᠦᠮᠡᠨ ᠣᠯᠠᠨ᠎ᠳᠤ᠎ᠪᠠᠨ ᠰᠠᠢ᠌ᠰᠢᠶᠠᠯᠳᠡᠢ 《ᠲᠦᠯ᠎ᠤᠨ ᠲᠠᠭᠤᠨ ᠺᠤᠮᠫᠠᠨᠢ》
ᠬᠦᠳᠦᠯᠦᠭᠡ ᠮᠤᠷᠢᠳᠠᠢ ᠬᠦᠮᠦᠨ ᠬᠤᠯᠠ ᠲᠠᠪᠬᠢᠳᠠᠭ
 
            