ᠭᠦᠸᠸ ᠵᠢᠦᠢ ᠪᠣᠯ ᠵᠡᠭᠦᠨ ᠬᠠᠨ ᠤᠯᠤᠰ᠎ᠤᠨ ᠦᠶ᠎ᠡ ᠵᠢᠨ ᠯᠢᠨ ᠯᠢᠦᠢ ( ᠣᠳᠤ ᠵᠢᠨ ᠾᠸᠨᠠᠨ ᠮᠤᠵᠢ ᠵᠢᠨ ᠯᠢᠨᠵᠸᠦ ᠬᠤᠲᠠ) ᠵᠢᠨ ᠬᠦᠮᠦᠨ᠂ ᠤᠤᠯ᠎ᠳᠤ᠎ᠪᠠᠨ ᠭᠡᠷ᠎ᠨᠢ ᠨᠡᠯᠢᠶᠡᠳ ᠪᠠᠶᠠᠨ ᠴᠢᠨᠡᠭᠡᠯᠢᠭ ᠪᠠᠢ᠌ᠵᠠᠢ᠃ ᠭᠡᠪᠡᠴᠦ ᠡᠴᠢᠭᠡ᠎ᠨᠢ ᠨᠠᠰᠤ ᠨᠦᠭᠴᠢᠭᠰᠡᠨ᠎ᠤ ᠳᠠᠷᠠᠭ᠎ᠠ᠂ ᠲᠡᠷᠡ ᠥᠪ ᠬᠦᠷᠦᠩᠭᠡ᠎ᠪᠠᠨ ᠬᠤᠶᠠᠷ ᠬᠤᠪᠢᠶᠠᠨ ᠬᠤᠶᠠᠷ ᠳᠡᠭᠦᠦᠳᠤᠪᠠᠨ ᠦᠮᠴᠢᠯᠡᠭᠦᠯᠦᠭᠡᠳ ᠂ ᠦᠪᠡᠷ ᠵᠶ᠋ᠡᠨ ᠡᠬᠡ᠎ᠪᠠᠨ ᠰᠠᠢ᠌ᠲᠤᠷ ᠠᠴᠢᠯᠠᠨ ᠠᠰᠠᠷᠠᠪᠠ᠃
ᠬᠣᠵᠢᠮ᠎ᠨᠢ᠂ ᠭᠦᠸᠸ ᠵᠢᠦᠢ ᠵᠢᠨ ᠭᠡᠷ᠎ᠨᠢ ᠶᠠᠳᠠᠭᠤᠷᠠᠵᠤ᠂ ᠭᠡᠷᠭᠡᠢ᠎ᠨᠢ ᠪᠠᠰᠠ ᠬᠦᠦ ᠲᠦᠷᠦᠭᠰᠡᠨ᠎ᠠᠴᠠ ᠭᠦᠸᠸ ᠵᠢᠦᠢ ᠵᠢᠨ ᠡᠬᠡ᠎ᠨᠢ ᠣᠮᠪᠤᠯᠤ᠎ᠪᠠᠨ ᠮᠠᠰᠢ ᠰᠠᠨᠠᠵᠤ᠂ ᠦᠪᠡᠷ᠎ᠤᠨ ᠢᠳᠡᠬᠦ᠎ᠪᠠᠨ ᠠᠷᠪᠢᠯᠠᠨ ᠪᠠᠢ᠌ᠵᠤ᠂ ᠢᠳᠡᠰᠢ ᠬᠣᠭᠤᠯᠨᠪᠠᠨ ᠣᠮᠪᠤᠯᠤ ᠳᠤ᠎ᠪᠠᠨ ᠦᠯᠡᠳᠡᠭᠡᠵᠦ ᠥᠭᠬᠦ ᠪᠣᠯᠪᠠ᠃ ᠡᠢ᠌ᠨ ᠬᠦ᠌᠂ ᠭᠦᠸᠸ ᠵᠢᠦᠢ ᠡᠭᠦᠨ᠎ᠤ ᠲᠦᠯᠦᠭᠡ ᠮᠠᠰᠢ ᠶᠡᠬᠡ ᠰᠠᠨᠠᠭ᠋ᠠᠰᠢᠷᠠᠨ᠂ ᠡᠨᠡ ᠬᠦᠦ ᠵᠢ ᠲᠡᠵᠢᠭᠡᠪᠡᠯ ᠯᠠᠪᠲᠠᠢ᠌ᠶ᠎ᠠ ᠡᠬᠡ᠎ᠪᠠᠨ ᠠᠰᠠᠷᠠᠬᠤ ᠵᠢ ᠨᠦᠯᠦᠭᠡᠯᠡᠨ᠎ᠡ ᠭᠡᠵᠦ ᠪᠣᠳᠤᠭ᠋ᠠᠳ᠂ ᠭᠡᠷᠭᠡᠢᠳᠤᠪᠠᠨ᠄《ᠬᠦᠦ ᠵᠢ ᠰᠡᠭᠦᠯᠡᠷ ᠪᠦᠷ ᠲᠦᠷᠦᠵᠦ ᠪᠣᠯᠤᠨ᠎ᠠ᠂ ᠬᠠᠷᠢᠨ ᠡᠬᠡ ᠮᠠᠨᠢ ᠬᠠᠳᠠᠨ ᠭᠡᠷ᠎ᠲᠤ᠎ᠪᠠᠨ ᠮᠣᠷᠢᠯᠠᠪᠠᠯ ᠳᠠᠬᠢᠨ ᠠᠮᠢᠯᠠᠬᠤ ᠦᠬᠡᠢ ᠃ ᠲᠡᠭᠡᠬᠦ᠎ᠪᠠᠷ ᠬᠦᠦ᠎ᠪᠠᠨ ᠪᠤᠯᠠᠰᠢᠯᠠᠭ᠋ᠠᠳ ᠂ ᠠᠮᠤ ᠪᠤᠳᠠᠭ᠎ᠠ᠎ᠪᠠᠨ ᠠᠷᠪᠢᠯᠠᠨ ᠡᠬᠡ᠎ᠪᠠᠨ ᠠᠰᠠᠷᠠᠨ ᠲᠡᠵᠢᠭᠡᠬᠦ ᠵᠢ ᠬᠦᠷᠬᠦ ᠦᠬᠡᠢ》 ᠭᠡᠵᠦ ᠬᠡᠯᠡᠯ᠎ᠡ᠃
ᠲᠡᠳᠡᠨ᠎ᠢ ᠬᠤᠶᠠᠷ ᠲᠤᠬᠤᠢ ᠭᠦᠨ ᠨᠦᠬᠡ ᠮᠠᠯᠲᠠᠵᠤ ᠪᠠᠢ᠌ᠭ᠎ᠠ ᠦᠶᠡᠰ᠂ ᠨᠦᠬᠡᠨ ᠲᠤᠳᠤᠷ᠎ᠠ ᠭᠡᠨᠡᠳᠲᠡ ᠨᠢᠭᠡᠨ ᠪᠣᠳᠤᠩ ᠰᠢᠵᠢᠷ ᠠᠯᠲᠠ ᠢᠯᠡᠷᠡᠵᠦ᠂ ᠳᠡᠭᠡᠷ᠎ᠡ᠎ᠨᠢ 《ᠳᠡᠭᠡᠳᠦ ᠲᠡᠭᠷᠢ ᠠᠴᠠ ᠠᠴᠢᠯᠠᠯᠲᠤ ᠬᠦᠪᠡᠭᠦᠨ ᠭᠦᠸᠸ ᠵᠢᠦᠢ ᠳᠤᠷ ᠰᠣᠶᠤᠷᠬᠠᠪᠠᠢ᠂ ᠠᠯᠪᠠᠨ ᠨᠤᠶᠠᠳ ᠡᠭᠦᠨ᠎ᠢ ᠠᠪᠴᠤ ᠡᠰᠡ ᠪᠤᠯᠤᠮᠤᠢ᠂ ᠦᠷᠦᠭᠡᠯ ᠢᠷᠭᠡᠳ ᠡᠭᠦᠨ᠎ᠢ ᠪᠤᠯᠢᠶᠠᠵᠤ ᠡᠰᠡ ᠪᠤᠯᠤᠮᠤᠢ》 ᠭᠡᠮᠡᠨ ᠪᠢᠴᠢᠭᠡᠰᠦᠲᠡᠢ ᠪᠠᠢ᠌ᠪᠠ᠃ ᠲᠡᠢ᠌ᠨ ᠬᠦ᠌᠂ ᠡᠷ᠎ᠡ ᠡᠮ᠎ᠡ ᠬᠣᠶᠠᠭᠤᠯᠠ᠎ᠪᠠᠨ ᠡᠳᠡᠭᠡᠷ ᠠᠯᠲᠠ᠎ᠪᠠᠨ ᠭᠡᠷ᠎ᠲᠤ᠎ᠪᠠᠨ ᠠᠪᠠᠴᠢᠨ ᠡᠬᠡ᠎ᠪᠠᠨ ᠠᠴᠢᠯᠠᠨ ᠠᠰᠠᠷᠠᠭᠰᠠᠨ ᠪᠦᠭᠡᠳ ᠬᠦᠦ᠎ᠪᠠᠨ ᠴᠦ᠍ ᠲᠡᠵᠢᠭᠡᠨ ᠦᠰᠭᠡᠵᠦ ᠳᠡᠢ᠌ᠯᠬᠦ ᠪᠣᠯᠵᠠᠢ᠃
ᠬᠤᠷᠢᠨ ᠳᠦᠷᠪᠡᠨ ᠠᠴᠢᠯᠠᠯ ᠡᠯᠪᠡᠷᠢᠯ᠎ᠤᠨ ᠦᠯᠢᠭᠡᠷ᠎ᠲᠤ 《ᠡᠬᠡ ᠪᠠᠨ ᠳᠡᠭᠡᠳᠦᠯᠡᠨ ᠬᠦᠦ᠎ᠪᠠᠨ ᠪᠤᠯᠠᠰᠢᠯᠠᠬᠤ ᠭᠡᠪᠡ》 ᠦᠯᠢᠭᠡᠷ᠎ᠨᠢ ᠬᠠᠮᠣᠭ᠎ᠤᠨ ᠮᠠᠷᠭᠤᠭ᠋ᠠᠨ ᠳᠡᠭᠳᠡᠭᠡᠭᠰᠡᠨ ᠦᠯᠢᠭᠡᠷ ᠪᠣᠯᠬᠤ ᠶᠤᠮ᠂ ᠤᠴᠢᠷ᠎ᠨᠢ ᠭᠣᠣᠯ ᠪᠠᠭ᠋ᠠᠲᠤᠷ ᠭᠦᠸᠸ ᠵᠢᠦᠢ ᠵᠢᠨ ᠦᠢ᠍ᠯᠡ ᠠᠵᠢᠯᠯᠠᠭ᠎ᠠ᠎ᠨᠢ ᠳᠡᠩᠳᠡᠭᠦᠦ ᠲᠤᠢ᠌ᠯᠰᠢᠷᠠᠴᠢᠬᠠᠵᠠᠢ᠃ ᠪᠢᠳᠡ ᠡᠭᠦᠨ᠎ᠢ ᠵᠦᠪᠬᠡᠨ ᠳᠠᠪᠠᠭᠤᠯᠤᠯ᠎ᠤᠨ ᠠᠷᠭ᠎ᠠ ᠵᠢ ᠬᠡᠷᠡᠭᠯᠡᠵᠦ ᠠᠴᠢᠯᠠᠯ ᠡᠯᠪᠡᠷᠢᠯ᠎ᠢ ᠳᠣᠪᠤᠢ᠌ᠯᠭ᠋ᠠᠨ ᠴᠢᠬᠤᠯᠠᠴᠢᠯᠠᠭᠰᠠᠨ ᠨᠢᠭᠡᠨ ᠶᠣᠭᠲᠠ ᠦᠯᠢᠭᠡᠷ ᠵᠶ᠋ᠡᠷ ᠦᠵᠡᠯᠲᠡᠢ ᠳ᠋ᠠ!