ᠪᠤᠶᠠᠨᠮᠦ᠋ᠩᠭᠡ ᠬᠢᠭᠡᠳ 《ᠵᠠᠷᠤᠳ ᠨᠤᠳᠤᠭ᠎ᠤᠨ ᠠᠭᠤᠯᠠ ᠤᠰᠤ》
ᠨᠠ᠊ · ᠬᠦᠬᠡᠰᠢᠭᠤᠢ ᠵᠤᠬᠢᠶᠠᠪᠠ
ᠨᠢᠭᠡ
ᠰᠡᠳᠬᠢᠯ ᠰᠡᠷᠬᠦᠮᠠ ᠵᠤᠨ᠎ᠤ ᠨᠢᠭᠡ ᠤᠷᠤᠢ ᠢᠷᠠᠭᠤ ᠨᠠᠢ᠌ᠷᠠᠭᠴᠢ ᠭ᠊ · ᠮᠠᠩᠬᠠᠨ ᠲᠡᠭᠦᠦ ᠤᠳᠠᠰᠤ ᠢᠷᠡᠭᠦᠯᠵᠤ ᠂ ᠪᠤᠶᠠᠨᠮᠦ᠋ᠩᠭᠡ ᠪᠠᠭᠰᠢ ᠵᠢᠨ 《ᠵᠠᠷᠤᠳ ᠨᠤᠳᠤᠭ᠎ᠤᠨ ᠠᠭᠤᠯᠠ ᠤᠰᠤ》 ᠵᠢᠨ ᠭᠤᠷᠪᠠᠳᠤᠭ᠋ᠠᠷ ᠪᠤᠳᠢ ᠨᠢ ᠮᠡᠨᠳᠦᠯᠡᠴᠢᠬᠡᠯᠡ᠃ ᠰᠢᠨᠡᠬᠡᠨ ᠢᠷᠡᠭᠰᠡᠨ ᠪᠡᠬᠡ᠎ᠨᠢ ᠬᠠᠳᠠᠭ᠎ᠠ ᠦᠭᠡᠢ ᠡᠨᠡ ᠬᠦ᠌ ᠨᠤᠮ᠎ᠤᠨ ᠬᠡᠪᠯᠡᠭᠲᠡᠭᠰᠡᠨ ᠪᠠᠶᠠᠷ᠎ᠢ ᠪᠢᠲᠡ ᠬᠡᠳᠦᠭᠦᠯᠡ ᠪᠡᠯᠭᠡᠯᠡᠬᠦ᠎ᠪᠠᠷ ᠪᠠᠢ᠌ᠨ᠎ᠠ᠂ ᠪᠠᠭᠰᠢ ᠲᠠᠨ᠎ᠢ ᠪᠢ ᠲᠤᠰᠬᠤ᠎ᠪᠠᠷ ᠤᠴᠢᠶ᠎ᠡ ᠭᠡᠵᠤ ᠵᠠᠯᠠᠵᠤ ᠪᠠᠢ᠌ᠯ᠎ᠠ᠃ ᠮᠢᠨᠤ ᠮᠡᠳᠡᠵᠤ ᠪᠠᠢ᠌ᠬᠤ᠎ᠪᠠᠷ ᠂ 《ᠵᠠᠷᠤᠳ ᠨᠤᠳᠤᠭ᠎ᠤᠨ ᠠᠭᠤᠯᠠ ᠤᠰᠤ》 ᠵᠢᠨ ᠨᠢᠭᠡᠳᠦᠭᠡᠷ ᠪᠤᠳᠢ᠎ᠨᠢ ᠭᠤᠤᠯᠳᠠᠭᠤ ᠵᠠᠷᠤᠳ ᠨᠤᠳᠤᠭ᠎ᠤᠨ ᠭᠤᠤᠯ ᠭᠤᠷᠤᠬ᠎ᠠ᠂ ᠨᠠᠭᠤᠷ ᠱᠠᠩᠲᠠ ᠵᠢ ᠲᠡᠮᠳᠡᠭᠯᠡᠵᠤ᠂ ᠬᠤᠶᠠᠳᠤᠭ᠋ᠠᠷ ᠪᠤᠳᠢ᠎ᠨᠢ ᠠᠭᠤᠯᠠ ᠬᠠᠢ᠌ᠷᠬᠠᠨ᠂ ᠲᠠᠪᠠᠭ᠎ᠠ ᠬᠦᠳᠦᠯᠢ ᠲᠡᠮᠳᠡᠭᠯᠡᠵᠤ᠂ ᠭᠤᠷᠪᠠᠳᠤᠭ᠋ᠠᠷ ᠪᠤᠳᠢ᠎ᠨᠢ ᠲᠠᠯ᠎ᠠ ᠵᠢᠯᠠᠭ᠎ᠠ᠂ ᠮᠠᠩᠬ᠎ᠠ ᠵᠤ ᠵᠢ ᠲᠡᠮᠳᠡᠭᠯᠡᠭᠰᠡᠨ ᠲᠡᠭᠦᠪᠦᠷᠢ ᠪᠤᠯᠬᠤ ᠶᠤᠮ᠃ ᠲᠤᠰ ᠢᠵᠢ ᠨᠤᠮ᠎ᠤᠨ ᠭᠤᠷᠪᠠᠳᠤᠭ᠋ᠠᠷ ᠪᠤᠳᠢ᠎ᠨᠢ ᠨᠢᠭᠡᠨᠲᠡ ᠬᠡᠪᠯᠡᠯ᠎ᠳᠤ ᠤᠷᠤᠭᠰᠠᠨ ᠴᠢᠮᠡᠬᠡ ᠵᠢ ᠲᠦᠷᠦᠭᠦᠬᠡᠨ ᠪᠤᠶᠠᠨᠮᠦ᠋ᠩᠭᠡ ᠨᠦᠬᠦᠷ᠎ᠲᠠᠢ ᠸᠢᠴᠠᠲ ᠵᠶ᠋ᠡᠷ ᠨᠡᠪᠲᠡᠷᠡᠬᠦ ᠵᠠᠭᠤᠷ᠎ᠠ ᠰᠤᠨᠤᠰᠴᠤ ᠪᠠᠢ᠌ᠭᠰᠠᠨ ᠪᠦᠭᠡᠳ ᠲᠦᠷᠬᠡᠨ ᠬᠡᠪᠯᠡᠭᠲᠡᠬᠦ ᠵᠢ ᠨᠢ ᠬᠦᠰᠡᠨ ᠪᠠᠷᠠᠯᠠᠵᠤ ᠪᠠᠢ᠌ᠭᠰᠠᠨ ᠵᠠᠷᠤᠳ ᠤᠩᠰᠢᠭᠴᠢ ᠵᠢᠨ ᠨᠢᠭᠡ ᠪᠤᠯᠬᠤᠷ ᠰᠢᠨ᠎ᠠ ᠨᠤᠮ᠎ᠤᠨ ᠰᠤᠷᠠᠭ᠎ᠢ ᠰᠤᠨᠤᠷᠲᠠᠭ᠋ᠠᠳ ᠨᠡᠭᠡᠷᠡᠨ ᠰᠢᠬᠢᠷ ᠬᠦᠯᠬᠦᠭᠰᠡᠨ ᠬᠡᠦᠬᠡᠳ ᠰᠢᠭ ᠲᠡᠭᠳᠡᠯᠵᠡᠪᠠ᠃ 《ᠬᠦᠨᠳᠦ ᠬᠡᠮᠡᠨ ᠪᠤᠤ ᠠᠶᠤ ᠡᠷᠭᠦᠪᠠᠰᠦ ᠲᠠᠭ᠋ᠠᠭ᠋ᠠᠶᠤ᠃ ᠬᠤᠯᠠ ᠬᠡᠮᠡᠨ ᠪᠤᠤ ᠴᠦᠬᠦ ᠵᠤᠷᠢᠪᠠᠰᠤ ᠬᠦᠷᠦᠶᠦ》 ᠭᠡᠳᠡᠭ ᠵᠶ᠋ᠠᠷ ᠵᠠᠷᠤᠳ ᠬᠤᠰᠢᠭᠤᠨ᠎ᠤ ᠠᠷᠠᠳ᠎ᠤᠨ ᠲᠦᠯᠦᠭᠡᠯᠡᠭᠴᠢᠳ᠎ᠤᠨ ᠰᠠᠨᠠᠯ ᠲᠤᠷᠠᠳᠤᠯᠭ᠎ᠠ᠎ᠪᠠᠷ ᠵᠠᠷᠤᠳ ᠬᠤᠰᠢᠭᠤᠨ᠎ᠤ ᠠᠷᠠᠳ᠎ᠤᠨ ᠲᠦᠯᠦᠭᠡᠯᠡᠭᠴᠢᠳ᠎ᠤᠨ ᠪᠠᠢ᠌ᠩᠭᠤ ᠵᠢᠨ ᠬᠤᠷᠢᠶ᠎ᠠ ᠲᠤᠰᠬᠠᠢ ᠪᠢᠴᠢᠭ ᠮᠠᠲ᠋ᠧᠷᠢᠶᠠᠯ ᠪᠠᠭᠤᠯᠭ᠋ᠠᠵᠤ᠂ ᠵᠠᠷᠤᠳ ᠨᠤᠳᠤᠭ᠎ᠤᠨ ᠠᠭᠤᠯᠠ ᠤᠰᠤ ᠵᠢ ᠲᠡᠮᠳᠡᠭᠯᠡᠨ ᠪᠢᠴᠢᠬᠦ ᠠᠵᠢᠯ᠎ᠢ ᠪᠤᠶᠠᠨᠮᠦ᠋ᠩᠭᠡ ᠨᠦᠬᠦᠷ᠎ᠲᠤ ᠲᠠᠭ᠋ᠠᠭ᠋ᠠᠯᠭ᠋ᠠᠭᠰᠠᠨᠢ ᠲᠡᠷᠡ᠎ᠪᠠᠷ ᠵᠢᠷᠭᠤᠭ᠋ᠠᠨ ᠵᠢᠯ ᠢᠯᠡᠭᠦᠦ ᠵᠢᠨ ᠴᠠᠭ᠎ᠢ ᠵᠠᠷᠤᠴᠠᠭᠤᠯᠵᠤ 130 ᠲᠦᠮᠡᠨ ᠦᠰᠦᠭ ᠪᠦᠬᠦᠢ ᠭᠤᠷᠪᠠᠨ ᠪᠤᠳᠢ ᠨᠤᠮ᠎ᠢ ᠨᠠᠢ᠌ᠷᠠᠭᠤᠯᠤᠨ ᠬᠡᠪᠯᠡᠭᠦᠯᠦᠭᠰᠡᠨ᠎ᠨᠢ ᠨᠡᠭᠡᠷᠡᠨ 《ᠴᠢᠷᠠᠢ ᠡᠴᠡᠵᠤ᠂ ᠮᠢᠬ᠎ᠠ ᠲᠤᠷᠠᠵᠤ᠂ ᠰᠢᠷᠪᠤᠰᠦ ᠰᠤᠩᠬᠤ》 ᠵᠢᠨ ᠦᠢ᠍ᠯᠡ ᠵᠢ ᠠᠮᠰᠠᠪᠠᠴᠤ ᠦᠨᠦᠳᠦᠷ ᠬᠠᠮᠤᠭ ᠰᠡᠭᠦᠯᠴᠢ ᠵᠢᠨ ᠭᠤᠷᠪᠠᠳᠤᠭ᠋ᠠᠷ ᠪᠤᠳᠢ ᠤᠩᠰᠢᠭᠴᠢ ᠤᠯᠠᠨ᠎ᠲᠠᠢ ᠵᠤᠯᠭ᠋ᠠᠬᠤ ᠪᠤᠯᠤᠭᠰᠠᠨ ᠳᠤ ᠪᠢᠲᠠ ᠮᠦᠨ᠎ᠲᠠᠭᠠᠨ ᠪᠠᠶᠠᠰᠤᠯᠴᠠᠪᠠ᠃
ᠬᠤᠶᠠᠷ
ᠪᠤᠶᠠᠨᠮᠦ᠋ᠩᠭᠡ ᠨᠦᠬᠦᠷ᠎ᠲᠠᠢ ᠪᠢ ᠡᠷᠲᠡ ᠲᠠᠨᠢᠯᠴᠠᠳᠠᠭ᠃ ᠲᠡᠷᠡ᠎ᠪᠠᠷ 1981 ᠤᠨ᠎ᠳᠤ ᠪᠠᠭᠰᠢ ᠵᠢᠨ ᠰᠤᠷᠭ᠋ᠠᠭᠤᠯᠢ ᠲᠡᠭᠦᠰᠴᠤ ᠂ ᠪᠠᠶᠠᠷᠳᠤᠬᠤᠰᠢᠭᠤ ᠲᠤᠮᠳᠠᠳᠤ ᠰᠤᠷᠭ᠋ᠠᠭᠤᠯᠢ᠎ᠳᠤ ᠠᠵᠢᠯ᠎ᠤᠨ ᠭᠠᠷᠤᠭ᠎ᠠ ᠠᠪᠤᠭᠰᠠᠨ᠎ᠠᠴᠠ ᠬᠤᠢ᠌ᠰᠢ ᠠᠵᠢᠯ᠎ᠤᠨ ᠰᠡᠯᠡᠭᠦᠦ᠎ᠪᠠᠷ ᠰᠢᠯᠦᠭ ᠬᠤᠯᠪᠤᠭ᠎ᠠ ᠪᠢᠴᠢᠵᠤ 《ᠬᠤᠨ ᠭᠠᠯᠠᠭᠤ》 《ᠵᠠᠯᠠᠭᠤ ᠵᠤᠬᠢᠶᠠᠯᠴᠢ》 《ᠦᠪᠦᠷ ᠮᠤᠩᠭᠤᠯ᠎ᠤᠨ ᠡᠳᠦᠷ᠎ᠤᠨ ᠰᠤᠨᠢᠨ》 ᠵᠡᠷᠭᠡ ᠰᠤᠨᠢᠨ ᠰᠡᠳᠬᠦᠯ ᠵᠶ᠋ᠠᠷ ᠠᠯᠳᠠᠭ ᠤᠨᠤᠭ ᠨᠡᠢ᠌ᠲᠡᠯᠡᠭᠦᠯᠵᠤ ᠪᠠᠢ᠌ᠭᠰᠠᠨ᠎ᠨᠢ ᠲᠡᠭᠦᠨ᠎ᠤ ᠤᠷᠠᠨ ᠵᠤᠬᠢᠶᠠᠯ᠎ᠳᠤ ᠲᠤᠷ᠎ᠠ ᠪᠠᠬᠠᠲᠠᠢ ᠪᠠᠢ᠌ᠭᠰᠠᠨ ᠮᠦᠷᠲᠡᠭᠡᠨ ᠨᠠᠢ᠌ᠷᠠᠭᠤᠯᠵᠤ ᠪᠢᠴᠢᠬᠦ ᠠᠪᠢᠶᠠᠰ᠎ᠨᠢ ᠬᠠᠷᠠᠬᠠᠨ ᠬᠦᠭᠵᠢᠩᠭᠦᠢ ᠪᠠᠢ᠌ᠭᠰᠠᠨ᠎ᠢ ᠬᠠᠷᠠᠭᠤᠯᠵᠤ ᠪᠠᠢ᠌ᠵᠠᠢ᠃ ᠲᠤᠬᠠᠢ ᠵᠢᠨ ᠦᠶ᠎ᠡ᠎ᠳᠤ ᠵᠠᠷᠤᠳ ᠬᠤᠰᠢᠭᠤᠨ᠎ᠤ ᠰᠢᠨᠬᠤᠸᠠ ᠨᠤᠮ᠎ᠤᠨ ᠲᠡᠯᠭᠡᠭᠦᠷ᠎ᠲᠤ ᠰᠢᠯᠦᠭᠴᠢ ᠯ᠊ · ᠤᠳᠽᠡᠷ᠎ᠤᠨ 《ᠡᠪᠡᠰᠦ ᠲᠡᠯᠡᠬᠡᠢ ᠬᠤᠶᠠᠷ》 ᠭᠡᠰᠡᠨ ᠰᠠᠢ᠌ᠬᠠᠨ ᠨᠤᠮ ᠢᠷᠡᠭᠰᠡᠨ ᠰᠤᠷᠠᠭ᠎ᠢ ᠬᠠᠮᠳᠤ ᠰᠤᠷᠤᠭᠴᠢ᠎ᠠᠴᠠ᠎ᠪᠠᠨ ᠰᠤᠨᠤᠰᠤᠭ᠋ᠠᠳ ᠲᠤᠰᠬᠠᠢ᠌ᠯᠠᠨ ᠯᠦᠪᠧᠢ ᠪᠠᠯᠭ᠋ᠠᠰᠤᠨ᠎ᠳᠤ ᠨᠤᠮ ᠠᠪᠬᠤ᠎ᠪᠠᠷ ᠢᠷᠡᠭᠰᠡᠨ᠎ᠨᠢ ᠲᠡᠭᠦᠨ᠎ᠤ ᠤᠷᠠᠨ ᠵᠤᠬᠢᠶᠠᠯ᠎ᠤᠨ ᠵᠠᠯᠠᠭᠤᠰ ᠪᠠᠢ᠌ᠭᠰᠠᠨᠤ ᠪᠠᠳᠤ ᠭᠡᠷᠡᠴᠢ ᠪᠤᠯᠵᠤ ᠬᠤᠴᠤᠷᠴᠠᠢ᠃ ᠰᠡᠭᠦᠯ᠎ᠤᠨ ᠦᠶ᠎ᠡ᠎ᠳᠤ ᠲᠡᠷᠡ ᠪᠠᠭᠰᠢ ᠵᠢᠨ ᠠᠯᠪᠠᠨ᠎ᠠᠴᠠ ᠵᠠᠰᠠᠭ ᠵᠠᠬᠢᠷᠭ᠋ᠠᠨ᠎ᠤ ᠠᠵᠢᠯ᠎ᠳᠤ ᠰᠢᠯᠵᠢᠭᠰᠡᠨ ᠵᠶ᠋ᠠᠷ ᠤᠷᠠᠨ ᠵᠤᠬᠢᠶᠠᠯ ᠤᠷᠤᠯᠳᠤᠬᠤ ᠴᠠᠭ ᠬᠤᠮᠰᠠᠳᠠᠵᠤ ᠨᠢᠭᠡᠨ ᠦᠶ᠎ᠡ ᠪᠢᠷ᠎ᠢ ᠬᠤᠷᠢᠶᠠᠵᠤ ᠰᠤᠳᠤᠷ᠎ᠢ ᠡᠪᠬᠡᠵᠤ ᠶᠠᠪᠤᠵᠠᠢ᠃
ᠠᠷᠪᠠᠭ᠋ᠠᠳ ᠵᠢᠯ᠎ᠤᠨ ᠡᠮᠤᠨ᠎ᠠ ᠨᠠᠮ᠎ᠠ ᠵᠢ ᠬᠤᠰᠢᠭᠤᠨ᠎ᠤ ᠤᠳᠬ᠎ᠠ ᠤᠷᠠᠯᠢᠭ᠎ᠤᠨ᠎ᠬᠢᠨ᠎ᠤ ᠬᠤᠯᠪᠤᠭᠠᠳᠤ ᠠᠵᠢᠯᠯᠠᠵᠤ ᠪᠠᠢ᠌ᠬᠤ᠎ᠳᠤ ᠪᠤᠶᠠᠨᠮᠦ᠋ᠩᠭᠡ ᠨᠦᠬᠦᠷ ᠬᠤᠰᠢᠭᠤᠨ᠎ᠤ ᠦᠨᠳᠦᠰᠦᠲᠡᠨ᠎ᠤ ᠬᠡᠷᠡᠭ ᠡᠷᠬᠢᠯᠡᠬᠦ ᠲᠤᠪᠴᠢᠶ᠎ᠠ᠎ᠳᠤ ᠲᠠᠷᠤᠭ᠋ᠠᠯᠠᠵᠤ ᠪᠠᠢ᠌ᠭᠰᠠᠨ ᠪᠠ ᠮᠠᠨ᠎ᠤ ᠬᠤᠶᠠᠷ᠎ᠤᠨ ᠪᠠᠢ᠌ᠭᠤᠯᠭ᠎ᠠ ᠨᠢᠭᠡ ᠯᠡ ᠠᠰᠠᠷ᠎ᠲᠤ ᠠᠯᠪᠠᠯᠠᠭᠰᠠᠨ᠎ᠠᠴᠠ ᠬᠠᠷᠢᠯᠴᠠᠨ ᠶᠠᠪᠤᠯᠴᠠᠵᠤ ᠬᠠᠮᠲᠤ᠎ᠪᠠᠷ ᠰᠤᠷᠤᠯᠴᠠᠬᠤ ᠰᠠᠢ᠌ᠬᠠᠨ ᠠᠵᠠ ᠲᠤᠬᠢᠶᠠᠯ᠎ᠢ ᠤᠯᠭᠤᠭᠰᠠᠨ ᠶᠤᠮ᠃ ᠲᠡᠷᠡ ᠦᠶ᠎ᠡ᠎ᠳᠤ ᠬᠤᠶᠠᠷ ᠪᠠᠢ᠌ᠭᠤᠯᠭ᠎ᠠ᠎ᠪᠠᠷ ᠵᠶ᠋ᠠᠨ ᠬᠠᠮᠵᠢᠯᠴᠠᠨ 《ᠦᠨᠳᠦᠰᠦᠲᠡᠨ᠎ᠤ ᠪᠦᠯᠭᠦᠮᠲᠡᠯ》 ᠬᠤᠨᠳᠠᠭ᠋ᠠᠳᠤ ᠰᠢᠯᠦᠭ ᠲᠠᠭᠤᠤ ᠵᠢᠨ ᠤᠷᠤᠯᠳᠤᠭ᠋ᠠᠨ᠎ᠢ ᠤᠳᠠᠭ᠎ᠠ ᠲᠠᠷᠠᠭ᠋ᠠᠯᠠᠨ ᠵᠤᠬᠢᠶᠠᠨ ᠪᠠᠢ᠌ᠭᠤᠯᠵᠤ᠂ ᠦᠷᠭᠡᠨ ᠤᠯᠠᠨ ᠰᠢᠯᠦᠭᠴᠢ ᠤᠷᠠᠯᠢᠭᠴᠢᠨ ᠵᠶ᠋ᠠᠨ ᠤᠷᠮᠠᠰᠢᠭᠤᠯᠤᠨ ᠲᠡᠳᠬᠦᠵᠤ ᠪᠠᠢ᠌ᠭᠰᠠᠨ᠎ᠢ ᠤᠳᠤ ᠡᠷᠬᠢᠴᠡᠭᠦᠯᠬᠦ᠎ᠳᠤ ᠤᠷᠮ᠎ᠠ᠎ᠲᠠᠢ ᠪᠠᠢ᠌ᠨ᠎ᠠ᠃ ᠪᠤᠶᠠᠨᠮᠦ᠋ᠩᠭᠡ ᠨᠦᠬᠦᠷ᠎ᠤᠨ ᠨᠠᠳᠠ᠎ᠳᠤ ᠦᠭᠭᠦᠭᠰᠡᠨ ᠰᠠᠭᠤᠭᠳᠠᠯ ᠭᠡᠪᠡᠯ ᠦᠨᠳᠦᠰᠦᠲᠡᠨ᠎ᠤ ᠵᠠᠩ ᠦᠢ᠍ᠯᠡ᠂ ᠨᠤᠳᠤᠭ ᠤᠰᠤᠨ᠎ᠤ ᠦᠯᠢᠭᠡᠷ ᠲᠡᠦᠬᠡ᠂ ᠦᠯᠢᠭᠡᠷ ᠬᠤᠯᠪᠤᠭ᠎ᠠ ᠂ ᠤᠷᠳᠤ ᠵᠢᠨ ᠲᠠᠭᠤᠤ᠎ᠳᠤ ᠮᠠᠰᠢ ᠲᠤᠷ᠎ᠠ ᠰᠤᠨᠢᠷᠬᠠᠯ᠎ᠲᠠᠢ᠂ ᠬᠦᠮᠦᠨ᠎ᠳᠤ ᠶᠡᠬᠡ ᠲᠤᠰᠠᠷᠬᠠᠭ᠂ ᠠᠵᠢᠯ᠎ᠳᠤ ᠮᠠᠰᠢ ᠰᠢᠭᠤᠷᠬᠠᠢ᠂ ᠦᠢ᠍ᠯᠡᠰ ᠲᠤ᠎ᠪᠠᠨ ᠲᠤᠩ ᠬᠠᠢ᠌ᠷᠠᠲᠠᠢ᠃ ᠠᠷᠪᠠ ᠭᠠᠷᠤᠢ ᠵᠢᠯ᠎ᠤᠨ ᠡᠮᠤᠨ᠎ᠠ ᠬᠤᠭᠤᠷᠴᠢ ᠯᠤᠤᠽᠡᠷ ᠨᠠᠰᠤ ᠪᠠᠷᠠᠭᠰᠠᠨ᠎ᠳᠤ ᠲᠡᠷᠡ ᠮᠠᠰᠢᠲᠠ ᠡᠮᠭᠡᠨᠢᠵᠤ ᠬᠡᠳᠦᠨ ᠠᠬ᠎ᠠ ᠲᠡᠭᠦᠦ᠎ᠪᠠᠨ ᠲᠠᠭᠤᠳᠠᠵᠤ ᠲᠤᠷᠠᠳᠬᠠᠯ ᠮᠦᠷᠦᠭᠡᠳᠦᠯ᠎ᠤᠨ ᠰᠢᠷᠡᠬᠡ ᠵᠠᠰᠠᠵᠤ ᠰᠡᠪ ᠰᠡᠮᠡᠬᠡᠷᠬᠡᠨ ᠨᠢᠯᠪᠤᠰᠤ ᠤᠷᠤᠰᠬᠠᠵᠤ ᠪᠠᠢ᠌ᠭᠰᠠᠨ᠎ᠢ ᠪᠢ ᠤᠯᠵᠤ ᠬᠠᠷᠠᠭ᠋ᠠᠳ ᠶᠠᠭ᠋ᠠᠬᠢᠵᠤ ᠢᠳᠬᠠᠬᠤ᠎ᠪᠠᠨ ᠤᠯᠬᠤ ᠦᠭᠡᠢ ᠪᠠᠢ᠌ᠭᠰᠠᠨ ᠶᠤᠮ ᠡ! ᠲᠠᠭᠤᠤ ᠵᠢ ᠰᠠᠢ᠌ᠬᠠᠨ ᠲᠠᠭᠤᠯᠠᠳᠠᠭ᠂ ᠬᠤᠭᠤᠷ᠎ᠢ ᠡᠭᠡᠰᠢᠭᠯᠡᠩᠲᠡᠢ ᠲᠠᠲᠠᠳᠠᠭ᠂ ᠮᠤᠩᠭᠤᠯ ᠦᠰᠦᠭ ᠵᠶ᠋ᠠᠨ ᠢᠲᠡᠯᠢᠭ ᠰᠠᠢ᠌ᠬᠠᠨ ᠪᠢᠴᠢᠲᠡᠭ ᠡᠨᠡ ᠬᠦᠮᠦᠨ᠎ᠢ ᠪᠢ ᠤᠳᠬ᠎ᠠ ᠤᠷᠠᠯᠢᠭ᠎ᠤᠨ ᠵᠠᠮ ᠵᠶ᠋ᠠᠷ ᠵᠶ᠋ᠠᠨ ᠵᠠᠮᠨᠠᠭ᠋ᠠᠳ ᠪᠠᠢ᠌ᠭᠰᠠᠨ ᠪᠤᠯ ᠶᠡᠬᠡ ᠶᠠᠭᠤᠮ᠎ᠠ ᠪᠦᠳᠦᠭᠡᠵᠤ ᠪᠤᠯᠬᠤ ᠬᠦᠮᠦᠨ ᠳ᠋ᠠ ᠭᠡᠵᠤ ᠪᠢᠲᠡᠭᠦᠬᠡᠨ ᠳᠤ᠎ᠪᠠᠨ ᠪᠤᠳᠤᠵᠤ ᠪᠠᠢ᠌ᠭᠰᠠᠨ ᠵᠶ᠋ᠡᠨ ᠨᠢᠭᠤᠬᠤ ᠦᠭᠡᠢ᠃ ᠦᠭᠡ ᠵᠢ᠎ᠨᠢ ᠪᠢ ᠪᠢᠴᠢᠵᠤ᠂ ᠠᠶ᠎ᠠ ᠵᠢ᠎ᠨᠢ ᠴᠢᠯᠠᠭᠤ ᠵᠤᠬᠢᠶᠠᠭᠰᠠᠨ 《ᠵᠡᠭᠦᠳᠦᠨ ᠴᠡᠩᠭᠡᠷ ᠵᠠᠷᠤᠳ》 ᠲᠠᠭᠤᠤ ᠵᠢ ᠠᠩᠬ᠎ᠠ ᠰᠤᠨᠤᠰᠤᠭ᠋ᠠᠳ ᠰᠡᠳᠬᠢᠯ ᠬᠦᠲᠡᠯᠬᠦ ᠳᠤ᠎ᠪᠠᠨ ᠨᠢᠭᠡ ᠰᠦᠨᠢ ᠬᠤᠭᠤᠷᠲᠠᠵᠤ ᠬᠤᠨᠤᠭᠰᠠᠨ ᠡᠨᠡ ᠬᠦᠮᠦᠨ᠎ᠤ ᠤᠳᠬ᠎ᠠ ᠤᠷᠠᠯᠢᠭ᠎ᠤᠨ ᠲᠤᠷ᠎ᠠ ᠪᠠᠬᠠᠷᠬᠠᠯ ᠬᠢᠷᠢ ᠵᠡᠷᠭᠡ ᠭᠡᠰᠡᠨ᠎ᠢ ᠬᠡᠯᠡᠬᠦ ᠦᠭᠡᠢ᠎ᠳᠤ ᠴᠦ᠍ ᠬᠦᠮᠦᠰ ᠮᠡᠳᠡᠨ᠎ᠡ᠃
ᠰᠡᠬᠦᠯ᠎ᠤᠨ ᠦᠶ᠎ᠡ᠎ᠳᠤ ᠪᠢ ᠬᠤᠰᠢᠭᠤᠨ᠎ᠤ ᠤᠯᠤᠰ ᠲᠦᠷᠦ ᠵᠢᠨ ᠵᠦᠪᠯᠡᠯᠭᠡᠨ᠎ᠳᠤ ᠠᠵᠢᠯ ᠰᠢᠯᠵᠢᠵᠤ᠂ ᠲᠡᠷᠡ ᠪᠠᠰᠠ ᠠᠷᠠᠳ᠎ᠤᠨ ᠲᠦᠯᠦᠭᠡᠯᠡᠭᠴᠢᠳ᠎ᠤᠨ ᠪᠠᠢ᠌ᠩᠭᠤ ᠵᠢᠨ ᠬᠤᠷᠢᠶ᠎ᠠ᠎ᠳᠤ ᠠᠵᠢᠯ ᠰᠢᠯᠵᠢᠭᠰᠡᠨ ᠵᠶ᠋ᠠᠷ ᠪᠢᠲᠡ ᠬᠤᠶᠠᠷ ᠬᠤᠶᠠᠳᠠᠬᠢ ᠤᠳᠠᠭ᠎ᠠ ᠨᠢᠭᠡ ᠠᠰᠠᠷ᠎ᠲᠤ ᠠᠯᠪᠠᠯᠠᠬᠤ ᠬᠤᠪᠢ ᠢᠷᠦᠭᠡᠯ ᠲᠤᠬᠢᠶᠠᠭᠰᠠᠨ ᠶᠤᠮ ᠡ᠃ ᠡᠩ᠎ᠤᠨ ᠴᠠᠭ᠎ᠲᠤ ᠬᠤᠷᠠᠯ ᠬᠤᠢ ᠭᠡᠳ ᠵᠤᠬᠢᠶᠠᠨ ᠪᠦᠳᠦᠬᠡᠬᠦ ᠴᠠᠭ ᠬᠤᠮᠰᠠ ᠪᠤᠯᠬᠤᠷ ᠪᠢ ᠭᠠᠷᠠᠭ᠎ᠤᠨ ᠠᠮᠠᠷᠠᠯᠲᠠ ᠵᠢᠨ ᠬᠤᠶᠠᠷ ᠡᠳᠦᠷ᠎ᠢ ᠠᠰᠢᠭᠯᠠᠵᠤ ᠠᠯᠪᠠᠨ ᠭᠡᠷ᠎ᠲᠤ ᠢᠷᠡᠭᠡᠳ ᠨᠤᠮ ᠰᠤᠳᠤᠷ᠎ᠲᠠᠢ ᠨᠦᠬᠦᠴᠡᠳᠡᠭ ᠵᠠᠩᠰᠢᠯ᠎ᠲᠠᠢ᠃ ᠤᠷᠢ᠎ᠳᠤᠨᠢ ᠪᠢ ᠲᠡᠮᠡᠢ ᠤᠪᠠᠢ᠌ᠯᠠᠭᠰᠠᠨ ᠦᠭᠡᠢ᠂ ᠬᠡᠵᠢᠶ᠎ᠡ ᠬᠤᠢ᠌ᠨ᠎ᠠ᠎ᠨᠢ ᠰᠠᠶᠢ ᠪᠤᠶᠠᠨᠮᠦ᠋ᠩᠭᠡ ᠨᠦᠬᠦᠷ᠎ᠤᠨ ᠮᠤᠲ᠋ᠤᠷ ᠬᠡᠵᠢᠶᠡᠲᠡ ᠠᠯᠪᠠᠨ ᠠᠰᠠᠷ᠎ᠤᠨ ᠠᠷᠤ᠎ᠳᠤ ᠵᠤᠭᠰᠤᠵᠤ ᠪᠠᠢ᠌ᠳᠠᠭ᠎ᠨᠢ ᠲᠡᠷᠡ ᠪᠠᠰᠠ ᠭᠠᠷᠠᠭ᠎ᠤᠨ ᠠᠮᠠᠷᠠᠯᠳᠠ ᠪᠠᠷ ᠠᠯᠪᠠᠯᠠᠬᠤ ᠭᠡᠷ ᠲᠤ᠎ᠪᠠᠨ ᠰᠤᠷᠪᠤᠯᠵᠢᠯᠠᠵᠤ ᠢᠷᠡᠭᠰᠡᠨ 《 ᠵᠠᠷᠤᠳ ᠨᠤᠳᠤᠭ᠎ᠤᠨ ᠠᠭᠤᠯᠠ ᠤᠰᠤ》᠎ᠪᠠᠨ ᠨᠠᠢ᠌ᠷᠠᠭᠤᠯᠤᠨ ᠲᠡᠮᠳᠡᠭᠯᠡᠵᠤ ᠪᠠᠢ᠌ᠭᠰᠠᠨ ᠪᠦᠯᠦᠭᠡ᠃ ᠵᠢᠷᠭᠤᠭ᠋ᠠᠨ ᠵᠢᠯ ᠢᠯᠡᠭᠦᠦ ᠵᠢᠨ ᠴᠠᠭ᠂ ᠬᠤᠶᠠᠷ ᠮᠢᠩᠭ᠎ᠠ ᠢᠯᠡᠬᠦᠦ ᠡᠳᠦᠷ ᠬᠤᠨᠤᠭ᠂ ᠤᠨᠴᠠᠭ᠋ᠠᠢ ᠵᠠᠷᠢᠮ ᠠᠮᠠᠷᠠᠯᠲᠠ ᠵᠢ ᠭᠠᠷᠭ᠋ᠠᠪᠠᠯ ᠪᠤᠶᠠᠨᠮᠦ᠋ᠩᠭᠡ ᠨᠦᠬᠦᠷ ᠠᠮᠠᠷᠠᠯᠳᠠ ᠵᠢᠨ ᠡᠳᠦᠷ ᠬᠤᠨᠤᠭ᠎ᠢ ᠪᠠᠷᠤᠭ ᠪᠦᠷ ᠡᠨᠡ ᠨᠤᠮ᠎ᠳᠤ ᠵᠠᠷᠤᠴᠠᠭᠤᠯᠤᠭᠰᠠᠨ ᠭᠡᠬᠦ᠎ᠳᠤ ᠲᠦᠯᠬᠢᠬᠦᠦ ᠬᠡᠯᠡᠭᠰᠡᠨ ᠦᠬᠡ ᠪᠢᠰᠢ᠃ ᠬᠠᠶᠠ ᠵᠠᠷᠢᠮ ᠦᠭᠡ ᠦᠰᠦᠭ᠎ᠢ ᠶᠠᠭ᠋ᠠᠬᠢᠵᠤ ᠪᠢᠴᠢᠬᠦ ᠲᠤᠬᠠᠢ ᠨᠠᠳᠠ᠎ᠠᠴᠠ ᠯᠠᠪᠯᠠᠬᠤ᠎ᠪᠠᠷ ᠮᠢᠨᠤ ᠠᠯᠪᠠᠨ ᠭᠡᠷ᠎ᠲᠤ ᠢᠷᠡᠳᠡᠭ ᠃ ᠪᠢ ᠲᠡᠭᠦᠨ᠎ᠳᠤ ᠄ 《ᠲᠤᠰ ᠨᠤᠮ ᠲᠠᠨ᠎ᠤ ᠦᠢ᠍ᠯᠡ ᠵᠢ ᠪᠠᠷᠠᠭ᠋ᠠᠵᠤ ᠪᠠᠢ᠌ᠨ᠎ᠠ ᠳ᠋ᠠ》ᠭᠡᠵᠤ ᠬᠡᠯᠡᠬᠦ᠎ᠳᠤ ᠲᠡᠷᠡ᠎ᠪᠠᠷ᠄《ᠠᠷᠠᠳ᠎ᠤᠨ ᠲᠦᠯᠦᠭᠡᠯᠡᠭᠴᠢ ᠨᠠᠷ ᠵᠢᠴᠢ ᠦᠯᠵᠡᠢ᠌ᠮᠡᠨᠳᠤ ᠂ ᠪᠠᠶᠠᠨᠰᠠᠩ᠂ ᠡᠤ ᠴᠢᠩ ᠬᠠᠢ ᠡᠷᠬᠢᠯᠡᠭᠴᠢ ᠵᠢᠨ ᠢᠲᠡᠭᠡᠯ ᠨᠠᠢ᠌ᠲᠠᠯᠭᠠᠢ ᠬᠦᠰᠡᠷᠲᠡᠭᠦᠯᠬᠦ ᠦᠭᠡᠢ ᠵᠢᠨ ᠲᠦᠯᠦᠭᠡ ᠢᠩᠭᠢᠵᠤ ᠯᠡ ᠴᠢᠷᠮᠠᠢ᠌ᠵᠤ ᠶᠠᠪᠤᠭ᠎ᠠ ᠰᠢᠦ᠂ ᠲᠡᠭᠡᠪᠡᠴᠤ ᠮᠠᠨ᠎ᠤ ᠮᠤᠩᠭᠤᠯ ᠦᠭᠡᠨ᠎ᠤ 〈ᠲᠤᠷ᠎ᠠ᠎ᠳᠤ ᠰᠢᠷ᠎ᠠ ᠦᠭᠡᠢ〉 ᠭᠡᠳᠡᠭ ᠶᠠᠭ ᠲᠠᠭ᠋ᠠᠷᠠᠨ᠎ᠠ᠂ ᠮᠠᠨ᠎ᠤ ᠦᠶ᠎ᠡ᠎ᠳᠤ ᠡᠨᠡ ᠨᠡᠷᠡᠢ᠌ᠳᠦᠯ᠎ᠢ ᠲᠡᠮᠳᠡᠭᠯᠡᠵᠤ ᠦᠯᠡᠳᠡᠬᠦ᠎ᠨᠢ ᠮᠢᠨᠤ ᠬᠠᠷᠢᠭᠤᠴᠠᠯᠭ᠎ᠠ ᠰᠢᠦ》 ᠭᠡᠵᠤ ᠮᠠᠭ ᠮᠠᠭ ᠬᠦᠬᠦᠷᠡᠵᠤ ᠪᠠᠢ᠌ᠯ᠎ᠠ᠃
ᠲᠡᠷᠡ᠎ᠪᠠᠷ ᠤᠤᠯ ᠳᠤ᠎ᠪᠠᠨ ᠭᠠᠵᠠᠷ ᠵᠦᠢ ᠵᠢᠨ ᠪᠠᠭᠰᠢ᠂ ᠭᠠᠯ᠎ᠢ ᠰᠡᠷᠭᠡᠢ᠌ᠯᠡᠬᠦ ᠠᠯᠪᠠᠨ ᠭᠡᠷ᠎ᠤᠨ ᠡᠷᠬᠢᠯᠡᠭᠴᠢ ᠪᠠᠢ᠌ᠭᠰᠠᠨ ᠪᠤᠯᠬᠤᠷ ᠵᠠᠷᠤᠳ ᠨᠤᠳᠤᠭ᠎ᠤᠨ ᠠᠭᠤᠯᠠ ᠤᠰᠤ᠎ᠪᠠᠨ ᠠᠯᠠᠭ᠋ᠠᠨ ᠵᠢᠷᠤᠭ᠋ᠠᠰᠤ᠎ᠪᠠᠨ ᠰᠢᠭ᠋ ᠦᠢ᠍ᠯᠠᠭ᠋ᠠᠳᠠᠭ ᠮᠦᠷᠲᠡᠭᠡᠨ ᠲᠡᠭᠦᠨ᠎ᠤ ᠲᠡᠮᠳᠡᠭᠯᠡᠭᠰᠡᠨ ᠠᠭᠤᠯᠠ ᠲᠠᠪᠠᠭ᠋ᠠᠨᠤ ᠦᠨᠳᠦᠷᠴᠡ ᠵᠢᠨ ᠬᠡᠮᠵᠢᠶ᠎ᠡ᠎ᠨᠢ ᠰᠢᠨᠵᠢᠯᠡᠬᠦ ᠤᠬᠠᠭ᠋ᠠᠨ᠎ᠤ ᠦᠨᠳᠦᠰᠦ ᠪᠠᠷᠢᠮᠳᠠ᠎ᠲᠠᠢ ᠪᠠᠢ᠌ᠳᠠᠭ᠃ ᠪᠦᠷᠢᠨ ᠪᠤᠰᠤ ᠪᠦᠷᠢᠳᠬᠡᠯ ᠵᠶ᠋ᠠᠷ᠂ ᠪᠤᠶᠠᠨᠮᠦ᠋ᠩᠭᠡ ᠨᠦᠬᠦᠷ᠎ᠤᠨ ᠨᠠᠢ᠌ᠷᠠᠭᠤᠯᠤᠨ ᠵᠤᠬᠢᠶᠠᠭᠰᠠᠨ 《ᠵᠠᠷᠤᠳ ᠨᠤᠳᠤᠭ᠎ᠤᠨ ᠠᠭᠤᠯᠠ ᠤᠰᠤ》᠎ᠤᠨ 《ᠨᠢᠭᠡᠳᠦᠭᠡᠷ ᠪᠤᠳᠢ — ᠭᠤᠤᠯ ᠭᠤᠷᠤᠬ᠎ᠠ ᠨᠠᠭᠤᠷ ᠱᠠᠩᠳᠠ》᠎ᠳᠤ100 ᠭᠠᠷᠤᠢ ᠭᠤᠤᠯ ᠭᠤᠷᠤᠬ᠎ᠠ᠂ 70 ᠭᠠᠷᠤᠢ ᠨᠠᠭᠤᠷ ᠬᠠᠭ᠂ 300 ᠢᠯᠡᠭᠦᠦ ᠪᠤᠯᠠᠭ ᠱᠠᠩᠲᠠ ᠵᠢᠨ ᠨᠡᠷᠡᠢ᠌ᠳᠦᠯ ᠤᠨ ᠢᠷᠠᠯ ᠭᠠᠷᠤᠯ᠂ ᠤᠨᠴᠠᠯᠢᠭ ᠰᠢᠨᠵᠢ᠂ ᠪᠠᠢ᠌ᠷᠢᠰᠢᠯ ᠵᠢᠴᠢ ᠲᠡᠭᠦᠨ᠎ᠤ ᠬᠠᠮᠢᠶᠠᠲᠠᠢ ᠦᠯᠢᠭᠡᠷ ᠲᠤᠮᠤᠭᠢ ᠲᠤᠳᠤᠷᠬᠠᠢ᠌ᠯᠠᠨ ᠲᠠᠢ᠌ᠯᠪᠤᠷᠢᠯᠠᠵᠤ᠂ 《ᠬᠤᠶᠠᠳᠤᠭ᠋ᠠᠷ ᠪᠤᠳᠢ — ᠠᠭᠤᠯᠠ ᠬᠠᠢ᠌ᠷᠬᠠᠨ᠂ ᠲᠠᠪᠠᠭ᠎ᠠ ᠬᠦᠳᠦᠯ》᠎ᠳᠤ 5000 ᠭᠠᠷᠤᠢ ᠠᠭᠤᠯᠠ ᠬᠠᠢ᠌ᠷᠬᠠᠨ᠂ 400 ᠭᠠᠷᠤᠢ ᠲᠠᠪᠠᠭ᠎ᠠ ᠬᠦᠲᠦᠯᠤᠨ ᠨᠡᠷᠡᠢ᠌ᠳᠦᠯ᠎ᠤᠨ ᠤᠨᠴᠠᠯᠢᠭ ᠰᠢᠨᠵᠢ᠂ ᠢᠷᠠᠯ ᠭᠠᠷᠤᠯ᠂ ᠭᠠᠵᠠᠷ᠎ᠤᠨ ᠪᠠᠢ᠌ᠴᠠ ᠪᠠᠢ᠌ᠷᠢᠰᠢᠯ ᠦᠨᠳᠦᠷᠴᠡ ᠵᠢᠨ ᠬᠡᠮᠵᠢᠶ᠎ᠡ ᠂ ᠦᠯᠢᠭᠡᠷ ᠲᠤᠮᠤᠭᠢ ᠲᠡᠮᠳᠡᠭᠯᠡᠨ ᠪᠢᠴᠢᠵᠤ᠂ 《ᠭᠤᠷᠪᠠᠳᠤᠭ᠋ᠠᠷ ᠪᠤᠳᠢ — ᠲᠠᠯ᠎ᠠ ᠵᠢᠯᠠᠭ᠎ᠠ ᠮᠠᠩᠬ᠎ᠠ ᠵᠤ》᠎ᠳᠤ 1200 ᠭᠠᠷᠤᠢ ᠲᠠᠯ᠎ᠠ ᠵᠢᠯᠠᠭ᠎ᠠ᠂ ᠭᠤᠤ ᠭᠠᠩᠭ᠎ᠠ᠂ ᠬᠠᠪᠴᠢᠯ ᠬᠦᠨᠲᠡᠢ᠂ ᠲᠡᠨᠵᠢ ᠲᠤᠰᠢ ᠪᠠ 500 ᠭᠠᠷᠤᠢ ᠡᠯᠡᠰᠦ ᠮᠠᠩᠬ᠎ᠠ᠂ ᠪᠤᠷᠤ ᠵᠤ ᠵᠢᠨ ᠨᠡᠷᠡᠢ᠌ᠳᠦᠯ᠎ᠤᠨ ᠢᠷᠡᠯ ᠭᠠᠷᠤᠯ᠂ ᠤᠨᠴᠠᠯᠢᠭ ᠰᠢᠨᠵᠢ᠂ ᠪᠠᠢ᠌ᠴᠠ ᠪᠠᠢ᠌ᠷᠢᠰᠢᠯ ᠪᠠ ᠦᠯᠢᠭᠡᠷ ᠲᠤᠮᠤᠭᠢ ᠲᠤᠳᠤᠭᠬᠠᠨ ᠲᠠᠢ᠌ᠯᠪᠤᠷᠢᠯᠠᠵᠠᠢ᠃ ᠪᠦᠬᠦᠢ᠌ᠯᠡ ᠢᠵᠢ ᠨᠤᠮ᠎ᠳᠤ ᠢᠯᠡᠭᠦᠦ ᠲᠤᠳᠠᠭᠤ ᠨᠦᠬᠦᠪᠦᠷᠢᠯᠡᠵᠤ ᠪᠢᠴᠢᠭᠰᠡᠨᠢ ᠨᠡᠢ᠌ᠯᠡᠭᠦᠯᠵᠤ ᠪᠤᠳᠤᠪᠠᠯ 8000 ᠰᠢᠬᠠᠮ ᠭᠠᠵᠠᠷ ᠤᠰᠤ ᠵᠢᠨ ᠨᠠᠷᠠ ᠨᠡᠷᠡᠢ᠌ᠳᠦᠯ᠎ᠢ ᠪᠦᠷᠢᠳᠬᠡᠨ ᠪᠢᠴᠢᠭᠰᠡᠨ ᠪᠠᠢ᠌ᠨ᠎ᠠ᠃
ᠭᠤᠷᠪᠠ
ᠪᠤᠶᠠᠨᠮᠦ᠋ᠩᠭᠡ ᠨᠦᠬᠦᠷ ᠦᠪᠡᠷ ᠵᠶ᠋ᠠᠨ ᠦᠰᠦᠭ ᠴᠤᠬᠢᠵᠤ ᠴᠢᠲᠠᠬᠤ ᠦᠭᠡᠢ ᠪᠤᠯᠬᠤᠷ ᠪᠤᠢ ᠪᠦᠬᠦᠢ ᠰᠤᠷᠪᠤᠯᠵᠢᠯᠠᠭᠰᠠᠨ ᠮᠠᠲ᠋ᠧᠷᠢᠶᠠᠯ ᠲᠡᠮᠳᠡᠭᠯᠡᠭᠰᠡᠨ ᠵᠦᠢ᠍ᠯᠡᠰ᠎ᠨᠢ ᠪᠦᠷ ᠯᠡ ᠭᠠᠷ ᠪᠢᠴᠢᠮᠡᠯ ᠪᠠᠢ᠌ᠳᠠᠭ᠃ 130 ᠲᠦᠮᠡᠨ ᠦᠰᠦᠭ ᠪᠦᠬᠦᠢ ᠭᠤᠷᠪᠠᠨ ᠪᠤᠳᠢ ᠨᠤᠮ᠎ᠢ ᠭᠠᠷ ᠪᠢᠴᠢᠮᠡᠯ ᠵᠶ᠋ᠠᠷ ᠬᠡᠳᠦ ᠤᠳᠠᠭ᠎ᠠ ᠬᠠᠭᠤᠯᠵᠤ ᠲᠡᠮᠳᠡᠭᠯᠡᠨ᠎ᠡ ᠭᠡᠳᠡᠭ ᠬᠡᠴᠢᠨᠡᠭᠡᠨ ᠶᠡᠬᠡ ᠬᠦᠴᠦ ᠬᠦᠯᠦᠰᠦ ᠂ ᠬᠡᠴᠢᠨᠡᠬᠡᠨ ᠠᠷᠪᠢᠨ ᠴᠠᠭ ᠮᠦᠴᠡ ᠵᠠᠷᠤᠴᠠᠭᠤᠯᠤᠨ᠎ᠠ ᠭᠡᠳᠡᠭ᠎ᠢ ᠪᠤᠳᠤᠪᠠᠯ ᠪᠢᠰᠢᠷᠡᠯ ᠲᠦᠷᠦᠭᠲᠡᠨᠡ᠃ ᠵᠢᠷᠭᠤᠭ᠋ᠠᠨ ᠵᠢᠯ ᠢᠯᠡᠭᠦᠦ ᠵᠢᠨ ᠴᠠᠭ ᠬᠤᠭᠤᠴᠠᠭ᠎ᠠ᠂ ᠵᠢᠷᠭᠤᠭ᠋ᠠᠨ ᠵᠠᠭᠤ ᠭᠠᠷᠤᠢ ᠬᠦᠮᠦᠨ᠎ᠢ ᠰᠤᠷᠪᠤᠯᠵᠢᠯᠠᠭᠰᠠᠨ ᠲᠡᠮᠳᠡᠭᠯᠡᠯ᠂ ᠵᠢᠷᠠ ᠭᠠᠷᠤᠢ ᠲᠡᠮᠳᠡᠭᠯᠡᠯ᠎ᠤᠨ ᠲᠡᠪᠳᠡᠷ ᠪᠤᠯᠤᠨ ᠵᠢᠷᠠ ᠭᠠᠷᠤᠢ ᠰᠢᠨ᠎ᠠ ᠬᠠᠭᠤᠴᠢᠨ ᠭᠠᠵᠠᠷ᠎ᠤᠨ ᠵᠢᠷᠤᠭ᠂ ᠬᠤᠢ᠌ᠨ᠎ᠠ ᠡᠮᠤᠨ᠎ᠠ ᠵᠢᠷᠭᠤᠭ᠋ᠠᠨ ᠲᠦᠮᠡ ᠢᠯᠡᠭᠦᠦ ᠭᠠᠵᠠᠷ᠎ᠤᠨ ᠠᠶᠠᠯᠠᠯ ᠁ ᠡᠳᠡᠭᠡᠷ ᠵᠢᠯ᠎ᠤᠨ ᠲᠤᠷᠰᠢ 《ᠵᠠᠷᠤᠳ ᠨᠤᠳᠤᠭ᠎ᠤᠨ ᠠᠭᠤᠯᠠ ᠤᠰᠤ》 ᠵᠢᠨ ᠨᠡᠷᠡᠢ᠌ᠳᠦᠯ᠎ᠢ ᠲᠡᠮᠳᠡᠭᠯᠡᠨ ᠦᠯᠡᠳᠡᠭᠡᠬᠦ ᠵᠢᠨ ᠲᠦᠯᠦᠭᠡ ᠪᠤᠶᠠᠨᠮᠦ᠋ᠩᠭᠡ ᠨᠦᠬᠦᠷ ᠵᠠᠷᠤᠳ ᠨᠤᠳᠤᠭ᠎ᠤᠨ ᠠᠭᠤᠯᠠ ᠠᠭᠤᠯᠠᠨ᠎ᠤ ᠰᠤᠵᠠᠭᠢ ᠲᠤᠭᠤᠯᠵᠤ᠂ ᠤᠰᠤ ᠮᠦᠷᠡᠨ᠎ᠤ ᠤᠯᠤᠮᠢ ᠭᠡᠳᠦᠯᠵᠤ᠂ ᠤᠲᠤᠷ ᠲᠤᠪᠤ᠎ᠪᠠᠷ ᠰᠤᠷᠪᠤᠯᠵᠢᠯᠠᠨ ᠤᠯᠠᠨ ᠲᠦᠮᠡᠨ᠎ᠤ ᠲᠤᠮᠳᠠ ᠭᠦᠨᠵᠡᠭᠡᠢ᠌ᠷᠡᠵᠤ᠂ ᠮᠠᠰᠢᠨ ᠲᠡᠷᠭᠡ ᠤᠷᠤᠵᠤ ᠲᠡᠢ᠌ᠯᠬᠦ ᠦᠭᠡᠢ ᠭᠠᠵᠠᠷ ᠮᠤᠲ᠋ᠤᠷ ᠵᠶ᠋ᠠᠷ ᠵᠠᠮᠨᠠᠨ᠎ᠠ᠂ ᠮᠤᠲ᠋ᠤᠷ ᠶᠠᠪᠤᠵᠤ ᠲᠡᠢ᠌ᠯᠬᠦ ᠦᠭᠡᠢ ᠭᠠᠵᠠᠷ ᠶᠠᠪᠠᠭ᠋ᠠᠨ ᠵᠶ᠋ᠠᠷ ᠬᠦᠷᠦᠨ᠎ᠡ᠃ ᠲᠡᠭᠦᠨ᠎ᠤ ᠡᠨᠡ ᠬᠦ᠌ ᠦᠢ᠍ᠯᠡ ᠠᠵᠢᠯᠯᠠᠭ᠎ᠠ ᠵᠢ ᠨᠢ ᠨᠤᠳᠤᠭ᠎ᠤᠨ ᠪᠤᠭᠤᠷᠤᠯᠴᠤᠳ ᠰᠤᠨᠤᠰᠤᠭ᠋ᠠᠳ ᠰᠡᠳᠬᠢᠯ ᠬᠦᠲᠡᠯᠵᠤ᠂ ᠰᠤᠷᠪᠤᠯᠵᠢᠯᠠᠨ ᠲᠡᠮᠳᠡᠭᠯᠡᠬᠦ ᠠᠵᠢᠯ ᠳᠤᠨᠢ ᠮᠠᠰᠢ ᠲᠤᠰᠠ ᠲᠡᠮ ᠪᠤᠯᠤᠭᠰᠠᠨ ᠭᠡᠵᠦ ᠲᠡᠷᠡ ᠨᠠᠳᠠ᠎ᠳᠤ ᠶᠠᠷᠢᠵᠤ ᠪᠠᠢ᠌ᠭᠰᠠᠨ ᠶᠤᠮ᠃
ᠵᠠᠷᠤᠳ ᠨᠤᠳᠤᠭ᠎ᠤᠨ ᠠᠭᠤᠯᠠ ᠪᠤᠯᠭ᠋ᠠᠨ᠎ᠨᠢ ᠲᠤᠮᠤᠭ᠎ᠲᠠᠢ᠂ ᠤᠰᠤ ᠪᠤᠯᠭ᠋ᠠᠨ᠎ᠨᠢ ᠦᠯᠢᠭᠡᠷ᠎ᠲᠠᠢ᠂ ᠭᠤᠤᠯ ᠭᠤᠷᠤᠬ᠎ᠠ᠎ᠨᠢ ᠬᠤᠭᠤᠷ᠎ᠤᠨ ᠠᠶᠠᠰ ᠰᠢᠭ᠋ ᠵᠶ᠋ᠠᠷ ᠬᠠᠷᠬᠢᠯᠠᠨ᠂ ᠭᠤᠷᠭᠤᠤᠯᠳᠠᠢ ᠰᠢᠪᠠᠭᠤ᠎ᠨᠢ ᠦᠯᠢᠭᠡᠷ᠎ᠤᠨ ᠠᠶ᠎ᠠ ᠰᠢᠭ᠋ ᠵᠶ᠋ᠡᠷ ᠲᠤᠩᠭᠤᠳᠳᠠᠭ ᠃ ᠦᠨᠢᠷ ᠪᠠᠶᠠᠯᠢᠭ᠂ ᠦᠵᠡᠰᠭᠦᠯᠡᠩᠳᠤ ᠰᠠᠢ᠌ᠬᠠᠨ ᠵᠠᠷᠤᠳ ᠬᠤᠰᠢᠭᠤ ᠪᠤᠯ ᠬᠤᠷᠴᠢᠨ ᠨᠤᠳᠤᠭ᠎ᠤᠨ ᠬᠤᠢ᠌ᠳᠦ ᠬᠡᠰᠡᠭ᠎ᠲᠤ ᠰᠢᠭᠢᠳᠬᠡᠬᠡᠭᠰᠡᠨ ᠨᠢᠭᠡᠨ ᠭᠡᠷᠡᠯᠳᠤ ᠰᠤᠪᠤᠳ ᠪᠤᠯᠬᠤ ᠶᠤᠮ᠃ ᠬᠠᠲᠠᠨ ᠲᠡᠭᠡᠷ᠎ᠡ᠎ᠪᠠᠨ ᠪᠢᠴᠢᠭ᠎ᠲᠠᠢ᠂ ᠬᠠᠳᠠᠭ ᠲᠡᠭᠡᠷ᠎ᠡ᠎ᠪᠠᠨ ᠢᠷᠦᠬᠡᠯ᠎ᠲᠠᠢ ᠡᠨᠡ ᠨᠤᠳᠤᠭ 《ᠲᠤᠮᠳᠠᠳᠤ ᠤᠯᠤᠰ᠎ᠤᠨ ᠲᠠᠭᠤᠷᠢᠯᠢᠭ᠎ᠤᠨ ᠨᠤᠳᠤᠭ》 《ᠲᠤᠮᠳᠠᠳᠤ ᠤᠯᠤᠰ᠎ᠤᠨ ᠠᠷᠠᠳ᠎ᠤᠨ ᠤᠷᠠᠯᠢᠭ᠎ᠤᠨ ᠨᠤᠳᠤᠭ》 《ᠲᠤᠮᠳᠠᠳᠤ ᠤᠯᠤᠰ᠎ᠤᠨ ᠦᠨᠳᠦᠰᠦᠲᠡᠨ᠎ᠤ᠎ᠪᠠᠷ ᠵᠢᠷᠤᠭ᠎ᠤᠨ ᠨᠤᠳᠤᠭ》 ᠪᠤᠯᠬᠤ ᠶᠤᠮ᠃ ᠬᠠᠷᠠᠭ᠎ᠠ ᠮᠣᠬᠤᠭ᠋ᠠᠮᠠ ᠨᠤᠭᠤᠭ᠋ᠠᠨ ᠲᠠᠯ᠎ᠠ ᠵᠢᠨ ᠲᠤᠮᠳᠠᠭᠤᠷ᠂ ᠪᠠᠷ᠎ᠠ ᠲᠠᠰᠤᠷᠠᠮᠠ ᠠᠭᠲᠠ ᠬᠦᠯᠦᠭ ᠴᠠᠬᠢᠯᠠᠭᠰᠠᠨ ᠰᠠᠷᠠᠭᠤᠯ ᠰᠠᠢ᠌ᠬᠠᠨ ᠬᠠᠩᠭ᠋ᠠᠢ ᠲᠠᠯ᠎ᠠ ᠨᠤᠳᠤᠭ᠎ᠲᠤ ᠰᠢᠨ᠎ᠠ ᠴᠢᠯᠠᠭᠤᠨ ᠵᠡᠪᠰᠡᠭ᠎ᠤᠨ ᠦᠶ᠎ᠡ ᠵᠢᠨ 《ᠬᠤᠩ ᠱᠠᠨ᠎ᠤ ᠰᠤᠶᠤᠯ》 ᠪᠠ 《ᠫᠦ᠋ ᠾᠧ ᠵᠢᠨ ᠰᠤᠶᠤᠯ》᠎ᠤᠨ ᠦᠯᠡᠳᠡᠭᠲᠡᠯ᠂ ᠡᠮᠤᠨ᠎ᠡ ᠪᠤᠯᠠᠭᠳᠤ ᠵᠢᠨ ᠡᠷᠲᠡᠨ᠎ᠤ ᠪᠠᠭᠤᠷᠢ᠂ ᠪᠠᠢ᠌ᠯᠳᠤᠭ᠋ᠠᠨ᠎ᠳᠤ ᠤᠯᠤᠰ᠎ᠤᠨ ᠦᠶ᠎ᠡ ᠵᠢᠨ ᠴᠢᠯᠠᠭᠤᠨ ᠵᠡᠪᠰᠡᠭ᠂ ᠠᠯᠲᠠᠨ ᠤᠯᠤᠰ᠎ᠤᠨ ᠦᠶ᠎ᠡ ᠵᠢᠨ ᠪᠤᠷᠤ ᠬᠡᠷᠡᠮ᠂ ᠯᠢᠶᠤᠤ ᠵᠢᠨ ᠪᠤᠩᠬᠤᠨ᠂ ᠮᠢᠩ ᠴᠢᠩ᠎ᠤᠨ ᠦᠶ᠎ᠡ ᠵᠢᠨ ᠰᠦᠮ᠎ᠡ ᠬᠡᠢ᠌ᠳ ᠪᠠ ᠤᠯᠠᠭ᠋ᠠᠨᠬᠠᠳᠠ ᠵᠢᠨ ᠠᠭᠤᠢ ᠳ᠋ᠦᠩ᠂ ᠬᠠᠨ ᠠᠭᠤᠯᠠ ᠵᠢᠨ ᠭᠠᠪᠤᠷ᠎ᠤᠨ ᠷᠠᠰᠢᠶᠠᠨ᠂ ᠭᠠᠬᠠᠢ᠌ᠳᠤ ᠵᠢᠨ ᠠᠯᠲᠠᠨ ᠰᠢᠷᠭᠤᠭᠤᠯ᠂ ᠭᠡᠷᠴᠢᠯᠠᠭᠤ ᠵᠢᠨ ᠦᠯᠵᠡᠢ᠌ᠳᠤ ᠤᠷᠤᠨ ᠠᠭᠤᠯᠠ ᠁ ᠮᠡᠳᠦ ᠵᠢᠨ ᠪᠠᠢ᠌ᠭ᠋ᠠᠯᠢ ᠵᠢᠨ ᠦᠵᠡᠮᠵᠢᠳᠤ ᠤᠷᠤᠨ ᠪᠠ ᠰᠤᠶᠤᠯ᠎ᠤᠨ ᠦᠨᠡᠳᠦ ᠦᠯᠡᠲᠡᠭᠳᠡᠯ ᠲᠠᠨ᠎ᠠ ᠰᠤᠪᠤᠳ ᠰᠢᠭ᠋ ᠬᠢᠯᠠᠯᠵᠠᠨ᠂ ᠬᠤᠷᠸ᠎ᠠ ᠵᠢᠨ ᠬᠦᠮᠦᠨ ᠵᠤᠨ᠎ᠤ ᠬᠠᠢ᠌ᠷ᠎ᠠ ᠪᠠᠬᠠᠷᠬᠠᠯ᠎ᠢ ᠰᠤᠷᠢᠨᠵᠢᠨ ᠮᠡᠳᠦ ᠲᠠᠲᠠᠵᠤ ᠪᠠᠢ᠌ᠳᠠᠭ ᠰᠠᠨ᠃ ᠡᠨᠡ ᠰᠠᠢ᠌ᠬᠠᠨ ᠨᠤᠳᠤᠭ᠎ᠤᠨ ᠵᠶ᠋ᠠᠨ ᠠᠭᠤᠯᠠ ᠤᠰᠤᠨ᠎ᠤ ᠨᠡᠷᠡᠢ᠌ᠳᠦᠯ᠎ᠢ ᠲᠡᠮᠳᠡᠭᠯᠡᠨ ᠬᠤᠵᠢᠮ᠎ᠤᠨ ᠬᠦᠮᠦᠰ᠎ᠲᠤ ᠰᠤᠶᠤᠯ᠎ᠤᠨ ᠦᠪ ᠪᠤᠯᠭ᠋ᠠᠨ ᠦᠯᠡᠳᠡᠬᠦ ᠭᠡᠭᠴᠢ ᠶᠠᠭᠤᠳᠠᠢ ᠡᠷᠬᠢᠮ ᠵᠢᠳᠬᠦᠯ ᠠᠵᠢ᠃
ᠨᠤᠳᠤᠭ ᠤᠰᠤᠨ᠎ᠤ ᠨᠡᠷᠡᠢ᠌ᠳᠦᠯ᠎ᠳᠤ ᠮᠠᠰᠢ ᠶᠡᠬᠡ ᠰᠤᠶᠤᠯ᠎ᠤᠨ ᠠᠭᠤᠯᠬᠤᠨ᠎ᠲᠠᠢ ᠪᠠᠢ᠌ᠳᠠᠭ᠃ ᠬᠢᠲᠠᠳ᠂ ᠮᠤᠩᠭᠤᠯ᠂ ᠬᠤᠳᠤᠩ ᠵᠡᠷᠭᠡ ᠠᠷᠪᠠᠨ ᠭᠤᠷᠪᠠᠨ ᠦᠨᠳᠦᠰᠦᠲᠡᠨ ᠬᠤᠯᠢᠯᠳᠤᠨ ᠰᠠᠭᠤᠷᠢᠰᠢᠭᠰᠠᠨ ᠡᠨᠡ ᠨᠤᠳᠤᠭ᠎ᠲᠤ ᠠᠭᠤᠯᠠ ᠤᠰᠤ᠎ᠨᠢ ᠲᠡᠦᠬᠡ ᠵᠢᠨ ᠤᠷᠳᠤ ᠤᠳᠠᠭ᠋ᠠᠨ ᠬᠤᠪᠢᠷᠠᠯᠳᠠ ᠵᠢ ᠲᠠᠭ᠋ᠠᠭ᠋ᠠᠳ ᠦᠪᠡᠷ᠎ᠤᠨ ᠭᠡᠰᠡᠨ ᠤᠨᠴᠠᠯᠢᠭ ᠪᠦᠬᠦᠢ ᠨᠡᠷᠡᠢ᠌ᠳᠦᠯ᠎ᠲᠠᠢ ᠪᠤᠯᠤᠭᠰᠠᠨ ᠮᠦᠷᠲᠡᠭᠡᠨ ᠭᠤᠶᠤ ᠰᠠᠢ᠌ᠬᠠᠨ ᠦᠨᠳᠦᠰᠦᠲᠡᠨ᠎ᠤ ᠪᠦᠯᠬᠦᠮᠲᠡᠯ᠎ᠤᠨ ᠦᠯᠢᠭᠡᠷ ᠲᠡᠦᠬᠡ ᠵᠢ ᠬᠠᠳᠠᠭ᠋ᠠᠯᠠᠵᠤ᠂ ᠲᠤᠮᠳᠠᠳᠤ ᠵᠢᠨ ᠦᠨᠳᠦᠰᠦᠲᠡᠨ᠎ᠤ ᠬᠠᠮᠳᠤ ᠴᠤᠭᠴᠠ ᠵᠢᠨ ᠤᠬᠠᠮᠰᠠᠷ᠎ᠢ ᠪᠠᠳᠤᠭᠬᠠᠬᠤᠳᠤ ᠮᠠᠰᠢ ᠰᠠᠢ᠌ᠨ ᠦᠢ᠍ᠯᠡᠳᠦᠯ᠎ᠲᠠᠢ ᠪᠠᠢ᠌ᠳᠠᠭ᠃ ᠵᠢᠱ᠌ᠢᠶᠡᠯᠡᠪᠡᠯ᠂ ᠵᠢᠷᠦᠭᠡ ᠪᠠᠯᠭ᠋ᠠᠰᠤᠨ᠎ᠤ ᠵᠢᠷᠦᠬᠡ ᠠᠭᠤᠯᠠ ᠤᠳᠤ ᠬᠤᠪᠢᠰᠬᠠᠯᠳᠤ ᠬᠦᠮᠦᠵᠢᠯ᠎ᠤᠨ ᠰᠠᠭᠤᠷᠢᠨ ᠭᠠᠵᠠᠷ ᠪᠤᠯᠵᠤ᠂ ᠪᠠᠶᠠᠨᠲᠠᠯ᠎ᠠ ᠰᠤᠮᠤ ᠵᠢᠨ ᠹᠸᠩ ᠬᠤᠸᠠᠩ ᠱᠠᠨ ᠠᠭᠤᠯᠠ (ᠭᠠᠷᠤᠳᠢ ᠵᠢᠨ ᠠᠭᠤᠯᠠ) ᠶᠠᠫᠤᠨ᠎ᠢ ᠡᠰᠡᠷᠭᠦᠴᠡᠬᠦ ᠲᠠᠢ᠌ᠨ᠎ᠳᠤ ᠡᠷᠡᠯᠭᠡᠭᠯᠡᠨ ᠪᠠᠢ᠌ᠯᠳᠤᠭᠰᠠᠨ ᠰᠡᠴᠡᠨᠴᠤᠭᠳᠤ ᠵᠡᠷᠬᠡ 18 ᠦᠷᠡᠭᠳᠡᠭᠰᠡᠨ ᠪᠠᠭ᠋ᠠᠳᠤᠷᠴᠤᠳ᠎ᠤᠨ ᠦᠯᠢᠭᠡᠷ ᠲᠡᠦᠭᠡ ᠵᠢ ᠬᠠᠢ᠌ᠯᠠᠵᠤ᠂ ᠯᠦᠪᠧᠢ ᠪᠠᠯᠭ᠋ᠠᠰᠤᠨ᠎ᠤ ᠫᠤᠤ᠎ᠲᠠᠢ ᠱᠠᠨ ᠠᠭᠤᠯᠠ ᠴᠢᠯᠦᠭᠡᠯᠡᠬᠦ ᠲᠠᠢ᠌ᠨ᠎ᠳᠤ ᠦᠷᠡᠭᠳᠡᠭᠰᠡᠨ ᠪᠠᠭ᠋ᠠᠳᠤᠷᠴᠤᠳ᠎ᠤᠨ ᠬᠦᠰᠢᠶ᠎ᠡ ᠵᠢ ᠡᠯᠢᠭᠡᠨ᠎ᠳᠤ᠎ᠪᠠᠨ ᠪᠦᠪᠠᠢ᠌ᠯᠠᠵᠤ ᠪᠠᠢ᠌ᠳᠠᠭ ᠡ᠃
《ᠵᠠᠷᠤᠳ ᠨᠤᠳᠤᠭ᠎ᠤᠨ ᠠᠭᠤᠯᠠ ᠤᠰᠤ》 ᠨᠤᠮ᠎ᠳᠤ ᠵᠠᠷᠤᠳ ᠨᠤᠳᠤᠭ᠎ᠤᠨ ᠠᠭᠤᠯᠠ ᠤᠰᠤ᠂ ᠲᠠᠪᠠᠭ᠎ᠠ ᠬᠦᠲᠦᠯ᠂ ᠲᠠᠯ᠎ᠠ ᠵᠢᠯᠠᠭ᠎ᠠ᠂ ᠮᠠᠩᠬ᠎ᠠ ᠵᠤ ᠵᠢ ᠭᠠᠭᠴᠠ ᠬᠦ᠌ ᠪᠠᠢ᠌ᠷᠢᠰᠢᠯ ᠂ ᠦᠨᠳᠤᠷᠴᠡ᠂ ᠤᠨᠴᠠᠯᠢᠭ ᠰᠢᠨᠵᠢ ᠵᠡᠷᠭᠡ ᠭᠠᠵᠠᠷ ᠵᠦᠢ ᠵᠢᠨ ᠲᠠᠯ᠎ᠠ᠎ᠠᠴᠠ ᠲᠡᠮᠳᠡᠭᠯᠡᠭᠡᠳ ᠯᠡ ᠵᠤᠭᠰᠤᠭᠰᠠᠨ ᠦᠭᠡᠢ ᠬᠠᠷᠢᠨ ᠲᠡᠭᠦᠨ᠎ᠤ ᠲᠡᠦᠬᠡ ᠢᠷᠡᠯᠲᠡ᠂ ᠦᠯᠢᠭᠡᠷ ᠲᠤᠮᠤᠭ᠂ ᠬᠠᠭᠤᠴᠢ ᠶᠠᠷᠢᠶ᠎ᠡ ᠵᠡᠷᠭᠡ ᠵᠢ ᠴᠢᠲᠠᠬᠤ ᠵᠢᠨ ᠬᠢᠷᠢ᠎ᠪᠠᠷ ᠲᠡᠮᠳᠡᠭᠯᠡᠨ ᠦᠯᠡᠳᠡᠭᠡᠭᠰᠡᠨ᠎ᠨᠢ ᠲᠤᠰ ᠨᠤᠮ᠎ᠤᠨ ᠤᠷᠠᠯᠢᠭ ᠰᠤᠨᠢᠷᠬᠠᠮᠵᠢ ᠵᠢᠨ ᠦᠨ᠎ᠡ ᠦᠷᠲᠡᠭ᠎ᠢ ᠲᠡᠭᠡᠭᠰᠢᠯᠡᠭᠦᠯᠵᠡᠢ᠃ ᠨᠤᠳᠤᠭ ᠤᠰᠤᠨ᠎ᠤ ᠨᠡᠷᠡᠢ᠌ᠳᠦᠯ ᠪᠤᠯ ᠨᠢᠭᠡ ᠲᠡᠦᠬᠡ ᠶᠤᠮ᠂ ᠦᠷ᠎ᠡ ᠬᠤᠢ᠌ᠴᠢᠰ ᠲᠤ᠎ᠪᠠᠨ ᠦᠪᠯᠡᠨ ᠤᠯᠠᠮᠵᠢᠯᠠᠬᠤ ᠤᠶᠤᠨ᠎ᠤ ᠲᠦᠯᠬᠢᠭᠦᠷ ᠶᠤᠮ᠃ ᠡᠨᠡ ᠲᠠᠯ᠎ᠠ᠎ᠠᠴᠠ ᠪᠤᠳᠤᠪᠠᠯ ᠲᠤᠰ ᠨᠤᠮ ᠲᠡᠦᠭᠡ ᠵᠢᠨ ᠦᠨ᠎ᠡ ᠦᠷᠲᠡᠭ᠎ᠲᠠᠢ ᠨᠠᠳᠠ᠎ᠳᠤ ᠰᠠᠨᠠᠭᠳᠠᠵᠤ ᠪᠠᠢ᠌ᠨ᠎ᠠ᠃ 《ᠨᠤᠮ ᠪᠤᠯ ᠱᠠᠳᠤ᠂ ᠨᠤᠮ ᠪᠤᠯ ᠲᠤᠯᠢ》 ᠭᠡᠵᠤ ᠮᠡᠷᠭᠡᠳ᠎ᠤᠨ ᠦᠬᠡᠨ᠎ᠳᠤ ᠪᠠᠢ᠌ᠳᠠᠭ᠃ 《ᠨᠤᠮ᠎ᠢ ᠬᠠᠳᠠᠭ ᠵᠶ᠋ᠠᠷ ᠪᠠᠭᠯᠠᠵᠤ᠂ ᠬᠡᠦᠬᠡᠳ ᠵᠶ᠋ᠠᠨ ᠲᠠᠪᠤᠤ᠎ᠪᠠᠷ ᠪᠠᠭᠯᠠᠳᠠᠭ》 ᠪᠢᠲᠡᠨ᠎ᠳᠤ ᠪᠤᠯ ᠨᠤᠮ ᠪᠤᠯ ᠤᠯᠳᠠᠰᠢ ᠦᠭᠡᠢ ᠡᠷᠳᠡᠨᠢ᠂ ᠦᠨᠡᠯᠡᠰᠢ ᠦᠭᠡᠢ ᠰᠤᠪᠤᠳ ᠪᠤᠯᠬᠤ ᠶᠤᠮ᠃ ᠡᠨᠡ ᠤᠳᠬ᠎ᠠ᠎ᠠᠴᠠ ᠦᠵᠡᠪᠡᠯ ᠲᠤᠰ ᠨᠤᠮ ᠪᠤᠯ ᠲᠤᠩ ᠶᠡᠬᠡ ᠬᠠᠳᠠᠭ᠋ᠠᠯᠠᠮᠵᠢ ᠵᠢᠨ ᠦᠨ᠎ᠡ ᠦᠷᠲᠡᠭ᠎ᠲᠠᠢ ᠰᠠᠨ᠃
ᠲᠦᠷᠪᠡ
ᠰᠢ ᠵᠢᠨ ᠫᠢᠩ ᠶᠡᠷᠦᠩᠬᠡᠢ ᠱᠦᠵᠢ ᠄ 《 ᠲᠡᠭᠡᠳᠦ ᠬᠡᠮᠵᠢᠶᠡᠨ᠎ᠤ ᠰᠤᠶᠤᠯ᠎ᠤᠨ ᠢᠲᠡᠭᠡᠯ ᠦᠭᠡᠢ ᠪᠤᠯ ᠰᠤᠶᠤᠯ᠎ᠤᠨ ᠴᠡᠴᠡᠭᠯᠡᠯ ᠬᠦᠭᠵᠢᠯ ᠪᠠᠢ᠌ᠬᠤ ᠦᠭᠡᠢ᠂ ᠲᠤᠮᠳᠠᠳᠤ ᠵᠢᠨ ᠦᠨᠳᠦᠰᠦᠲᠡᠨ᠎ᠤ ᠠᠭᠤᠤ ᠶᠡᠬᠡ ᠰᠡᠷᠭᠦᠨ ᠮᠠᠨᠳᠤᠯᠲᠠ ᠪᠠᠢ᠌ᠬᠤ ᠦᠭᠡᠢ》 ᠭᠡᠵᠤ ᠵᠢᠭ᠋ᠠᠪᠤᠷᠢᠯᠠᠭᠰᠠᠨ ᠶᠤᠮ᠃ ᠡᠭᠦᠨ᠎ᠲᠠᠢ ᠠᠳᠠᠯᠢ᠎ᠪᠠᠷ ᠨᠤᠳᠤᠭ ᠤᠰᠤᠨ᠎ᠤ ᠰᠤᠶᠤᠯ᠎ᠤᠨ ᠲᠤᠬᠠᠢ ᠲᠡᠭᠡᠳᠦ ᠬᠡᠮᠵᠢᠶᠡᠨ᠎ᠤ ᠢᠲᠡᠭᠡᠯ ᠪᠠ ᠤᠬᠠᠮᠰᠠᠷ ᠪᠠᠢ᠌ᠬᠤ ᠦᠭᠡᠢ ᠪᠤᠯ ᠬᠦᠲᠡᠭᠡ ᠲᠤᠰᠬᠤᠨ᠎ᠤ ᠬᠦᠭᠵᠢᠯ ᠮᠠᠨᠳᠤᠯ ᠪᠠᠢ᠌ᠵᠤ ᠴᠢᠲᠠᠬᠤ ᠦᠭᠡᠢ᠂ ᠬᠦᠲᠡᠬᠡ ᠲᠤᠰᠬᠤᠨ᠎ᠢ ᠪᠦᠬᠦ ᠲᠠᠯ᠎ᠠ᠎ᠪᠠᠷ ᠬᠦᠭᠵᠢᠭᠦᠯᠦᠨ ᠮᠠᠨᠳᠤᠭᠤᠯᠬᠤ ᠬᠠᠷᠠᠯᠲᠠ ᠵᠢ ᠦᠨᠡᠨ ᠬᠦ᠌ ᠪᠡᠶᠡᠯᠡᠬᠦᠯᠬᠦ᠎ᠳᠤ ᠪᠡᠷᠬᠡ ᠶᠤᠮ᠃ ᠬᠦᠲᠡᠭᠡ ᠲᠤᠰᠬᠤᠨ᠎ᠤ ᠰᠤᠶᠤᠯ ᠦᠨᠢ ᠤᠳᠠᠭ᠋ᠠᠨ ᠦᠦᠬᠡ ᠲᠡᠦᠭᠡ᠎ᠲᠠᠢ᠂ ᠠᠷᠠᠳ᠎ᠤᠨ ᠲᠤᠮᠤᠭ ᠶᠠᠷᠢᠶ᠎ᠡ᠂ ᠲᠤᠰᠬᠤᠨ᠎ᠤ ᠲᠦᠷᠢᠮ ᠠᠷᠠᠳ᠎ᠤᠨ ᠭᠡᠷ᠎ᠡ᠂ ᠤᠯᠠᠮᠵᠢᠯᠠᠯᠳᠤ ᠰᠢᠯᠢᠲᠡᠭ ᠵᠠᠩ ᠲᠠᠳᠬᠠᠯ᠂ ᠪᠠᠶᠠᠷ ᠲᠤᠷᠠᠰᠬᠠᠯ᠎ᠤᠨ ᠠᠵᠢᠯᠯᠠᠭ᠎ᠠ᠂ ᠠᠭᠤᠯᠠ ᠤᠰᠤᠨ᠎ᠤ ᠨᠡᠷᠡᠢ᠌ᠳᠳᠦᠯ᠂ ᠭᠠᠷ ᠤᠷᠠᠯᠠᠯ ᠁ ᠵᠡᠷᠭᠡ᠎ᠨᠢ ᠬᠦᠲᠡᠭᠡ ᠲᠤᠰᠬᠤᠨ᠎ᠤ ᠰᠤᠶᠤᠯ᠎ᠤᠨ ᠪᠠᠶᠠᠯᠢᠭ ᠠᠭᠤᠯᠬᠤᠨ᠎ᠢ ᠪᠤᠢ ᠪᠤᠯᠭ᠋ᠠᠭᠰᠠᠨ ᠶᠤᠮ᠃ ᠬᠦᠲᠡᠭᠡ ᠲᠤᠰᠬᠤᠨ᠎ᠢ ᠬᠦᠭᠵᠢᠭᠦᠯᠦᠨ ᠮᠠᠨᠳᠤᠭᠤᠯᠬᠤ ᠵᠢ ᠪᠦᠬᠦ ᠲᠠᠯ᠎ᠠ᠎ᠪᠠᠷ ᠠᠬᠢᠭᠤᠯᠬᠤ ᠶᠠᠪᠤᠴᠠ᠎ᠳᠤ᠂ ᠬᠦᠲᠡᠭᠡ ᠲᠤᠰᠬᠤᠨ᠎ᠤ ᠰᠤᠶᠤᠯ᠎ᠢ ᠤᠯᠠᠮᠵᠢᠯᠠᠨ ᠬᠦᠭᠵᠢᠬᠦᠯᠵᠤ᠂ ᠦᠨᠢ ᠤᠳᠠᠭ᠋ᠠᠨ ᠬᠦᠲᠡᠭᠡ ᠲᠤᠰᠬᠤᠨ᠎ᠤ ᠰᠤᠶᠤᠯ᠎ᠢ ᠰᠢᠨ᠎ᠠ ᠴᠠᠭ ᠦᠶ᠎ᠡ᠎ᠳᠤ ᠬᠢᠵᠠᠭ᠋ᠠᠯᠠᠰᠢ ᠦᠭᠡᠢ ᠲᠠᠳᠠᠬᠤ ᠬᠦᠴᠦᠨ ᠪᠠ ᠴᠤᠭ ᠵᠢᠪᠬᠤᠭ᠎ᠠ᠎ᠲᠠᠢ ᠪᠤᠯᠭ᠋ᠠᠵᠤ᠂ ᠬᠦᠲᠡᠭᠡ ᠲᠤᠰᠬᠤᠨ᠎ᠢ ᠪᠦᠬᠦ ᠲᠠᠯ᠎ᠠ᠎ᠪᠠᠷ ᠬᠦᠭᠵᠢᠭᠦᠯᠦᠨ ᠮᠠᠨᠳᠤᠭᠤᠯᠬᠤ᠎ᠳᠤ ᠡᠯᠪᠡᠭ ᠪᠠᠶᠠᠯᠢᠭ ᠰᠤᠶᠤᠯ᠎ᠤᠨ ᠰᠢᠮ᠎ᠠ ᠲᠡᠵᠢᠭᠡᠯ ᠬᠠᠩᠭ᠋ᠠᠬᠤ ᠬᠡᠷᠡᠭᠲᠡᠢ᠃ 《ᠨᠢᠭᠡ ᠭᠠᠵᠠᠷ᠎ᠤᠨ ᠪᠦᠷᠢᠨ ᠲᠡᠦᠬᠡ》 《ᠨᠢᠭᠡ ᠭᠠᠵᠠᠷ᠎ᠤᠨ ᠨᠡᠪᠲᠡᠷᠭᠡᠢ ᠲᠤᠯᠢ》 ᠪᠤᠯᠤᠭᠰᠠᠨ ᠨᠤᠳᠤᠭ ᠤᠰᠤᠨ᠎ᠤ ᠨᠡᠷᠡᠢ᠌ᠳᠦᠯ᠎ᠨᠢ ᠬᠦᠲᠡᠭᠡ ᠲᠤᠰᠬᠤᠨ᠎ᠤ ᠰᠤᠶᠤᠯ᠎ᠢ ᠲᠡᠮᠳᠡᠭᠯᠡᠬᠦ᠂ ᠰᠤᠶᠤᠯ᠎ᠤᠨ ᠦᠨᠳᠤᠰᠤ ᠰᠤᠷᠪᠤᠯᠵᠢ ᠵᠢ ᠦᠯᠡᠳᠡᠭᠡᠬᠦ᠂ ᠲᠡᠦᠬᠡ ᠵᠢᠨ ᠪᠤᠯᠪᠠᠰᠤᠨ᠎ᠢ ᠤᠯᠠᠮᠵᠢᠯᠠᠬᠤ ᠵᠡᠷᠭᠡ ᠲᠠᠯ᠎ᠠ᠎ᠪᠠᠷ ᠪᠤᠰᠤᠳ ᠨᠤᠮ ᠪᠢᠴᠢᠭ ᠵᠶ᠋ᠠᠷ ᠤᠷᠤᠯᠠᠭᠤᠯᠵᠤ ᠲᠡᠢ᠌ᠯᠬᠦ ᠦᠭᠡᠢ ᠴᠢᠬᠤᠯᠠ ᠦᠢ᠍ᠯᠡᠳᠦᠯ᠎ᠲᠠᠢ ᠶᠤᠮ᠃
ᠠᠭᠤᠯᠠ ᠤᠰᠤᠨ᠎ᠤ ᠨᠠᠷᠠ᠂ ᠨᠤᠳᠤᠭ ᠤᠰᠤᠨ᠎ᠤ ᠲᠡᠦᠬᠡ ᠵᠡᠷᠭᠡ ᠨᠤᠮ ᠪᠢᠴᠢᠭ᠎ᠨᠢ ᠨᠤᠳᠤᠭ ᠤᠰᠤᠨ᠎ᠤ ᠠᠭᠤᠷ ᠠᠮᠢᠰᠬᠤᠯ ᠵᠶ᠋ᠠᠷ ᠵᠤᠵᠠᠭ᠋ᠠᠨ᠂ ᠰᠤᠶᠤᠯ᠎ᠤᠨ ᠠᠭᠤᠯᠬᠤᠨ ᠵᠶ᠋ᠠᠷ ᠭᠦᠨ᠂ ᠠᠭᠤᠯᠭ᠎ᠠ᠎ᠨᠢ ᠪᠦᠬᠦ ᠲᠠᠯ᠎ᠠ ᠵᠢ ᠬᠠᠮᠤᠷᠴᠤ ᠨᠠᠷᠢᠨ ᠪᠤᠳᠠᠳᠠᠢ ᠪᠤᠯᠬᠤᠷ᠂ ᠬᠦᠲᠡᠭᠡ ᠲᠤᠰᠬᠤᠨ᠎ᠤ ᠵᠠᠰᠠᠯᠲᠠ ᠵᠢᠨ ᠰᠢᠰᠲ᠋ᠧᠮ᠎ᠢ ᠲᠡᠭᠦᠯᠲᠡᠷᠵᠢᠭᠦᠯᠬᠦ᠂ ᠬᠦᠲᠡᠭᠡ ᠲᠤᠰᠬᠤᠨ᠎ᠤ ᠵᠠᠰᠠᠯᠲᠠ ᠵᠢᠨ ᠴᠢᠲᠠᠪᠤᠷᠢ ᠵᠢ ᠲᠡᠭᠡᠭᠰᠢᠯᠡᠬᠦᠯᠬᠦ᠎ᠳᠤ ᠤᠨᠤᠪᠴᠢᠲᠠᠢ ᠮᠠᠲ᠋ᠧᠷᠢᠶᠠᠯ ᠮᠡᠳᠡᠭᠡ ᠵᠠᠩᠭᠢ ᠪᠤᠯᠤᠨ ᠠᠰᠢᠭᠲᠠᠢ ᠲᠡᠦᠭᠡ ᠵᠢᠨ ᠲᠤᠯᠢᠯᠠᠯ ᠬᠠᠩᠭ᠋ᠠᠵᠤ ᠪᠤᠯᠤᠨ᠎ᠠ᠃ ᠪᠢᠲᠡ ᠨᠤᠳᠤᠭ ᠤᠰᠤᠨ᠎ᠤ ᠲᠡᠦᠬᠡ ᠴᠠᠳᠢᠭ᠎ᠢ ᠡᠮᠬᠢᠳᠬᠡᠨ ᠨᠠᠢ᠌ᠷᠠᠭᠤᠯᠬᠤ ᠳᠤ᠎ᠪᠠᠨ ᠰᠢ ᠵᠢᠨ ᠫᠢᠩ ᠶᠡᠷᠦᠩᠭᠡᠢ ᠱᠦᠵᠢ ᠵᠢᠨ ᠲᠡᠦᠭᠡ ᠦᠢ᠍ᠯᠠᠯᠭᠠ ᠵᠢᠨ ᠠᠵᠢᠯ᠎ᠤᠨ ᠲᠤᠬᠠᠢ ᠴᠢᠬᠤᠯᠡ ᠵᠢᠭ᠋ᠠᠪᠤᠷᠢ ᠵᠢ ᠬᠢᠨᠠᠮᠠᠭ᠋ᠠᠢ ᠲᠤᠭᠤᠰᠢᠯᠠᠭᠤᠯᠤᠨ ᠨᠠᠢ᠌ᠳᠠᠪᠤᠷᠢᠵᠢᠭᠤᠯᠵᠤ᠂ ᠲᠡᠦᠬᠡ ᠦᠢ᠍ᠯᠠᠯᠭᠠ ᠵᠢᠨ ᠨᠤᠮ ᠪᠢᠴᠢᠭ᠎ᠲᠤ ᠬᠠᠳᠠᠭ᠋ᠠᠯᠠᠭᠲᠠᠵᠤ ᠪᠠᠢ᠌ᠭ᠎ᠠ ᠯᠤᠳᠤ ᠶᠡᠬᠡ ᠡᠬᠢ ᠪᠠᠶᠠᠯᠢᠭ᠎ᠤᠨ ᠲᠠᠪᠠᠭᠤᠯᠢᠭ᠎ᠢ ᠬᠦᠢ᠍ᠴᠡᠳ ᠪᠠᠳᠠᠷᠠᠭᠤᠯᠵᠤ᠂ ᠲᠡᠭᠦᠨ᠎ᠤ ᠲᠤᠳᠤᠷᠠᠬᠢ ᠡᠷᠬᠢᠮ ᠨᠠᠨᠳᠢᠨ ᠲᠡᠦᠬᠡ ᠵᠢᠨ ᠤᠶᠤᠨ ᠤᠬᠠᠭ᠋ᠠᠨ᠎ᠢ ᠬᠦᠨᠵᠡᠬᠡᠢ ᠠᠭᠤᠳᠠᠯᠵᠤ᠂ ᠲᠡᠦᠬᠡ ᠵᠢᠨ ᠲᠤᠷᠰᠢᠯᠭ᠎ᠠ ᠪᠤᠯᠤᠨ ᠤᠶᠤᠨ ᠤᠬᠠᠭ᠋ᠠᠨ᠎ᠪᠠᠷ ᠬᠦᠲᠡᠭᠡ ᠲᠤᠰᠬᠤᠨ᠎ᠤ ᠵᠠᠰᠠᠯᠲᠠ ᠵᠢᠨ ᠲᠦᠷᠢᠮ᠎ᠢ ᠲᠠᠰᠤᠷᠠᠯᠲᠠ ᠦᠭᠡᠢ ᠲᠡᠭᠦᠯᠲᠡᠷᠵᠢᠭᠦᠯᠵᠤ᠂ ᠬᠠᠮᠲᠤ᠎ᠪᠠᠷ ᠪᠠᠢ᠌ᠭᠤᠯᠬᠤ᠂ ᠬᠠᠮᠲᠤ᠎ᠪᠠᠷ ᠵᠠᠰᠠᠬᠤ᠂ ᠬᠠᠮᠲᠤ᠎ᠪᠠᠷ ᠡᠳ᠋ᠯᠡᠬᠦ ᠬᠦᠲᠡᠭᠡ ᠲᠤᠰᠬᠤᠨ᠎ᠤ ᠵᠠᠰᠠᠯᠲᠠ ᠵᠢᠨ ᠰᠢᠰᠲ᠋ᠧᠮ᠎ᠢ ᠪᠦᠷᠢᠨᠰᠢᠭᠦᠯᠵᠤ᠂ ᠬᠦᠲᠡᠭᠡ ᠲᠤᠰᠬᠤᠨ᠎ᠤ ᠪᠦᠬᠦ ᠲᠠᠯ᠎ᠠ ᠵᠢᠨ ᠬᠦᠭᠵᠢᠯ ᠮᠠᠨᠳᠤᠯ᠎ᠢ ᠠᠬᠢᠭᠤᠯᠬᠤ ᠬᠡᠷᠡᠭᠲᠡᠢ᠃
ᠪᠤᠶᠠᠨᠮᠦ᠋ᠩᠭᠡ ᠬᠢᠭᠡᠳ ᠲᠡᠭᠦᠨ᠎ᠤ 《 ᠵᠠᠷᠤᠳ ᠨᠤᠳᠤᠭ᠎ᠤᠨ ᠠᠭᠤᠯᠠ ᠤᠰᠤ 》 ᠪᠤᠯ ᠨᠢᠭᠡ ᠢᠵᠢ ᠴᠢᠨᠠᠷ ᠰᠠᠢ᠌ᠲᠠᠢ ᠨᠤᠮ ᠪᠤᠯᠬᠤ ᠵᠢ ᠲᠦᠩᠯᠢᠶᠤᠤ ᠬᠤᠲᠠ ᠵᠢᠨ ᠨᠠᠮ᠎ᠤᠨ ᠲᠡᠦᠬᠡ ᠤᠷᠤᠨ ᠨᠤᠳᠤᠭ᠎ᠤᠨ ᠦᠢ᠍ᠯᠠᠯᠭᠠ ᠰᠤᠳᠤᠯᠬᠤ ᠭᠡᠷ᠎ᠠᠴᠠ 2020—2023 ᠤᠨ᠎ᠤ ᠲᠦᠩᠯᠢᠶᠤᠤ ᠬᠤᠲᠠ ᠵᠢᠨ ᠨᠠᠮ᠎ᠤᠨ ᠲᠡᠦᠬᠡ ᠬᠢᠭᠡᠳ ᠤᠷᠤᠨ ᠨᠤᠳᠤᠭ᠎ᠤᠨ ᠦᠢ᠍ᠯᠠᠯᠭᠠ ᠵᠢᠨ ᠰᠢᠯᠢᠳᠡᠭ ᠪᠦᠳᠦᠮᠵᠢ ᠵᠢᠨ ᠰᠢᠯᠭ᠋ᠠᠷᠠᠭᠤᠯᠤᠯᠲᠠ᠎ᠳᠤ ᠰᠢᠯᠢᠲᠡᠭ ᠪᠦᠲᠦᠭᠡᠯ᠎ᠤᠨ ᠱᠠᠩᠨᠠᠯ ᠤᠯᠭᠤᠭᠰᠠᠨ᠎ᠨᠢ ᠲᠡᠭᠦᠨ᠎ᠤ ᠭᠡᠷᠡᠴᠢ ᠪᠠᠢ᠌ᠵᠤ ᠲᠠᠭ᠋ᠠᠷᠠᠨ᠎ᠠ᠃ ᠰᠢᠨ᠎ᠠ ᠮᠡᠳᠡᠭᠡ ᠵᠠᠭᠤᠴᠢᠯᠠᠭᠤᠷ ᠪᠤᠯᠤᠨ ᠡᠯᠧᠷᠲ᠋ᠤᠷᠦᠨ ᠨᠤᠮ᠎ᠤᠨ ᠰᠢᠬᠠᠯᠲᠠ ᠲᠤᠤᠷ᠎ᠠ ᠴᠠᠭ᠋ᠠᠰᠤᠨ ᠬᠡᠪᠯᠡᠯ᠎ᠤᠨ ᠨᠤᠮ᠎ᠤᠨ ᠲᠠᠷᠬᠠᠭ᠋ᠠᠯᠲᠠ ᠬᠠᠰᠤᠭᠳᠠᠵᠤ ᠪᠠᠢ᠌ᠭ᠎ᠠ ᠪᠠᠢ᠌ᠲᠠᠯ ᠲᠤᠤᠷ᠎ᠠ ᠬᠡᠳᠦᠨ ᠮᠢᠩᠭ᠋ᠠᠨ ᠲᠡᠪᠲᠡᠷ ᠬᠡᠪᠯᠡᠭᠰᠡᠨ ᠡᠨᠡ ᠬᠦ᠌ ᠨᠤᠮ ᠬᠦᠮᠦᠰ᠎ᠤᠨ ᠠᠰᠠᠭᠤᠨ ᠰᠤᠷᠠᠭᠯᠠᠨ ᠪᠤᠯᠢᠶᠠᠯᠳᠤᠨ ᠦᠵᠡᠬᠦ ᠨᠤᠮ ᠪᠤᠯᠵᠤ ᠪᠠᠢ᠌ᠭ᠎ᠠ᠎ᠨᠢ ᠲᠣᠰ ᠨᠤᠮ᠎ᠤᠨ ᠦᠨ᠎ᠡ ᠴᠡᠨ᠎ᠠ ᠵᠢ ᠪᠠᠰᠠ ᠨᠢᠭᠡ ᠤᠳᠬ᠎ᠠ᠎ᠠᠴᠠ ᠬᠠᠷᠠᠭᠤᠯᠵᠤ ᠪᠠᠢ᠌ᠭ᠎ᠠ ᠶᠤᠮ᠃ ᠬᠦᠯᠦᠰᠦ ᠴᠢᠰᠦ᠎ᠪᠠᠷ ᠤᠮᠳᠠᠯᠠᠨ ᠠᠷᠠᠴᠢᠯᠠᠭᠰᠠᠨ ᠴᠠᠩᠬᠤᠢ ᠴᠡᠴᠡᠭ ᠵᠶ᠋ᠠᠨ ᠬᠦᠮᠦᠰ ᠦᠵᠡᠭᠡᠳ ᠪᠠᠶᠠᠰᠬᠤ ᠰᠢᠭ᠋ ᠬᠡᠳᠦᠢ᠌ᠴᠢᠨᠡᠬᠡᠨ ᠵᠢᠯ᠎ᠤᠨ ᠬᠦᠴᠦ ᠬᠦᠲᠡᠯᠮᠤᠷᠢ᠎ᠪᠠᠷ ᠵᠶ᠋ᠠᠨ ᠨᠠᠢ᠌ᠷᠠᠭᠤᠯᠤᠨ ᠵᠤᠬᠢᠶᠠᠭᠰᠠᠨ 《ᠵᠠᠷᠤᠳ ᠨᠤᠳᠤᠭ᠎ᠤᠨ ᠠᠭᠤᠯᠠ ᠤᠰᠤ》᠎ᠨᠢ ᠵᠤᠬᠢᠶᠠᠭᠴᠢ ᠪᠤᠶᠠᠨᠮᠦ᠋ᠩᠭᠡ ᠵᠢᠴᠢ ᠤᠩᠰᠢᠭᠴᠢ ᠪᠢᠲᠡᠨ᠎ᠳᠤ ᠬᠢᠵᠠᠭ᠋ᠠᠷ ᠦᠭᠡᠢ ᠪᠠᠶᠠᠷ ᠪᠠᠬᠠᠳᠤᠯ ᠠᠪᠴᠢᠷᠠᠵᠤ ᠦᠭᠭᠦ ᠵᠢ ᠪᠢ ᠢᠲᠡᠭᠡᠵᠤ ᠪᠠᠢ᠌ᠨ᠎ᠠ᠃