ᠪᠠᠶᠠᠭᠤᠳ ᠰᠠᠩᠵᠠᠢ ᠵᠤᠬᠢᠶᠠᠪᠠ
ᠪᠤᠳ᠋ᠳ᠋ᠾᠨ ᠨᠢᠬᠡᠨ ᠤᠳᠠᠭ᠎ᠠ ᠱᠠᠪᠢᠳᠤᠪᠠᠨ 《ᠵᠠᠮ ᠦᠪᠡᠷ ᠵᠢᠡᠨ ᠯᠠ ᠠᠵᠠ ᠵᠢᠷᠭ᠋ᠠᠯ ᠶᠤᠮ ᠰᠢᠤ》 ᠬᠡᠵᠤ ᠰᠤᠷᠭ᠋ᠠᠭᠰᠠᠨ ᠬᠡᠳᠡᠭ᠃ ᠳᠡᠢ᠌ᠮᠦ ᠠᠴᠠ᠎ᠪᠠᠨ ᠶᠠᠮᠠᠷ ᠵᠠᠮ᠎ᠢ ᠰᠤᠩᠭᠤᠬᠤ ᠨᠢ ᠶᠡᠬᠡ ᠴᠢᠬᠤᠯᠠ ᠃ ᠶᠠᠷᠢᠶᠠᠨ ᠦᠬᠡᠢ ᠬᠦᠮᠦᠨ ᠪᠦᠬᠦᠨ ᠬᠡᠷᠡᠯ ᠬᠡᠬᠡ᠎ᠲᠠᠢ᠂ ᠠᠵᠠ ᠵᠢᠷᠭ᠋ᠠᠯᠳᠤ ᠬᠦᠷᠬᠦ ᠵᠠᠮ᠎ᠢ ᠰᠤᠩᠭᠤᠬᠤ ᠵᠢ ᠪᠤᠳᠤᠳᠠᠭ ᠃ ᠬᠡᠪᠡᠴᠦ ᠰᠤᠩᠭᠤᠯᠳᠠ᠎ᠨᠢ ᠳᠠᠰᠢᠶᠠᠷᠠᠭᠰᠠᠨᠠᠴᠠ ᠪᠤᠯᠤᠭ᠋ᠠᠳ ᠵᠠᠷᠢᠮ᠎ᠨᠢ ᠲᠦᠨᠡᠷ ᠬᠠᠷᠠᠩᠭᠤᠢ ᠵᠠᠮ ᠵᠢᠡᠷ ᠠᠶᠠᠯᠠᠵᠤ᠂ ᠠᠮᠢᠳᠤᠷᠠᠯ᠎ᠤᠨ ᠤᠢ ᠭᠤᠨᠢᠭ᠎ᠢ ᠦᠪᠡᠷ ᠵᠢᠡᠨ ᠴᠤ᠌ ᠮᠡᠳᠡᠯ ᠦᠬᠡᠢ᠎ᠪᠠᠷ ᠠᠮᠰᠠᠵᠤ ᠡᠬᠢᠯᠡᠳᠡᠭ ᠃ ᠬᠡᠪᠡᠴᠦ ᠬᠡᠤᠬᠡᠳ ᠲᠦᠷᠦᠮᠡᠭᠴᠡ᠎ᠪᠠᠨ ᠮᠠᠭᠤ ᠬᠦᠮᠦᠨ ᠪᠤᠯᠤᠨ᠎ᠠ ᠬᠡᠵᠤ ᠲᠦᠷᠦᠳᠡᠭ ᠦᠬᠡᠢ ᠲᠠᠢ ᠠᠳᠠᠯᠢ᠎ᠪᠠᠷ᠂ ᠬᠦᠮᠦᠨ ᠪᠦᠬᠦᠨ ᠮᠠᠭᠤ ᠵᠠᠮ ᠵᠢᠡᠷ ᠶᠠᠪᠤᠶ᠎ᠠ ᠬᠡᠵᠤ ᠪᠤᠳᠤᠳᠠᠭ ᠦᠬᠡᠢ ᠪᠢᠵᠡ᠃
ᠪᠢ ᠦᠨᠦᠳᠦᠷ ᠵᠠᠮ᠎ᠤᠨ ᠲᠤᠬᠠᠢ ᠪᠢᠰᠢ᠂ ᠬᠠᠷᠢᠨ ᠰᠤᠩᠭᠤᠭᠰᠠᠨ ᠵᠠᠮ ᠵᠢᠡᠷ ᠵᠢᠡᠨ ᠬᠡᠷᠬᠢᠨ ᠠᠶᠠᠯᠠᠪᠠᠯ ᠠᠵᠠ ᠵᠢᠷᠭ᠋ᠠᠯᠳᠤ ᠬᠦᠷᠬᠦ ᠪᠤᠢ ᠬᠡᠳᠡᠭ ᠳᠠᠯ᠎ᠠ᠎ᠪᠠᠷ ᠰᠡᠳᠬᠢᠵᠤ ᠪᠠᠢ᠌ᠨ᠎ᠠ ᠃ ᠰᠡᠳᠬᠢᠵᠤ ᠪᠠᠢ᠌ᠪᠠᠯ ᠤᠷᠤᠰᠢᠵᠤ ᠪᠠᠢ᠌ᠬᠤ ᠵᠢᠨ ᠬᠡᠷᠡᠴᠢ ᠶᠤᠮ᠃ ᠤᠷᠠᠨ ᠪᠦᠲᠦᠬᠡᠯ ᠪᠦᠲᠦᠬᠡᠬᠦ᠎ᠨᠢ ᠴᠤ᠌ ᠰᠡᠳᠬᠢᠬᠦ᠎ᠠᠴᠠ ᠡᠬᠢᠯᠡᠳᠡᠭ ᠃ ᠶᠡᠷᠦ᠎ᠨᠢ ᠠᠵᠠ ᠵᠢᠷᠭ᠋ᠠᠯᠳᠤ ᠬᠦᠷᠬᠦ ᠵᠠᠮ ᠤᠯᠠᠨ ᠪᠤᠢ᠂ ᠠᠷᠭ᠎ᠠ ᠬᠡᠯᠪᠡᠷᠢ ᠨᠢ ᠴᠤ᠌ ᠤᠯᠠᠨ ᠪᠤᠢ ᠃ ᠬᠡᠬᠦ᠎ᠳᠤ᠎ᠪᠠᠨ ᠶᠠᠭᠤ ᠵᠢ ᠠᠵᠠ ᠵᠢᠷᠭ᠋ᠠᠯ ᠬᠡᠳᠡᠭ᠎ᠢ ᠤᠬᠠᠭ᠋ᠠᠷᠠᠬᠤ ᠳᠤ ᠯᠠ ᠠᠰᠠᠭᠤᠳᠠᠯ᠎ᠤᠨ ᠭᠤᠤᠯ᠎ᠨᠢ ᠤᠷᠤᠰᠢᠨ᠎ᠠ᠃ ᠪᠢ ᠶᠡᠷᠦ᠎ᠳᠤ᠎ᠪᠠᠨ 《ᠠᠵᠠ ᠵᠢᠷᠭ᠋ᠠᠯ᠎ᠤᠨ ᠨᠢᠬᠡ ᠲᠦᠷᠦᠯ᠎ᠨᠢ ᠬᠦᠳᠡᠯᠮᠦᠷᠢ ᠶᠤᠮ ᠂ ᠬᠦᠳᠡᠯᠮᠦᠷᠢ ᠦᠪᠡᠷ ᠵᠢᠡᠨ ᠯᠠ ᠠᠵᠠ ᠵᠢᠷᠭ᠋ᠠᠯ 》 ᠬᠡᠵᠤ ᠪᠤᠳᠤᠳᠠᠭ ᠃
ᠬᠦᠳᠡᠯᠮᠦᠷᠢ ᠦᠪᠡᠷ ᠵᠢᠡᠨ ᠠᠵᠠ ᠵᠢᠷᠭ᠋ᠠᠯ ᠪᠠᠢ᠌ᠭᠰᠠᠨ ᠤᠴᠢᠷ᠎ᠠᠴᠠ ᠬᠦᠳᠡᠯᠮᠦᠷᠢᠯᠡᠵᠤ ᠪᠠᠢ᠌ᠵᠤ ᠯᠠ ᠠᠵᠠ ᠵᠢᠷᠭ᠋ᠠᠯ᠎ᠤᠨ ᠬᠡᠷᠡᠯ ᠬᠡᠬᠡ ᠵᠢ᠂ ᠳᠡᠷᠡ ᠬᠦ᠌ ᠢᠯᠴᠢ ᠡᠨᠧᠷᠬᠢ ᠵᠢ ᠤᠯᠵᠤ ᠮᠡᠳᠡᠷᠡᠬᠦ ᠪᠤᠯᠤᠨ᠎ᠠ᠃ ᠬᠦᠳᠡᠯᠮᠦᠷᠢ ᠵᠢᠨ ᠠᠵᠠ ᠵᠢᠷᠭ᠋ᠠᠯ ᠳᠠᠩᠳᠠ ᠬᠦᠳᠡᠯᠮᠦᠷᠢᠴᠢ ᠬᠦᠮᠦᠰ᠎ᠲᠤ ᠤᠯᠳᠠᠳᠠᠭ᠂ ᠬᠠᠷᠢᠨ ᠪᠡᠶ᠎ᠡ᠎ᠪᠠᠨ ᠤᠳᠤᠷᠯᠠᠭᠰᠠᠳ ᠳᠡᠷᠡ ᠬᠦ᠌ ᠠᠵᠠ ᠵᠢᠷᠭ᠋ᠠᠯ᠎ᠠᠴᠠ ᠬᠤᠯᠠ ᠤᠷᠤᠰᠢᠳᠠᠭ᠃ ᠠᠵᠠ ᠵᠢᠷᠭ᠋ᠠᠯ ᠪᠤᠯ ᠠᠯᠤᠰ᠎ᠤᠨ ᠵᠡᠷᠬᠡᠯᠬᠡᠨ᠂ ᠳᠡᠭᠷᠢ ᠵᠢᠨ ᠰᠤᠯᠤᠩᠭ᠎ᠠ ᠴᠤ᠌ ᠪᠢᠰᠢ᠂ ᠳᠡᠷᠡ ᠳᠠᠩᠳᠠ ᠴᠢᠨᠤ ᠳᠡᠷᠭᠡᠳᠡ ᠪᠠᠢ᠌ᠳᠠᠭ᠃ ᠭᠡᠬᠦ᠎ᠳᠤ᠎ᠪᠠᠨ ᠪᠢᠳᠡ ᠳᠡᠷᠬᠡᠳᠡ ᠪᠠᠢ᠌ᠭᠰᠠᠨ ᠠᠵᠠ ᠵᠢᠷᠭ᠋ᠠᠯ ᠵᠢᠡᠨ ᠤᠮᠠᠷᠳᠠᠭ᠋ᠠᠳ᠂ ᠬᠡᠨ ᠴᠤ᠌ ᠤᠯᠬᠤ᠎ᠳᠤ ᠪᠡᠷᠬᠡ᠂ ᠡᠰᠡᠬᠦᠯ᠎ᠡ ᠮᠠᠰᠢ ᠶᠡᠬᠡ ᠬᠦᠴᠢᠷ ᠲᠠᠢ ᠵᠦᠢ᠍ᠯ ᠰᠢᠤᠬᠠᠨ ᠵᠢᠡᠷ ᠠᠵᠠ ᠵᠢᠷᠭ᠋ᠠᠯ᠎ᠢ ᠤᠢ᠌ᠯᠠᠭ᠋ᠠᠬᠤ ᠬᠡᠳ᠂ ᠤᠯᠬᠤ ᠬᠡᠳ ᠳᠡᠮᠡᠤᠯᠳᠡᠭᠨᠢ ᠰᠤᠨᠢᠨ᠂ ᠮᠦᠨ ᠴᠤ᠌ ᠬᠠᠴᠢᠨ ᠃
ᠬᠦᠳᠡᠯᠮᠦᠷᠢ ᠪᠤᠯ ᠠᠵᠠ ᠵᠢᠷᠭ᠋ᠠᠯ᠂ ᠬᠡᠳᠡᠯ᠎ᠡ ᠡᠨᠡ ᠮᠠᠨᠤᠰ᠎ᠤᠨ ᠳᠡᠷᠬᠡᠳᠡ ᠪᠠᠢ᠌ᠨ᠎ᠠ ᠬᠡᠵᠤ ᠤᠤ? ᠪᠢ ᠨᠢᠬᠡ ᠨᠠᠰᠤ᠎ᠪᠠᠨ ᠵᠢᠡᠨ ᠮᠠᠯᠴᠢᠨ ᠪᠤᠯᠤᠯ᠎ᠠ᠂ ᠨᠠᠳᠠ᠎ᠳᠤ ᠬᠠᠯᠠᠭᠤᠨ᠎ᠳᠤ ᠬᠠᠯᠠᠵᠤ ᠬᠦᠢ᠍ᠳᠡᠨ᠎ᠳᠤ ᠬᠦᠷᠦᠵᠤ ᠶᠠᠪᠤᠭᠰᠠᠨ ᠯᠠ ᠬᠦᠴᠢᠷ ᠵᠤᠪᠭ᠋ᠠᠭᠤᠷᠢᠲᠠᠢ ᠠᠮᠢᠳᠤᠷᠠᠯ ᠯᠠ ᠪᠠᠢ᠌ᠨ᠎ᠠ᠂ ᠡᠰᠡᠬᠦᠯ᠎ᠡ ᠪᠢ ᠨᠢᠬᠡ ᠨᠠᠰᠤ ᠪᠠᠷ ᠵᠢᠡᠨ ᠪᠢᠴᠢᠭ ᠰᠤᠶᠤᠯ᠎ᠤᠨ ᠠᠵᠢᠯ ᠬᠢᠯ᠎ᠡ᠂ ᠡᠴᠦᠰ᠎ᠲᠤ᠎ᠪᠠᠨ ᠤᠯᠤᠭᠰᠠᠨ ᠮᠦᠩᠬᠦ ᠬᠡᠵᠤ ᠶᠠᠭᠤᠮ᠎ᠠ ᠠᠯᠠᠭ᠎ᠠ᠂ ᠨᠡᠷ᠎ᠡ ᠲᠦᠷᠦ ᠴᠤ᠌ ᠠᠯᠠᠭ᠎ᠠ ᠬᠡᠵᠤ ᠶᠠᠷᠢᠬᠤ᠂ ᠭᠤᠮᠤᠷᠬᠠᠬᠤ ᠬᠦᠮᠦᠰ ᠯᠠᠪᠳᠠᠢ ᠤᠯᠠᠨ ᠪᠠᠢ᠌ᠬ᠎ᠠ ᠃ ᠬᠡᠪᠡᠴᠦ ᠮᠢᠨᠤ ᠪᠤᠳᠤᠬᠤ᠎ᠪᠠᠷ ᠠᠵᠠ ᠵᠢᠷᠭ᠋ᠠᠯ ᠮᠦᠩᠬᠦᠨ᠎ᠳᠤ ᠪᠠᠢ᠌ᠬᠤ ᠪᠢᠰᠢ᠂ ᠠᠵᠠ ᠵᠢᠷᠭ᠋ᠠᠯ ᠡᠷᠬᠡ ᠳᠤᠰᠢᠶᠠᠯ᠎ᠳᠤ ᠪᠠᠢ᠌ᠬᠤ ᠪᠢᠰᠢ᠂ ᠠᠵᠠ ᠵᠢᠷᠭ᠋ᠠᠯ ᠨᠢᠳᠦᠨ ᠡᠮᠦᠨᠡᠬᠢ ᠵᠤᠯ ᠵᠢᠷᠭ᠋ᠠᠯᠳᠤ ᠯᠠ ᠪᠠᠢ᠌ᠬᠤ ᠪᠢᠰᠢ᠃ ᠲᠠ ᠨᠢᠬᠡ ᠨᠠᠰᠤ᠎ᠪᠠᠷ ᠵᠢᠡᠨ ᠮᠠᠯ ᠬᠠᠷᠠᠭᠤᠯᠤᠭᠰᠠᠨ ᠪᠠᠢ᠌ᠵᠤ ᠪᠤᠯᠤᠨ᠎ᠠ᠂ ᠬᠡᠳᠡᠯ᠎ᠡ ᠲᠠ ᠮᠠᠰᠢ ᠶᠡᠬᠡ ᠠᠵᠠ ᠵᠢᠷᠭ᠋ᠠᠯ᠎ᠲᠠᠢ ᠬᠦᠮᠦᠨ᠂ ᠶᠠᠭ᠋ᠠᠬᠢᠭ᠋ᠠᠳ ᠬᠡᠬᠦᠯᠡᠷ ᠲᠠ ᠦᠪᠡᠷ᠎ᠤᠨ ᠡᠷᠬᠢᠯᠡᠵᠤ ᠪᠠᠢ᠌ᠭ᠎ᠠ ᠠᠵᠢᠯ᠎ᠳᠤ᠎ᠪᠠᠨ᠂ ᠮᠠᠯᠴᠢᠨ ᠬᠡᠰᠡᠨ ᠨᠡᠷᠡᠳᠤ᠎ᠪᠠᠨ ᠤᠰᠤᠯᠳᠤᠵᠤ ᠦᠵᠡᠬᠡ ᠦᠬᠡᠢ᠂ ᠲᠠ ᠮᠠᠯᠴᠢᠨ ᠪᠤᠯᠤᠭᠰᠠᠨ᠎ᠠᠴᠠ ᠮᠠᠯᠵᠢᠯ ᠰᠤᠶᠤᠯ᠎ᠤᠨ ᠲᠤᠮᠤᠬᠠᠨ ᠡᠨᠧᠷᠬᠢ ᠦᠯᠦ ᠮᠡᠳᠡᠬᠦ ᠵᠢᠨ ᠳᠤᠮᠳᠠ ᠬᠦᠮᠦᠨ ᠲᠦᠷᠦᠯᠬᠢᠳᠡᠨ᠎ᠤ ᠰᠤᠶᠤᠯ᠎ᠤᠨ ᠨᠢᠬᠡᠨ ᠬᠡᠰᠡᠭ ᠪᠤᠯᠤᠨ ᠦᠯᠡᠳᠡᠵᠤ ᠪᠠᠢ᠌ᠨ᠎ᠠ᠃ ᠬᠡᠷᠪᠡ ᠨᠢᠬᠡ ᠴᠤ᠌ ᠬᠦᠮᠦᠨ ᠮᠠᠯᠴᠢᠨ ᠪᠤᠯᠤᠭ᠎ᠠ ᠦᠬᠡᠢ ᠪᠤᠯ ᠮᠠᠯᠵᠢᠯ ᠰᠤᠶᠤᠯ᠎ᠤᠨ᠂ ᠨᠡᠬᠦᠳᠡᠯ ᠰᠤᠶᠤᠯ᠎ᠤᠨ ᠶᠡᠬᠡ ᠭᠠᠯ ᠭᠤᠯᠤᠮᠳᠠ ᠵᠢ ᠬᠡᠨ ᠲᠦᠷᠡᠯᠵᠡᠬᠦᠯᠬᠦ ᠪᠢᠯᠡ⁈ ᠨᠦᠬᠦᠬᠡ ᠳᠠᠯ᠎ᠠ᠎ᠠᠴᠠ᠎ᠨᠢ ᠬᠡᠯᠡᠬᠦ᠎ᠳᠤ ᠲᠠ ᠬᠦᠳᠡᠯᠮᠦᠷᠢ᠎ᠳᠤ ᠤᠰᠤᠯᠳᠤᠭᠠ ᠦᠬᠡᠢ ᠤᠴᠢᠷ᠎ᠠᠴᠠ ᠲᠠ ᠠᠵᠠ ᠵᠢᠷᠭ᠋ᠠᠯ᠎ᠲᠠᠢ᠂ ᠵᠦᠪᠬᠡᠨ ᠤᠶᠤᠨ᠎ᠤ ᠬᠦᠳᠡᠯᠮᠦᠷᠢ ᠬᠢᠭᠰᠡᠨ ᠬᠦᠮᠦᠰ᠎ᠨᠢ ᠠᠤᠭ᠎ᠠ ᠶᠡᠬᠡ᠂ ᠪᠡᠶ᠎ᠡ ᠵᠢᠨ ᠬᠦᠳᠡᠯᠮᠦᠷᠢ ᠬᠢᠭᠰᠡᠳ᠎ᠨᠢ ᠡᠬᠡᠯ ᠳᠤᠤᠷᠠᠳᠤ ᠬᠡᠵᠤ ᠦᠵᠡᠳᠡᠭ ᠶᠤᠮ ᠪᠤᠯ ᠪᠢᠳᠡ ᠦᠪᠡᠷᠰᠡᠳᠢᠪᠠᠨ ᠤᠶᠤᠨ ᠤᠬᠠᠭ᠋ᠠᠨ᠎ᠤ ᠶᠡᠬᠡ ᠪᠡᠷᠬᠡᠰᠢᠶᠡᠯ᠎ᠲᠠᠢ ᠬᠦᠮᠦᠰ ᠬᠡᠵᠤ ᠦᠨᠡᠯᠡᠬᠦ ᠬᠡᠷᠡᠭᠳᠡᠢ ᠪᠤᠯᠵᠤ ᠳᠠᠭ᠋ᠠᠷᠠᠨ᠎ᠠ᠃ ᠪᠢᠳᠡᠨ᠎ᠤ ᠢᠳᠡᠵᠤ ᠪᠤᠢ᠂ ᠤᠤᠭᠤᠵᠤ ᠪᠤᠢ᠂ ᠡᠳ᠋ᠯᠡᠵᠤ ᠪᠤᠢ ᠪᠦᠬᠦ ᠵᠦᠢ᠍ᠯ᠎ᠢ ᠵᠦᠪᠬᠡᠨ ᠤᠶᠤᠨ᠎ᠤ ᠬᠦᠳᠡᠯᠮᠦᠷᠢᠴᠢᠳ ᠬᠠᠩᠭ᠋ᠠᠭᠠ ᠦᠬᠡᠢ᠂ ᠳᠡᠢ᠌ᠮᠦ᠎ᠠᠴᠠ ᠠᠵᠠ ᠵᠢᠷᠭ᠋ᠠᠯ ᠪᠤᠯ ᠳᠡᠷᠬᠡᠳᠡ ᠴᠢᠨᠢ ᠪᠠᠢ᠌ᠨ᠎ᠠ᠂ ᠬᠡᠷᠪᠡ ᠬᠤᠶᠠᠷ ᠭᠠᠷ ᠴᠢᠨᠢ ᠪᠠᠢ᠌ᠬᠤ᠎ᠳᠤ ᠯᠠ ᠬᠦᠷᠪᠡᠯ ᠬᠤᠷᠸ᠎ᠠ ᠵᠢ ᠳᠠᠬᠢᠨ ᠪᠦᠲᠦᠬᠡᠵᠤ ᠪᠤᠯᠤᠨ᠎ᠠ᠃ ᠳᠡᠢ᠌ᠮᠦ᠎ᠠᠴᠠ ᠲᠠ ᠮᠠᠯᠴᠢᠨ ᠪᠠᠢ᠌ᠯ᠎ᠠ ᠴᠤ᠌ ᠬᠡᠰᠡᠨ ᠠᠵᠠ ᠵᠢᠷᠭ᠋ᠠᠯ᠎ᠤᠨ ᠰᠠᠬᠢᠭᠤᠯᠰᠤᠨ᠂ ᠦᠪᠡᠷ᠎ᠲᠤ᠎ᠪᠠᠨ ᠢᠳᠡᠬᠡ᠃
ᠬᠦᠳᠡᠯᠮᠦᠷᠢ ᠪᠤᠯ ᠠᠵᠠ ᠵᠢᠷᠭ᠋ᠠᠯ᠂ ᠤᠶᠤᠳᠠᠳ ᠠᠵᠠ ᠵᠢᠷᠭ᠋ᠠᠯ᠎ᠢ ᠮᠠᠰᠢ ᠶᠡᠬᠡ ᠬᠦᠬᠡᠬᠡᠴᠡᠯᠳᠦᠳᠡᠭ᠂ ᠤᠶᠤᠳᠠᠨ ᠠᠮᠢᠳᠤᠷᠠᠯ ᠵᠢᠡᠨ ᠲᠦᠬᠦᠷᠬᠡᠬᠡᠳ ᠰᠠᠢ᠌ᠬᠠᠨ ᠠᠵᠢᠯ ᠤᠯᠤᠨ᠎ᠠ᠂ ᠮᠠᠰᠢ ᠭᠤᠶᠤ ᠬᠡᠷ᠎ᠲᠤ ᠰᠠᠭᠤᠨ᠎ᠠ᠂ ᠰᠠᠢ᠌ᠬᠠᠨ ᠮᠠᠰᠢᠨ ᠵᠢᠯᠤᠭᠤᠳᠤᠨ᠎ᠠ ᠬᠡᠳ ᠬᠦᠰᠡᠳᠡᠭ᠂ ᠮᠦᠨ ᠴᠤ᠌ ᠬᠦᠬᠡᠬᠡᠴᠡᠯᠳᠦᠳᠡᠭ᠃ ᠡᠨᠡ ᠶᠠᠷᠢᠶᠠᠨ ᠦᠬᠡᠢ ᠵᠦᠢ᠍ᠳᠡᠢ ᠃ ᠠᠵᠠ ᠵᠢᠷᠭ᠋ᠠᠯ᠎ᠢ ᠬᠦᠰᠡᠬᠦ ᠦᠬᠡᠢ ᠬᠡᠨ ᠪᠠᠢ᠌ᠬᠤ ᠪᠢᠯᠡ? ᠬᠡᠪᠡᠴᠦ ᠡᠳᠡᠬᠡᠷ ᠠᠵᠠ ᠵᠢᠷᠭ᠋ᠠᠯ ᠪᠤᠯ ᠬᠡᠢ ᠬᠤᠭᠤᠰᠤᠨ ᠵᠡᠬᠦᠳᠦ ᠪᠢᠰᠢ ᠰᠢᠤ ᠂ ᠵᠡᠬᠦᠳᠦᠯᠡᠬᠡᠳ ᠢᠷᠡᠳᠡᠭ ᠵᠦᠢ᠍ᠯ ᠪᠦᠷ ᠴᠤ᠌ ᠪᠢᠰᠢ᠃ ᠳᠡᠢ᠌ᠮᠦ᠎ᠠᠴᠠ ᠮᠠᠨ᠎ᠤ ᠤᠶᠤᠳᠠᠳ᠂ ᠮᠠᠨ᠎ᠤ ᠵᠠᠯᠠᠭᠤᠰ ᠬᠦᠳᠡᠯᠮᠦᠷᠢᠯᠡᠬᠦ ᠬᠡᠷᠡᠭᠳᠡᠢ᠂ ᠬᠦᠳᠡᠯᠮᠦᠷᠢ ᠵᠢ ᠬᠠᠢ᠌ᠷᠠᠯᠠᠬᠤ ᠬᠡᠷᠡᠭᠳᠡᠢ᠂ ᠦᠪᠡᠷ᠎ᠤᠨ ᠠᠵᠢᠯ᠎ᠳᠤ᠎ᠪᠠᠨ ᠬᠠᠷᠢᠭᠤᠴᠠᠯᠭ᠎ᠠ᠎ᠲᠠᠢ ᠪᠠᠢ᠌ᠬᠤ ᠬᠡᠷᠡᠭᠳᠡᠢ᠃ ᠦᠨᠦᠳᠦᠷ᠎ᠤᠨ ᠲᠦᠯᠦᠬᠡ ᠯᠠ ᠪᠢᠰᠢ᠂ ᠬᠠᠷᠢᠨ ᠮᠠᠷᠭ᠋ᠠᠰᠢ ᠵᠢᠨ ᠲᠦᠯᠦᠬᠡ 《 ᠠᠯᠢᠮ᠎ᠠ ᠵᠢᠨ ᠮᠤᠳᠤ》 ᠳᠠᠷᠢᠭᠰᠠᠨ ᠨᠢᠬᠡᠨ ᠰᠤᠷᠭ᠋ᠠᠮᠵᠢ᠎ᠳᠤ ᠦᠬᠦᠯᠡᠯᠬᠡ ᠵᠢ ᠲᠠ ᠨᠠᠷ ᠤᠩᠰᠢᠵᠤ ᠦᠵᠡᠬᠡᠷᠡᠢ᠃ ᠳᠡᠭᠡᠬᠦ᠎ᠳᠤ ᠯᠠ ᠡᠨᠡ ᠪᠦᠬᠦᠨ᠎ᠤ ᠤᠳᠬ᠎ᠠ ᠠᠭᠤᠯᠭ᠎ᠠ᠎ᠨᠢ ᠳᠤᠳᠤᠷᠬᠠᠢ ᠪᠤᠯᠤᠨ᠎ᠠ᠃
ᠦᠨᠡᠨ᠎ᠳᠤ᠎ᠪᠠᠨ ᠰᠤᠷᠤᠯᠴᠠᠯᠭ᠎ᠠ ᠪᠤᠯ ᠠᠮᠢᠳᠤᠷᠠᠯ᠂ ᠰᠤᠷᠤᠯᠴᠠᠯᠭ᠎ᠠ ᠪᠤᠯ ᠬᠠᠷᠢᠭᠤᠴᠠᠯᠭ᠎ᠠ᠂ ᠮᠡᠷᠬᠡᠵᠢᠯ ᠪᠤᠯ ᠬᠦᠳᠡᠯᠮᠦᠷᠢ᠃ ᠵᠠᠷᠢᠮ ᠤᠶᠤᠳᠠᠨ《ᠪᠢᠳᠡ ᠴᠢᠨᠢ ᠰᠤᠷᠤᠭᠴᠢ᠂ ᠪᠢᠳ᠋ᠨ ᠰᠤᠷᠤᠯᠴᠠᠵᠤ ᠪᠠᠢ᠌ᠨ᠎ᠠ》 ᠬᠡᠵᠤ ᠪᠤᠳᠤᠳᠠᠭ ᠃ ᠬᠡᠳᠡᠯ᠎ᠡ ᠲᠠ ᠠᠮᠢ ᠨᠠᠰᠤᠨ᠎ᠤ᠎ᠪᠠᠨ ᠬᠠᠮᠤᠭ ᠰᠠᠢ᠌ᠨ ᠰᠠᠢ᠌ᠬᠠᠨ ᠴᠠᠭ ᠦᠶ᠎ᠡ ᠵᠢᠨ ᠠᠮᠢᠳᠤᠷᠠᠯ᠎ᠢ ᠡᠳ᠋ᠯᠡᠵᠤ ᠪᠠᠢ᠌ᠨ᠎ᠠ᠂ ᠡᠨᠡ ᠠᠮᠢᠳᠤᠷᠠᠯ᠎ᠳᠤ ᠴᠢᠨᠢ ᠮᠦᠨ ᠬᠦᠳᠡᠯᠮᠦᠷᠢ ᠱᠠᠭ᠋ᠠᠷᠳᠠᠭᠳᠠᠵᠤ ᠪᠤᠢ᠂ ᠳᠡᠷᠡ᠎ᠨᠢ ᠳᠠᠷᠤᠢ ᠴᠢᠷᠮᠠᠢ᠌ᠨ ᠰᠤᠷᠤᠯᠴᠠᠵᠤ᠂ ᠵᠢᠩᠬᠢᠨᠢ ᠮᠡᠳᠡᠯᠬᠡ᠂ ᠵᠢᠩᠬᠢᠨᠢ ᠴᠢᠳᠠᠪᠤᠷᠢ ᠵᠢ ᠰᠤᠷᠤᠯᠴᠠᠬᠤ ᠶᠠᠪᠤᠳᠠᠯ ᠬᠡᠳᠡᠭ ᠵᠢᠡᠨ ᠡᠷᠬᠢᠴᠡᠬᠦᠯᠦᠨ ᠪᠤᠳᠤᠬᠤ ᠬᠡᠷᠡᠭᠳᠡᠢ ᠪᠢᠵᠡ᠃ ᠮᠠᠨ᠎ᠤ᠎ᠬᠢᠨ᠎ᠤ ᠤᠶᠤᠳᠠᠳ᠎ᠤᠨ ᠵᠠᠷᠢᠮ᠎ᠨᠢ ᠰᠤᠷᠤᠯᠴᠠᠬᠤ ᠳᠤᠷ᠎ᠠ ᠦᠬᠡᠢ᠂ ᠵᠢᠷᠭ᠋ᠠᠵᠤ ᠴᠡᠩᠬᠡᠬᠦ ᠵᠢ ᠯᠠ ᠬᠦᠬᠡᠬᠡᠴᠡᠯᠳᠦᠨᠡ ᠃ ᠡᠰᠡᠬᠦᠯ᠎ᠡ ᠬᠤᠷᠳᠤᠬᠠᠨ ᠰᠢᠭ᠋ ᠠᠵᠢᠯ ᠤᠯᠬᠤ ᠵᠢ ᠯᠠ ᠬᠦᠰᠡᠳᠡᠭ᠃ ᠬᠡᠪᠡᠴᠦ ᠬᠦᠳᠡᠯᠮᠦᠷᠢ ᠬᠢᠵᠤ ᠰᠤᠷᠤᠭ᠎ᠠ ᠦᠬᠡᠢ᠎ᠪᠠᠷ ᠬᠦᠳᠡᠯᠮᠦᠷᠢᠴᠢᠨ ᠪᠤᠯᠤᠨ᠎ᠠ ᠬᠡᠵᠤ ᠪᠠᠢ᠌ᠵᠤ ᠪᠤᠯᠬᠤ ᠤᠤ? ᠶᠡᠷᠦ᠎ᠨᠢ᠃ ᠮᠠᠯᠴᠢᠨ ᠪᠤᠯᠬᠤ᠎ᠪᠠᠷ ᠪᠤᠳᠤᠬᠤ᠎ᠳᠤ ᠬᠠᠷᠠᠬᠠᠨ ᠪᠠᠭ᠎ᠠ᠎ᠠᠴᠠ᠎ᠪᠠᠨ ᠠᠪᠤ ᠡᠵᠢ᠎ᠪᠠᠨ ᠬᠠᠪᠰᠤᠷᠤᠨ ᠬᠤᠨᠢᠨ᠎ᠤ ᠪᠠᠷ᠎ᠠ ᠬᠠᠷᠠᠵᠤ᠂ ᠬᠤᠷᠠᠭ᠎ᠠ ᠢᠰᠢᠬᠡ ᠬᠠᠷᠠᠭᠤᠯᠵᠤ᠂ ᠦᠨᠢᠶ᠎ᠡ ᠳᠤᠭᠤᠯ ᠡᠷᠬᠢᠬᠦᠯᠦᠨ ᠦᠭᠴᠦ ᠪᠠᠢ᠌ᠮᠠᠨᠵᠢᠨ ᠠᠭ᠋ᠠᠵᠢᠮ ᠠᠭ᠋ᠠᠵᠢᠮ ᠵᠢᠡᠷ ᠮᠠᠯ ᠮᠠᠯᠵᠢᠬᠤ ᠤᠬᠠᠭ᠋ᠠᠨ᠎ᠳᠤ ᠭᠠᠷᠰᠢᠳᠠᠭ ᠰᠢᠤ ᠳ᠋ᠠ᠃ ᠡᠬᠦᠨ᠎ᠲᠠᠢ ᠠᠳᠠᠯᠢ᠎ᠪᠠᠷ ᠤᠶᠤᠳᠠᠨᠤ ᠠᠮᠢᠳᠤᠷᠠᠯ᠎ᠳᠤ᠎ᠪᠠᠨ ᠦᠨᠳᠦᠰᠦᠨ ᠮᠡᠳᠡᠯᠬᠡ᠎ᠪᠠᠨ ᠰᠠᠢ᠌ᠨ ᠰᠤᠷᠴᠤ᠂ ᠦᠪᠡᠷ᠎ᠤᠨ ᠮᠡᠷᠬᠡᠵᠢᠯ᠎ᠳᠤ᠎ᠪᠠᠨ ᠦᠨᠡᠨᠴᠢ᠎ᠪᠠᠷ ᠬᠠᠨᠳᠤᠵᠤ᠂ ᠨᠤᠮ᠎ᠤᠨ ᠳᠠᠯᠠᠢ᠎ᠳᠤ ᠱᠤᠩᠪᠠᠵᠤ ᠪᠠᠢ᠌ᠮᠠᠨᠵᠢᠨ ᠰᠠᠶᠢ ᠦᠪᠡᠷ᠎ᠤᠨ ᠰᠠᠨᠠᠭᠰᠠᠨ ᠠᠵᠢᠯ ᠵᠢᠡᠨ ᠬᠢᠵᠤ ᠪᠦᠲᠦᠬᠡᠵᠤ ᠂ ᠬᠦᠮᠦᠨ᠎ᠠᠴᠠ ᠲᠤᠤᠷ᠎ᠠ ᠦᠬᠡᠢ ᠠᠮᠢᠳᠤᠷᠠᠬᠤ ᠪᠢᠰᠢ ᠪᠢᠯᠡ ᠤᠤ? ᠡᠨᠡ ᠠᠵᠠ ᠵᠢᠷᠭ᠋ᠠᠯ᠎ᠢ ᠤᠯᠬᠤ ᠵᠢᠨ ᠳᠤᠯᠠᠳᠠ ᠶᠠᠭ᠋ᠠᠬᠢᠬᠤ ᠪᠤᠢ ᠬᠡᠪᠡᠯ ᠬᠦᠳᠡᠯᠮᠦᠷᠢ ᠵᠢ ᠬᠠᠢ᠌ᠷᠠᠯᠠ᠂ ᠰᠤᠷᠤᠯᠴᠠᠯᠭ᠎ᠠ ᠵᠢ ᠡᠷᠬᠢᠮᠯᠡᠨ᠂ ᠨᠤᠮ᠎ᠢ ᠳᠡᠬᠡᠳᠦᠯᠡ! ᠠᠵᠠ ᠵᠢᠷᠭ᠋ᠠᠯ ᠬᠤᠯᠠ ᠪᠢᠰᠢ᠂ ᠳᠡᠷᠬᠡᠳᠡ ᠴᠢᠨᠢ ᠪᠠᠢ᠌ᠨ᠎ᠠ᠂ ᠠᠵᠠ ᠵᠢᠷᠭ᠋ᠠᠯ ᠤᠨ ᠴᠡᠴᠡᠭ ᠳᠠᠷᠢᠬᠢᠨ᠎ᠳᠤ ᠴᠢᠨᠢ ᠂ ᠭᠠᠷ᠎ᠲᠤ ᠴᠢᠨᠢ ᠪᠤᠢ᠃ ᠡᠨᠡ ᠴᠡᠴᠡᠭ᠎ᠢ ᠤᠷᠭᠤᠭᠤᠯᠬᠤ ᠤᠤ? ᠡᠰᠡᠬᠦᠯ᠎ᠡ ᠬᠤᠪᠠᠬᠠᠢ᠌ᠷᠠᠭᠤᠯᠬᠤ ᠤᠤ ᠬᠡᠳᠡᠭ ᠤᠨᠴᠠ ᠡᠷᠬᠡ ᠮᠦᠨ ᠴᠤ᠌ ᠳᠠᠨ᠎ᠳᠤ ᠪᠤᠢ᠃ ᠲᠠ ᠠᠵᠠ ᠵᠢᠷᠭ᠋ᠠᠯ᠎ᠤᠨ ᠡᠷᠢᠯᠴᠢᠨ ᠪᠢᠰᠢ᠂ ᠠᠵᠠ ᠵᠢᠷᠭ᠋ᠠᠯ᠎ᠤᠨ ᠡᠬᠦᠳᠦᠭᠴᠢ ᠰᠢᠤ᠂ ᠤᠶᠤᠳᠠᠳ ᠡ᠂ ᠵᠠᠯᠠᠭᠤᠰ ᠡ ᠃
ᠬᠦᠳᠡᠯᠮᠦᠷᠢ ᠦᠪᠡᠷ ᠵᠢᠡᠨ ᠠᠵᠠ ᠵᠢᠷᠭ᠋ᠠᠯ ᠶᠤᠮ ᠰᠢᠤ᠂ ᠵᠠᠯᠠᠭᠤᠰ ᠡ᠂ ᠪᠢᠳᠡ 《 ᠠᠵᠠ ᠵᠢᠷᠭ᠋ᠠᠯ᠎ᠤᠨ ᠲᠦᠯᠦᠬᠡ ᠁》 ᠬᠡᠵᠤ ᠪᠤᠳᠤᠳᠠᠭ ᠪᠤᠯ ᠳᠡᠷᠬᠡᠳᠡ ᠪᠠᠢ᠌ᠭ᠎ᠠ ᠠᠵᠠ ᠵᠢᠷᠭ᠋ᠠᠯᠠᠴᠠᠪᠠᠨ ᠬᠡᠵᠢᠶ᠎ᠡ ᠴᠤ᠌ ᠪᠢᠳᠡᠬᠡᠢ ᠵᠢᠭᠤᠳᠠᠭ᠋ᠠᠳ ᠪᠠᠢ᠌ᠶ᠎ᠠ᠃ ᠬᠠᠷᠢᠨ ᠳᠡᠷᠡ ᠠᠵᠠ ᠵᠢᠷᠭ᠋ᠠᠯ᠎ᠤᠨ ᠬᠡᠷᠡᠯ ᠬᠡᠬᠡᠢ ᠤᠯᠠᠮ ᠶᠡᠬᠡ᠎ᠪᠠᠷ ᠲᠦᠬᠡᠬᠡᠨ ᠳᠡᠯᠬᠡᠷᠡᠬᠦᠯᠵᠤ ᠪᠠᠢ᠌ᠬᠤ᠎ᠨᠢ ᠯᠠ ᠵᠦᠢ᠍ᠳᠡᠢ᠃
ᠪᠢ ᠡᠨᠡ ᠰᠦᠨᠢ ᠴᠤ᠌ ᠬᠦᠳᠡᠯᠮᠦᠷᠢ ᠵᠢᠨ ᠠᠵᠠ ᠵᠢᠷᠭ᠋ᠠᠯ᠎ᠢ ᠡᠳ᠋ᠯᠡᠵᠤ ᠪᠠᠢ᠌ᠨ᠎ᠠ᠂ ᠮᠢᠨᠤ ᠡᠨᠡ ᠤᠬᠤᠷᠬᠠᠨ ᠪᠦᠲᠦᠬᠡᠯ ᠮᠢᠨᠤ ᠠᠵᠠ ᠵᠢᠷᠭ᠋ᠠᠯ᠎ᠤᠨ ᠦᠷ᠎ᠡ ᠰᠠᠳᠤ᠂ ᠬᠡᠷᠪᠡ ᠳᠡᠷᠡ ᠠᠵᠠ ᠵᠢᠷᠭ᠋ᠠᠯ ᠪᠠᠢ᠌ᠭ᠎ᠠ ᠦᠬᠡᠢ ᠪᠤᠯ ᠶᠠᠭ᠋ᠠᠬᠢᠬᠤ ᠪᠠᠢ᠌ᠭᠰᠠᠨ ᠪᠤᠢ? ᠠᠵᠠ ᠵᠢᠷᠭ᠋ᠠᠯ᠎ᠢ ᠮᠡᠳᠡᠷᠡᠬᠦ ᠳᠤᠰᠤᠮ ᠪᠢᠳᠡ ᠴᠢᠨᠢ ᠠᠵᠠ ᠵᠢᠷᠭ᠋ᠠᠯ ᠤᠨ ᠡᠷᠢᠯᠴᠢᠨ ᠪᠢᠰᠢ᠂ ᠬᠠᠷᠢᠨ ᠠᠵᠠ ᠵᠢᠷᠭ᠋ᠠᠯ᠎ᠤᠨ ᠡᠵᠡᠨᠳᠡᠨ ᠪᠠᠢ᠌ᠳᠠᠭ᠎ᠢ ᠤᠬᠠᠭ᠋ᠠᠷᠠᠬᠤ ᠶᠤᠰᠤᠳᠠᠢ ᠪᠢᠰᠢ ᠬᠡᠵᠤ ᠤᠤ?
ᠭᠠᠳᠠᠨ᠎ᠠ ᠬᠠᠪᠤᠷ᠎ᠤᠨ ᠰᠠᠯᠬᠢᠨ ᠬᠠᠤᠬᠢᠭ᠋ᠠᠳ ᠪᠠᠢ᠌ᠭᠰᠠᠨ ᠴᠤ᠌ ᠠᠵᠠ ᠵᠢᠷᠭ᠋ᠠᠯ ᠵᠢᠡᠷ ᠪᠢ ᠵᠢᠷᠭ᠋ᠠᠵᠤ ᠪᠠᠢ᠌ᠨ᠎ᠠ᠃ ᠠᠵᠠ ᠵᠢᠷᠭ᠋ᠠᠯ ᠳᠡᠷᠬᠡᠳᠡ᠎ᠠᠴᠠ ᠮᠢᠨᠢ ᠁
ᠮᠠᠷᠭ᠋ᠠᠰᠢ ᠪᠠᠰᠠ ᠯᠠ ᠠᠵᠠ ᠵᠢᠷᠭ᠋ᠠᠯ ᠁ ᠪᠠᠶᠠᠷᠳᠠᠢ᠂ ᠤᠩᠰᠢᠭᠴᠢ ᠮᠢᠨᠢ ᠂ ᠠᠵᠠ ᠵᠢᠷᠭ᠋ᠠᠯ ᠬᠦᠰᠡᠶ᠎ᠡ᠃ ᠬᠦᠳᠡᠯᠮᠦᠷᠢ᠎ᠠᠴᠠ ᠠᠵᠠ ᠵᠢᠷᠭ᠋ᠠᠯ᠎ᠤᠨ ᠬᠤᠷ᠎ᠠ ᠱᠠᠬᠢᠳᠠᠭ᠂ ᠬᠦᠳᠡᠯᠮᠦᠷᠢ᠎ᠠᠴᠠ ᠠᠵᠠ ᠵᠢᠷᠭ᠋ᠠᠯ᠎ᠲᠠᠢ ᠦᠨᠦᠳᠦᠷ ᠤᠷᠭᠤᠵᠤ᠂ ᠠᠵᠠ ᠵᠢᠷᠭ᠋ᠠᠯ᠎ᠲᠠᠢ ᠮᠠᠷᠭ᠋ᠠᠰᠢ ᠡᠬᠢᠯᠡᠳᠡᠭ᠃
ᠬᠠᠶᠢᠭ᠄ ᠦᠪᠦᠷ ᠮᠤᠩᠭᠤᠯ᠎ᠤᠨ ᠰᠤᠷᠭ᠋ᠠᠨ ᠬᠦᠮᠦᠵᠢᠯ᠎ᠤᠨ ᠬᠡᠪᠯᠡᠯ᠎ᠤᠨ ᠬᠤᠷᠢᠶ᠎ᠠ