ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠡᠶ᠋ᠢᠭᠡᠮ ᠰᠡᠳᠬᠦᠯ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠨᠡᠶ᠋ᠢᠭᠡᠮ ᠰᠡᠳᠬᠦᠯ   -   ᠨᠡᠶ᠋ᠢᠭᠡᠮ ᠰᠡᠳᠬᠦᠯ
ᠣᠯᠠᠨ ᠠᠷᠭ᠎ᠠ ᠠᠪᠴᠠᠯ ᠵᠶ᠋ᠠᠷ ᠠᠮᠤᠷ ᠠᠮᠤᠭᠤᠯᠠᠩ ᠵᠠᠭ᠋ᠠᠭ ᠱᠤᠭᠤᠮ᠎ᠢ ᠡᠭᠦᠳᠦᠨ ᠪᠠᠢ᠌ᠭᠤᠯᠵᠤ᠂ 《ᠠᠮᠤᠷ ᠠᠮᠤᠭᠤᠯᠠᠩ ᠥᠪᠥᠷ ᠮᠣᠩᠭᠣᠯ》᠎ᠢ ᠪᠦᠲᠦᠭᠡᠨ ᠪᠠᠶ᠋ᠢᠭᠤᠯᠬᠤ᠎ᠳᠤ ᠬᠤᠪᠢ ᠨᠡᠮᠡᠷᠢ᠎ᠪᠠᠨ ᠬᠠᠨᠳᠢᠪᠯᠠᠪᠠ
ᠨᠡᠶᠢᠲᠡᠯᠡᠭᠰᠡᠨ ᠴᠠᠭ᠄ 2023-04-21


                                        ᠵᠠᠩ ᠲᠢᠶᠠᠨ ᠱᠦᠨ ᠮᠡᠳᠡᠭᠡᠯᠡᠪᠡ
                                      ᠤᠷᠢᠬᠠᠨ ᠣᠷᠴᠢᠭᠤᠯᠪᠠ
     ᠣᠢ᠌ᠷ᠎ᠠ ᠵᠢᠨ ᠵᠢᠯ᠎ᠤᠨ ᠲᠤᠷᠰᠢ᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠶᠠᠪᠤᠳᠠᠯ᠎ᠤᠨ ᠲᠢᠩᠬᠢᠮ᠎ᠠᠴᠠ ᠰᠢ ᠵᠢᠨ ᠫᠢᠩ ᠶᠡᠷᠦᠩᠬᠡᠢ ᠱᠦᠵᠢ ᠵᠢᠨ ᠥᠪᠥᠷ ᠮᠣᠩᠭᠣᠯ᠎ᠳᠤ  ᠲᠤᠰᠢᠶᠠᠭᠰᠠᠨ 《ᠲᠠᠪᠤᠨ ᠶᠡᠬᠡ ᠡᠭᠦᠷᠭᠡ》᠎ᠳᠤ᠎ᠬᠢ ᠡᠬᠡ ᠤᠯᠤᠰ᠎ᠤᠨ ᠤᠮᠠᠷᠠᠲᠤ ᠬᠢᠯᠢ ᠵᠢᠨ ᠠᠮᠤᠷ ᠲᠣᠭᠲᠠᠭᠤᠨ᠎ᠤ ᠬᠠᠯᠬᠠᠪᠴᠢ ᠵᠢ ᠪᠡᠬᠢᠵᠢᠭᠦᠯᠬᠦ ᠱᠠᠭ᠋ᠠᠷᠳᠠᠯᠭ᠎ᠠ ᠶᠣᠰᠣᠭ᠋ᠠᠷ᠂ ᠤᠯᠤᠰ ᠲᠥᠷᠥ ᠵᠢᠨ ᠵᠣᠭᠰᠣᠴᠠ᠎ᠪᠠᠨ ᠤᠬᠠᠮᠰᠠᠷ᠎ᠠᠴᠠ᠎ᠪᠠᠨ ᠳᠡᠭᠡᠭᠰᠢᠯᠡᠭᠦᠯᠵᠦ᠂ ᠭᠣᠣᠯᠳᠠᠯᠭ᠎ᠠ᠎ᠲᠠᠢ ᠴᠠᠭ ᠦᠶ᠎ᠡ ᠵᠢ ᠡᠵᠡᠮᠳᠡᠨ᠂ ᠭᠣᠣᠯᠳᠠᠯᠭ᠎ᠠ᠎ᠲᠠᠢ ᠭᠠᠵᠠᠷ᠎ᠢ ᠳᠣᠪᠣᠶ᠋ᠢᠯᠭ᠋ᠠᠵᠤ᠂ ᠵᠠᠭ᠋ᠠᠭ ᠱᠤᠭᠤᠮ᠎ᠤᠨ ᠬᠡᠮ ᠰᠣᠭᠣᠭ᠎ᠢ ᠵᠢᠭᠰᠠᠭ᠋ᠠᠨ ᠪᠠᠢ᠌ᠴᠠᠭ᠋ᠠᠵᠤ ᠰᠡᠷᠭᠡᠢ᠌ᠯᠡᠨ ᠠᠷᠢᠯᠭ᠋ᠠᠬᠤ ᠠᠵᠢᠯ᠎ᠢ ᠪᠠᠢ᠌ᠩᠭᠤ ᠵᠢᠨ ᠴᠢᠨᠠᠷᠲᠠᠢ᠎ᠪᠠᠷ ᠥᠷᠨᠢᠭᠦᠯᠵᠦ᠂ ᠵᠠᠭ᠋ᠠᠭ ᠱᠤᠭᠤᠮ᠎ᠤᠨ ᠬᠡᠮ ᠰᠣᠭᠣᠭ᠎ᠢ ᠡᠷᠲᠡ ᠢᠯᠡᠷᠡᠭᠦᠯᠬᠦ᠂ ᠲᠦᠷᠭᠡᠨ ᠰᠢᠢ᠍ᠳᠪᠦᠷᠢᠯᠡᠬᠦ᠂ ᠰᠠᠢ᠌ᠲᠤᠷ ᠲᠣᠬᠣᠨᠢᠭᠤᠯᠬᠤ ᠵᠢ ᠪᠡᠶᠡᠯᠡᠭᠦᠯᠵᠦ᠂ ᠪᠥᠬᠥ ᠣᠷᠣᠨ᠎ᠤ 8 ᠮᠤᠵᠢ ᠵᠢᠨ ᠵᠠᠭ᠋ᠠᠭ᠂ 18 ᠠᠢ᠌ᠮᠠᠭ ᠬᠣᠲᠠ ᠵᠢᠨ ᠵᠠᠭ᠋ᠠᠭ᠂ 163 ᠬᠣᠰᠢᠭᠤ ᠰᠢᠶᠠᠨ᠎ᠤ ᠵᠠᠭ᠋ᠠᠭ ᠱᠤᠭᠤᠮ ᠵᠡᠷᠭᠡ ᠵᠠᠰᠠᠭ ᠵᠠᠬᠢᠷᠭ᠋ᠠᠨ᠎ᠤ ᠣᠷᠣᠨ ᠪᠦᠰᠡ ᠵᠢᠨ ᠵᠠᠭ᠋ᠠᠭ ᠱᠤᠭᠤᠮ ᠨᠡᠶ᠋ᠢᠲᠡ 3.1 ᠲᠦᠮᠡᠨ ᠺᠢᠯᠣᠮᠧᠲᠷ ᠣᠷᠴᠢᠮ ᠤᠷᠲᠤ ᠪᠠᠢ᠌ᠵᠤ᠂ 7 ᠵᠢᠯ ᠳᠠᠷᠠᠭ᠋ᠠᠯᠠᠨ ᠠᠮᠤᠷ ᠠᠮᠤᠭᠤᠯᠠᠩ ᠵᠠᠭ᠋ᠠᠭ ᠱᠤᠭᠤᠮ᠎ᠤᠨ ᠬᠠᠷᠠᠯᠲᠠ ᠵᠢ ᠪᠡᠶᠡᠯᠡᠭᠦᠯᠪᠡ᠃
     ᠨᠢᠭᠡ᠎ᠳᠤ᠂ ᠵᠠᠭ᠋ᠠᠭ ᠱᠤᠭᠤᠮ᠎ᠤᠨ ᠵᠠᠰᠠᠯᠲᠠ ᠵᠢᠨ ᠨᠠᠷᠢᠯᠢᠭᠵᠢᠭᠤᠯᠤᠭᠰᠠᠨ ᠠᠷᠭ᠎ᠠ ᠵᠠᠮ ᠵᠶ᠋ᠠᠷ ᠰᠢᠨ᠎ᠡ ᠵᠢ ᠡᠭᠦᠳᠪᠡ᠃ ᠣᠢ᠌ᠷ᠎ᠠ ᠵᠢᠨ ᠵᠢᠯ᠎ᠤᠳ᠎ᠲᠤ᠂ ᠵᠠᠭ᠋ᠠᠭ ᠱᠤᠭᠤᠮ᠎ᠤᠨ ᠬᠠᠮᠢᠶᠠᠷᠤᠯᠲᠠ ᠵᠢᠨ ᠮᠡᠳᠡᠭᠡ ᠵᠠᠩᠭᠢᠵᠢᠯᠲᠠ ᠵᠢᠨ ᠠᠷᠭ᠎ᠠ ᠪᠠᠷᠢᠯ᠎ᠢ ᠣᠷᠣᠭᠤᠯᠤᠨ ᠠᠪᠴᠢᠷᠠᠬᠤ ᠵᠢ ᠳᠠᠭ᠋ᠠᠯᠳᠤᠨ᠂ ᠮᠠᠨ᠎ᠤ ᠣᠷᠣᠨ ᠣᠷᠣᠭᠤᠯᠤᠯᠲᠠ ᠵᠢᠨ ᠡᠷᠴᠢᠮ ᠵᠶ᠋ᠡᠨ ᠲᠠᠰᠤᠷᠠᠯᠲᠠ ᠦᠭᠡᠢ ᠴᠢᠩᠭ᠋ᠠᠷᠠᠭᠤᠯᠵᠤ᠂ ᠤᠷᠢᠳ ᠬᠣᠵᠢᠳ ᠵᠡᠭᠦᠨ᠂ ᠳᠤᠮᠳᠠ᠂ ᠪᠠᠷᠠᠭᠤᠨ ᠬᠡᠰᠡᠭ ᠣᠷᠤᠨ᠎ᠤ 3 ᠬᠣᠰᠢᠭᠤ ᠰᠢᠶᠠᠨ᠂ ᠳᠤᠮᠳᠠ ᠬᠡᠰᠡᠭ᠎ᠤᠨ 1 ᠠᠢ᠌ᠮᠠᠭ ᠬᠣᠲᠠ ᠵᠢ ᠰᠣᠩᠭᠣᠨ ᠲᠤᠭᠲᠠᠭ᠋ᠠᠭᠰᠠᠨ ᠪᠦᠭᠡᠳ ᠦᠯᠡᠳᠡᠭᠳᠡᠯ ᠠᠰᠠᠭᠤᠳᠠᠯ ᠣᠷᠣᠰᠢᠵᠤ ᠪᠠᠢ᠌ᠭ᠎ᠠ 2 ᠮᠤᠵᠢ ᠵᠢᠨ ᠵᠠᠭ᠋ᠠᠭ᠎ᠢ ᠰᠣᠩᠭᠣᠨ ᠲᠣᠭᠲᠠᠭ᠋ᠠᠵᠤ᠂ ᠵᠠᠭ᠋ᠠᠭ ᠱᠤᠭᠤᠮ᠎ᠤᠨ ᠬᠠᠮᠢᠶᠠᠷᠤᠯᠲᠠ ᠵᠢᠨ ᠮᠡᠳᠡᠭᠡ ᠵᠠᠩᠭᠢᠵᠢᠯᠲᠠ ᠵᠢᠨ ᠪᠠᠢ᠌ᠭᠤᠯᠤᠯᠲᠠ ᠵᠢᠨ ᠲᠤᠷᠰᠢᠯᠲᠠ ᠵᠢᠨ  ᠴᠡᠭ᠎ᠤᠨ ᠠᠵᠢᠯ᠎ᠢ ᠥᠷᠨᠢᠭᠦᠯᠦᠨ᠂ ᠵᠠᠭ᠋ᠠᠭ ᠱᠤᠭᠤᠮ᠎ᠤᠨ ᠣᠷᠣᠨ ᠪᠠᠢ᠌ᠷᠢ ᠪᠠ ᠬᠠᠨᠳᠤᠰᠢ ᠵᠢ ᠣᠨᠣᠪᠴᠢᠲᠠᠶ ᠨᠤᠲᠠᠯᠠᠨ ᠲᠣᠭᠲᠠᠭ᠋ᠠᠬᠤ᠂ ᠵᠠᠭ᠋ᠠᠭ ᠱᠤᠭᠤᠮ᠎ᠤᠨ ᠮᠠᠷᠭᠤᠯᠳᠤᠭ᠋ᠠᠨ ᠪᠠ  ᠵᠠᠭᠤᠷᠠᠯᠳᠤᠭ᠋ᠠᠨ᠎ᠢ ᠥᠨᠳᠥᠷ ᠪᠦᠲᠦᠮᠵᠢᠲᠡᠶ᠎ᠪᠠᠷ ᠰᠢᠢ᠍ᠳᠪᠦᠷᠢᠯᠡᠬᠦ᠎ᠳᠤ ᠮᠡᠷᠭᠡᠵᠢᠯ᠎ᠤᠨ ᠲᠤᠯᠭ᠋ᠠᠭᠤᠷᠯᠠᠯ ᠬᠠᠩᠭ᠋ᠠᠭᠰᠠᠨ ᠪᠠᠢ᠌ᠨ᠎ᠠ᠃ ᠣᠳᠣᠬᠠᠨ᠎ᠳᠤ᠂ ᠶᠠᠭ ᠲᠤᠷᠰᠢᠯᠭ᠎ᠠ ᠵᠢᠨ ᠠᠷᠭ᠎ᠠ ᠬᠢᠳᠡᠯ᠎ᠢ ᠠᠯᠬᠤᠮ ᠠᠯᠬᠤᠮ ᠵᠶ᠋ᠠᠷ ᠳᠡᠯᠭᠡᠷᠡᠭᠦᠯᠵᠦ ᠪᠠᠢ᠌ᠬᠤ ᠪᠥᠭᠡᠳ ᠵᠠᠭ᠋ᠠᠭ ᠱᠤᠭᠤᠮ᠎ᠤᠨ ᠬᠠᠮᠢᠶᠠᠷᠤᠯᠲᠠ ᠵᠢᠨ ᠮᠡᠳᠡᠭᠡ ᠵᠠᠩᠭᠢᠵᠢᠯᠲᠠ ᠵᠢᠨ ᠠᠵᠢᠯ᠎ᠢ ᠨᠢᠭᠡᠨᠲᠡ ᠮᠠᠨ᠎ᠤ ᠣᠷᠣᠨ᠎ᠤ ᠠᠷᠠᠳ᠎ᠤᠨ ᠶᠠᠪᠤᠳᠠᠯ᠎ᠤᠨ ᠦᠢ᠍ᠯᠡᠰ᠎ᠤᠨ 《ᠠᠷᠪᠠᠨ ᠳᠥᠷᠪᠡᠳᠦᠭᠡᠷ ᠲᠠᠪᠤᠨ ᠵᠢᠯ》᠎ᠤᠨ ᠲᠥᠯᠦᠪᠵᠢᠭᠦᠯᠭᠡ᠎ᠳᠤ ᠪᠢᠴᠢᠨ ᠣᠷᠣᠭᠤᠯᠵᠤ᠂ ᠬᠦᠴᠦᠲᠡᠢ ᠪᠥᠭᠡᠳ ᠡᠮᠬᠢ ᠵᠢᠷᠤᠮ᠎ᠲᠠᠢ ᠠᠬᠢᠭᠤᠯᠬᠤ ᠵᠢ ᠦᠨᠡᠨ ᠬᠦ᠌ ᠪᠠᠲᠤᠯᠠᠪᠠ᠃
     ᠬᠣᠶᠠᠷ᠎ᠲᠤ᠂ ᠵᠠᠭ᠋ᠠᠭ ᠱᠤᠭᠤᠮ᠎ᠢ ᠬᠠᠮᠲᠤᠷᠠᠨ ᠪᠠᠢ᠌ᠴᠠᠭ᠋ᠠᠬᠤ ᠳᠦᠷᠢᠮ᠎ᠢ ᠵᠢᠷᠤᠮᠵᠢᠭᠤᠯᠤᠨ ᠨᠠᠢ᠌ᠳᠠᠪᠤᠷᠢᠵᠢᠭᠤᠯᠪᠠ᠃ ᠠᠷᠠᠳ᠎ᠤᠨ ᠶᠠᠪᠤᠳᠠᠯ᠎ᠤᠨ ᠶᠠᠮᠤᠨ᠎ᠤ ᠪᠠᠢ᠌ᠷᠢᠯᠠᠭᠤᠯᠤᠯᠲᠠ ᠶᠣᠰᠣᠭ᠋ᠠᠷ᠂ ᠮᠤᠵᠢ ᠵᠢᠨ ᠵᠠᠭ᠋ᠠᠭ ᠱᠤᠭᠤᠮ᠎ᠤᠨ ᠳᠦᠷᠪᠡᠳᠡᠬᠢ ᠡᠭᠡᠯᠵᠢ ᠵᠢᠨ ᠬᠠᠮᠲᠤᠷᠠᠨ ᠪᠠᠢ᠌ᠴᠠᠭ᠋ᠠᠬᠤ ᠡᠭᠦᠷᠭᠡ ᠵᠢ ᠤᠷᠤᠭᠰᠢᠲᠠᠢ ᠪᠡᠶᠡᠯᠡᠭᠦᠯᠵᠦ᠂ ᠵᠠᠭ᠋ᠠᠭ ᠱᠤᠭᠤᠮ᠎ᠤᠨ ᠬᠠᠮᠲᠤᠷᠠᠨ ᠪᠠᠢ᠌ᠴᠠᠭ᠋ᠠᠬᠤ ᠶᠠᠪᠤᠴᠠ᠎ᠳᠤ ᠢᠯᠡᠷᠡᠭᠦᠯᠦᠭᠰᠡᠨ ᠠᠰᠠᠭᠤᠳᠠᠯ᠎ᠢ ᠲᠣᠬᠢᠲᠠᠢ ᠰᠢᠢ᠍ᠳᠪᠦᠷᠢᠯᠡᠵᠦ᠂ ᠬᠥᠷᠰᠢ ᠵᠡᠷᠭᠡᠯᠡᠳᠡᠭᠡ ᠭᠠᠵᠠᠷ ᠣᠷᠣᠨ᠎ᠤ ᠠᠵᠤ ᠠᠬᠤᠢ ᠨᠡᠢ᠌ᠭᠡᠮ᠎ᠤᠨ ᠬᠥᠭᠵᠢᠯᠲᠡ᠎ᠳᠤ ᠡᠶ᠎ᠡ ᠵᠣᠬᠢᠴᠠᠯ᠎ᠲᠠᠢ ᠲᠣᠭᠲᠠᠭᠤᠨ ᠣᠷᠴᠢᠨ ᠠᠬᠤᠢ ᠵᠢᠨ ᠪᠠᠲᠤᠯᠠᠭ᠎ᠠ ᠵᠢ ᠬᠠᠩᠭ᠋ᠠᠪᠠ᠃ ᠪᠥᠬᠥ ᠣᠷᠣᠨ᠎ᠤ ᠠᠢ᠌ᠮᠠᠭ ᠬᠣᠲᠠ᠂ ᠬᠣᠰᠢᠭᠤ ᠰᠢᠶᠠᠨ᠎ᠤ ᠵᠠᠭ᠋ᠠᠭ ᠱᠤᠭᠤᠮ᠎ᠤᠨ ᠵᠢᠷᠭᠤᠳᠡᠬᠢ ᠡᠭᠡᠯᠵᠢ ᠵᠢᠨ ᠬᠠᠮᠲᠤᠷᠠᠨ ᠪᠠᠢ᠌ᠴᠠᠭ᠋ᠠᠬᠤ ᠡᠭᠦᠷᠭᠡ ᠵᠢ ᠲᠡᠭᠦᠰ ᠠᠮᠵᠢᠯᠲᠠ᠎ᠲᠠᠢ ᠪᠡᠶᠡᠯᠡᠭᠦᠯᠵᠦ᠂ ᠳᠣᠯᠤᠳᠡᠬᠢ ᠡᠭᠡᠯᠵᠢ ᠵᠢᠨ ᠬᠠᠮᠲᠤᠷᠠᠨ ᠪᠠᠢ᠌ᠴᠠᠭ᠋ᠠᠬᠤ ᠠᠵᠢᠯ᠎ᠢ ᠤᠷᠤᠭᠰᠢᠲᠠᠢ ᠡᠬᠢᠯᠡᠭᠦᠯᠪᠡ᠃ ᠡᠨᠡ ᠬᠦ᠌ ᠬᠤᠭᠤᠴᠠᠭ᠋ᠠᠨ᠎ᠳᠤ᠂ ᠠᠢ᠌ᠮᠠᠭ ᠬᠣᠲᠠ᠂ ᠬᠣᠰᠢᠭᠤ ᠰᠢᠶᠠᠨ᠎ᠤ ᠵᠠᠭ᠋ᠠᠭ ᠱᠤᠭᠤᠮ᠎ᠤᠨ ᠬᠠᠮᠲᠤᠷᠠᠨ ᠪᠠᠢ᠌ᠴᠠᠭ᠋ᠠᠬᠤ ᠠᠵᠢᠯ᠎ᠢ ᠵᠣᠬᠢᠶᠠᠨ ᠪᠠᠢ᠌ᠭᠤᠯᠵᠤ ᠬᠡᠷᠡᠭᠵᠢᠭᠦᠯᠬᠦ ᠲᠠᠰ ᠳᠠᠷᠠᠭ᠋ᠠᠯᠠᠯ ᠪᠠ ᠬᠠᠮᠲᠤᠷᠠᠨ ᠪᠠᠢ᠌ᠴᠠᠭ᠋ᠠᠭᠰᠠᠨ ᠮᠡᠳᠡᠭᠦᠯᠦᠯᠲᠡ ᠵᠢ ᠮᠡᠳᠡᠭᠦᠯᠦᠨ ᠬᠦᠷᠭᠡᠬᠦ ᠲᠠᠰ ᠳᠠᠷᠠᠭ᠋ᠠᠯᠠᠯ᠂ ᠮᠡᠳᠡᠭᠦᠯᠦᠨ ᠬᠦᠷᠭᠡᠬᠦ ᠭᠣᠣᠯ ᠴᠣᠭᠴᠠ ᠵᠢ ᠲᠤᠢ᠌ᠯᠪᠤᠷᠢᠲᠠᠢ ᠵᠢᠷᠤᠮᠵᠢᠭᠤᠯᠵᠤ᠂ ᠦᠨᠳᠦᠰᠦᠨ ᠱᠠᠲᠤᠨ᠎ᠤ ᠵᠠᠭ᠋ᠠᠭ ᠱᠤᠭᠤᠮ᠎ᠤᠨ ᠬᠠᠮᠲᠤᠷᠠᠨ ᠪᠠᠢ᠌ᠴᠠᠭ᠋ᠠᠬᠤ ᠠᠵᠢᠯ᠎ᠢ ᠬᠠᠤᠯᠢ᠎ᠪᠠᠷ ᠵᠠᠰᠠᠬᠤ᠂ ᠵᠢᠷᠤᠮᠵᠢᠭᠤᠯᠬᠤ ᠵᠠᠮ᠎ᠳᠤ ᠣᠷᠣᠭᠤᠯᠤᠭᠰᠠᠨ ᠪᠠᠢ᠌ᠨ᠎ᠠ᠃
     ᠭᠤᠷᠪᠠ᠎ᠳᠤ᠂ ᠵᠠᠭ᠋ᠠᠭ ᠱᠤᠭᠤᠮ᠎ᠤᠨ ᠲᠡᠮᠳᠡᠭ ᠪᠣᠳᠠᠰ᠎ᠤᠨ ᠬᠠᠮᠢᠶᠠᠷᠤᠯᠲᠠ ᠬᠠᠮᠠᠭ᠋ᠠᠯᠠᠯᠲᠠ ᠵᠢ ᠴᠢᠩᠳᠠᠯᠠᠪᠠ᠃ 2013 ᠣᠨ ᠎ᠠᠴᠠ ᠣᠲᠣ ᠪᠣᠯᠲᠠᠯ᠎ᠠ᠂ ᠮᠠᠨ᠎ᠤ ᠣᠷᠣᠨ ᠤᠷᠢᠳ ᠬᠣᠵᠢᠳ ᠱᠠᠨ ᠰᠢ ᠮᠤᠵᠢ᠂ ᠯᠢᠶᠣᠤᠨᠢᠩ ᠮᠤᠵᠢ᠂ ᠬᠠᠷᠠᠮᠥ᠋ᠷᠡᠨ ᠮᠤᠵᠢ᠂ ᠱᠠᠨᠰᠢ ᠮᠤᠵᠢ᠂ ᠾᠧᠪᠧᠢ ᠮᠤᠵᠢ᠎ᠲᠠᠢ ᠬᠠᠮᠲᠤᠷᠠᠨ ᠵᠤᠬᠢᠴᠠᠭᠤᠯᠵᠤ ᠪᠠᠢ᠌ᠭ᠋ᠠᠳ ᠮᠤᠵᠢ ᠵᠢᠨ ᠵᠠᠭ᠋ᠠᠭ᠎ᠤᠨ 91 ᠵᠠᠭ᠋ᠠᠭ᠎ᠤᠨ ᠱᠣᠩ᠎ᠢ ᠰᠣᠯᠢᠵᠤ᠂ ᠵᠠᠭ᠋ᠠᠭ᠎ᠤᠨ ᠱᠣᠩ᠎ᠤᠨ ᠬᠠᠤᠯᠢ᠎ᠪᠠᠷ ᠲᠣᠭᠲᠠᠭ᠋ᠠᠭᠰᠠᠨ ᠢᠯᠡᠷᠬᠡᠢ᠌ᠯᠡᠯ᠎ᠤᠨ ᠪᠠᠢ᠌ᠷᠢ ᠰᠠᠭᠤᠷᠢ ᠵᠢ ᠤᠯᠠᠮ ᠨᠢᠭᠡ ᠠᠯᠬᠤᠮ ᠴᠢᠩᠭ᠋ᠠᠳᠬᠠᠪᠠ᠃ 2019 ᠣᠨ᠎ᠠᠴᠠ ᠡᠬᠢᠯᠡᠨ᠂ ᠮᠠᠨ᠎ᠤ ᠣᠷᠣᠨ᠎ᠤ ᠬᠥᠬᠡᠬᠣᠲᠠ᠂ ᠬᠥᠯᠥᠨ ᠪᠣᠶ᠋ᠢᠷ ᠬᠣᠲᠠ᠂ ᠬᠢᠩᠭ᠋ᠠᠨ ᠠᠢ᠌ᠮᠠᠭ᠂ ᠤᠯᠠᠭ᠋ᠠᠨᠴᠠᠪ ᠬᠣᠲᠠ᠂ ᠣᠷᠳᠣᠰ ᠬᠣᠲᠠ ᠵᠠᠯᠭ᠋ᠠᠭ᠎ᠠ᠎ᠪᠠᠷ 300 ᠭᠠᠷᠤᠢ ᠣᠶᠤᠨᠲᠤ ᠵᠠᠭ᠋ᠠᠭ᠎ᠤᠨ ᠱᠣᠩ᠎ᠢ ᠦᠢ᠍ᠯᠡᠳᠦᠨ ᠰᠣᠯᠢᠵᠤ᠂ ᠪᠠᠢ᠌ᠷᠢ ᠲᠣᠭᠲᠠᠭ᠋ᠠᠬᠤ ᠴᠠᠭᠢᠮ ᠤᠭᠰᠠᠷᠠᠵᠤ᠂ ᠵᠠᠭ᠋ᠠᠭ᠎ᠤᠨ ᠱᠣᠩ᠎ᠤᠨ ᠪᠠᠢ᠌ᠳᠠᠯ᠎ᠢ ᠴᠠᠭ ᠲᠤᠬᠠᠢ ᠎ᠳᠤ᠎ᠨᠢ ᠡᠵᠡᠮᠳᠡᠨ᠂ ᠵᠠᠭ᠋ᠠᠭ ᠱᠤᠭᠤᠮ᠎ᠤᠨ ᠲᠡᠮᠳᠡᠭ ᠪᠣᠳᠠᠰ᠎ᠤᠨ ᠰᠦᠷ ᠬᠦᠴᠦᠨ᠎ᠢ ᠬᠠᠮᠠᠭ᠋ᠠᠯᠠᠪᠠ᠃
     ᠳᠥᠷᠪᠡ᠎ᠳᠤ᠂ ᠵᠠᠭ᠋ᠠᠭ ᠱᠤᠭᠤᠮ᠎ᠤᠨ ᠬᠠᠮᠢᠶᠠᠷᠤᠯᠲᠠ ᠵᠢᠨ ᠣᠳᠣᠬᠢ ᠪᠠᠢ᠌ᠳᠠᠯ᠎ᠢ ᠣᠨᠣᠪᠴᠢᠲᠠᠢ ᠡᠵᠡᠮᠰᠢᠪᠡ᠃ ᠵᠠᠭ᠋ᠠᠭ ᠱᠤᠭᠤᠮ᠎ᠢ ᠬᠠᠢ᠌ᠨ ᠲᠣᠭᠲᠠᠭ᠋ᠠᠬᠤ ᠰᠠᠭᠤᠷᠢ ᠲᠣᠭ᠎ᠠ ᠵᠢ ᠣᠨᠣᠪᠴᠢᠲᠠᠶ ᠡᠵᠡᠮᠰᠢᠬᠦ ᠪᠣᠯ ᠵᠠᠭ᠋ᠠᠭ ᠱᠤᠭᠤᠮ᠎ᠤᠨ ᠲᠠᠯᠳᠠ ᠭᠡᠮ᠎ᠢ ᠰᠡᠷᠭᠡᠢ᠌ᠯᠡᠨ ᠠᠷᠢᠯᠭ᠋ᠠᠬᠤ ᠠᠵᠢᠯ᠎ᠢ ᠪᠦᠲᠦᠮᠵᠢᠲᠡᠶ ᠰᠠᠢ᠌ᠲᠤᠷ ᠬᠢᠬᠦ ᠵᠢᠨ ᠰᠠᠭᠤᠷᠢ ᠮᠥᠨ᠃ ᠡᠢ᠌ᠮᠦ᠎ᠠᠴᠠ ᠪᠢᠳᠡ ᠵᠠᠭ᠋ᠠᠭ ᠱᠤᠭᠤᠮ᠎ᠤᠨ ᠬᠠᠮᠢᠶᠠᠷᠤᠯᠲᠠ ᠵᠢᠨ ᠦᠯᠡᠳᠡᠭᠳᠡᠯ ᠠᠰᠠᠭᠤᠳᠠᠯ ᠪᠣᠯᠤᠨ ᠰᠢᠨ᠎ᠡ᠎ᠪᠠᠷ ᠨᠡᠮᠡᠭᠳᠡᠭᠰᠡᠨ ᠵᠠᠭ᠋ᠠᠭ ᠱᠤᠭᠤᠮ᠎ᠤᠨ ᠬᠤᠪᠢᠷᠠᠯᠲᠠ ᠵᠢᠨ ᠪᠠᠢ᠌ᠳᠠᠯ᠎ᠢ ᠡᠬᠡ ᠲᠠᠨᠭ᠌ᠰᠠ᠎ᠲᠠᠢ ᠲᠣᠳᠣᠷᠬᠠᠢ ᠪᠣᠯᠭ᠋ᠠᠵᠤ᠂ ᠠᠰᠠᠭᠤᠳᠠᠯ᠎ᠢ᠎ᠨᠢ ᠲᠣᠳᠣᠷᠬᠠᠢ ᠪᠣᠯᠭ᠋ᠠᠪᠠ᠃ ᠣᠷᠣᠰᠢᠵᠤ ᠪᠠᠢ᠌ᠭ᠎ᠠ ᠲᠣᠪᠣᠢ᠌ᠮ᠎ᠠ ᠠᠰᠠᠭᠤᠳᠠᠯ ᠪᠣᠯ᠂ ᠳᠡᠭᠡᠷ᠎ᠡ ᠵᠠᠭᠤᠨ᠎ᠤ ᠶᠡᠷᠡᠭᠡᠳ ᠣᠨ᠎ᠳᠤ ᠲᠥᠷᠥ ᠵᠢᠨ ᠶᠠᠪᠤᠳᠠᠯ᠎ᠤᠨ ᠬᠣᠷᠢᠶ᠎ᠠ᠎ᠠᠴᠠ ᠨᠢᠭᠡᠳᠦᠯᠲᠡᠢ ᠵᠣᠬᠢᠶᠠᠨ ᠪᠠᠢ᠌ᠭᠤᠯᠤᠭᠰᠠᠨ ᠮᠤᠵᠢ᠂ ᠰᠢᠶᠠᠨ᠎ᠤ ᠬᠣᠶᠠᠷ ᠱᠠᠲᠤᠨ᠎ᠤ ᠵᠠᠰᠠᠭ ᠵᠠᠬᠢᠷᠭ᠋ᠠᠨ᠎ᠤ ᠣᠷᠣᠨ᠎ᠤ ᠵᠠᠭ᠋ᠠᠭ ᠱᠤᠭᠤᠮ᠎ᠢ ᠬᠠᠢ᠌ᠨ ᠲᠣᠭᠲᠠᠭ᠋ᠠᠬᠤ ᠠᠵᠢᠯ ᠳᠠᠭᠤᠰᠤᠭᠰᠠᠨ᠎ᠤ ᠳᠠᠷᠠᠭ᠎ᠠ᠂ ᠮᠠᠨ᠎ᠤ ᠣᠷᠣᠨ᠎ᠤ ᠬᠥᠷᠰᠢ ᠵᠡᠷᠭᠡᠯᠡᠳᠡᠭᠡ ᠪᠠᠢ᠌ᠭ᠎ᠠ 8 ᠮᠤᠵᠢ ᠵᠢᠨ ᠵᠠᠭ᠋ᠠᠭ ᠱᠤᠭᠤᠮ᠎ᠳᠠᠬᠢ ᠬᠣᠶᠠᠷ ᠵᠤᠷᠪᠤᠰ (ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠤᠷᠤᠨ ᠭᠢᠷᠢᠨ ᠮᠤᠵᠢ ᠵᠢᠨ ᠬᠤᠭᠤᠷᠤᠨᠳᠤᠬᠢ ᠵᠠᠭ᠋ᠠᠭ ᠱᠤᠭᠤᠮ᠎ᠤᠨ 2 ᠬᠡᠰᠡᠭ᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠤᠷᠤᠨ ᠭᠠᠨᠰᠤ ᠮᠤᠵᠢ ᠵᠢᠨ ᠬᠤᠭᠤᠷᠤᠨᠳᠤᠬᠢ ᠵᠠᠭ᠋ᠠᠭ ᠱᠤᠭᠤᠮ᠎ᠤᠨ 1 ᠬᠡᠰᠡᠭ) ᠵᠠᠭ᠋ᠠᠭ ᠱᠤᠭᠤᠮ᠎ᠢ ᠬᠠᠷᠠᠬᠠᠨ ᠬᠠᠢ᠌ᠨ ᠲᠣᠭᠲᠠᠭ᠋ᠠᠭ᠋ᠠᠳᠤᠢ ᠪᠠᠢ᠌ᠵᠤ᠂ 1 ᠵᠤᠷᠪᠤᠰ ᠮᠤᠵᠢ ᠵᠢᠨ ᠵᠠᠭ᠋ᠠᠭ ᠱᠤᠭᠤᠮ᠎ᠤᠨ 2 ᠬᠡᠰᠡᠭ (ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠤᠨ ᠱᠠᠨᠰᠢ ᠮᠤᠵᠢ ᠵᠢᠨ ᠬᠤᠭᠤᠷᠤᠨᠳᠤᠬᠢ ᠲᠡᠮᠡᠭᠡᠨ ᠬᠠᠳᠠᠨ ᠴᠠᠭ᠋ᠠᠨ ᠨᠠᠭᠤᠷ᠂ ᠺᠡᠵᠦᠦᠷ ᠲᠠᠩ)᠎ᠤᠨ ᠵᠠᠭ᠋ᠠᠭ ᠱᠤᠭᠤᠮ᠎ᠢ ᠬᠠᠷᠠᠬᠠᠨ ᠬᠠᠢ᠌ᠨ ᠲᠤᠭᠲᠠᠭ᠋ᠠᠭ᠋ᠠᠳᠤᠢ ᠪᠠᠢ᠌ᠵᠤ᠂ ᠵᠠᠭ᠋ᠠᠭ ᠱᠤᠭᠤᠮ᠎ᠤᠨ ᠦᠯᠡᠳᠡᠭᠳᠡᠯ ᠠᠰᠠᠭᠤᠳᠠᠯ ᠣᠲᠣ᠎ᠳᠤ ᠲᠤᠯᠲᠠᠯ᠎ᠠ ᠦᠷᠭᠦᠯᠵᠢᠯᠡᠭᠰᠡᠨ ᠪᠠᠢ᠌ᠨ᠎ᠠ᠃ ᠰᠢᠨ᠎ᠡ᠎ᠪᠠᠷ ᠨᠡᠮᠡᠭᠳᠡᠭᠰᠡᠨ ᠬᠤᠪᠢᠷᠠᠯᠲᠠ ᠵᠢᠨ ᠪᠠᠢ᠌ᠳᠠᠯ ᠪᠣᠯ᠂ 2013 ᠣᠨ᠎ᠳᠤ ᠮᠠᠨ᠎ᠤ ᠣᠷᠣᠨ᠎ᠤ ᠵᠠᠯᠠᠶ᠋ᠢᠨᠠᠭᠤᠷ ᠲᠣᠭᠣᠷᠢᠭ᠎ᠤᠨ᠎ᠬᠢᠨ ᠰᠢᠶᠠᠨ᠎ᠤ ᠱᠠᠲᠤᠨ᠎ᠤ ᠵᠠᠰᠠᠭ ᠵᠠᠬᠢᠷᠭ᠋ᠠᠨ᠎ᠤ ᠣᠷᠣᠨ᠎ᠤ ᠬᠤᠪᠢᠶᠠᠷᠢᠯᠠᠯ᠎ᠤᠨ ᠨᠢᠭᠡᠴᠢ᠎ᠪᠠᠷ ᠳᠠᠩᠰᠠᠯᠠᠭᠤᠯᠵᠤ᠂ 3 ᠵᠤᠷᠪᠤᠰ ᠰᠢᠶᠠᠨ᠎ᠤ ᠱᠠᠲᠤᠨ᠎ᠤ ᠵᠠᠭ᠋ᠠᠭ ᠱᠤᠭᠤᠮ᠎ᠢ ᠬᠠᠢ᠌ᠨ ᠲᠣᠭᠲᠠᠭ᠋ᠠᠵᠤ᠂ ᠨᠡᠶ᠋ᠢᠲᠡ 80.3 ᠺᠢᠯᠣᠮᠧᠲᠷ ᠪᠣᠯᠭ᠋ᠠᠪᠠ᠃ 2016 ᠣᠨ᠎ᠳᠤ ᠣᠷᠳᠣᠰ ᠬᠣᠲᠠ᠎ᠳᠤ ᠬᠢᠶ᠎ᠠ ᠪᠠᠭᠰᠢ ᠲᠣᠭᠣᠷᠢᠭ᠎ᠢ ᠪᠠᠢ᠌ᠭᠤᠯᠵᠤ᠂ ᠰᠢᠶᠠᠨ᠎ᠤ ᠱᠠᠲᠤᠨ᠎ᠤ ᠵᠠᠭ᠋ᠠᠭ ᠱᠤᠭᠤᠮ᠎ᠢ 125.9 ᠺᠢᠯᠣᠮᠧᠲᠷ ᠬᠠᠢ᠌ᠨ ᠲᠣᠭᠲᠠᠭ᠋ᠠᠪᠠ᠃
     ᠲᠠᠪᠤ᠎ᠳᠤ᠂ ᠬᠢᠯᠢ ᠬᠢᠵᠠᠭ᠋ᠠᠷ ᠣᠷᠣᠨ᠎ᠤ ᠠᠶᠤᠯ ᠲᠦᠭᠰᠢᠭᠦᠷᠢ ᠵᠢ ᠪᠦᠲᠦᠮᠵᠢᠲᠡᠶ᠎ᠪᠠᠷ ᠰᠡᠷᠭᠡᠢ᠌ᠯᠡᠨ ᠠᠷᠢᠯᠭ᠋ᠠᠪᠠ᠃ ᠮᠠᠨ᠎ᠤ ᠣᠷᠣᠨ᠎ᠤ ᠵᠠᠰᠠᠭ ᠵᠠᠬᠢᠷᠭ᠋ᠠᠨ᠎ᠤ ᠣᠷᠣᠨ᠎ᠤ ᠵᠠᠭ᠋ᠠᠭ ᠱᠤᠭᠤᠮ᠎ᠤᠨ ᠲᠥᠷᠥᠯ ᠢᠯᠭ᠋ᠠᠯ ᠣᠯᠠᠨ᠂ ᠠᠯᠭ᠋ᠠᠰᠠᠯ ᠶᠡᠬᠡ᠂ ᠣᠷᠳᠣ ᠵᠢᠨ ᠬᠡᠮᠵᠢᠶ᠎ᠡ ᠣᠷᠳᠣ᠂ ᠦᠯᠡᠳᠡᠭᠳᠡᠯ ᠠᠰᠠᠭᠤᠳᠠᠯ ᠣᠯᠠᠨ ᠪᠠᠢ᠌ᠳᠠᠭ ᠣᠨᠴᠠᠯᠢᠭ᠎ᠲᠤ ᠴᠢᠭᠯᠡᠭᠦᠯᠦᠨ᠂ ᠡᠯ᠎ᠡ ᠭᠠᠵᠠᠷ᠎ᠤᠨ᠎ᠬᠢᠨ ᠰᠠᠨᠠᠭ᠋ᠠᠴᠢᠯᠠᠭ᠎ᠠ᠎ᠠᠴᠠ᠎ᠪᠠᠨ ᠴᠠᠭ ᠬᠤᠭᠤᠴᠠᠭ᠎ᠠ ᠲᠤᠭᠲᠠᠭ᠋ᠠᠵᠣ᠂ ᠱᠠᠲᠤ ᠦᠶ᠎ᠡ ᠬᠤᠪᠢᠶᠠᠨ ᠲᠦᠭᠰᠢᠭᠦᠷᠢ ᠵᠢ ᠰᠡᠷᠭᠡᠢ᠌ᠯᠡᠬᠦ ᠠᠵᠢᠯ᠎ᠢ ᠥᠷᠨᠢᠭᠦᠯᠪᠡ᠃ ᠬᠠᠪᠤᠷ᠎ᠤᠨ ᠤᠯᠠᠷᠢᠯ᠎ᠳᠤ᠂ ᠭᠠᠵᠠᠷ ᠰᠢᠷᠣᠢ ᠵᠢᠨ ᠡᠬᠢ ᠪᠠᠶᠠᠯᠢᠭ᠎ᠤᠨ ᠡᠷᠬᠡ ᠵᠢᠨ ᠬᠠᠷᠢᠶᠠᠯᠠᠯ᠎ᠠᠴᠠ ᠪᠣᠯᠤᠭᠰᠠᠨ ᠵᠠᠭ᠋ᠠᠭ ᠱᠤᠭᠤᠮ᠎ᠤᠨ ᠵᠠᠭᠤᠷᠠᠯᠳᠤᠭ᠋ᠠᠨ᠎ᠢ ᠰᠡᠷᠭᠡᠢ᠌ᠯᠡᠬᠦ᠎ᠪᠠᠷ ᠭᠣᠣᠯᠳᠠᠯᠭ᠎ᠠ ᠪᠣᠯᠭ᠋ᠠᠬᠤ᠂ ᠭᠣᠣᠯᠳᠠᠯᠭ᠎ᠠ᠎ᠲᠠᠢ ᠨᠡᠭᠡᠭᠡᠨ ᠬᠥᠭᠵᠢᠭᠦᠯᠵᠦ ᠪᠦᠲᠦᠭᠡᠨ ᠪᠠᠶ᠋ᠢᠭᠤᠯᠬᠤ ᠭᠠᠵᠠᠷ ᠣᠷᠣᠨ᠎ᠨᠢ ᠵᠠᠰᠠᠭ ᠵᠠᠬᠢᠷᠭ᠋ᠠᠨ᠎ᠤ ᠣᠷᠣᠨ ᠬᠤᠪᠢᠶᠠᠷᠢᠯᠠᠯ᠎ᠤᠨ ᠵᠠᠭ᠋ᠠᠭ ᠱᠤᠭᠤᠮ᠎ᠢ ᠲᠤᠬᠠᠢ ᠵᠢᠨ ᠭᠠᠵᠠᠷ ᠎ᠲᠤ᠎ᠨᠢ ᠮᠠᠭ᠋ᠠᠳᠯᠠᠨ ᠲᠣᠭᠲᠠᠭ᠋ᠠᠭᠰᠠᠨ᠎ᠨᠢ ᠨᠢᠭᠡᠳᠦᠯ ᠦᠭᠡᠢ ᠪᠠᠢ᠌ᠬᠤ ᠠᠰᠠᠭᠤᠳᠠᠯ ᠵᠶ᠋ᠠᠷ ᠭᠣᠣᠯᠳᠠᠯᠭ᠎ᠠ ᠪᠣᠯᠭ᠋ᠠᠬᠣ᠂ ᠤᠯᠤᠰ᠎ᠤᠨ ᠴᠢᠬᠤᠯᠠ ᠶᠡᠬᠡ ᠬᠡᠷᠡᠭ ᠶᠠᠪᠤᠳᠠᠯ᠎ᠤᠨ ᠣᠨ᠂ ᠦᠯᠡᠳᠡᠭᠳᠡᠵᠦ ᠪᠠᠢ᠌ᠭ᠎ᠠ ᠠᠰᠠᠭᠤᠳᠠᠯ᠎ᠲᠠᠢ ᠭᠠᠵᠠᠷ᠎ᠤᠨ ᠬᠡᠰᠡᠭ᠎ᠨᠢ ᠭᠣᠣᠯᠳᠠᠭᠤ ᠵᠠᠭ᠋ᠠᠭ ᠱᠤᠭᠤᠮ ᠠᠯᠤᠰᠯᠠᠨ ᠦᠢ᠍ᠯᠡᠳᠪᠦᠷᠢᠯᠡᠯ᠎ᠤᠨ ᠠᠵᠢᠯᠯᠠᠭ᠎ᠠ ᠥᠷᠨᠢᠭᠦᠯᠬᠦ᠎ᠪᠠᠷ ᠭᠣᠣᠯᠳᠠᠯᠭ᠎ᠠ ᠪᠣᠯᠭ᠋ᠠᠬᠣ ᠵᠡᠷᠭᠡ ᠵᠢ ᠳᠤᠪᠤᠢ᠌ᠯᠭ᠋ᠠᠵᠣ᠂ ᠤᠯᠠᠷᠢᠯ ᠬᠤᠪᠢᠶᠠᠨ᠂ ᠲᠥᠷᠥᠯ ᠬᠤᠪᠢᠶᠠᠨ ᠪᠠᠢ᠌ᠳᠠᠯ᠎ᠢ ᠣᠢ᠌ᠯᠠᠭ᠋ᠠᠨ ᠵᠢᠭᠰᠠᠭ᠋ᠠᠨ ᠪᠠᠢ᠌ᠴᠠᠭ᠋ᠠᠵᠤ᠂ ᠡᠬᠡ ᠲᠠᠩᠰᠠ ᠪᠠᠢ᠌ᠭᠤᠯᠤᠨ᠂ ᠡᠯ᠎ᠡ ᠭᠠᠵᠠᠷ᠎ᠤᠨ᠎ᠬᠢᠨ᠎ᠢ ᠵᠢᠯᠣᠭᠣᠳᠤᠨ ᠠᠯᠬᠤᠮ ᠠᠯᠬᠤᠮ ᠵᠶ᠋ᠠᠷ ᠲᠠᠩᠰᠠ᠎ᠠᠴᠠ ᠳᠠᠢ᠌ᠯᠵᠤ᠂ ᠠᠮᠤᠷ ᠠᠮᠤᠭᠤᠯᠠᠩ ᠵᠠᠭ᠋ᠠᠭ ᠱᠤᠭᠤᠮ᠎ᠤᠨ ᠬᠠᠷᠠᠯᠲᠠ ᠵᠢ ᠪᠡᠶᠡᠯᠡᠭᠦᠯᠪᠡ᠃
     ᠵᠢᠷᠭᠤᠭ᠎ᠠ᠎ᠳᠤ᠂ ᠵᠠᠭ᠋ᠠᠭ ᠱᠤᠭᠤᠮ᠎ᠢ ᠬᠠᠢ᠌ᠨ ᠲᠤᠭᠲᠠᠭ᠋ᠠᠭᠰᠠᠨ ᠦᠷ᠎ᠡ ᠪᠦᠲᠦᠭᠡᠯ᠎ᠤᠨ ᠨᠡᠢ᠌ᠭᠡᠮ᠎ᠤᠨ ᠦᠢ᠍ᠯᠡᠴᠢᠯᠡᠭᠡ ᠵᠢ ᠳᠡᠭᠡᠭᠰᠢᠯᠡᠭᠦᠯᠪᠡ᠃ ᠨᠢᠭᠡ᠎ᠳᠤ ᠪᠥᠬᠥ ᠣᠷᠣᠨ᠎ᠤ ᠵᠠᠰᠠᠭ ᠵᠠᠬᠢᠷᠭ᠋ᠠᠨ᠎ᠤ ᠣᠷᠣᠨ ᠬᠤᠪᠢᠶᠠᠷᠢᠯᠠᠯ᠎ᠤᠨ ᠵᠢᠷᠤᠭ᠎ᠤᠨ ᠡᠮᠬᠢᠳᠬᠡᠯ᠎ᠢ ᠴᠠᠭ ᠲᠤᠬᠠᠢ ᠎ᠳᠤ᠎ᠨᠢ ᠳᠠᠷᠤᠮᠠᠯᠯᠠᠨ ᠲᠠᠷᠬᠠᠭ᠋ᠠᠵᠤ᠂ ᠡᠯ᠎ᠡ ᠭᠠᠵᠠᠷ᠎ᠤᠨ ᠣᠷᠣᠨ ᠪᠦᠰᠡ ᠵᠢᠨ ᠨᠡᠢ᠌ᠭᠡᠮ᠎ᠤᠨ ᠵᠠᠰᠠᠯᠲᠠ ᠵᠢ ᠴᠢᠩᠭ᠋ᠠᠳᠬᠠᠬᠤ᠎ᠳᠤ ᠣᠨᠣᠪᠴᠢᠲᠠᠶ ᠬᠠᠤᠯᠢ᠎ᠪᠠᠷ ᠲᠣᠭᠲᠠᠭ᠋ᠠᠭᠰᠠᠨ ᠣᠷᠣᠨ ᠵᠠᠢ ᠵᠢᠨ ᠲᠤᠯᠭ᠋ᠠᠭᠤᠷᠯᠠᠯ ᠬᠠᠩᠭ᠋ᠠᠪᠠ᠃ ᠬᠣᠶᠠᠷ᠎ᠲᠤ ᠡᠯ᠎ᠡ ᠭᠠᠵᠠᠷ᠎ᠤᠨ ᠠᠷᠠᠳ᠎ᠤᠨ ᠶᠠᠪᠤᠳᠠᠯ᠎ᠤᠨ ᠰᠠᠯᠠᠭ᠎ᠠ ᠮᠥᠴᠢᠷ᠎ᠢ ᠵᠣᠬᠢᠴᠠᠭᠤᠯᠵᠤ ᠪᠠᠢ᠌ᠭ᠋ᠠᠳ ᠪᠠᠢ᠌ᠭ᠋ᠠᠯᠢ ᠵᠢᠨ ᠡᠬᠢ ᠪᠠᠶᠠᠯᠢᠭ᠎ᠤᠨ ᠰᠠᠯᠠᠭ᠎ᠠ ᠮᠥᠴᠢᠷ᠎ᠤᠨ 《ᠭᠤᠷᠪᠠᠨ ᠣᠷᠣᠨ ᠵᠠᠢ ᠭᠤᠷᠪᠠᠨ ᠱᠤᠭᠤᠮ》᠎ᠤᠨ ᠲᠥᠯᠦᠪᠵᠢᠭᠦᠯᠭᠡ᠂ ᠭᠠᠵᠠᠷ ᠰᠢᠷᠣᠢ ᠵᠢᠨ ᠶᠡᠬᠡ ᠪᠠᠢ᠌ᠴᠠᠭ᠋ᠠᠯᠲᠠ᠎ᠳᠤ ᠵᠠᠰᠠᠭ ᠵᠠᠬᠢᠷᠭ᠋ᠠᠨ᠎ᠤ ᠣᠷᠣᠨ ᠬᠣᠪᠢᠶᠠᠷᠢᠯᠠᠯ᠎ᠤᠨ ᠵᠥᠪ ᠣᠨᠣᠪᠴᠢᠲᠠᠶ ᠦᠨᠳᠦᠰᠦ ᠪᠠᠷᠢᠮᠲᠠ ᠬᠠᠩᠭ᠋ᠠᠪᠠ᠃ ᠭᠤᠷᠪᠠ᠎ᠳᠤ ᠢᠯᠡ ᠪᠣᠯᠭ᠋ᠠᠬᠤ᠎ᠪᠠᠷ ᠭᠤᠶᠤᠴᠢᠯᠠᠭᠰᠠᠨ ᠵᠠᠭ᠋ᠠᠭ ᠱᠤᠭᠤᠮ᠎ᠤᠨ ᠣᠷᠣᠨ ᠪᠠᠢ᠌ᠷᠢ ᠪᠠ ᠬᠠᠨᠳᠤᠰᠢ ᠵᠢᠨ ᠬᠣᠯᠪᠣᠭᠳᠠᠯ ᠪᠦᠬᠦᠢ ᠲᠣᠭ᠎ᠠ ᠪᠠᠷᠢᠮᠲᠠ ᠵᠢ ᠢᠯᠡ ᠪᠣᠯᠭ᠋ᠠᠵᠤ᠂ ᠪᠠᠢ᠌ᠴᠠᠭ᠋ᠠᠬᠤ ᠪᠠᠢ᠌ᠭᠤᠯᠭ᠎ᠠ᠂ ᠳᠣᠲᠣᠭ᠋ᠠᠳᠤ ᠵᠢ ᠬᠠᠮᠠᠭ᠋ᠠᠯᠠᠬᠤ ᠪᠠᠢ᠌ᠭᠤᠯᠭ᠎ᠠ ᠵᠢᠨ ᠬᠡᠷᠡᠭ ᠰᠢᠢ᠍ᠳᠪᠦᠷᠢᠯᠡᠬᠦ᠎ᠳᠤ ᠬᠠᠤᠯᠢ᠎ᠪᠠᠷ ᠲᠣᠭᠲᠠᠭ᠋ᠠᠭᠰᠠᠨ ᠡᠷᠬᠡ ᠰᠦᠷᠲᠦ ᠦᠨᠳᠦᠰᠦᠯᠡᠯ ᠬᠠᠩᠭ᠋ᠠᠪᠠ᠃
     ᠲᠤᠯᠤᠭ᠎ᠠ᠎ᠳᠤ᠂ ᠵᠠᠭ᠋ᠠᠭ ᠱᠤᠭᠤᠮ᠎ᠤᠨ ᠣᠷᠤᠨ᠎ᠤ ᠰᠣᠶᠣᠯ᠎ᠤᠨ ᠪᠠᠢ᠌ᠭᠤᠯᠤᠯᠲᠠ ᠵᠢ ᠴᠢᠩᠭ᠋ᠠᠳᠬᠠᠪᠠ᠃ ᠬᠠᠮᠲᠤᠷᠠᠨ ᠪᠠᠢ᠌ᠴᠠᠭ᠋ᠠᠬᠤ ᠵᠠᠪᠰᠢᠶᠠᠨ᠎ᠢ ᠠᠰᠢᠭᠯᠠᠨ᠂ ᠬᠥᠷᠰᠢ ᠵᠡᠷᠭᠡᠯᠡᠳᠡᠭᠡ ᠬᠣᠰᠢᠭᠤ ᠰᠢᠶᠠᠨ᠎ᠤ ᠬᠣᠭᠣᠷᠣᠨᠳᠤ᠎ᠪᠠᠨ ᠵᠠᠭ᠋ᠠᠭ ᠱᠤᠭᠤᠮ᠎ᠤᠨ ᠲᠥᠷᠥ ᠵᠢᠨ ᠪᠣᠳᠣᠯᠭ᠎ᠠ ᠬᠠᠤᠯᠢ ᠲᠣᠭᠲᠠᠭ᠋ᠠᠯ᠎ᠢ ᠤᠬᠠᠭᠤᠯᠬᠤ᠂ ᠡᠶ᠎ᠡ ᠵᠣᠬᠢᠴᠠᠯ᠎ᠲᠠᠢ ᠵᠠᠭ᠋ᠠᠭ ᠱᠤᠭᠤᠮ᠎ᠤᠨ ᠪᠦᠲᠦᠭᠡᠨ ᠪᠠᠢ᠌ᠭᠤᠯᠤᠯᠲᠠ ᠵᠢ ᠴᠢᠩᠭ᠋ᠠᠳᠬᠠᠬᠤ᠎ᠪᠠᠷ ᠭᠣᠣᠯ ᠰᠡᠳᠦᠪ ᠪᠣᠯᠭ᠋ᠠᠭᠰᠠᠨ ᠨᠥᠬᠥᠷᠯᠡᠯ᠎ᠤᠨ ᠠᠵᠢᠯᠯᠠᠭ᠎ᠠ ᠵᠢ ᠥᠷᠨᠢᠭᠦᠯᠵᠦ᠂ ᠵᠠᠭ᠋ᠠᠭ ᠱᠤᠭᠤᠮ᠎ᠤᠨ ᠣᠷᠣᠨ᠎ᠤ ᠰᠣᠶᠣᠯ᠎ᠤᠨ ᠠᠭᠤᠯᠭ᠎ᠠ ᠵᠢ ᠪᠠᠶᠠᠯᠢᠭᠵᠢᠭᠤᠯᠪᠠ᠃ ᠭᠣᠣᠯᠳᠠᠯᠭ᠎ᠠ᠎ᠲᠠᠢ ᠭᠠᠵᠠᠷ ᠣᠷᠣᠨ᠎ᠢ ᠰᠣᠩᠭᠣᠵᠤ ᠨᠢᠭᠡ ᠪᠦᠯᠦᠭ  ᠵᠠᠭ᠋ᠠᠭ᠎ᠤᠨ ᠱᠤᠩ᠎ᠤᠨ ᠲᠡᠮᠳᠡᠭ᠎ᠠᠴᠠ ᠡᠭᠦᠰᠦᠭᠰᠡᠨ ᠪᠣᠳᠠᠰ᠎ᠢ ᠪᠦᠲᠦᠭᠡᠨ ᠪᠠᠢ᠌ᠭᠤᠯᠪᠠ᠃ ᠣᠷᠳᠣᠰ ᠬᠣᠲᠠ ᠵᠢᠨ ᠵᠡᠭᠦᠨᠭ᠋ᠠᠷ ᠬᠣᠰᠢᠭᠤ ᠱᠠᠨ ᠰᠢ ᠥᠪᠥᠷ ᠮᠣᠩᠭᠣᠯ ᠱᠠᠨᠰᠢ ᠭᠤᠷᠪᠠᠨ ᠮᠤᠵᠢ ᠣᠷᠣᠨ᠎ᠤ ᠠᠭᠤᠯᠵᠠᠷ᠎ᠲᠤ ᠲᠣᠮᠣ ᠬᠡᠯᠪᠡᠷᠢ ᠵᠢᠨ ᠭᠠᠵᠠᠷ᠎ᠤᠨ ᠵᠢᠷᠤᠭ᠎ᠤᠨ ᠲᠡᠮᠳᠡᠭ ᠲᠠᠯᠪᠢᠵᠤ᠂ ᠭᠠᠵᠠᠷ ᠵᠦᠢ ᠵᠢᠨ ᠪᠠᠢ᠌ᠷᠢᠰᠢᠯ᠎ᠤᠨ ᠢᠯᠡ ᠲᠣᠳᠣ ᠪᠠᠢ᠌ᠬᠤ ᠵᠢ ᠬᠠᠷᠠᠭᠤᠯᠤᠭᠰᠠᠨ ᠪᠥᠭᠡᠳ ᠵᠠᠭ᠋ᠠᠭ᠎ᠤᠨ ᠱᠤᠩ᠎ᠤᠨ ᠪᠡᠯᠭᠡ ᠲᠡᠮᠳᠡᠭ᠎ᠤᠨ ᠴᠢᠨᠠᠷᠲᠠᠢ ᠦᠢ᠍ᠯᠡᠳᠦᠯ᠎ᠢ ᠴᠦ᠍ ᠢᠯᠡᠷᠡᠭᠦᠯᠦᠭᠰᠡᠨ ᠪᠠᠢ᠌ᠨ᠎ᠠ᠃ ᠵᠠᠭ᠋ᠠᠭ ᠱᠤᠭᠤᠮ᠎ᠤᠨ ᠣᠷᠤᠨ ᠬᠢᠭᠡᠳ ᠭᠠᠵᠠᠷ᠎ᠤᠨ ᠨᠡᠷᠡᠰ᠎ᠤᠨ ᠰᠣᠶᠣᠯ᠎ᠤᠨ ᠠᠭᠤᠰᠤᠯᠴᠠᠯ᠎ᠢ ᠴᠢᠩᠭ᠋ᠠᠳᠬᠠᠵᠤ᠂ ᠬᠠᠲᠤᠨ ᠭᠣᠣᠯ᠂ ᠵᠠᠭ᠋ᠠᠭ ᠱᠤᠭᠤᠮ ᠳᠠᠭ᠋ᠠᠤ ᠵᠢᠨ ᠬᠣᠪᠢᠰᠬᠠᠯᠲᠤ ᠭᠠᠵᠠᠷ᠎ᠤᠨ ᠨᠡᠷᠡᠰ᠎ᠤᠨ ᠰᠣᠶᠣᠯ᠎ᠢ ᠠᠭᠤᠳᠠᠯᠵᠤ᠂ ᠭᠠᠵᠠᠷ᠎ᠤᠨ ᠨᠡᠷᠡᠰ᠎ᠤᠨ ᠥᠯᠢᠭᠡᠷ᠎ᠢ ᠰᠠᠢ᠌ᠲᠤᠷ ᠶᠠᠷᠢᠵᠤ᠂ ᠵᠠᠭ᠋ᠠᠭ ᠱᠤᠭᠤᠮ᠎ᠤᠨ ᠬᠠᠮᠢᠶᠠᠷᠤᠯᠲᠠ ᠵᠢᠨ ᠬᠠᠤᠯᠢ ᠲᠣᠭᠲᠠᠭ᠋ᠠᠯ᠎ᠢ ᠤᠬᠠᠭᠤᠯᠵᠤ᠂ ᠠᠮᠤᠷ ᠠᠮᠤᠭᠤᠯᠠᠩ ᠵᠠᠭ᠋ᠠᠭ ᠱᠤᠭᠤᠮ᠎ᠤᠨ ᠣᠷᠤᠨ᠎ᠢ ᠡᠭᠦᠳᠦᠨ ᠪᠠᠶ᠋ᠢᠭᠤᠯᠬᠤ ᠵᠢ ᠠᠬᠢᠭᠤᠯᠪᠠ᠃
     ᠨᠠᠢ᠍ᠮᠠ᠎ᠳᠤ᠂ ᠵᠠᠭ᠋ᠠᠭ ᠱᠤᠭᠤᠮ᠎ᠤᠨ ᠬᠡᠪᠴᠢᠶᠡᠨ ᠎ᠳᠤ᠎ᠬᠢ ᠵᠠᠰᠠᠭ ᠵᠠᠬᠢᠷᠭ᠋ᠠᠨ᠎ᠤ ᠬᠠᠤᠯᠢ ᠬᠡᠷᠡᠭᠵᠢᠭᠦᠯᠦᠯᠲᠡ ᠵᠢ ᠵᠢᠷᠤᠮᠵᠢᠭᠤᠯᠪᠠ᠃ ᠥᠪᠡᠷᠲᠡᠭᠡᠨ ᠵᠠᠰᠠᠬᠤ ᠣᠷᠣᠨ᠂ ᠠᠢ᠌ᠮᠠᠭ ᠬᠣᠲᠠ ᠵᠢᠨ ᠱᠠᠲᠤᠨ᠎ᠤ ᠵᠠᠭ᠋ᠠᠭ ᠱᠤᠭᠤᠮ᠎ᠤᠨ ᠬᠠᠮᠢᠶᠠᠷᠤᠯᠲᠠ ᠵᠢᠨ ᠠᠵᠢᠯᠲᠠᠨ᠎ᠤ ᠵᠠᠰᠠᠭ ᠵᠠᠬᠢᠷᠭ᠋ᠠᠨ᠎ᠤ ᠬᠠᠤᠯᠢ ᠬᠡᠷᠡᠭᠵᠢᠭᠦᠯᠬᠦ ᠦᠨᠡᠮᠯᠡᠯ᠎ᠢ ᠰᠢᠯᠭ᠋ᠠᠨ ᠠᠪᠬᠤ ᠵᠢ ᠰᠠᠨᠠᠭ᠋ᠠᠴᠢᠯᠠᠵᠤ᠂ ᠵᠠᠭ᠋ᠠᠭ ᠱᠤᠭᠤᠮ᠎ᠤᠨ ᠣᠷᠤᠨ᠎ᠤ ᠵᠠᠭᠤᠷᠠᠯᠳᠤᠭ᠋ᠠᠨ᠎ᠢ ᠰᠢᠢ᠍ᠳᠪᠦᠷᠢᠯᠡᠬᠦ ᠠᠵᠢᠯ᠎ᠢ ᠬᠠᠤᠯᠢ ᠶᠣᠰᠣᠭ᠋ᠠᠷ ᠥᠷᠨᠢᠭᠦᠯᠪᠡ᠃ ᠣᠳᠣᠬᠠᠨ᠎ᠳᠤ᠂ ᠥᠪᠡᠷᠲᠡᠭᠡᠨ ᠵᠠᠰᠠᠬᠤ ᠣᠷᠣᠨ᠂ ᠠᠢ᠌ᠮᠠᠭ ᠬᠣᠲᠠ ᠵᠢᠨ ᠱᠠᠲᠤᠨ᠎ᠤ ᠵᠠᠭ᠋ᠠᠭ ᠱᠤᠭᠤᠮ᠎ᠤᠨ ᠬᠠᠮᠢᠶᠠᠷᠤᠯᠲᠠ ᠵᠢᠨ ᠠᠵᠢᠯᠲᠠᠨ᠎ᠤ 90% ᠎ᠠᠴᠠ ᠳᠡᠭᠡᠭᠰᠢᠬᠢ᠎ᠨᠢ ᠵᠠᠰᠠᠭ ᠵᠠᠬᠢᠷᠭ᠋ᠠᠨ᠎ᠤ ᠬᠠᠤᠯᠢ ᠬᠡᠷᠡᠭᠵᠢᠭᠦᠯᠬᠦ ᠦᠨᠡᠮᠯᠡᠯ᠎ᠢ ᠰᠢᠯᠭ᠋ᠠᠨ ᠠᠪᠴᠤ᠂ ᠬᠠᠤᠯᠢ ᠬᠡᠷᠡᠭᠵᠢᠭᠦᠯᠬᠦ ᠬᠢᠷᠢ ᠬᠡᠮ᠎ᠤᠨ ᠬᠠᠤᠯᠢ ᠶᠣᠰᠣᠨ᠎ᠤ ᠪᠣᠯᠬᠤ ᠵᠢ ᠪᠡᠶᠡᠯᠡᠭᠦᠯᠪᠡ᠃ 《ᠵᠠᠰᠠᠭ ᠵᠠᠬᠢᠷᠭ᠋ᠠᠨ᠎ᠤ ᠣᠷᠣᠨ ᠬᠤᠪᠢᠶᠠᠷᠢᠯᠠᠯ᠎ᠤᠨ ᠵᠠᠭ᠋ᠠᠭ ᠱᠤᠭᠤᠮ᠎ᠤᠨ ᠮᠠᠷᠭᠤᠯᠳᠤᠭ᠋ᠠᠨ᠎ᠢ ᠰᠢᠢ᠍ᠳᠪᠦᠷᠢᠯᠡᠬᠦ ᠳᠦᠷᠢᠮ》 《ᠵᠠᠰᠠᠭ ᠵᠠᠬᠢᠷᠭ᠋ᠠᠨ᠎ᠤ ᠣᠷᠣᠨ ᠬᠤᠪᠢᠶᠠᠷᠢᠯᠠᠯ᠎ᠤᠨ ᠵᠠᠭ᠋ᠠᠭ ᠱᠤᠭᠤᠮ᠎ᠤᠨ ᠬᠠᠮᠢᠶᠠᠷᠤᠯᠲᠠ ᠵᠢᠨ ᠳᠦᠷᠢᠮ》᠎ᠲᠠᠢ ᠬᠠᠷᠢᠴᠠᠭᠤᠯᠤᠨ᠂ ᠵᠠᠰᠠᠭ ᠵᠠᠬᠢᠷᠭ᠋ᠠᠨ᠎ᠤ ᠣᠷᠣᠨ ᠬᠤᠪᠢᠶᠠᠷᠢᠯᠠᠯ᠎ᠤᠨ ᠵᠠᠭ᠋ᠠᠭ ᠱᠤᠭᠤᠮ᠎ᠤᠨ ᠬᠠᠮᠢᠶᠠᠷᠤᠯᠲᠠ ᠵᠢᠨ ᠵᠠᠰᠠᠭ ᠵᠠᠬᠢᠷᠭ᠋ᠠᠨ᠎ᠤ  ᠰᠢᠢ᠍ᠳᠭᠡᠯ ᠲᠣᠷᠭ᠋ᠠᠭᠤᠯᠢ ᠵᠢᠨ ᠡᠷᠬᠡ ᠵᠢᠨ ᠨᠠᠷᠢᠨ ᠬᠠᠭᠤᠳᠠᠰᠤ ᠵᠢ ᠡᠮᠬᠢᠯᠡᠨ ᠳᠢᠭᠯᠡᠵᠦ᠂ ᠦᠨᠳᠦᠰᠦᠨ ᠱᠠᠲᠤᠨ᠎ᠤ ᠵᠠᠭ᠋ᠠᠭ ᠱᠤᠭᠤᠮ᠎ᠤᠨ ᠬᠠᠤᠯᠢ ᠬᠡᠷᠡᠭᠵᠢᠭᠦᠯᠬᠦ ᠠᠵᠢᠯᠲᠠᠨ᠎ᠢ ᠵᠢᠯᠣᠭᠣᠳᠤᠨ ᠪᠠᠢ᠌ᠵᠤ ᠬᠠᠤᠯᠢ ᠶᠣᠰᠣᠭ᠋ᠠᠷ ᠵᠠᠭ᠋ᠠᠭ ᠱᠤᠭᠤᠮ᠎ᠢ ᠬᠠᠮᠢᠶᠠᠷᠬᠤ᠂ ᠬᠠᠤᠯᠢ ᠶᠣᠰᠣᠭ᠋ᠠᠷ ᠵᠠᠰᠠᠭ ᠶᠠᠪᠤᠭᠤᠯᠬᠤ ᠦᠵᠡᠯ ᠤᠬᠠᠮᠰᠠᠷ᠎ᠢ ᠴᠢᠩᠭ᠋ᠠᠷᠠᠭᠤᠯᠵᠤ᠂ ᠵᠠᠭ᠋ᠠᠭ ᠱᠤᠭᠤᠮ᠎ᠤᠨ ᠬᠠᠮᠢᠶᠠᠷᠤᠯᠲᠠ ᠵᠢ ᠬᠠᠤᠯᠢ᠎ᠪᠠᠷ ᠵᠠᠰᠠᠬᠤ ᠪᠠ ᠬᠠᠤᠯᠢᠵᠢᠭᠤᠯᠬᠤ ᠵᠢ ᠪᠡᠶᠡᠯᠡᠭᠦᠯᠪᠡ᠃ ᠨᠠᠮ᠎ᠤᠨ ᠠᠷᠪᠠ ᠶᠢᠰᠦᠳᠦᠭᠡᠷ ᠶᠡᠬᠡ ᠬᠤᠷᠠᠯ ᠎ᠠᠴᠠ  ᠨᠠᠭ᠋ᠠᠰᠢ᠂ ᠡᠯ᠎ᠡ ᠱᠠᠲᠤᠨ᠎ᠤ ᠪᠠ ᠡᠯ᠎ᠡ ᠲᠥᠷᠥᠯ᠎ᠤᠨ ᠵᠠᠭ᠋ᠠᠭ ᠱᠤᠭᠤᠮ᠎ᠤᠨ ᠵᠠᠭᠤᠷᠠᠯᠳᠤᠭ᠋ᠠᠨ᠎ᠢ ᠤᠷᠢᠳ ᠬᠣᠵᠢᠳ 20 ᠭᠠᠷᠤᠢ ᠤᠳᠠᠭ᠎ᠠ ᠨᠠᠮᠳᠠᠭ᠋ᠠᠵᠤ᠂ ᠬᠠᠤᠯᠢ ᠶᠣᠰᠣᠭ᠋ᠠᠷ ᠵᠠᠭ᠋ᠠᠭ ᠱᠤᠭᠤᠮ ᠎ᠢ ᠬᠠᠮᠢᠶᠠᠷᠬᠤ᠂ ᠬᠠᠤᠯᠢ ᠶᠣᠰᠣᠭ᠋ᠠᠷ ᠬᠢᠨᠠᠨ ᠲᠣᠭᠲᠠᠭ᠋ᠠᠬᠤ᠂ ᠵᠥᠪᠳᠡᠯᠴᠡᠨ ᠰᠢᠢ᠍ᠳᠪᠦᠷᠢᠯᠡᠬᠦ ᠵᠢ ᠪᠡᠶᠡᠯᠡᠭᠦᠯᠵᠦ᠂ ᠵᠢᠱ᠌ᠢᠭᠰᠡᠨ ᠬᠠᠷᠠᠯᠲᠠ᠎ᠪᠠᠨ ᠪᠡᠶᠡᠯᠡᠭᠦᠯᠪᠡ᠃
 

ᠢᠷᠡᠯᠲᠡ᠄ ᠦᠪᠤᠷ ᠮᠤᠡᠭᠭᠤᠯ᠎ᠤᠨ 《ᠨᠡᠢ᠌ᠬᠡᠮ》 ᠰᠡᠳᠬᠦᠯ
          
ᠬᠠᠮᠢᠶ᠎ᠡ ᠪᠦᠬᠦᠢ ᠰᠣᠨᠢᠨ
ᠵᠠᠰᠠᠭ ᠵᠠᠬᠢᠷᠭ᠋ᠠᠨ᠎ᠤ ᠣᠷᠣᠨ ᠬᠤᠪᠢᠶᠠᠷᠢᠯᠠᠯ ᠭᠠᠵᠠᠷ᠎ᠤᠨ ᠨᠡᠷᠡᠰ᠎ᠤᠨ ᠬᠠᠮᠢᠶᠠᠷᠤᠯᠲᠠ ᠵᠢᠨ ᠭᠠᠵᠠᠷ᠎ᠤᠨ᠎ᠬᠢᠨ ᠠᠷᠠᠳ᠎ᠤᠨ ᠶᠠᠪᠤᠳᠠᠯ᠎ᠤᠨ ᠺᠠᠳ᠋ᠷᠴᠤᠳ᠎ᠤᠨ ᠶᠡᠬᠡ ᠬᠢᠴᠢᠶᠡᠯ᠎ᠤᠨ ᠲᠠᠩᠬᠢᠮ᠎ᠤᠨ ᠠᠵᠢᠯᠯᠠᠭ᠋ᠠᠨ᠎ᠳᠤ ᠢᠳᠡᠪᠬᠢᠲᠡᠢ ᠤᠷᠤᠯᠴᠠᠪᠠ
ᠮᠠᠨ᠎ᠤ ᠣᠷᠣᠨ᠎ᠤ 《ᠲᠠᠪᠤᠨ ᠨᠡᠢ᠌ᠬᠡᠮ ᠬᠣᠯᠪᠤᠭ᠋ᠠᠯᠠᠨ ᠬᠥᠳᠡᠯᠦᠯᠴᠡᠬᠦ》 ᠵᠢ ᠠᠬᠢᠭᠤᠯᠵᠤ 《ᠬᠡᠤᠬᠡᠳ ᠨᠠᠰᠤᠲᠠᠢ᠌ᠴᠤᠳ》᠎ᠢ ᠬᠠᠯᠠᠮᠵᠢᠯᠠᠨ ᠬᠠᠢ᠌ᠷᠠᠯᠠᠬᠤ ᠨᠡᠢ᠌ᠭᠡᠮ᠎ᠤᠨ ᠠᠵᠢᠯ᠎ᠤᠨ ᠭᠣᠣᠯ ᠰᠡᠳᠦᠪᠲᠦ ᠤᠬᠠᠭᠤᠯᠭ᠎ᠠ ᠵᠢᠨ ᠠᠵᠢᠯᠯᠠᠭ᠎ᠠ ᠵᠢᠨ ᠡᠬᠢᠯᠡᠯᠲᠡ ᠵᠢᠨ ᠶᠣᠰᠣᠯᠠᠯ ᠣᠷᠳᠣᠰ ᠬᠣᠲᠠ᠎ᠳᠤ ᠶᠠᠪᠤᠭᠳᠠᠪᠠ
ᠥᠪᠥᠷ ᠮᠣᠩᠭᠣᠯ᠎ᠤᠨ ᠨᠡᠢ᠌ᠭᠡᠮ᠎ᠤᠨ ᠵᠣᠬᠢᠶᠠᠨ ᠪᠠᠢ᠌ᠭᠤᠯᠤᠯᠲᠠ ᠵᠢᠨ᠎ᠬᠢᠨ ᠰᠢᠨᠵᠢᠯᠡᠭᠡ ᠮᠡᠷᠭᠡᠵᠢᠯ᠎ᠤᠨ ᠬᠦᠴᠦᠨ᠎ᠢ ᠨᠢᠭᠲᠠᠷᠠᠭᠤᠯᠵᠤ᠂ ᠬᠥᠳᠡᠭᠡ ᠲᠣᠰᠬᠣᠨ᠎ᠢ ᠬᠥᠭᠵᠢᠭᠦᠯᠦᠨ ᠮᠠᠨᠳᠤᠭᠤᠯᠬᠤ᠎ᠳᠤ ᠬᠦᠴᠤᠨ ᠨᠡᠮᠡᠷᠢᠯᠡᠵᠤ ᠪᠠᠢ᠌ᠨ᠎ᠠ
ᠨᠠᠰᠤᠵᠢᠯ᠎ᠤᠨ ᠠᠰᠠᠷᠠᠮᠵᠢ ᠵᠢᠨ ᠪᠠᠶ᠋ᠢᠭᠤᠯᠤᠮᠵᠢ ᠪᠠᠶ᠋ᠢᠭᠤᠯᠬᠤ᠎ᠪᠠᠷ ᠭᠤᠶᠤᠴᠢᠯᠠᠬᠤ᠎ᠳᠤ ᠶᠠᠮᠠᠷ ᠰᠠᠯᠠᠭ᠎ᠠ ᠮᠥᠴᠢᠷ᠎ᠲᠤ ᠪᠦᠷᠢᠳᠬᠡᠭᠦᠯᠵᠦ ᠳᠠᠩᠰᠠᠯᠠᠭᠤᠯᠬᠤ ᠪᠣᠶ?
ᠨᠠᠰᠤᠵᠢᠯ᠎ᠤᠨ ᠠᠰᠠᠷᠠᠮᠵᠢ ᠵᠢᠨ ᠠᠵᠢᠯ᠎ᠢ ᠬᠢᠬᠦ᠎ᠳᠤ ᠰᠤᠷᠤᠯᠭ᠎ᠠ ᠵᠢᠨ ᠨᠠᠮᠲᠠᠷ᠎ᠤᠨ ᠲᠠᠯ᠎ᠠ᠎ᠪᠠᠷ ᠱᠠᠭ᠋ᠠᠷᠳᠠᠯᠭ᠎ᠠ᠎ᠲᠠᠢ ᠤᠤ?
 
            