ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠡᠶ᠋ᠢᠭᠡᠮ ᠰᠡᠳᠬᠦᠯ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠨᠡᠶ᠋ᠢᠭᠡᠮ ᠰᠡᠳᠬᠦᠯ   -   ᠨᠡᠶ᠋ᠢᠭᠡᠮ ᠰᠡᠳᠬᠦᠯ
ᠡᠴᠢᠭᠡ᠄ ᠤᠯᠠᠮᠵᠢᠯᠠᠯ᠂ ᠲᠦᠪᠡᠭᠳᠡᠯ᠂ ᠪᠠᠷᠢᠮᠵᠢᠶ᠎ᠠ
ᠨᠡᠶᠢᠲᠡᠯᠡᠭᠰᠡᠨ ᠴᠠᠭ᠄ 2023-05-25


                         ᠰᠠᠯᠵᠢᠭᠤᠳ · ᠮᠦᠩᠬᠡᠪᠠᠶᠠᠷ ᠵᠤᠬᠢᠶᠠᠪᠠ
     ᠤᠯᠠᠮᠵᠢᠯᠠᠯ᠄ ᠠᠮᠢᠳᠤ ᠪᠣᠳᠠᠰ᠎ᠤᠨ ᠬᠠᠷᠢᠴᠠᠭ᠎ᠠ᠎ᠠᠴᠠ ᠨᠡᠢ᠌ᠭᠡᠮ᠎ᠤᠨ ᠬᠠᠷᠢᠴᠠᠭ᠎ᠠ
ᠡᠨᠡ ᠳᠡᠯᠡᠬᠡᠢ᠎ᠳᠤ ᠣᠷᠣᠰᠢᠨ ᠪᠦᠬᠦᠢ ᠯᠨ ᠬᠥᠬᠥᠲᠡᠨ ᠠᠮᠢᠳᠠᠨ᠎ᠤ ᠡᠷ᠎ᠡ ᠬᠦᠢ᠍ᠰᠤᠳᠡᠳ᠎ᠤᠨ 3 ᠬᠤᠪᠢ᠎ᠨᠢ ᠯᠨ ᠦᠷ᠎ᠡ ᠲᠥᠯ ᠵᠢᠡᠨ  ᠡᠮ᠎ᠡ ᠬᠦᠢ᠍ᠰᠳᠡᠳ᠎ᠤᠨ ᠴᠤᠭ ᠥᠰᠬᠡᠵᠦ ᠲᠤᠷᠨᠢᠭᠤᠯᠬᠤ ᠡᠭᠦᠷᠭᠡ ᠵᠢ ᠭᠦᠢ᠍ᠴᠡᠳᠬᠡᠳᠡᠭ᠂ ᠬᠥᠮᠥᠨ ᠲᠦᠷᠦᠯᠬᠢᠳᠡᠳ ᠡᠨᠡ ᠭᠤᠷᠪᠠᠨ ᠬᠤᠪᠢ᠎ᠳᠤ ᠪᠠᠭᠲᠠᠳᠠᠭ ᠠᠵᠢ᠃ ᠪᠠᠯᠠᠷ ᠡᠷᠲᠡᠨ ᠪ᠊ ᠨᠡᠢ᠌ᠭᠡᠮ᠎ᠤᠨ ᠠᠮᠢᠳᠤᠷᠠᠯ᠎ᠳᠤ ᠡᠨᠡ᠎ᠨᠢ ᠨᠡᠩᠳᠡ ᠳᠤᠳᠤᠷᠠᠬᠠᠢ ᠰᠢᠨᠵᠢ ᠲᠡᠮᠳᠡᠭ ᠵᠢᠡᠷ ᠢᠯᠡᠷᠡᠵᠦ ᠪᠠᠢ᠌ᠭᠰᠠᠨ ᠶᠤᠮ᠃ ᠡᠷ᠎ᠡ ᠠᠮᠢᠲᠠᠳ᠎ᠨᠢ ᠰᠦᠷᠦᠭᠵᠢᠯ ᠪᠤᠶᠤ ᠬᠠᠮᠳᠤ ᠵᠢᠨ ᠵᠢᠡᠨ ᠠᠮᠤᠷ ᠲᠦᠪᠰᠢᠨ᠎ᠢ ᠪᠠᠲᠤᠯᠠᠳᠠᠭ ᠪᠣᠯ ᠡᠮ᠎ᠡ ᠠᠮᠢᠲᠠᠳ᠎ᠨᠢ ᠦᠷ᠎ᠡ ᠲᠥᠯ ᠵᠢᠡᠨ ᠲᠡᠵᠢᠭᠡᠵᠦ ᠦᠰᠬᠡᠬᠦ ᠵᠢ ᠬᠠᠷᠢᠭᠤᠴᠠᠳᠠᠭ ᠪᠠᠢ᠌ᠪᠠ᠃ ᠬᠦᠮᠦᠨ ᠲᠦᠷᠦᠯᠬᠢᠳᠡᠳ  ᠬᠥᠬᠥᠲᠡᠨ ᠠᠮᠢᠳᠠᠳ᠎ᠲᠤ ᠪᠠᠭᠲᠠᠳᠠᠭ ᠴᠦ᠍ ᠪᠤᠰᠤᠳ ᠠᠮᠢᠳᠠᠳ᠎ᠠᠴᠠ ᠤᠨᠴᠠᠯᠢᠭᠳᠠᠬᠤ ᠦᠢ ᠤᠯᠠᠨ ᠵᠦᠢ᠍ᠯ ᠪᠤᠢ ᠵᠢ ᠡᠨᠳᠡ  ᠨᠣᠷᠰᠢᠬᠤ ᠦᠭᠡᠢ᠂ ᠵᠦᠬᠡᠷ ᠯᠨ ᠠᠮᠢᠳᠤ ᠪᠤᠳᠠᠰ᠎ᠤᠨ ᠤᠬᠠᠭ᠋ᠠᠨ᠎ᠤ ᠵᠤᠭᠰᠤᠴᠠ᠎ᠠᠴᠠ 《ᠡᠴᠢᠭᠡ》  ᠪᠤᠶᠤ ᠡᠷ᠎ᠡ ᠬᠦᠢ᠍ᠰᠦᠳᠡᠳ᠎ᠤᠨ ᠡᠬᠦᠷᠭᠡ ᠴᠢᠳᠠᠪᠬᠢ ᠵᠢ ᠦᠬᠦᠯᠡᠰᠤ᠃
      ᠡᠮᠦᠨᠡᠬᠢ ᠦᠬᠦᠯᠡᠯᠳᠡ᠎ᠠᠴᠠ ᠦᠵᠡᠪᠡᠯ 97 ᠬᠤᠪᠢ ᠵᠢᠨ ᠬᠦᠬᠦᠳᠡᠳ᠎ᠤᠨ ᠡᠷ᠎ᠡ ᠬᠦᠢ᠍ᠰᠤᠳᠡᠨ᠎ᠨᠢ ᠦᠷ᠎ᠡ ᠲᠦᠯ ᠵᠢᠡᠨ ᠦᠰᠬᠡᠬᠦ ᠬᠠᠷᠢᠭᠤᠴᠠᠯᠭ᠎ᠠ ᠵᠢ ᠡᠮ᠎ᠡ ᠠᠮᠢᠳᠠᠨ᠎ᠲᠠᠢ ᠴᠤᠭ ᠬᠦᠯᠢᠶᠡᠳᠡᠭ ᠦᠭᠡᠢ᠃ ᠡᠨᠡ ᠵᠦᠢ᠍ᠴᠢᠯᠡᠯ᠎ᠤᠨ ᠲᠥᠰᠥᠭᠡᠯᠡᠯ ᠵᠢᠡᠷ ᠠᠮᠢᠳᠤ ᠪᠣᠳᠠᠰ᠎ᠤᠨ ᠤᠬᠠᠭ᠋ᠠᠨ ᠪ᠊ ᠳᠤᠮᠳᠠ 《ᠡᠴᠢᠭᠡ》 ᠭᠡᠳᠡᠭ ᠳᠦᠷᠢ ᠵᠢ ᠪᠦᠲᠦᠭᠡᠬᠦ ᠱᠠᠭ᠋ᠠᠷᠳᠠᠯᠭ᠎ᠠ ᠦᠭᠡᠢ ᠪᠥᠭᠡᠳ ᠦᠷᠡᠵᠢᠵᠦ ᠲᠦᠯᠵᠢᠬᠦ ᠠᠵᠢᠯᠯᠠᠭ᠎ᠠ ᠳᠤᠮᠳᠠ ᠯᠨ ᠦᠷ᠎ᠡ ᠵᠢᠨ ᠡᠰ ᠬᠠᠩᠭ᠋ᠠᠬᠤ᠎ᠠᠴᠠ ᠪᠤᠰᠤᠳ ᠦᠷ᠎ᠡ ᠬᠡᠤᠬᠡᠳ᠎ᠤᠨ ᠣᠷᠣᠰᠢᠬᠤᠢ᠎ᠳᠤ ᠦᠨ᠎ᠡ ᠦᠷᠳᠡᠭ ᠴᠤ᠌ ᠦᠭᠡᠢ ᠶᠤᠮ᠃
     ᠭᠡᠲᠡᠯ᠎ᠡ ᠬᠥᠮᠥᠨ ᠲᠦᠷᠦᠯᠬᠢᠳᠡᠳ ᠭᠡᠭᠴᠢ ᠨᠡᠢ᠌ᠭᠡᠮᠴᠢ ᠤᠬᠠᠮᠰᠠᠷ ᠪᠦᠬᠦᠢ ᠠᠮᠢᠲᠠᠳ᠃ ᠡᠨᠡ ᠤᠳᠬ᠎ᠠ᠎ᠪᠠᠷ ᠬᠥᠮᠥᠨ ᠲᠥᠷᠥᠯᠬᠢᠲᠡᠨ ᠪ᠊ ᠨᠡᠢ᠌ᠭᠡᠮ᠎ᠤᠨ ᠪᠤᠢ ᠪᠦᠬᠦᠢ ᠪᠣᠳᠠᠭ᠋ᠠᠯᠢ ᠴᠣᠭᠴᠠ ᠪᠤᠶᠤ ᠡᠭᠦᠳᠦᠨ ᠪᠦᠲᠦᠭᠡᠯᠲᠡ ᠵᠢᠨ ᠠᠴᠢ ᠬᠣᠯᠪᠣᠭᠳᠠᠯ᠎ᠨᠢ 《ᠨᠡᠢ᠌ᠭᠡᠮ᠂ ᠨᠡᠢ᠌ᠭᠡᠮᠴᠢ᠂ ᠨᠡᠢ᠌ᠭᠡᠮ᠎ᠤᠨ》 ᠭᠡᠮᠡᠬᠦ ᠦᠯᠦ ᠦᠵᠡᠭᠳᠡᠬᠦ ᠣᠷᠣᠰᠢᠬᠤᠢ᠎ᠠᠴᠠ ᠰᠠᠯᠵᠤ ᠦᠯᠦ ᠴᠢᠳᠠᠨ᠎ᠠ᠃ ᠶᠠᠭ ᠡᠢ᠌ᠮᠦ᠎ᠠᠴᠠ ᠠᠮᠢᠳᠤ ᠪᠣᠳᠠᠰ᠎ᠤᠨ ᠤᠬᠠᠭ᠋ᠠᠨ ᠪ᠊ ᠵᠣᠭᠰᠣᠯᠲᠠ᠎ᠠᠴᠠ 《ᠡᠴᠢᠭᠡ》 ᠵᠢᠨ ᠳᠦᠷᠢ ᠵᠢ ᠢᠯᠡᠷᠬᠡᠢ᠌ᠯᠡᠵᠦ ᠦᠯᠦ ᠴᠢᠳᠠᠳᠠᠭ ᠴᠤ᠌ ᠰᠡᠳᠬᠢᠯ ᠵᠦᠢ ᠪᠠ ᠨᠡᠢ᠌ᠭᠡᠮ ᠵᠦᠢ ᠵᠢᠨ ᠳᠤᠮᠳᠠ ᠬᠠᠷᠢᠨ ᠴᠢᠬᠤᠯᠠ ᠪᠠᠢ᠌ᠷᠢ ᠰᠠᠭᠤᠷᠢ ᠡᠵᠡᠯᠡᠳᠡᠭ᠃
    《ᠭᠡᠷ ᠪᠦᠯᠢ》 ᠭᠡᠮᠡᠬᠦ ᠨᠡᠢ᠌ᠭᠡᠮ ᠵᠦᠢ ᠵᠢᠨ ᠨᠡᠷ᠎ᠡ ᠲᠣᠮᠢᠶ᠎ᠠ ᠪᠤᠢ ᠪᠣᠯᠤᠭᠰᠠᠨ ᠴᠠᠭ᠎ᠠᠴᠠ ᠬᠥᠮᠥᠨ ᠲᠥᠷᠥᠯᠬᠢᠲᠡᠨ ᠪ᠊ ᠨᠡᠢ᠌ᠭᠡᠮ᠎ᠳᠤ 《ᠡᠴᠢᠭᠡ》 ᠭᠡᠮᠡᠬᠦ ᠰᠢᠨ᠎ᠡ ᠳᠦᠷᠢ ᠲᠠᠢ᠌ᠰᠠᠨ᠎ᠳᠤ ᠭᠠᠷᠤᠭᠰᠠᠨ ᠶᠤᠮ᠃ ᠡᠨᠡ᠎ᠨᠢ ᠤᠷᠳᠤ ᠤᠳᠠᠭ᠋ᠠᠨ ᠬᠤᠭᠤᠴᠠᠭ᠋ᠠᠨ ᠪ᠊ ᠨᠡᠢ᠌ᠭᠡᠮ᠎ᠤᠨ ᠬᠤᠪᠢᠰᠤᠯ᠂ ᠬᠥᠮᠥᠨ ᠲᠥᠷᠥᠯᠬᠢᠲᠡᠨ ᠪ᠊ ᠪᠣᠯᠪᠠᠰᠤᠨ ᠪ᠊ ᠬᠥᠭᠵᠢᠯ᠎ᠠᠴᠠ ᠤᠯᠠᠷᠢᠭᠰᠠᠨ ᠴᠢᠳᠠᠪᠬᠢ ᠪᠠᠢ᠌ᠯ᠎ᠠ᠃ ᠠᠭᠤᠯᠠᠨ ᠠᠭᠤᠢ᠂ ᠤᠢ ᠵᠢᠨ ᠭᠦᠨ᠎ᠠᠴᠠ ᠠᠭᠤᠳᠠᠮ ᠲᠠᠯ᠎ᠠ᠂ ᠤᠰᠤ ᠮᠥᠷᠡᠨ ᠪᠠᠷᠠᠳᠠᠵᠤ ᠰᠠᠭᠤᠭᠰᠠᠨ ᠬᠥᠮᠥᠨ ᠲᠥᠷᠥᠯᠬᠢᠲᠡᠨ ᠪ᠊ ᠡᠴᠢᠭᠡ ᠡᠪᠦᠭᠡᠴᠦᠦᠯ ᠪᠠᠯᠠᠷ ᠡᠷᠲᠡᠨ ᠪ᠊ ᠲᠡᠭᠦᠵᠦ ᠴᠤᠭᠯᠠᠭᠤᠯᠬᠤ ᠠᠮᠢᠳᠤᠷᠠᠯ᠎ᠠᠴᠠ᠎ᠪᠠᠨ ᠰᠠᠯᠵᠤ᠂ ᠮᠠᠯᠵᠢᠬᠤ ᠪᠤᠶᠤ ᠲᠠᠷᠢᠶᠠᠯᠠᠬᠤ ᠴᠠᠭ ᠦᠶ᠎ᠡ᠎ᠳᠤ ᠰᠢᠯᠵᠢᠭᠰᠡᠨ᠎ᠨᠢ ᠡᠬᠦᠨ᠎ᠲᠠᠢ ᠬᠠᠷᠠᠭ᠋ᠠᠯᠵᠠᠭᠰᠠᠨ ᠨᠡᠢ᠌ᠭᠡᠮ᠎ᠤᠨ ᠰᠢᠨ᠎ᠡ ᠵᠣᠬᠢᠶᠠᠨ ᠪᠠᠢ᠌ᠭᠤᠯᠤᠯᠲᠠ ᠵᠢ ᠱᠠᠭ᠋ᠠᠷᠳᠠᠭᠰᠠᠨ ᠪᠢᠯᠡ᠃ ᠡᠨᠡ ᠬᠦ᠌ ᠨᠡᠢ᠌ᠭᠡᠮ᠎ᠤᠨ ᠵᠣᠬᠢᠶᠠᠨ ᠪᠠᠢ᠌ᠭᠤᠯᠤᠯᠲᠠ᠎ᠨᠢ ᠬᠠᠮᠠᠭ᠋ᠠᠯᠠᠬᠤ᠂ ᠬᠠᠮᠲᠤᠷᠠᠬᠤ᠂ ᠥᠷᠢᠰᠦᠯᠳᠦᠬᠦ᠂ ᠳᠠᠢ᠌ᠲᠤᠬᠤ ᠲᠣᠬᠢᠶᠠᠯᠳᠤᠯ᠎ᠲᠠᠢ ᠮᠥᠷᠲᠡᠭᠡᠨ ᠨᠡᠢ᠌ᠭᠡᠮ᠎ᠤᠨ ᠦᠢ᠍ᠯᠡ ᠠᠵᠢᠯᠯᠠᠭ᠎ᠠ ᠵᠢ ᠵᠢᠷᠤᠮᠵᠢᠭᠤᠯᠬᠤ ᠪᠠ ᠡᠨᠡ ᠬᠦ᠌ ᠵᠢᠷᠤᠮ᠎ᠢ ᠳᠠᠭ᠋ᠠᠬᠤ ᠬᠡᠷᠡᠭᠲᠡᠢ ᠪᠣᠯᠪᠠ᠃
ᠥᠷᠥᠨᠡᠳᠠᠬᠢᠨ ᠴᠤ᠌᠂ ᠳᠣᠷᠣᠨᠠᠳᠠᠬᠢᠨ ᠴᠤ᠌᠂ ᠡᠴᠢᠭᠡᠴᠢᠯᠡᠯ᠎ᠤᠨ ᠨᠡᠢ᠌ᠭᠡᠮ ᠪᠦᠷᠢᠯᠳᠦᠨ ᠲᠣᠭᠲᠠᠭᠰᠠᠨ ᠪ᠊ ᠳᠠᠷᠠᠭ᠎ᠠ ᠡᠨᠡ ᠭᠦ᠌ ᠳᠦᠷᠢ᠎ᠨᠢ ᠵᠦᠪᠬᠡᠨ ᠭᠡᠷ ᠪᠦᠯᠢ ᠵᠢᠨ ᠳᠤᠮᠳᠠ 《ᠡᠴᠢᠭᠡ》 ᠵᠢ ᠲᠥᠯᠥᠭᠡᠯᠡᠬᠦ ᠪᠢᠰᠢ ᠬᠠᠷᠢᠨ ᠠᠬᠤᠢ᠎ᠠᠴᠠ ᠳᠠᠪᠠᠭᠰᠠᠨ ᠭᠡᠷ ᠪᠦᠯᠢ ᠵᠢᠨ ᠤᠳᠤᠷᠢᠳᠤᠭᠴᠢ᠂ ᠡᠰᠡᠷᠭᠦᠴᠡᠵᠦ ᠦᠯᠦ ᠪᠤᠯᠬᠤ ᠡᠷᠬᠡ ᠰᠦᠷ᠎ᠤᠨ ᠲᠥᠯᠥᠭᠡᠯᠡᠯ ᠪᠣᠯᠤᠭᠰᠠᠨ ᠪᠥᠭᠡᠳ ᠤᠶᠤᠨ ᠰᠠᠨᠠᠭ᠋ᠠᠨ ᠪ᠊ ᠲᠦᠰᠢᠭ ᠪᠣᠯᠤᠭᠰᠠᠨ ᠠᠵᠢ᠃ ᠡᠨᠡ᠎ᠨᠢ ᠡᠴᠢᠭᠡᠴᠤᠤᠯ ᠢᠯᠡ ᠪᠤᠶᠤ ᠳᠠᠯᠳᠠ᠂ ᠰᠢᠭᠤᠳ ᠪᠤᠶᠤ ᠳᠠᠮ ᠵᠢᠡᠷ ᠦᠷ᠎ᠡ ᠬᠡᠦᠬᠡᠳ ᠵᠢᠡᠨ ᠥᠰᠬᠡᠵᠦ ᠬᠥᠮᠥᠵᠢᠭᠦᠯᠬᠦ᠎ᠳᠤ ᠣᠷᠤᠯᠴᠠᠬᠤ ᠵᠢᠨ ᠳᠤᠬᠢᠶᠠᠯ ᠪᠣᠯᠤᠭᠰᠠᠨ ᠪᠥᠭᠡᠳ ᠵᠣᠬᠢᠬᠤ ᠬᠡᠮᠵᠢᠶᠡᠨ᠎ᠳᠤ ᠡᠴᠢᠭᠡ ᠬᠥᠮᠥᠨ ᠪ᠊ ᠡᠭᠦᠷᠭᠡ᠎ᠪᠠᠨ ᠭᠦᠢ᠍ᠴᠡᠳᠬᠡᠬᠦ  ᠨᠡᠢ᠌ᠭᠡᠮ᠎ᠤᠨ ᠪᠠᠷᠢᠮᠵᠢᠶ᠎ᠠ ᠵᠢ ᠲᠣᠭᠲᠠᠭ᠋ᠠᠭᠰᠠᠨ ᠶᠤᠮ᠃
ᠬᠥᠮᠥᠨ ᠲᠥᠷᠥᠯᠬᠢᠲᠡᠨ᠎ᠢ ᠬᠦᠢ ᠵᠠᠯᠭ᠋ᠠᠭᠤᠯᠤᠭᠰᠠᠨ ᠲᠡᠦᠬᠡ ᠵᠢᠨ ᠦᠨᠡᠨ᠎ᠢ ᠡᠷᠬᠢᠨ ᠦᠵᠡᠪᠡᠰᠦ᠂ ᠦᠶ᠎ᠡ ᠦᠶ᠎ᠡ ᠵᠢᠨ ᠡᠷᠡᠴᠦᠦᠯ ᠬᠠᠯᠠᠭᠤᠨ ᠴᠢᠰᠤ ᠪᠦᠯᠢᠶᠡᠨ ᠠᠮᠢ᠎ᠪᠠᠷ ᠵᠢᠡᠨ ᠡᠬᠡ ᠣᠷᠣᠨ᠂ ᠠᠢ᠌ᠮᠠᠭ ᠤᠭᠰᠠᠭ᠎ᠠ ᠵᠢᠨ ᠵᠢᠡᠨ ᠲᠥᠯᠥᠭᠡ ᠪᠠᠢ᠌ᠯᠳᠤᠵᠤ ᠶᠠᠪᠤᠭᠰᠠᠨ ᠬᠡᠷᠡᠯᠳᠦ ᠬᠠᠭᠤᠳᠠᠰᠤ ᠳᠡᠯᠭᠡᠭᠳᠡᠬᠦ ᠪᠥᠭᠡᠳ ᠦᠷ᠎ᠡ ᠬᠡᠦᠬᠡᠳ ᠵᠢᠡᠨ ᠡᠩᠬᠦᠷᠡᠢ᠌ᠯᠡᠨ ᠪᠤᠢ ᠡᠨᠡᠷᠢᠩᠭᠦᠢ ᠴᠢᠷᠠᠢ ᠬᠠᠷᠠᠭᠳᠠᠬᠤ᠎ᠨᠢ ᠯᠠᠪᠲᠠᠢ᠃ ᠭᠡᠲᠡᠯ᠎ᠡ ᠴᠠᠭ ᠴᠠᠭ ᠵᠢᠡᠷ ᠵᠢᠡᠨ ᠪᠠᠢ᠌ᠳᠠᠭ ᠦᠭᠡᠢ᠂ ᠴᠠᠬᠢᠯᠳᠠᠭ ᠴᠤ᠌ ᠬᠥᠬᠡ᠎ᠪᠠᠷ ᠵᠢᠡᠨ ᠪᠠᠢ᠌ᠳᠠᠭ ᠦᠭᠡᠢ ᠵᠢᠨ ᠵᠢᠮ᠎ᠡ᠎ᠪᠠᠷ ᠣᠨ ᠪ᠊ ᠬᠦᠷᠳᠦ ᠣᠷᠴᠢᠵᠤ ᠯᠠ ᠪᠤᠢ ᠠᠵᠢ᠃
      ᠬᠡᠴᠢᠨᠡᠬᠡᠨ ᠬᠥᠮᠥᠰ ᠡᠴᠢᠭᠡ ᠵᠢᠨ ᠵᠢᠡᠨ ᠨᠥᠯᠥᠭᠡ᠎ᠪᠠᠷ ᠠᠵᠢᠯ᠎ᠳᠤ ᠣᠷᠣᠭᠰᠠᠨ᠂  ᠬᠡᠴᠢᠨᠡᠬᠡᠨ ᠬᠥᠮᠥᠰ ᠡᠴᠢᠭᠡ ᠵᠢᠨ ᠵᠢᠡᠨ ᠨᠥᠯᠥᠭᠡ᠎ᠪᠠᠷ ᠤᠷᠠᠯᠢᠭᠴᠢᠨ ᠪᠣᠯᠤᠭᠰᠠᠨ᠂  ᠬᠡᠴᠢᠨᠡᠬᠡᠨ ᠬᠥᠮᠥᠰ ᠡᠴᠢᠭᠡ ᠵᠢᠨ ᠵᠢᠡᠨ ᠨᠥᠯᠥᠭᠡ᠎ᠪᠠᠷ ᠰᠢᠨᠵᠢᠯᠡᠬᠦ ᠤᠬᠠᠭ᠋ᠠᠨ ᠪ᠊ ᠲᠡᠦᠬᠡᠨ᠎ᠳᠤ ᠠᠰᠤᠷᠤ ᠶᠡᠬᠡ ᠠᠮᠵᠢᠯᠲᠠ ᠵᠢ ᠪᠦᠲᠦᠭᠡᠭᠰᠡᠨ᠂  ᠬᠡᠴᠢᠨᠡᠬᠡᠨ ᠬᠥᠮᠥᠰ ᠡᠴᠢᠭᠡ ᠵᠢᠡ ᠵᠢᠡᠨ ᠨᠥᠯᠥᠭᠡ᠎ᠪᠠᠷ ᠤᠯᠤᠰ ᠲᠦᠷᠦ᠎ᠳᠤ ᠬᠥᠯ ᠲᠠᠯᠪᠢᠭᠰᠠᠨ᠂  ᠬᠡᠴᠢᠨᠡᠬᠡᠨ ᠬᠥᠮᠥᠰ ᠡᠴᠢᠭᠡ ᠵᠢᠨ ᠵᠢᠡᠨ ᠨᠥᠯᠥᠭᠡ᠎ᠪᠠᠷ ᠠᠵᠤ ᠠᠬᠤᠢ ᠵᠢᠨ ᠲᠠᠯ᠎ᠠ᠎ᠳᠤ ᠦᠯᠢᠳᠭᠡᠰᠢ ᠦᠭᠡᠢ ᠠᠰᠢᠭ ᠪᠦᠲᠦᠭᠡᠭᠰᠡᠨ᠂ ᠪᠠᠰᠠ  ᠬᠡᠴᠢᠨᠡᠬᠡᠨ ᠬᠥᠮᠥᠰ ᠡᠴᠢᠭᠡ ᠵᠢᠨ ᠵᠢᠡᠨ ᠨᠥᠯᠥᠭᠡ᠎ᠪᠠᠷ ᠳᠠᠢ᠍ᠢ᠍ᠨ᠎ᠳᠤ ᠮᠣᠷᠳᠠᠭᠰᠠᠨ᠂ ᠮᠦᠨ ᠡᠬᠦᠨ᠎ᠲᠠᠢ ᠠᠳᠠᠯᠢᠬᠠᠨ ᠵᠢᠡᠷ  ᠬᠡᠴᠢᠨᠡᠬᠡᠨ ᠬᠦᠮᠦᠰ ᠡᠴᠢᠭᠡ ᠵᠢᠨ ᠵᠢᠡᠨ ᠨᠦᠯᠦᠭᠡ᠎ᠪᠠᠷ ᠠᠷᠢᠬᠢᠨ᠎ᠳᠤ ᠤᠷᠤᠭᠰᠠᠨ᠂  ᠬᠡᠴᠢᠨᠡᠬᠡᠨ ᠬᠦᠮᠦᠰ ᠡᠴᠢᠭᠡ ᠵᠢᠨ ᠵᠢᠡᠨ ᠨᠦᠯᠦᠭᠡ᠎ᠪᠠᠷ ᠵᠤᠳᠤᠭ᠋ᠠᠴᠢ ᠪᠤᠯᠤᠭᠰᠠᠨ ᠁ ᠭᠡᠳᠡᠭ᠎ᠢ ᠥᠨᠥ ᠵᠢᠨ ᠬᠥᠮᠥᠰ ᠰᠡᠳᠬᠢᠬᠦ ᠵᠢᠨ ᠠᠷᠭ᠎ᠠ ᠦᠭᠡᠢ᠃ ᠭᠡᠯ᠎ᠡ ᠴᠤ᠌ ᠮᠠᠭᠲᠠᠨ ᠳᠠᠭᠤᠯᠠᠵᠤ ᠦᠯᠦ ᠪᠠᠷᠠᠬᠤ ᠡᠴᠢᠭᠡ ᠵᠢᠨ ᠲᠦᠰᠢᠭ ᠭᠡᠳᠡᠭ ᠮᠥᠩᠬᠡ ᠵᠢᠨ ᠰᠡᠳᠦᠪ ᠪᠣᠯᠵᠤ ᠳᠠᠭᠤᠯᠠᠭᠳᠠᠬᠤ ᠶᠣᠰᠣᠲᠠᠢ ᠪᠥᠭᠡᠳ ᠮᠢᠩᠭ᠎ᠠ ᠮᠢᠩᠭ᠋ᠠᠨ ᠵᠢᠯ ᠵᠢᠡᠷ ᠤᠯᠠᠮᠵᠢᠯᠠᠯ ᠵᠢᠡᠨ ᠣᠯᠬᠤ ᠶᠣᠰᠣᠲᠠᠢ᠃
     ᠲᠦᠪᠡᠭᠳᠡᠯ᠄ ᠤᠯᠠᠮᠵᠢᠯᠠᠯ ᠪᠠ ᠤᠯᠠᠷᠢᠯ᠎ᠤᠨ ᠦᠷ᠎ᠡ ᠨᠥᠯᠥᠭᠡ
     ᠤᠯᠠᠮᠵᠢᠯᠠᠯᠲᠤ ᠨᠡᠢ᠌ᠭᠡᠮ᠎ᠳᠤ ᠡᠴᠢᠭᠡ ᠬᠦᠮᠦᠰ ᠦᠷ᠎ᠡ ᠬᠡᠦᠬᠡᠳ᠂ ᠭᠡᠷ ᠪᠦᠯᠢ ᠵᠢᠨ ᠵᠢᠡᠨ ᠤᠶᠤᠨ ᠰᠠᠨᠠᠭ᠋ᠠᠨ ᠪ᠊ ᠲᠦᠰᠢᠭ ᠲᠤᠯᠭ᠋ᠠᠭᠤᠷᠢ ᠪᠠᠢ᠌ᠭᠰᠠᠨ ᠪᠥᠭᠡᠳ ᠡᠨᠡ᠎ᠨᠢ ᠡᠴᠢᠭᠡᠯᠡᠯ᠎ᠤᠨ ᠨᠡᠢ᠌ᠭᠡᠮ᠎ᠳᠤ ᠪᠦᠷᠢᠯᠳᠦᠨ ᠲᠣᠭᠲᠠᠨᠢᠭᠰᠠᠨ ᠡᠷᠬᠡ ᠰᠦᠷ᠎ᠤᠨ ᠲᠣᠭᠲᠠᠯᠴᠠᠭ᠎ᠠ᠎ᠠᠴᠠ ᠢᠷᠡᠯᠲᠡᠢ ᠭᠡᠳᠡᠭ᠎ᠲᠤ ᠰᠡᠵᠢᠭᠯᠡᠬᠦ ᠬᠡᠷᠡᠭ ᠠᠯᠠᠭ᠎ᠠ᠃ ᠭᠡᠲᠡᠯ᠎ᠡ ᠣᠷᠴᠢᠨ ᠤᠳᠤ ᠦᠶ᠎ᠡ ᠵᠢᠨ ᠨᠡᠢ᠌ᠭᠡᠮ᠎ᠤᠨ ᠤᠯᠠᠷᠢᠯ ᠬᠤᠪᠢᠰᠤᠯ ᠳᠤᠮᠳᠠ ᠮᠡᠷᠭᠡᠵᠢᠯ ᠵᠢᠡᠷ ᠰᠢᠵᠢᠮ ᠪᠤᠯᠭ᠋ᠠᠭᠰᠠᠨ ᠠᠵᠤ ᠦᠢ᠍ᠯᠡᠳᠪᠦᠷᠢ ᠵᠢᠨ ᠬᠤᠪᠢᠰᠬᠠᠯ᠎ᠨᠢ ᠡᠴᠢᠭᠡᠴᠤᠤᠯ᠎ᠤᠨ ᠤᠤᠯ᠎ᠠᠴᠠ᠎ᠪᠠᠨ ᠡᠵᠡᠮᠰᠢᠭᠰᠡᠨ ᠤᠷ᠎ᠠ ᠤᠬᠠᠭ᠋ᠠᠨ᠎ᠳᠤ ᠰᠦᠢ᠍ᠷᠡᠯᠲᠡ ᠵᠢᠨ ᠴᠢᠨᠠᠷᠲᠠᠢ ᠥᠭᠡᠷᠡᠴᠢᠯᠡᠯᠲᠡ ᠠᠪᠴᠢᠷᠠᠭᠰᠠᠨ ᠶᠤᠮ᠃ ᠡᠭᠦᠨ ᠪ᠊ ᠳᠠᠭ᠋ᠠᠤ᠎ᠳᠤ ᠪᠦᠰᠡᠭᠦᠢ᠌ᠴᠦᠦᠯ ᠴᠤ᠌ 《ᠡᠮᠡᠭᠲᠡᠢ᠌ᠴᠦᠳ᠎ᠤᠨ ᠡᠷᠬᠡ ᠵᠢ ᠬᠠᠮᠠᠭ᠋ᠠᠯᠠᠬᠤ》 ᠦᠵᠡᠯ ᠰᠠᠨᠠᠭ᠋ᠠᠨ ᠪ᠊ ᠳᠠᠪᠠᠯᠭ᠋ᠠᠨ ᠵᠢᠡᠷ ᠨᠡᠢ᠌ᠭᠡᠮ᠎ᠤᠨ ᠠᠵᠢᠯ᠎ᠤᠨ ᠪᠠᠢ᠌ᠷᠢ ᠤᠷᠤᠭᠤ ᠨᠥᠷᠢᠨ ᠣᠷᠣᠵᠤ᠂ ᠭᠡᠷ ᠪᠦᠯᠢ ᠵᠢᠨ ᠬᠦᠯᠢᠶᠡᠰᠦᠯᠡᠯ᠎ᠠᠴᠠ ᠥᠪᠡᠷ᠎ᠢ᠎ᠪᠠᠨ ᠴᠢᠯᠦᠭᠡᠯᠡᠬᠦ᠎ᠨᠢ ᠣᠯᠠᠰᠢᠷᠠᠪᠠ᠃ ᠰᠤᠷᠭ᠋ᠠᠨ ᠬᠥᠮᠦᠵᠢᠯ᠎ᠤᠨ ᠲᠣᠭᠲᠠᠯᠴᠠᠭ᠎ᠠ ᠳᠤᠮᠳᠠ ᠰᠤᠷᠭ᠋ᠠᠭᠤᠯᠢ ᠵᠢᠨ ᠵᠣᠬᠢᠶᠠᠨ ᠪᠠᠢ᠌ᠭᠤᠯᠤᠯᠲᠠ ᠶᠠᠪᠤᠬᠤ ᠳᠤᠳᠤᠮ ᠵᠢᠡᠨ ᠲᠡᠭᠦᠯᠳᠡᠷᠵᠢᠵᠦ᠂ ᠠᠵᠢᠯ ᠮᠡᠷᠭᠡᠵᠢᠯ᠎ᠤᠨ ᠲᠠᠯ᠎ᠠ᠎ᠳᠤ ᠬᠦᠦ᠎ᠨᠢ ᠡᠴᠢᠭᠡ ᠵᠢᠨ ᠵᠢᠡᠨ ᠥᠪ᠎ᠢ ᠵᠠᠯᠭ᠋ᠠᠮᠵᠢᠯᠠᠬᠤ᠎ᠨᠢ ᠴᠥᠭᠡᠷᠡᠵᠦ ᠪᠠᠢ᠌ᠨ᠎ᠠ᠃
     ᠵᠠᠭᠤ ᠮᠢᠩᠭ᠋ᠠᠨ ᠵᠢᠯ᠎ᠤᠨ ᠲᠤᠷᠰᠢᠲᠠ ᠡᠴᠢᠭᠡᠴᠤᠤᠯ ᠦᠷ᠎ᠡ ᠬᠡᠦᠬᠡᠳ᠎ᠲᠤ᠎ᠪᠠᠨ ᠮᠣᠷᠢ ᠤᠨᠤᠬᠤ᠂ ᠰᠤᠷ ᠬᠠᠷᠪᠤᠬᠤ᠂ ᠳᠠᠢ᠌ᠲᠤᠨ ᠪᠠᠢ᠍ᠢ᠍ᠳᠤᠯᠬᠤ᠂ ᠳᠠᠷᠢᠶ᠎ᠠ ᠠᠷᠠᠴᠢᠯᠠᠬᠤ ᠵᠢ ᠳᠠᠰᠤᠷᠠᠯᠳᠠ ᠦᠭᠡᠢ ᠳᠠᠪᠲᠠᠨ ᠵᠢᠭ᠋ᠠᠵᠤ ᠢᠷᠡᠭᠰᠡᠨ ᠪᠣᠯ ᠡᠨᠡ ᠦᠶ᠎ᠡ᠎ᠳᠤ ᠬᠠᠷᠢᠨ ᠳᠤᠭᠤᠢ ᠤᠨᠤᠬᠤ᠂ ᠲᠣᠭᠯᠠᠭ᠋ᠠᠮ ᠨᠠᠭ᠋ᠠᠳᠬᠤ ᠵᠢ ᠰᠤᠷᠭ᠋ᠠᠬᠤ ᠪᠣᠯᠪᠠ᠃ ᠭᠡᠲᠡᠯ᠎ᠡ ᠡᠨᠡ᠎ᠨᠢ 《ᠡᠴᠢᠭᠡ》 ᠭᠡᠳᠡᠭ ᠤᠤᠯ᠎ᠠᠴᠠ᠎ᠪᠠᠨ ᠪᠠᠭᠤᠷᠠᠢ ᠪᠠᠢ᠌ᠭᠰᠠᠨ ᠠᠮᠢᠳᠤ ᠪᠣᠳᠠᠰ᠎ᠤᠨ ᠬᠠᠷᠢᠴᠠᠭ᠎ᠠ ᠵᠢᠨ ᠰᠠᠭᠤᠷᠢᠨ᠎ᠳᠤ ᠨᠡᠡᠭ ᠤᠯᠠᠨ ᠠᠰᠠᠭᠤᠳᠠᠯ ᠠᠪᠴᠢᠷᠠᠭᠰᠠᠨ ᠶᠤᠮ᠃ ᠨᠡᠢ᠌ᠭᠡᠮ᠎ᠤᠨ ᠠᠵᠢᠯᠯᠠᠭ᠎ᠠ ᠳᠤᠮᠳᠠ ᠡᠷᠬᠡ ᠰᠦᠷ᠎ᠤᠨ ᠲᠥᠯᠥᠭᠡᠯᠡᠯ᠎ᠤᠨ ᠳᠦᠷᠢ ᠨᠤᠷᠠᠭᠰᠠᠨ᠂ ᠭᠡᠷ ᠪᠦᠯᠢ ᠵᠢᠨ ᠳᠤᠮᠳᠠ ᠤᠶᠤᠨ ᠰᠠᠨᠠᠭ᠋ᠠᠨ ᠪ᠊ ᠲᠦᠰᠢᠭ  ᠲᠤᠯᠭ᠋ᠠᠭᠤᠷ᠎ᠤᠨ ᠪᠠᠢ᠌ᠷᠢ ᠰᠠᠭᠤᠷᠢ ᠪᠠᠯᠠᠷᠬᠠᠢ᠌ᠰᠢᠭᠰᠠᠨ᠂ ᠰᠤᠷᠭ᠋ᠠᠨ ᠬᠥᠮᠦᠵᠢᠯ᠎ᠤᠨ ᠦᠵᠡᠯ ᠤᠬᠠᠮᠰᠠᠷ ᠪᠠ ᠤᠯᠠᠮᠵᠢᠯᠠᠯᠲᠤ ᠮᠡᠷᠭᠡᠵᠢᠯ᠎ᠤᠨ ᠰᠤᠷᠭ᠋ᠠᠯᠲᠠ ᠦᠨ᠎ᠡ ᠦᠷᠳᠡᠭ ᠵᠢᠡᠨ ᠠᠯᠳᠠᠭᠰᠠᠨ᠂ ᠠᠵᠢᠯ ᠠᠮᠢᠳᠤᠷᠠᠯ᠎ᠤᠨ ᠳᠤᠮᠳᠠ ᠡᠴᠢᠭᠡ ᠬᠡᠦᠬᠡᠳ᠎ᠤᠨ ᠬᠠᠷᠢᠴᠠᠭ᠎ᠠ ᠵᠢ ᠳᠠᠬᠢᠵᠤ ᠲᠤᠩᠭ᠋ᠠᠬᠤ ᠪᠣᠯᠤᠭᠰᠠᠨ᠎ᠨᠢ ᠣᠷᠴᠢᠨ ᠤᠳᠤ ᠦᠶ᠎ᠡ ᠵᠢᠨ ᠡᠴᠢᠬᠡᠴᠤᠤᠯ᠎ᠳᠤ ᠰᠢᠨ᠎ᠡ ᠥᠷᠢᠰᠦᠯᠳᠦᠭᠡᠨ ᠠᠪᠴᠢᠷᠠᠭᠰᠠᠨ ᠶᠤᠮ᠃ ᠡᠨᠡ᠎ᠨᠢ ᠳᠡᠳᠡᠨ ᠪ᠊ ᠳᠤᠰ ᠪᠡᠶ᠎ᠡ ᠵᠢᠨ ᠰᠢᠯᠲᠠᠭ᠋ᠠᠨ ᠪᠢᠰᠢ ᠬᠠᠷᠢᠨ ᠨᠡᠢ᠌ᠭᠡᠮ᠎ᠤᠨ ᠣᠷᠴᠢᠨ ᠪᠠ ᠰᠣᠶᠣᠯ᠎ᠤᠨ ᠬᠤᠪᠢᠷᠠᠯᠲᠠ᠎ᠠᠴᠠ ᠪᠣᠯᠤᠭᠰᠠᠨ ᠪᠢᠯᠡ᠃
     ᠭᠡᠷ ᠪᠦᠯᠢ ᠭᠡᠳᠡᠭ᠎ᠨᠢ ᠬᠠᠨᠢ ᠨᠥᠬᠥᠷ ᠪᠠ ᠦᠷ᠎ᠡ ᠬᠡᠦᠬᠡᠳ᠎ᠤᠨ ᠬᠠᠷᠢᠴᠠᠭ᠎ᠠ᠎ᠪᠠᠷ ᠰᠠᠭᠤᠷᠢᠯᠠᠭᠰᠠᠨ ᠬᠠᠮᠲᠤᠯᠢᠭ ᠶᠤᠮ᠃ ᠡᠨᠡ ᠬᠠᠷᠢᠴᠠᠭ᠋ᠠᠨ ᠪ᠊ ᠳᠤᠮᠳᠠ ᠪᠢᠳᠡ ᠡᠬᠡᠨᠡᠷ᠂ ᠡᠵᠢ᠂ ᠥᠬᠢᠨ ᠪ᠊ ᠳᠦᠷᠢ ᠵᠢ ᠲᠣᠭᠯᠠᠬᠤ ᠪᠥᠭᠡᠳ ᠨᠥᠬᠥᠷ᠂ ᠠᠪᠤ᠂ ᠬᠦᠦ ᠵᠢᠨ ᠳᠦᠷᠢ ᠵᠢ ᠴᠤ᠌ ᠪᠦᠲᠦᠭᠡᠬᠦ ᠲᠣᠬᠢᠶᠠᠯᠳᠤᠯ᠎ᠲᠠᠢ᠃ ᠭᠡᠲᠡᠯ᠎ᠡ ᠨᠡᠢ᠌ᠭᠡᠮ᠎ᠤᠨ ᠬᠠᠷᠢᠴᠠᠭ᠎ᠠ ᠬᠤᠪᠢᠷᠠᠭᠰᠠᠭ᠋ᠠᠷ᠂ ᠭᠡᠷ ᠪᠦᠯᠢ ᠵᠢᠨ ᠬᠠᠷᠢᠴᠠᠭ᠎ᠠ ᠴᠤ᠌ ᠤᠯᠠᠷᠢᠭᠰᠠᠭ᠋ᠠᠷ᠃ ᠴᠠᠭ ᠦᠶ᠎ᠡ ᠵᠢᠨ ᠤᠯᠠᠷᠢᠯ ᠬᠥᠭᠵᠢᠯ᠎ᠢ ᠳᠠᠭ᠋ᠠᠯᠳᠤᠨ ᠡᠷᠡᠴᠦᠦᠯ᠎ᠳᠤ ᠲᠤᠯᠭ᠋ᠠᠷᠠᠭᠰᠠᠨ ᠠᠰᠠᠭᠤᠳᠠᠯ᠎ᠨᠢ ᠨᠡᠢ᠌ᠭᠡᠮ᠎ᠤᠨ ᠬᠠᠷᠢᠴᠠᠭ᠎ᠠ ᠳᠤᠮᠳᠠ ᠠᠵᠢᠯ᠎ᠤᠨ ᠪᠠᠢ᠌ᠷᠢ ᠬᠥᠭᠡᠭᠡᠴᠡᠯᠳᠦᠬᠦ᠂ ᠭᠡᠷ ᠪᠦᠯᠢ ᠵᠢᠨ ᠬᠠᠷᠢᠴᠠᠭ᠎ᠠ ᠳᠤᠮᠳᠠ ᠠᠮᠢᠳᠤᠷᠠᠯ᠎ᠤᠨ ᠪᠠᠲᠤᠯᠠᠭ᠎ᠠ ᠬᠠᠩᠭ᠋ᠠᠬᠤ᠂ ᠰᠡᠳᠬᠢᠯ ᠵᠦᠢ ᠵᠢᠨ ᠲᠠᠯ᠎ᠠ᠎ᠳᠤ ᠥᠪᠡᠷ ᠪᠡᠶ᠎ᠡ᠎ᠪᠠᠨ ᠢᠯᠡᠷᠬᠡᠢ᠌ᠯᠡᠬᠦ ᠵᠢ ᠪᠣᠳᠣᠯᠬᠢᠯᠠᠬᠤ ᠮᠡᠲᠦ᠎ᠪᠠᠷ ᠢᠯᠡᠷᠡᠳᠡᠭ᠃
     ᠡᠨᠡ ᠳᠤᠮᠳᠠ ᠬᠠᠮᠤᠭ᠎ᠤᠨ ᠴᠢᠬᠤᠯᠠ᠎ᠨᠢ 《ᠡᠴᠢᠭᠡ》 ᠭᠡᠮᠡᠬᠦ ᠳᠦᠷᠢ ᠵᠢ ᠪᠦᠲᠦᠭᠡᠬᠦ ᠤᠴᠢᠷ ᠶᠤᠮ᠃ ᠳᠡᠳᠡ ᠭᠡᠷ ᠪᠦᠯᠢ ᠵᠢᠨ ᠳᠤᠮᠳᠠ ᠴᠢᠬᠤᠯᠠ ᠪᠠᠢ᠌ᠷᠢ ᠰᠠᠭᠤᠷᠢ᠎ᠲᠠᠢ ᠭᠡᠳᠡᠭ ᠵᠢᠡᠨ ᠮᠡᠳᠡᠳᠡᠭ ᠪᠥᠭᠡᠳ ᠡᠨᠡ ᠪᠠᠢ᠌ᠷᠢ ᠰᠠᠭᠤᠷᠢ᠎ᠪᠠᠨ ᠪᠠᠷᠢᠮᠲᠠᠯᠠᠭᠰᠠᠭ᠋ᠠᠷ ᠪᠠᠢ᠌ᠭ᠎ᠠ ᠪᠤᠯᠪᠠᠴᠤ ᠦᠷ᠎ᠡ ᠬᠡᠦᠬᠡᠳ ᠵᠢᠡᠨ ᠥᠰᠬᠡᠵᠦ ᠬᠥᠮᠥᠵᠢᠭᠦᠯᠬᠦ᠂ ᠠᠪᠤ ᠡᠵᠢ᠎ᠪᠠᠨ ᠠᠰᠠᠷᠠᠵᠤ ᠬᠠᠷᠠᠭ᠋ᠠᠯᠵᠠᠬᠤ᠂  ᠡᠬᠡᠨᠡᠷ ᠵᠢᠡᠨ ᠬᠠᠢ᠌ᠷᠠᠯᠠᠵᠤ ᠬᠠᠪᠰᠤᠷᠬᠤ ᠲᠠᠯ᠎ᠠ᠎ᠳᠤ ᠬᠠᠷᠢᠨ 《ᠪᠠᠷ᠎ᠠ ᠳᠠᠰᠤᠷᠠᠭᠰᠠᠨ》 ᠦᠵᠡᠭᠳᠡᠯ ᠶᠠᠪᠤᠬᠤ ᠳᠤᠳᠤᠮ ᠵᠢᠡᠨ ᠴᠢᠬᠤᠯᠠ ᠪᠣᠯᠵᠤ ᠪᠠᠢ᠌ᠭ᠎ᠠ ᠵᠢ ᠠᠩᠵᠠᠭ᠋ᠠᠷᠠᠬᠤ ᠶᠤᠰᠤᠳᠠᠢ ᠪᠤᠯᠪᠠ ᠤᠤ᠃
     ᠡᠨᠡ᠎ᠨᠢ ᠣᠷᠴᠢᠨ ᠤᠳᠤ ᠦᠶ᠎ᠡ ᠵᠢᠨ ᠨᠡᠢ᠌ᠭᠡᠮ᠎ᠠᠴᠠ ᠡᠷᠡᠴᠦᠦᠯ᠎ᠳᠤ ᠲᠠᠯᠪᠢᠭᠰᠠᠨ ᠱᠠᠭ᠋ᠠᠷᠳᠠᠯᠭ᠎ᠠ᠎ᠨᠢ ᠳᠡᠳᠡᠨ᠎ᠢ 《ᠤᠶᠤᠨ ᠰᠠᠨᠠᠭ᠋ᠠᠨ ᠪ᠊ ᠲᠦᠰᠢᠭ  ᠲᠤᠯᠭ᠋ᠠᠭᠤᠷ》  ᠪᠠᠢ᠌ᠭᠰᠠᠨ᠎ᠠᠴᠠ ᠠᠭ᠋ᠠᠵᠢᠮ ᠵᠢᠡᠷ 《ᠠᠵᠤ ᠠᠬᠤᠢ ᠵᠢᠨ ᠲᠦᠰᠢᠭ》 ᠪᠤᠯᠭ᠋ᠠᠭᠰᠠᠨ᠎ᠲᠠᠢ ᠵᠣᠬᠢᠬᠤ ᠬᠡᠮᠵᠢᠶᠡᠨ᠎ᠳᠤ ᠬᠣᠯᠪᠣᠭᠳᠠᠯ᠎ᠲᠠᠢ᠃
ᠨᠡᠢ᠌ᠭᠡᠮ᠎ᠤᠨ ᠪᠠᠢ᠌ᠷᠢ ᠰᠠᠭᠤᠷᠢ ᠪᠠ ᠠᠵᠢᠯ ᠠᠮᠢᠳᠤᠷᠠᠯ᠎ᠤᠨ ᠲᠦᠪᠰᠢᠨ ᠶᠠᠮᠠᠷ ᠪᠠᠢ᠌ᠭᠰᠠᠨ ᠴᠤ᠌ ᠡᠷᠡᠴᠦᠦᠯ᠎ᠳᠤ ᠲᠤᠯᠭ᠋ᠠᠷᠠᠭᠰᠠᠨ ᠠᠰᠠᠭᠤᠳᠠᠯ ᠥᠨᠢ ᠡᠭᠦᠷᠢᠳᠡ ᠳᠠᠰᠤᠷᠠᠨ᠎ᠠ ᠭᠡᠵᠦ ᠪᠠᠢ᠌ᠬᠤ ᠦᠭᠡᠢ᠃ ᠨᠡᠢ᠌ᠭᠡᠮ᠎ᠤᠨ ᠪᠠᠢ᠌ᠷᠢ ᠰᠠᠭᠤᠷᠢ ᠬᠠᠷᠢᠴᠠᠩᠭᠤᠢ ᠳᠣᠣᠷ᠎ᠠ᠂ ᠠᠵᠤ ᠤᠷᠤᠯᠭ᠎ᠠ ᠬᠠᠷᠢᠴᠠᠩᠭᠤᠢ ᠨᠢᠮᠭᠡᠨ ᠭᠡᠷ ᠪᠦᠯᠢ᠎ᠳᠤ ᠡᠴᠢᠭᠡᠴᠤᠤᠯ ᠠᠮᠢᠳᠤᠷᠠᠯ᠎ᠤᠨ ᠪᠠᠲᠤᠯᠠᠭ᠎ᠠ ᠬᠠᠩᠭ᠋ᠠᠬᠤ᠂ ᠮᠥᠩᠭᠥ ᠵᠣᠭᠣᠰ ᠣᠯᠬᠤ᠂ ᠬᠠᠳᠠᠭ᠋ᠠᠯᠠᠮᠵᠢ᠎ᠲᠠᠢ ᠪᠤᠯᠬᠤ ᠵᠢᠨ ᠵᠣᠷᠢᠯᠭ᠎ᠠ᠎ᠪᠠᠷ ᠤᠷᠳᠤ ᠬᠤᠭᠤᠴᠠᠭ᠋ᠠᠨ ᠪ᠊ ᠠᠵᠢᠯ᠎ᠳᠤ ᠣᠷᠣᠳᠠᠭ᠃ ᠡᠨᠡ᠎ᠨᠢ ᠳᠡᠳᠡᠨ ᠪ᠊ ᠠᠮᠢᠳᠤᠷᠠᠯ᠎ᠤᠨ ᠳᠠᠷᠤᠭ᠋ᠠᠰᠤ ᠬᠦᠨᠳᠦ᠎ᠠᠴᠠ ᠪᠣᠯᠤᠭᠰᠠᠨ ᠶᠤᠮ᠃ ᠳᠡᠳᠡᠨ ᠪ᠊ ᠠᠵᠢᠯ ᠲᠦᠷᠦᠯ᠎ᠨᠢ ᠴᠤ᠌ ᠬᠦᠴᠦᠨ ᠪ᠊ ᠠᠵᠢᠯ᠂ ᠠᠶᠤᠯ᠎ᠲᠠᠢ ᠠᠵᠢᠯ᠂ ᠤᠷᠤᠯᠭ᠎ᠠ ᠳᠣᠣᠷ᠎ᠠ ᠠᠵᠢᠯ ᠪᠠᠢ᠌ᠵᠤ ᠪᠡᠶ᠎ᠡ ᠰᠡᠳᠬᠢᠯ᠎ᠤᠨ ᠲᠡᠩᠬᠡᠭᠡ ᠰᠢᠪᠬᠠᠳᠠᠭ᠎ᠠᠴᠠ ᠦᠷ᠎ᠡ ᠬᠡᠦᠬᠡᠳ ᠵᠢᠡᠨ ᠥᠰᠬᠡᠵᠦ ᠬᠥᠮᠥᠵᠢᠭᠦᠯᠬᠦ᠎ᠳᠤ ᠣᠷᠤᠯᠴᠠᠬᠤ ᠵᠢᠨ ᠪᠣᠯᠣᠮᠵᠢ ᠵᠢ ᠬᠤᠷᠢᠶᠠᠳᠠᠭ᠃ ᠲᠡᠷᠡ ᠮᠥᠷᠲᠡᠭᠡᠨ ᠡᠢ᠌ᠮᠤᠷᠬᠦᠤ ᠠᠵᠢᠯ ᠠᠮᠢᠳᠤᠷᠠᠯ᠎ᠤᠨ ᠲᠦᠪᠰᠢᠨ᠎ᠳᠤ ᠪᠠᠢ᠌ᠭ᠎ᠠ ᠡᠴᠢᠭᠡᠴᠤᠤᠯ᠎ᠤᠨ ᠰᠤᠷᠭ᠋ᠠᠨ ᠬᠥᠮᠦᠵᠢᠯ᠎ᠤᠨ ᠲᠦᠪᠰᠢᠨ᠎ᠳᠤ ᠬᠠᠷᠢᠴᠠᠩᠭᠤᠢ ᠳᠣᠣᠷ᠎ᠠ᠂ ᠦᠷ᠎ᠡ ᠬᠡᠦᠬᠡᠳ ᠵᠢᠡᠨ ᠥᠰᠬᠡᠵᠦ ᠬᠥᠮᠥᠵᠢᠭᠦᠯᠬᠦ᠎ᠳᠤ ᠣᠷᠤᠯᠴᠠᠬᠤ ᠤᠬᠠᠮᠰᠠᠷ ᠴᠤ᠌ ᠬᠠᠷᠢᠴᠠᠩᠭᠤᠢ ᠳᠣᠣᠷ᠎ᠠ ᠪᠠᠢ᠌ᠳᠠᠭ᠃ ᠬᠠᠷᠢᠨ ᠨᠡᠢ᠌ᠭᠡᠮ᠎ᠤᠨ ᠪᠠᠢ᠌ᠷᠢ ᠰᠠᠭᠤᠷᠢ ᠥᠨᠳᠥᠷ᠂ ᠤᠷᠤᠯᠭ᠎ᠠ ᠰᠠᠢ᠌ᠲᠠᠢ ᠭᠡᠷ ᠪᠦᠯᠢ ᠵᠢᠨ᠎ᠬᠢᠨ᠎ᠤ ᠬᠤᠪᠢ᠎ᠳᠤ ᠪᠠᠰᠠ ᠥᠭᠡᠷ᠎ᠡ ᠠᠰᠠᠭᠤᠳᠠᠯ ᠲᠣᠬᠢᠶᠠᠨ᠎ᠠ᠃ ᠡᠢ᠌ᠮᠤᠷᠬᠦᠤ ᠭᠡᠷ ᠪᠦᠯᠢ ᠵᠢᠨ  ᠡᠴᠢᠭᠡᠴᠤᠤᠯ᠎ᠤᠨ ᠣᠯᠠᠩᠬᠢ᠎ᠨᠢ ᠠᠵᠢᠯ ᠲᠦᠷᠦᠯ ᠪᠤᠶᠤ ᠵᠣᠬᠢᠶᠠᠨ ᠪᠠᠢ᠌ᠭᠤᠯᠤᠯᠲᠠ ᠵᠢᠨ ᠳᠤᠮᠳᠠ᠎ᠪᠠᠨ ᠴᠢᠬᠤᠯᠠ ᠪᠠᠢ᠌ᠷᠢ ᠡᠵᠡᠯᠡᠵᠦ᠂  ᠶᠡᠬᠡ ᠬᠠᠷᠢᠭᠤᠴᠠᠯᠭ᠎ᠠ ᠪᠠ ᠶᠡᠬᠡ ᠠᠵᠢᠯ ᠬᠦᠯᠢᠶᠡᠳᠡᠭ᠃ ᠡᠭᠦᠨ᠎ᠤ ᠦᠷ᠎ᠡ ᠳ᠋ᠦᠩ᠎ᠳᠤ ᠠᠵᠢᠯ ᠠᠮᠢᠳᠤᠷᠠᠯ ᠬᠡᠳᠦ ᠶᠠᠭ᠋ᠠᠷᠠᠤ ᠪᠣᠯᠤᠭᠰᠠᠨ᠎ᠨᠢ ᠭᠡᠷ ᠪᠦᠯᠢ ᠵᠢᠨ ᠬᠠᠷᠢᠴᠠᠭ᠎ᠠ᠎ᠠᠴᠠ ᠲᠡᠳᠡᠨ᠎ᠢ ᠵᠣᠬᠢᠬᠤ ᠬᠡᠮᠵᠢᠶ᠎ᠡ᠎ᠪᠠᠷ ᠬᠥᠨᠳᠡᠢ᠌ᠷᠡᠭᠦᠯᠵᠦ᠂ ᠦᠷ᠎ᠡ ᠬᠡᠦᠬᠡᠳ ᠵᠢᠡᠨ ᠥᠰᠬᠡᠵᠦ ᠬᠥᠮᠥᠵᠢᠭᠦᠯᠬᠦ ᠶᠠᠪᠤᠴᠠ᠎ᠳᠤ ᠣᠷᠤᠯᠴᠠᠬᠤ  ᠪᠣᠯᠣᠮᠵᠢ ᠵᠢ ᠬᠠᠭ᠋ᠠᠵᠠᠢ᠃
     ᠴᠠᠭ ᠦᠶ᠎ᠡ ᠵᠢᠨ ᠬᠤᠪᠢᠰᠤᠯ᠎ᠨᠢ ᠡᠷᠡᠴᠦᠦᠯ᠎ᠤᠨ ᠨᠡᠢ᠌ᠭᠡᠮ᠎ᠤᠨ ᠬᠠᠷᠢᠭᠤᠴᠠᠯᠭ᠎ᠠ᠂ ᠭᠡᠷ ᠪᠦᠯᠢ ᠵᠢᠨ ᠬᠠᠷᠢᠭᠤᠴᠠᠯᠭ᠎ᠠ ᠪᠠ ᠬᠤᠪᠢ ᠬᠥᠮᠥᠨ ᠪ᠊ ᠬᠥᠭᠵᠢᠯ᠎ᠳᠤ ᠳᠠᠰᠤᠷᠠᠯᠳᠠ ᠦᠭᠡᠢ ᠰᠢᠨ᠎ᠡ ᠥᠷᠢᠰᠦᠯᠳᠦᠭᠡᠨ ᠠᠪᠴᠢᠷᠠᠭᠰᠠᠨ ᠪᠣᠯ ᠡᠴᠢᠭᠡᠴᠤᠤᠯ᠎ᠳᠤ ᠲᠤᠯᠭ᠋ᠠᠷᠠᠭᠰᠠᠨ ᠵᠠᠷᠢᠮ ᠠᠰᠠᠭᠤᠳᠠᠯ ᠳᠡᠳᠡᠨ ᠪ᠊ ᠥᠪᠡᠷ᠎ᠠᠴᠠ᠎ᠨᠢ ᠰᠢᠯᠲᠠᠭ᠋ᠠᠯᠠᠭᠰᠠᠨ ᠭᠡᠳᠡᠭ᠎ᠢ ᠣᠮᠲᠣᠭ᠋ᠠᠢ᠌ᠯᠠᠵᠤ ᠦᠯᠦ ᠪᠣᠯᠣᠨ᠎ᠠ᠃ ᠡᠨᠡ᠎ᠨᠢ ᠳᠡᠳᠡᠨᠤᠰ᠎ᠤᠨ ᠮᠠᠬᠠᠪᠤᠳ᠎ᠤᠨ᠂ ᠰᠡᠳᠬᠢᠯᠭᠡᠨ ᠪ᠊ ᠲᠠᠯ᠎ᠠ ᠬᠣᠯᠪᠣᠭᠳᠠᠬᠤ ᠬᠤᠪᠢ ᠬᠥᠮᠥᠨ ᠪ᠊ ᠰᠢᠯᠲᠠᠭ᠋ᠠᠨ ᠶᠤᠮ᠃
     ᠦᠷ᠎ᠡ ᠬᠡᠦᠬᠡᠳ ᠲᠦᠷᠦᠬᠦᠯᠦᠭᠰᠡᠨ ᠪ᠊ ᠳᠠᠷᠠᠭ᠎ᠠ ᠣᠯᠠᠩᠬᠢ ᠡᠷᠡᠴᠦᠦᠯ ᠠᠮᠢᠳᠤ ᠪᠣᠳᠠᠰ᠎ᠤᠨ ᠤᠳᠬ᠎ᠠ ᠠᠭᠤᠯᠭ᠎ᠠ ᠳᠡᠭᠡᠷ᠎ᠡ᠎ᠪᠠᠨ 《ᠡᠴᠢᠭᠡ》 ᠪᠣᠯᠤᠭᠰᠠᠨ ᠪᠤᠯᠪᠠᠴᠤ ᠳᠡᠳᠡᠨ ᠪ᠊ ᠰᠡᠳᠬᠢᠯ ᠵᠦᠢ ᠪᠠ ᠦᠢ᠍ᠯᠡ ᠠᠵᠢᠯᠯᠠᠭ᠎ᠠ᠎ᠨᠢ ᠨᠢᠭᠡᠳᠦᠯ ᠵᠢᠡᠨ ᠣᠯᠵᠤ ᠦᠯᠦ ᠴᠢᠳᠠᠳᠠᠭ᠎ᠠᠴᠠ ᠤᠷᠳᠤ ᠬᠤᠭᠤᠴᠠᠭ᠋ᠠᠨ ᠪ᠊ ᠬᠠᠷᠢᠯᠴᠠᠭ᠎ᠠ ᠪᠠ ᠳᠠᠪᠲᠠᠯᠲᠠ᠎ᠪᠠᠷ ᠳᠠᠮᠵᠢᠨ ᠰᠠᠶᠢ ᠵᠣᠬᠢᠬᠤ ᠡᠭᠦᠷᠭᠡ᠎ᠪᠠᠨ ᠮᠡᠳᠡᠷᠡᠳᠡᠭ᠃ ᠡᠨᠡ᠎ᠨᠢ ᠰᠡᠳᠬᠢᠯ ᠵᠦᠢ ᠵᠢᠨ ᠬᠤᠪᠢ᠎ᠳᠤ ᠨᠢᠯᠬᠠᠰᠠᠭ᠂ ᠰᠣᠶᠣᠯ ᠵᠦᠢ ᠵᠢᠨ ᠬᠤᠪᠢ᠎ᠳᠤ ᠬᠡᠳᠦ ᠤᠯᠠᠮᠵᠢᠯᠠᠯ᠎ᠤᠨ ᠪᠠᠢ᠌ᠭᠰᠠᠨ ᠬᠤᠪᠢ ᠬᠥᠮᠥᠨ ᠪ᠊ ᠬᠥᠭᠵᠢᠯ᠎ᠤᠨ ᠲᠦᠪᠰᠢᠨ᠎ᠲᠠᠢ ᠵᠠᠢ᠌ᠯᠠᠰᠢ ᠦᠭᠡᠢ ᠬᠤᠯᠪᠤᠭ᠎ᠠ᠎ᠲᠠᠢ᠃
ᠤᠯᠠᠮᠵᠢᠯᠠᠯ ᠪᠠ ᠤᠯᠠᠷᠢᠯ᠎ᠠᠴᠠ ᠪᠣᠯᠤᠭᠰᠠᠨ ᠨᠡᠢ᠌ᠭᠡᠮ᠎ᠤᠨ ᠪᠠ ᠬᠤᠪᠢ ᠬᠥᠮᠥᠨ ᠪ᠊ ᠰᠢᠯᠲᠠᠭ᠋ᠠᠨ᠎ᠨᠢ ᠠᠳᠠᠯᠢᠬᠠᠨ ᠵᠢᠡᠷ ᠣᠷᠴᠢᠨ ᠤᠳᠤ ᠦᠶ᠎ᠡ ᠵᠢᠨ ᠡᠴᠢᠭᠡᠴᠤᠤᠯ᠎ᠳᠤ ᠠᠳᠠᠯᠢᠬᠠᠨ ᠲᠦᠪᠡᠭᠳᠡᠯ ᠤᠴᠠᠷᠠᠭᠤᠯᠪᠠ᠃ ᠲᠡᠷᠡ᠎ᠨᠢ 《ᠡᠴᠢᠭᠡ》 ᠭᠡᠮᠡᠬᠦ ᠳᠦᠷᠢ᠎ᠳᠤ ᠪᠡᠶ᠎ᠡ ᠰᠡᠳᠬᠢᠯ ᠵᠢᠡᠷ ᠵᠢᠡᠨ ᠠᠭᠤᠰᠴᠤ᠂ ᠭᠡᠷ ᠪᠦᠯᠢ ᠪᠠ ᠦᠷ᠎ᠡ ᠬᠡᠦᠬᠡᠳ᠎ᠤᠨ ᠬᠠᠷᠢᠴᠠᠭ᠎ᠠ᠎ᠪᠠᠨ ᠪᠠᠲᠤᠯᠠᠬᠤ ᠤᠴᠢᠷ ᠶᠤᠮ᠃
     ᠤᠯᠠᠮᠵᠢᠯᠠᠯ᠎ᠠᠴᠠ ᠪᠣᠯᠤᠭᠰᠠᠨ ᠤᠬᠠᠭᠳᠠᠬᠤᠨ ᠪ᠊ ᠬᠤᠪᠢᠷᠠᠯᠲᠠ᠎ᠨᠢ ᠣᠷᠴᠢᠨ ᠤᠳᠤ ᠦᠶ᠎ᠡ ᠵᠢᠨ ᠡᠴᠢᠭᠡᠴᠤᠤᠯ᠎ᠳᠤ ᠥᠪᠡᠷ᠎ᠤᠨ ᠵᠢᠡᠨ ᠵᠥᠪ ᠪᠠᠢ᠌ᠷᠢ ᠵᠢ ᠡᠷᠢᠯᠬᠢᠯᠡᠬᠦ ᠠᠯᠢ ᠤᠯᠠᠨ ᠲᠦᠪᠡᠭᠳᠡᠯ ᠠᠪᠴᠢᠷᠠᠭᠰᠠᠨ ᠴᠤ᠌ ᠡᠳᠡᠭᠡᠷ᠎ᠢ ᠳᠠᠬᠢᠵᠤ ᠲᠤᠩᠭ᠋ᠠᠬᠤ ᠤᠯᠠᠨ ᠪᠣᠯᠣᠮᠵᠢ ᠴᠤ᠌ ᠪᠦᠷᠢᠯᠳᠦᠭᠰᠡᠭᠡᠷ ᠪᠠᠢ᠌ᠨ᠎ᠠ᠃ ᠲᠡᠦᠬᠡ ᠵᠢᠨ ᠬᠠᠷᠠᠭ᠋ᠠᠰᠤ᠎ᠠᠴᠠ ᠠᠪᠴᠤ ᠬᠡᠯᠡᠪᠡᠯ᠂ ᠡᠳᠡᠭᠡᠷ ᠠᠰᠠᠭᠤᠳᠠᠯ᠎ᠨᠢ ᠡᠨᠡ ᠦᠶ᠎ᠡ ᠵᠢᠨ ᠯᠨ ᠠᠰᠠᠭᠤᠳᠠᠯ ᠪᠢᠰᠢ᠂ ᠪᠠᠰᠠ ᠡᠨᠡ ᠦᠶ᠎ᠡ ᠬᠦᠷᠦᠭᠡᠳ ᠳᠠᠭᠤᠰᠴᠢᠬᠠᠬᠤ ᠠᠰᠠᠭᠤᠳᠠᠯ ᠴᠤ᠌ ᠪᠢᠰᠢ ᠬᠠᠷᠢᠨ ᠦᠶ᠎ᠡ ᠦᠶ᠎ᠡ ᠵᠢᠨ ᠬᠥᠮᠥᠰ᠎ᠤᠨ ᠬᠢᠴᠢᠶᠡᠯ ᠵᠢᠳᠬᠦᠯ ᠬᠡᠷᠡᠭᠲᠡᠢ᠃ 
     ᠪᠠᠷᠢᠮᠵᠢᠶ᠎ᠠ᠄ ᠬᠠᠢ᠌ᠷ᠎ᠠ᠂ ᠬᠠᠷᠢᠭᠤᠴᠠᠯᠭ᠎ᠠ᠂ ᠵᠢᠳᠬᠦᠯ    
     ᠠᠪᠤ ᠭᠡᠳᠡᠭ ᠠᠯᠳᠠᠷ᠎ᠤᠨ ᠳᠡᠭᠡᠳᠦ᠂ ᠠᠰᠤᠷᠤ ᠶᠡᠬᠡ ᠬᠠᠷᠢᠭᠤᠴᠠᠯᠭ᠎ᠠ ᠶᠤᠮ᠃ ᠡᠷᠳᠡᠮ ᠰᠢᠨᠵᠢᠯᠡᠭᠡ ᠪᠤᠶᠤ ᠰᠤᠳᠤᠯᠭ᠋ᠠᠨ ᠪ᠊ ᠬᠠᠷᠠᠭ᠋ᠠᠰᠤ᠎ᠠᠴᠠ ᠦᠵᠡᠪᠡᠰᠦ᠂ ᠥᠩᠭᠡᠷᠡᠭᠰᠡᠨ ᠵᠠᠭᠤᠨ ᠪ᠊ ᠳᠠᠢ᠍ᠢ᠍ᠨ ᠳᠠᠵᠢᠨ᠂ ᠴᠠᠭ ᠦᠶ᠎ᠡ ᠵᠢᠨ ᠬᠢᠮᠤᠷᠠᠯ᠂ ᠣᠷᠣᠭ᠎ᠠ ᠪᠤᠰᠬᠠᠭ᠎ᠠ ᠣᠨ ᠵᠢᠯ᠎ᠤᠳ᠎ᠢ ᠥᠩᠭᠡᠷᠡᠭᠦᠯᠦᠭᠰᠡᠨ ᠬᠥᠮᠥᠰ᠎ᠲᠤ ᠠᠪᠴᠤ ᠬᠡᠯᠡᠪᠡᠯ ᠣᠷᠣᠰᠢᠨ ᠲᠣᠭᠲᠠᠨᠢᠬᠤ᠎ᠨᠢ ᠲᠡᠷᠢᠭᠦᠨ ᠴᠢᠬᠤᠯᠠ ᠡᠭᠦᠷᠭᠡ ᠪᠠᠢ᠌ᠭᠰᠠᠨ ᠶᠤᠮ᠃ ᠡᠢ᠌ᠮᠤᠷᠬᠦᠤ ᠣᠷᠴᠢᠨ᠎ᠳᠤ ᠬᠥᠮᠥᠰ ᠠᠪᠤ ᠵᠢᠨ ᠪᠠᠷ᠎ᠠ ᠵᠢ ᠬᠠᠷᠠᠬᠤ ᠪᠠᠢ᠌ᠲᠤᠭ᠋ᠠᠢ ᠠᠮᠢᠳᠤ ᠮᠡᠨᠳᠦ ᠵᠢᠨ ᠰᠤᠷᠠᠭ᠎ᠢ ᠰᠤᠨᠤᠰᠬᠤ᠎ᠨᠢ ᠬᠦᠷᠳᠡᠯ᠎ᠠ ᠴᠥᠭᠡᠨ ᠪᠠᠢ᠌ᠭᠰᠠᠨ ᠠᠵᠢ᠃ ᠳᠡᠳᠡ ᠡᠴᠢᠭᠡ᠎ᠠᠴᠠ᠎ᠪᠠᠨ ᠠᠮᠢᠳᠤᠷᠠᠯ᠎ᠳᠤ ᠱᠠᠭ᠋ᠠᠷᠳᠠᠭᠳᠠᠬᠤ ᠤᠷ᠎ᠠ ᠮᠡᠷᠭᠡᠵᠢᠯ ᠰᠤᠷᠴᠤ ᠴᠢᠳᠠᠭᠰᠠᠨ ᠦᠭᠡᠢ ᠪᠥᠭᠡᠳ ᠬᠠᠢ᠌ᠷ᠎ᠠ ᠬᠠᠯᠠᠮᠵᠢ ᠬᠦᠷᠲᠡᠵᠦ ᠴᠤ᠌ ᠴᠢᠳᠠᠭᠰᠠᠨ ᠦᠭᠡᠢ᠃ ᠥᠩᠭᠡᠷᠡᠭᠰᠡᠨ ᠴᠠᠭ ᠦᠶ᠎ᠡ ᠵᠢᠨ ᠬᠥᠮᠥᠰ᠎ᠨᠢ ᠨᠡᠢ᠌ᠭᠡᠮ᠎ᠤᠨ ᠪᠤᠰᠤᠳᠴᠢ ᠰᠢᠯᠲᠠᠭ᠋ᠠᠨ ᠵᠢᠡᠷ ᠡᠴᠢᠭᠡ ᠬᠥᠮᠥᠨ ᠪ᠊ ᠡᠭᠦᠷᠭᠡ᠎ᠪᠠᠨ ᠲᠠᠶᠠᠭᠳᠠᠭᠰᠠᠨ ᠪᠣᠯ ᠡᠨᠡ ᠴᠠᠭ ᠦᠶ᠎ᠡ ᠵᠢᠨ ᠬᠥᠮᠥᠰ ᠴᠤ᠌ ᠠᠳᠠᠯᠢᠬᠠᠨ ᠵᠢᠡᠷ ᠠᠵᠢᠯ ᠠᠮᠢᠳᠤᠷᠠᠯ᠎ᠤᠨ ᠡᠷᠬᠡ᠎ᠪᠠᠷ ᠡᠴᠢᠭᠡ ᠬᠥᠮᠥᠨ ᠪ᠊ ᠡᠭᠦᠷᠭᠡ᠎ᠪᠠᠨ ᠤᠷᠬᠢᠭᠰᠠᠭ᠋ᠠᠷ ᠪᠠᠢ᠌ᠨ᠎ᠠ᠃ ᠤᠷᠤᠭ ᠰᠠᠯᠬᠤ ᠨᠤᠷᠮ᠎ᠠ ᠪᠠᠷᠤᠭ ᠳᠠᠪᠢᠨ ᠬᠤᠪᠢ᠎ᠳᠤ ᠣᠢ᠌ᠷᠠᠲᠤᠭᠰᠠᠨ ᠥᠨᠥ ᠵᠢᠨ ᠴᠠᠭ ᠦᠶ᠎ᠡ᠎ᠳᠤ ᠡᠴᠢᠭᠡ ᠬᠥᠮᠥᠨ ᠪ᠊ ᠦᠷ᠎ᠡ ᠬᠡᠦᠬᠡᠳ᠎ᠤᠨ ᠵᠢᠡᠨ ᠥᠰᠦᠯᠲᠡ᠎ᠳᠤ ᠬᠠᠷᠢᠭᠤᠴᠠᠵᠤ ᠪᠤᠢ ᠡᠭᠦᠷᠭᠡ ᠵᠢᠨ ᠬᠡᠮᠵᠢᠶ᠎ᠡ ᠪᠠᠷᠤᠭ ᠯᠠ ᠲᠡᠦᠬᠡ ᠵᠢᠨ ᠬᠠᠮᠤᠭ᠎ᠤᠨ ᠳᠣᠣᠷ᠎ᠠ ᠲᠦᠪᠰᠢᠨ᠎ᠳᠤ ᠣᠢ᠌ᠷᠠᠳᠴᠠᠢ᠃
     ᠬᠠᠢ᠌ᠷ᠎ᠠ ᠬᠠᠷᠢᠭᠤᠴᠠᠯᠭ᠎ᠠ ᠭᠡᠳᠡᠭ ᠨᠢᠭᠡᠨ ᠮᠣᠳᠣᠨ ᠪ᠊ ᠦᠷ᠎ᠡ ᠵᠢᠮᠢᠰ ᠪᠢᠯᠡ᠃ ᠬᠠᠢ᠌ᠷ᠎ᠠ ᠰᠡᠳᠬᠢᠯ ᠵᠢᠡᠨ ᠢᠯᠡᠳᠬᠡᠵᠦ ᠪᠠᠢ᠌ᠮᠠᠨ ᠬᠠᠷᠢᠭᠤᠴᠠᠯᠭ᠎ᠠ ᠡᠭᠦᠷᠭᠡᠯᠡᠨ᠎ᠡ᠂ ᠬᠠᠷᠢᠭᠤᠴᠠᠯᠭ᠎ᠠ ᠡᠭᠦᠷᠭᠡᠯᠡᠵᠦ ᠪᠠᠢ᠌ᠮᠠᠨ ᠬᠠᠢ᠌ᠷ᠎ᠠ ᠰᠡᠳᠬᠢᠯ ᠵᠢᠡᠨ ᠮᠡᠳᠡᠷᠡᠨ᠎ᠡ᠃ ᠬᠥᠮᠥᠨ ᠪ᠊ ᠳᠣᠲᠣᠭ᠋ᠠᠳᠤ ᠰᠡᠳᠬᠢᠯ᠎ᠠᠴᠠ ᠤᠷᠭᠤᠭᠰᠠᠨ ᠰᠡᠳᠬᠢᠯᠭᠡ ᠭᠡᠳᠡᠭ ᠡᠢ᠌ᠮᠦ ᠯᠠ ᠭᠠᠢ᠍ᠢ᠍ᠬᠠᠮᠰᠢᠳᠠᠢ᠃ ᠬᠡᠷᠪᠡ ᠦᠷ᠎ᠡ ᠵᠢᠨ ᠵᠤᠯᠠᠢ ᠦᠨᠦᠷᠯᠡᠭᠰᠡᠨ ᠡᠴᠢᠭᠡ ᠬᠥᠮᠥᠨ ᠯᠠ ᠶᠤᠮ ᠪᠣᠯ ᠡᠨᠡ ᠪᠦᠬᠦᠨ᠎ᠢ ᠭᠦᠢ᠍ᠴᠡᠳᠬᠡᠬᠦ ᠶᠣᠰᠣᠲᠠᠢ᠃
     ᠴᠠᠭ ᠦᠶ᠎ᠡ ᠵᠢᠨ ᠤᠯᠠᠷᠢᠯ ᠬᠤᠪᠢᠰᠤᠯ᠎ᠨᠢ ᠰᠢᠨ᠎ᠡ ᠠᠰᠠᠭᠤᠳᠠᠯ᠂ ᠰᠠᠭ᠋ᠠᠳ ᠲᠦᠪᠡᠭᠳᠡᠯ ᠠᠪᠴᠢᠷᠠᠳᠠᠭ ᠴᠤ᠌ ᠲᠤᠬᠠᠢ ᠵᠢᠨ ᠴᠠᠭ ᠦᠶ᠎ᠡ ᠵᠢᠨ ᠬᠥᠮᠥᠰ᠎ᠲᠤ ᠰᠢᠢ᠍ᠳᠪᠦᠷᠢᠯᠡᠬᠦ ᠠᠷᠭ᠎ᠠ ᠵᠢ ᠴᠤ᠌ ᠬᠠᠮᠲᠤ᠎ᠳᠤ᠎ᠨᠢ ᠦᠭᠳᠡᠭ᠃ ᠶᠠᠷᠢᠶᠠᠨ ᠦᠭᠡᠢ ᠡᠨᠡ᠎ᠨᠢ ᠬᠡᠳᠦᠨ ᠦᠶ᠎ᠡ ᠵᠢᠨ ᠬᠥᠮᠥᠰ᠎ᠤᠨ ᠬᠢᠴᠢᠶᠡᠯ ᠵᠢᠳᠬᠦᠯ᠎ᠠᠴᠠ ᠰᠠᠯᠵᠤ ᠦᠯᠦ ᠴᠢᠳᠠᠨ᠎ᠠ᠃ ᠣᠷᠴᠢᠨ ᠤᠳᠤ ᠦᠶ᠎ᠡ ᠵᠢᠨ  ᠡᠴᠢᠭᠡᠴᠤᠤᠯ᠎ᠳᠤ ᠤᠯᠠᠨ ᠠᠰᠠᠭᠤᠳᠠᠯ ᠲᠣᠬᠢᠶᠠᠭᠰᠠᠨ ᠪᠤᠯᠪᠠᠴᠤ ᠭᠡᠷ ᠪᠦᠯᠢ ᠵᠢᠨ ᠰᠤᠳᠤᠯᠭ᠎ᠠ᠂ ᠭᠡᠷ᠎ᠤᠨ ᠬᠥᠮᠦᠵᠢᠯ᠎ᠤᠨ ᠰᠤᠳᠤᠯᠭ᠎ᠠ᠂ ᠬᠤᠪᠢ ᠬᠥᠮᠥᠨ ᠪ᠊ ᠬᠥᠭᠵᠢᠯ᠎ᠤᠨ ᠰᠤᠳᠤᠯᠭ᠎ᠠ ᠵᠡᠷᠭᠡ ᠤᠯᠠᠨ ᠰᠠᠯᠪᠤᠷᠢ᠎ᠳᠤ ᠡᠴᠢᠬᠡᠴᠤᠤᠯ᠎ᠳᠤ ᠰᠢᠨᠵᠢᠯᠡᠬᠦ ᠤᠬᠠᠭ᠋ᠠᠨ ᠪ᠊ ᠦᠨᠳᠦᠰᠦᠯᠡᠯ ᠪᠦᠬᠦᠢ ᠪᠠᠷᠢᠮᠲᠠ ᠬᠠᠩᠭ᠋ᠠᠭᠰᠠᠭ᠋ᠠᠷ ᠪᠠᠢ᠌ᠨ᠎ᠠ᠃ ᠡᠨᠡ᠎ᠨᠢ ᠨᠡᠢ᠌ᠭᠡᠮ᠎ᠤᠨ ᠬᠠᠷᠢᠴᠠᠭ᠋ᠠᠨ ᠪ᠊ ᠰᠢᠨ᠎ᠡ ᠵᠢᠷᠤᠮ ᠭᠣᠷᠢᠮ᠎ᠤᠨ ᠳᠤᠮᠳᠠ ᠡᠴᠢᠭᠡᠴᠤᠤᠯ ᠭᠡᠷ ᠪᠦᠯᠢ ᠵᠢᠨ ᠳᠤᠮᠳᠠ ᠥᠪᠡᠷ᠎ᠤᠨ ᠵᠥᠪ ᠪᠠᠢ᠌ᠷᠢ᠎ᠪᠠᠨ ᠣᠯᠬᠤ᠎ᠳᠤ ᠶᠠᠭ᠋ᠠᠬᠢᠯᠳᠠ ᠴᠤ᠌ ᠦᠭᠡᠢ ᠨᠡᠮᠡᠷᠢ ᠪᠤᠯᠬᠤ᠎ᠨᠢ ᠯᠠᠪᠲᠠᠢ᠃
    2006 ᠣᠨ᠎ᠳᠤ ᠭᠠᠳᠠᠭ᠋ᠠᠳᠤ ᠎ᠳᠤ 《ᠬᠡᠦᠬᠡᠳ ᠪᠠᠭ᠋ᠠᠴᠤᠤᠯ᠎ᠤᠨ ᠡᠷᠡᠭᠦᠯ ᠥᠰᠦᠯᠲᠡ ᠵᠢᠨ ᠶᠠᠪᠤᠴᠠ᠎ᠳᠤ᠎ᠬᠢ ᠡᠴᠢᠭᠡ ᠬᠥᠮᠥᠨ ᠪ᠊ ᠴᠢᠬᠤᠯᠠ ᠪᠠᠢ᠌ᠷᠢ》 ᠭᠡᠮᠡᠬᠦ ᠨᠢᠮᠭᠡᠨ ᠲᠣᠪᠬᠢᠮᠠᠯ᠎ᠢ ᠨᠠᠢ᠌ᠷᠠᠭᠤᠯᠤᠬᠰᠠᠨ ᠶᠤᠮ᠃ ᠤᠳᠤ ᠦᠶ᠎ᠡ ᠵᠢᠨ ᠭᠡᠷ ᠪᠦᠯᠢ ᠵᠢᠨ ᠬᠠᠷᠢᠴᠠᠭ᠎ᠠ ᠳᠤᠮᠳᠠᠬᠢ ᠡᠴᠢᠭᠡ ᠬᠥᠮᠥᠨ ᠪ᠊ ᠵᠥᠪ ᠪᠠᠢ᠌ᠷᠢ ᠵᠢ ᠥᠨᠳᠥᠷ ᠲᠦᠪᠰᠢᠨ᠎ᠳᠤ ᠬᠤᠷᠢᠶᠠᠩᠭᠤᠢ᠌ᠯᠠᠵᠤ᠂ ᠡᠭᠦᠷᠭᠡ ᠬᠠᠷᠢᠭᠤᠴᠠᠯᠭ᠎ᠠ ᠵᠢ ᠤᠨᠤᠪᠴᠢᠳᠠᠢ ᠳ᠋ᠦᠩᠨᠡᠭᠰᠡᠨ ᠵᠢᠡᠷ ᠵᠢᠡᠨ ᠠᠷᠪᠠᠨ ᠵᠢᠷᠭᠤᠭ᠋ᠠᠨ ᠵᠢᠯ᠎ᠤᠨ ᠡᠮᠦᠨ᠎ᠡ ᠬᠡᠪᠯᠡᠭᠳᠡᠭᠰᠡᠨ ᠡᠨᠡ ᠨᠢᠮᠭᠡᠨ ᠲᠣᠪᠬᠢᠮᠠᠯ ᠤᠳᠤ᠎ᠳᠤ ᠲᠤᠯᠲᠠᠯ᠎ᠠ ᠦᠢ ᠲᠦᠮᠡᠨ ᠭᠡᠷ ᠪᠦᠯᠢ᠎ᠳᠤ  ᠭᠠᠷ ᠠᠪᠤᠯᠭ᠎ᠠ ᠪᠤᠯᠤᠬᠰᠠᠭ᠋ᠠᠷ ᠪᠠᠢ᠌ᠨ᠎ᠠ᠃
ᠡᠨᠡ ᠲᠣᠪᠬᠢᠮᠠᠯ᠎ᠳᠤ ᠡᠴᠢᠭᠡ ᠬᠥᠮᠥᠨ ᠪ᠊ ᠡᠭᠦᠷᠭᠡ ᠴᠢᠳᠠᠪᠬᠢ ᠵᠢ ᠳᠤᠯᠤᠭ᠋ᠠᠨ ᠲᠠᠯ᠎ᠠ᠎ᠳᠤ ᠬᠤᠷᠢᠶᠠᠩᠭᠤᠢ᠌ᠯᠠᠵᠠᠢ᠄ 1᠂ ᠬᠡᠦᠬᠡᠳ᠎ᠤᠨ ᠡᠵᠢ ᠎ᠯᠤᠭ᠎ᠠ  ᠢᠳᠡᠪᠬᠢᠲᠡᠢ ᠬᠠᠷᠢᠯᠴᠠᠭ᠎ᠠ ᠵᠢ  ᠪᠠᠲᠤᠯᠠᠬᠤ᠃ 2᠂ ᠴᠠᠭ ᠭᠠᠷᠭ᠋ᠠᠵᠤ ᠬᠡᠦᠬᠡᠳ᠎ᠲᠤ᠎ᠪᠠᠨ ᠬᠠᠨᠢ ᠪᠤᠯᠬᠤ᠃ 3᠂ ᠬᠡᠦᠬᠡᠳ ᠵᠢᠡᠨ ᠬᠥᠮᠥᠵᠢᠭᠦᠯᠬᠦ᠃ 4᠂ ᠬᠡᠦᠬᠡᠳ ᠵᠢᠡᠨ ᠵᠣᠬᠢᠰᠲᠠᠢ᠎ᠪᠠᠷ ᠵᠢᠷᠤᠮᠵᠢᠭᠤᠨ ᠰᠤᠷᠭ᠋ᠠᠬᠤ᠃ 5᠂ ᠭᠡᠷ ᠪᠦᠯᠢ᠎ᠠᠴᠠ ᠭᠠᠳᠠᠨᠠᠬᠢ ᠶᠢᠷᠲᠢᠨᠴᠦ ᠤᠷᠤᠭᠤ ᠬᠡᠦᠬᠡᠳ᠎ᠢ ᠬᠦᠲᠦᠯᠬᠦ᠃ 6᠂ ᠬᠡᠦᠬᠡᠳ ᠵᠢᠡᠨ ᠬᠠᠮᠠᠭ᠋ᠠᠯᠠᠬᠤ ᠪᠠ ᠬᠠᠷᠠᠭ᠋ᠠᠯᠵᠠᠵᠤ ᠲᠡᠵᠢᠭᠡᠬᠦ᠃ 7᠂ ᠬᠡᠦᠬᠡᠳ᠎ᠤᠨ ᠵᠢᠡᠨ ᠳᠠᠭᠤᠷᠢᠶᠠᠯ ᠪᠤᠯᠬᠤ᠃
     ᠡᠨᠡ ᠳᠡᠯᠡᠬᠡᠢ᠎ᠳᠤ ᠲᠡᠭᠦᠰ ᠲᠡᠭᠦᠯᠳᠡᠷ ᠬᠥᠮᠥᠨ ᠭᠡᠵᠦ ᠬᠠᠮᠢᠭ᠎ᠠ ᠪᠠᠢ᠌ᠬᠤ ᠪᠤᠢ ᠳ᠋ᠠ᠃ ᠨᠡᠢ᠌ᠭᠡᠮ ᠪᠠ ᠭᠡᠷ ᠪᠦᠯᠢ ᠵᠢᠨ ᠬᠠᠷᠢᠴᠠᠭ᠎ᠠ  ᠳᠤᠮᠳᠠ ᠴᠤ᠌ ᠪᠢᠳᠡ ᠲᠠᠯ᠎ᠠ ᠪᠦᠷᠢ ᠵᠢ ᠪᠡᠶᠡᠯᠡᠭᠦᠯᠬᠦ ᠵᠢᠨ ᠥᠨᠳᠥᠷ ᠱᠠᠭ᠋ᠠᠷᠳᠠᠯᠭ᠎ᠠ ᠳᠠᠯᠪᠢᠬᠤ᠎ᠨᠢ ᠵᠣᠬᠢᠰ ᠦᠭᠡᠢ᠃ ᠲᠡᠷᠡ ᠮᠥᠷᠲᠡᠭᠡᠨ ᠭᠡᠷ ᠪᠦᠯᠢ ᠪᠣᠯᠭ᠋ᠠᠨ ᠪ᠊ ᠨᠥᠬᠥᠴᠡᠯ ᠪᠠᠢ᠌ᠳᠠᠯ᠎ᠠᠴᠠ ᠰᠢᠯᠲᠠᠭ᠋ᠠᠯᠠᠨ ᠳᠡᠳᠡᠨ ᠪ᠊ ᠣᠷᠣᠰᠢᠨ ᠪᠤᠢ ᠬᠡᠪ ᠲᠥᠷᠬᠦ᠎ᠨᠢ ᠴᠤ᠌ ᠠᠳᠠᠯᠢ ᠦᠭᠡᠢ ᠪᠠᠢ᠌ᠳᠠᠭ᠃ ᠭᠡᠯ᠎ᠡ ᠴᠤ᠌ ᠰᠠᠢ᠌ᠨ ᠡᠴᠢᠭᠡ ᠵᠢᠨ ᠪᠠᠷᠢᠮᠵᠢᠶ᠎ᠠ᠎ᠳᠤ ᠬᠤᠷᠢᠶᠠᠩᠭᠤᠢ᠌ᠯᠠᠵᠤ ᠪᠤᠯᠬᠤ ᠨᠡᠢ᠌ᠲᠡᠯᠢᠭ ᠵᠦᠢ᠍ᠯ ᠶᠠᠷᠢᠶᠠᠨ ᠦᠭᠡᠢ ᠪᠠᠢ᠌ᠨ᠎ᠠ᠃ ᠶᠠᠭᠤᠨ ᠲᠡᠷᠢᠭᠦᠨ᠎ᠳᠤ᠂ ᠬᠡᠦᠬᠡᠳ᠎ᠤᠨ ᠡᠵᠢ ᠵᠢᠨ ᠬᠠᠮᠲᠤ ᠢᠳᠡᠪᠬᠢᠲᠡᠢ ᠬᠠᠷᠢᠯᠴᠠᠭ᠎ᠠ ᠪᠠᠢ᠌ᠭᠤᠯᠵᠤ᠂ ᠰᠠᠨᠠᠭ᠎ᠠ ᠤᠨᠤᠭ᠎ᠠ᠎ᠪᠠᠨ ᠣᠯᠣᠯᠴᠠᠨ ᠭᠡᠷ ᠪᠦᠯᠢ ᠵᠢᠨ ᠠᠵᠢᠯ᠎ᠤᠨ ᠬᠤᠪᠢᠶᠠᠷᠢ᠎ᠳᠤ ᠬᠠᠮᠲᠤ ᠵᠢᠨ ᠲᠠᠨᠢᠯᠲᠠ᠎ᠲᠠᠢ ᠪᠤᠯᠬᠤ ᠴᠢᠬᠤᠯᠠᠲᠠᠢ᠃ ᠳᠠᠷᠠᠭ᠎ᠠ᠎ᠨᠢ᠂ ᠦᠷ᠎ᠡ ᠬᠡᠦᠬᠡᠳ᠎ᠲᠠᠢ᠎ᠪᠠᠨ ᠵᠥᠪ ᠵᠢᠡᠷ ᠬᠠᠷᠢᠯᠴᠠᠨ᠂ ᠬᠠᠢ᠌ᠷ᠎ᠠ ᠰᠡᠳᠬᠢᠯ᠎ᠤᠨ ᠢᠳᠡᠪᠬᠢ ᠬᠠᠷᠢᠯᠴᠠᠭ᠎ᠠ ᠵᠢ ᠪᠡᠬᠢᠵᠢᠭᠦᠯᠬᠦ ᠬᠡᠷᠡᠭᠲᠡᠢ᠃ ᠡᠴᠦᠰ᠎ᠲᠤ᠂ ᠥᠪᠡᠷ᠎ᠢ᠎ᠪᠠᠨ ᠳᠠᠰᠤᠷᠠᠯᠳᠠ ᠦᠭᠡᠢ ᠲᠡᠭᠦᠯᠳᠡᠷᠵᠢᠭᠦᠯᠦᠨ ᠦᠷ᠎ᠡ ᠬᠡᠦᠬᠡᠳ᠎ᠲᠤ᠎ᠪᠠᠨ ᠰᠠᠢ᠌ᠨ᠎ᠤ ᠳᠠᠭᠤᠷᠢᠶᠠᠯ ᠪᠤᠯᠬᠤ ᠬᠡᠷᠡᠭᠲᠡᠢ᠃
     ᠠᠵᠢᠯ ᠠᠮᠢᠳᠤᠷᠠᠯ᠎ᠤᠨ ᠡᠷᠬᠡ᠎ᠪᠠᠷ ᠡᠴᠢᠭᠡᠴᠤᠤᠯ ᠴᠤ᠌ ᠬᠡᠦᠬᠡᠳ᠎ᠤᠨ ᠬᠥᠮᠦᠵᠢᠯ᠎ᠳᠤ ᠭᠠᠷ ᠣᠷᠣᠬᠤ᠎ᠨᠢ ᠴᠥᠭᠡᠨ ᠪᠠᠢ᠌ᠵᠤ ᠪᠣᠯᠣᠨ᠎ᠠ᠂ ᠬᠡᠦᠬᠡᠳ ᠎ᠲᠤ᠎ᠪᠠᠨ ᠴᠠᠭ ᠦᠷᠬᠦᠯᠵᠢ ᠬᠣᠭᠣᠯᠠ ᠪᠠᠵᠠᠭ᠋ᠠᠵᠤ᠂ ᠬᠤᠪᠴᠠᠰᠤ ᠤᠬᠢᠶᠠᠵᠤ ᠦᠭᠬᠦ ᠪᠣᠯᠣᠮᠵᠢ ᠦᠭᠡᠢ ᠴᠤ᠌ ᠪᠠᠢ᠌ᠵᠤ ᠪᠣᠯᠣᠨ᠎ᠠ᠃ ᠭᠡᠯ᠎ᠡ ᠴᠤ᠌ ᠬᠡᠦᠬᠡᠳ᠎ᠤᠨ ᠵᠢᠡᠨ ᠦᠵᠡᠯ ᠪᠤᠳᠤᠯ᠂ ᠦᠢ᠍ᠯᠡ ᠠᠵᠢᠯᠯᠠᠭ᠎ᠠ᠂ ᠰᠡᠳᠬᠢᠯ ᠵᠦᠢ᠎ᠳᠤ ᠪᠠᠢ᠌ᠩᠭᠤ ᠠᠩᠬᠠᠷᠤᠯ ᠳᠠᠯᠪᠢᠬᠤ ᠬᠡᠷᠡᠭᠲᠡᠢ᠃ ᠵᠠᠷᠢᠮ ᠦᠶ᠎ᠡ᠎ᠳᠤ ᠡᠴᠢᠭᠡᠴᠤᠤᠯ ᠦᠨᠡᠬᠡᠷ ᠴᠢᠷᠮᠠᠢ᠌ᠵᠤ ᠠᠵᠢᠯᠯᠠᠳᠠᠭ᠂ ᠠᠮᠵᠢᠯᠲᠠ ᠪᠦᠲᠦᠭᠡᠯ ᠴᠤ᠌ ᠦᠯᠡᠮᠵᠢ ᠪᠠᠢ᠌ᠳᠠᠭ᠃ ᠬᠠᠷᠢᠨ ᠳᠡᠳᠡ ᠨᠡᠢ᠌ᠭᠡᠮ᠎ᠤᠨ ᠪᠠᠢ᠌ᠷᠢ ᠰᠠᠭᠤᠷᠢ ᠥᠨᠳᠥᠷ ᠴᠤ᠌ ᠭᠡᠰᠡᠨ ᠬᠡᠦᠬᠡᠳ᠎ᠤᠨ ᠬᠥᠮᠦᠵᠢᠯ᠎ᠳᠤ ᠣᠷᠤᠯᠴᠠᠬᠤ᠎ᠠᠴᠠ ᠲᠠᠲᠠᠭ᠋ᠠᠯᠵᠠᠵᠤ᠂ ᠬᠡᠦᠬᠡᠳ᠎ᠤᠨ ᠠᠯᠳᠠᠭ᠎ᠠ ᠪᠤᠷᠤᠭᠤ ᠵᠢ ᠬᠦᠷᠳᠡᠯ᠎ᠠ ᠵᠠᠯᠠᠷᠠᠭᠤᠯᠬᠤ ᠦᠭᠡᠢ ᠪᠠᠢ᠌ᠳᠠᠭ᠎ᠨᠢ ᠶᠡᠬᠡ ᠠᠯᠳᠠᠰᠢ ᠪᠤᠯᠳᠠᠭ᠃ ᠡᠴᠢᠭᠡ ᠪᠣᠯᠣᠭᠰᠠᠳ ᠡᠮᠦᠨ᠎ᠡ ᠦᠬᠦᠯᠡᠭᠰᠡᠨ ᠠᠮᠢᠳᠤ ᠪᠣᠳᠠᠰ ᠪᠠ ᠨᠡᠢ᠌ᠭᠡᠮ᠎ᠤᠨ ᠬᠠᠷᠢᠴᠠᠭ᠋ᠠᠨ ᠪ᠊ ᠳᠤᠮᠳᠠ 《ᠡᠴᠢᠭᠡ》 ᠵᠢᠨ ᠳᠦᠷᠢ ᠵᠢ ᠪᠦᠲᠦᠭᠡᠬᠦ ᠬᠡᠷᠡᠭᠲᠡᠢ ᠪᠥᠭᠡᠳ ᠤᠳᠤ ᠦᠶ᠎ᠡ ᠵᠢᠨ ᠬᠠᠤᠯᠢ ᠵᠦᠢ ᠵᠢᠨ ᠤᠳᠬ᠎ᠠ ᠠᠭᠤᠯᠭ᠎ᠠ᠎ᠠᠴᠠ ᠬᠡᠦᠬᠡᠳ᠎ᠤᠨ ᠬᠢᠨᠠᠨ ᠬᠠᠮᠠᠭ᠋ᠠᠯᠠᠭᠴᠢ ᠪᠣᠯᠤᠭᠰᠠᠨ ᠪ᠊ ᠬᠤᠪᠢ᠎ᠳᠤ ᠬᠡᠦᠬᠡᠳ ᠵᠢᠡᠨ ᠵᠥᠪ ᠬᠥᠮᠥᠨ᠂ ᠵᠥᠪ ᠢᠷᠭᠡᠨ ᠪᠤᠯᠭ᠋ᠠᠵᠤ ᠬᠥᠮᠥᠵᠢᠭᠦᠯᠬᠦ ᠬᠠᠤᠯᠢ ᠵᠢᠨ ᠬᠠᠷᠢᠭᠤᠴᠠᠯᠭ᠎ᠠ᠎ᠲᠠᠢ ᠶᠤᠮ᠃
     ᠠᠪᠤ ᠵᠢᠨ ᠬᠠᠢ᠌ᠷ᠎ᠠ ᠵᠢ ᠪᠢᠳᠡ 《ᠬᠠᠲᠠᠭᠤ》᠎ᠪᠠᠷ ᠲᠥᠰᠥᠭᠡᠯᠡᠳᠡᠭ᠃ ᠭᠡᠲᠡᠯ᠎ᠡ 《ᠬᠠᠲᠠᠭᠤ᠂ ᠬᠠᠲᠠᠭᠤ》 ᠭᠡᠭᠰᠡᠭᠡᠷ ᠪᠠᠢ᠌ᠵᠤ ᠬᠠᠮᠤᠭ ᠪᠦᠬᠦᠳᠡ ᠵᠢ ᠴᠤᠴᠢᠷᠳᠠᠭᠤᠯᠬᠤ᠎ᠨᠢ ᠣᠷᠴᠢᠨ ᠦᠶ᠎ᠡ ᠵᠢᠨ ᠰᠤᠷᠭ᠋ᠠᠨ ᠬᠥᠮᠦᠵᠢᠯ᠎ᠳᠤ ᠠᠯᠢ ᠡᠷᠲᠡ ᠲᠣᠬᠢᠷᠠᠬᠤ ᠦᠭᠡᠢ ᠪᠣᠯᠵᠠᠢ᠃ ᠦᠯᠢᠭᠡᠷ᠂ ᠳᠠᠭᠤᠷᠢᠶᠠᠯ᠂ ᠵᠥᠪᠯᠡᠯᠭᠡ᠂ ᠬᠠᠢ᠌ᠷ᠎ᠠ ᠪᠣᠯ ᠰᠠᠶᠢ ᠬᠡᠦᠬᠡᠳ᠎ᠤᠨ ᠶᠢᠷᠲᠢᠨᠴᠦ ᠵᠢ ᠨᠡᠭᠡᠭᠡᠬᠦ ᠬᠡᠷᠡᠯᠳᠦ ᠴᠣᠩᠬᠣ ᠭᠡᠳᠡᠭ᠎ᠢ ᠰᠤᠳᠤᠯᠭ᠎ᠠ ᠪᠠᠲᠤᠯᠠᠭᠰᠠᠭ᠋ᠠᠷ ᠪᠠᠢ᠌ᠨ᠎ᠠ᠃ ᠡᠨᠡ ᠬᠦ᠌ ᠬᠠᠷᠢᠴᠠᠭ᠋ᠠᠨ ᠪ᠊ ᠳᠤᠮᠳᠠ ᠡᠴᠢᠭᠡᠴᠤᠤᠯ ᠥᠪᠡᠷ᠎ᠢ᠎ᠪᠠᠨ ᠲᠠᠰᠤᠷᠠᠯᠳᠠ ᠦᠬᠡᠢ ᠲᠡᠭᠦᠯᠳᠡᠷᠵᠢᠭᠦᠯᠬᠦ ᠬᠡᠷᠡᠭᠲᠡᠢ ᠪᠥᠭᠡᠳ ᠰᠢᠷᠭ᠋ᠠᠭᠤ ᠬᠦᠳᠡᠯᠮᠦᠷᠢ᠂ ᠰᠣᠷᠢᠯᠲᠠ ᠪᠣᠯᠪᠠᠰᠤᠷᠠᠯ ᠴᠤ᠌ ᠴᠠᠭ ᠢᠮᠠᠭᠲᠠ ᠱᠠᠭ᠋ᠠᠷᠳᠠᠭᠳᠠᠨ᠎ᠠ᠃
     ᠡᠴᠢᠭᠡ ᠬᠥᠮᠥᠨ ᠭᠡᠳᠡᠭ ᠦᠷ᠎ᠡ ᠬᠡᠦᠬᠡᠳ᠎ᠲᠤ᠎ᠪᠠᠨ ᠥᠨᠢ ᠮᠥᠩᠬᠡ ᠵᠢᠨ ᠪᠠᠭ᠋ᠠᠲᠤᠷ᠂ ᠥᠰᠴᠦ ᠲᠣᠮᠣᠭ᠋ᠠᠵᠢᠬᠤ ᠵᠢᠨ ᠲᠦᠰᠢᠭ᠂ ᠦᠯᠢᠳᠭᠡᠰᠢ ᠦᠭᠡᠢ ᠬᠠᠢ᠌ᠷ᠎ᠠ ᠪᠥᠭᠡᠳ ᠥᠪᠡᠷ᠎ᠤᠨ ᠵᠢᠡᠨ ᠶᠢᠷᠲᠢᠨᠴᠦ ᠵᠢ ᠪᠦᠲᠦᠭᠡᠬᠦ ᠠᠩᠬᠠᠨ ᠪ᠊ ᠦᠯᠢᠭᠡᠷ ᠳᠠᠭᠤᠷᠢᠶᠠᠯ ᠪᠢᠯᠡ᠃  ᠡᠴᠢᠭᠡ ᠵᠢᠨ ᠠᠯᠳᠠᠷ᠎ᠢ ᠡᠷᠭᠦᠭᠰᠡᠨ ᠬᠥᠮᠥᠨ ᠪᠦᠬᠦᠳᠡ ᠰᠠᠢ᠌ᠨ ᠡᠴᠢᠭᠡ ᠪᠤᠯᠬᠤ ᠵᠢ ᠪᠢᠳᠡ ᠬᠦᠰᠡᠨ᠎ᠡ᠂ ᠪᠠᠰᠠ ᠪᠣᠯᠵᠤ ᠴᠢᠳᠠᠨ᠎ᠠ ᠭᠡᠳᠡᠭ᠎ᠲᠤ ᠪᠠᠳᠤ ᠢᠲᠡᠭᠡᠨ᠎ᠡ᠃
                                                   
  ᠵᠤᠬᠢᠶᠠᠬ᠍ᠴᠢ ᠵᠢᠨ ᠬᠠᠶᠢᠭ᠄ ᠦᠪᠦᠷ ᠮᠤᠩᠭᠤᠯ᠎ᠤᠨ ᠡᠳᠦᠷ᠎ᠤᠨ ᠰᠤᠨᠢᠨ᠎ᠤ ᠬᠣᠷᠢᠶ᠎ᠠ
 

ᠢᠷᠡᠯᠲᠡ᠄ ᠦᠪᠤᠷ ᠮᠤᠡᠭᠭᠤᠯ᠎ᠤᠨ 《ᠨᠡᠢ᠌ᠬᠡᠮ 》 ᠰᠡᠳᠬᠦᠯ
          
ᠬᠠᠮᠢᠶ᠎ᠡ ᠪᠦᠬᠦᠢ ᠰᠣᠨᠢᠨ
ᠦᠪᠤᠷ ᠮᠤᠡᠭᠭᠤᠯ᠎ᠤᠨ ᠥᠪᠡᠷᠲᠡᠭᠡᠨ ᠵᠠᠰᠠᠬᠤ ᠣᠷᠣᠨ᠎ᠤ ᠳᠡᠳ᠋ ᠲᠡᠷᠢᠭᠦᠯᠡᠭᠴᠢ ᠴᠢ ᠪᠠᠳᠤ ᠰᠢᠯᠢ ᠵᠢᠨ ᠭᠣᠣᠯ ᠠᠢ᠌ᠮᠠᠭ᠂ ᠣᠷᠳᠣᠰ ᠬᠤᠳᠠ᠂ ᠦᠬᠠᠢ ᠬᠤᠳᠠ᠎ᠳᠤ ᠨᠠᠰᠤᠵᠢᠯ᠎ᠤᠨ ᠠᠰᠠᠷᠠᠮᠵᠢ ᠵᠢᠨ ᠦᠢ᠍ᠯᠡᠴᠢᠯᠡᠭᠡ ᠵᠡᠷᠭᠡ ᠠᠵᠢᠯ᠎ᠢ ᠪᠠᠢ᠌ᠴᠠᠭ᠋ᠠᠨ ᠰᠤᠳᠤᠯᠪᠠ
ᠵᠡᠮᠳᠡᠭᠴᠦᠳ᠎ᠤᠨ ᠬᠣᠶᠠᠷ ᠨᠥᠬᠥᠪᠦᠷᠢ ᠵᠢᠨ ᠭᠤᠶᠤᠴᠢᠯᠠᠯ᠎ᠢ ᠨᠢᠬᠡ ᠯᠨ ᠤᠳᠠᠭ᠎ᠠ᠎ᠳᠤ ᠬᠦᠢ᠍ᠴᠡᠳᠬᠡᠬᠦ ᠪᠤᠯᠤᠯ᠎ᠠ
ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠶᠠᠪᠤᠳᠠᠯ᠎ᠤᠨ ᠲᠢᠡᠭᠭᠢᠮ᠎ᠤᠨ ᠤᠳᠤᠷᠢᠳᠤᠯᠭ᠎ᠠ ᠳᠤᠭᠤᠢ᠌ᠯᠠᠩ ᠳᠠᠭ᠋ᠠᠭᠤᠯᠤᠨ ᠵᠡᠭᠦᠨᠭ᠋ᠠᠷ ᠬᠣᠰᠢᠭᠤᠨ᠎ᠤ ᠨᠠᠰᠤᠵᠢᠯ᠎ᠤᠨ ᠠᠰᠠᠷᠠᠮᠵᠢ ᠵᠢᠨ ᠦᠢ᠍ᠯᠡᠴᠢᠯᠡᠭᠡᠨ᠎ᠤ ᠠᠵᠢᠯ᠎ᠢ ᠪᠠᠢ᠌ᠴᠠᠭ᠋ᠠᠨ ᠰᠤᠳᠤᠯᠪᠠ
ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠶᠠᠪᠤᠳᠠᠯ᠎ᠤᠨ ᠲᠢᠩᠬᠢᠮ᠎ᠤᠨ ᠮᠣᠩᠭᠣᠯ ᠬᠡᠯᠡᠨ᠎ᠤ ᠰᠦᠯᠵᠢᠶ᠎ᠡ 2022 ᠣᠨ᠎ᠤ ᠰᠢᠯᠭ᠋ᠠᠨ ᠦᠨᠡᠯᠡᠯᠳᠡ᠎ᠳᠤ ᠳᠠᠬᠢᠨᠲᠠ ᠰᠢᠯᠢᠳᠡᠭ ᠪᠦᠲᠦᠮᠵᠢ ᠣᠯᠪᠠ
ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠶᠠᠪᠤᠳᠠᠯ᠎ᠤᠨ ᠲᠢᠩᠬᠢᠮ᠎ᠤᠨ᠎ᠬᠢᠨ ᠰᠢ ᠵᠢᠨ ᠫᠢᠡᠭ᠎ᠤᠨ ᠰᠢᠨ᠎ᠡ ᠴᠠᠭ ᠦᠶ᠎ᠡ ᠵᠢᠨ ᠳᠤᠮᠳᠠᠳᠤ ᠤᠯᠤᠰ᠎ᠤᠨ ᠣᠨᠴᠠᠯᠢᠭ᠎ᠲᠠᠢ ᠨᠡᠢ᠌ᠭᠡᠮ ᠵᠢᠷᠤᠮ᠎ᠤᠨ ᠦᠵᠡᠯ ᠰᠠᠨᠠᠭ᠎ᠠ ᠵᠢ ᠰᠤᠷᠤᠯᠴᠠᠨ ᠲᠤᠭᠤᠰᠢᠯᠠᠭᠤᠯᠬᠤ ᠭᠣᠣᠯ ᠰᠡᠳᠤᠪᠳᠤ ᠬᠦᠮᠤᠵᠢᠯ᠎ᠤᠨ ᠠᠵᠢᠯ᠎ᠤᠨ ᠬᠤᠷᠠᠯ ᠬᠤᠷᠠᠯᠳᠤᠭᠤᠯᠪᠠ
 
            