ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠡᠶ᠋ᠢᠭᠡᠮ ᠰᠡᠳᠬᠦᠯ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠨᠡᠶ᠋ᠢᠭᠡᠮ ᠰᠡᠳᠬᠦᠯ   -   ᠨᠡᠶ᠋ᠢᠭᠡᠮ ᠰᠡᠳᠬᠦᠯ
ᠳᠤᠮᠳᠠᠳᠤ ᠵᠢᠨ ᠰᠢᠯᠢᠳᠡᠭ ᠤᠯᠠᠮᠵᠢᠯᠠᠯᠲᠤ ᠰᠣᠶᠤᠯ᠎ᠤᠨ ᠦᠯᠢᠭᠡᠷ ᠎ᠤᠨ ᠰᠢᠨ᠎ᠡ ᠣᠷᠴᠢᠭᠤᠯᠭ᠎ᠠ᠄ ᠰᠸ ᠮᠠ ᠭᠤᠸᠠᠡᠭ ᠭᠠᠡᠭ ᠬᠠᠭ᠋ᠠᠯᠤᠭᠰᠠᠨ᠎ᠨᠢ
ᠨᠡᠶᠢᠲᠡᠯᠡᠭᠰᠡᠨ ᠴᠠᠭ᠄ 2023-08-21

               ᠬᠠᠡᠭᠲᠠᠭᠤᠳ ᠤᠰᠤᠡᠪᠤᠳᠤᠭ ᠤᠷᠴᠢᠭᠤᠯᠪᠠ


    ᠰᠦᠡᠭ ᠤᠯᠤᠰ᠎ᠤᠨ ᠦᠶ᠎ᠡ᠎ᠳᠤ ᠤᠳᠤᠬᠠᠨ᠎ᠤ᠎ᠬᠢ᠎ᠲᠠᠢ ᠠᠳᠠᠯᠢ ᠤᠯᠤᠰ᠎ᠠᠴᠠ ᠡᠷᠬᠢᠯᠡᠭᠰᠡᠨ ᠰᠤᠷᠭ᠋ᠠᠭᠤᠯᠢ ᠭᠡᠵᠤ ᠪᠠᠢ᠌ᠭ᠎ᠠ ᠦᠭᠡᠢ᠂ ᠠᠢ᠌ᠯ᠎ᠤᠨ ᠬᠡᠤᠭᠡᠳ ᠪᠦᠷ ᠬᠤᠪᠢ ᠵᠢᠨ ᠰᠤᠷᠭ᠋ᠠᠭᠤᠯᠢ᠎ᠳᠤ ᠰᠤᠷᠤᠯᠴᠠᠳᠠᠭ ᠪᠠᠢ᠌ᠵᠠᠢ᠃ ᠤᠯᠠᠡᠭᠬᠢ ᠬᠤᠪᠢ ᠵᠢᠨ ᠰᠤᠷᠭ᠋ᠠᠭᠤᠯᠢ᠎ᠳᠤ ᠨᠢᠭᠡ ᠪᠠᠭᠰᠢ᠂ ᠠᠷᠪᠠᠭ᠋ᠠᠳ ᠬᠡᠤᠭᠡᠳ᠎ᠲᠠᠢ᠃ ᠲᠤᠮᠤ ᠬᠡᠤᠭᠡᠳ ᠪᠤᠢ᠂ ᠦᠭᠡᠯᠡᠢ ᠬᠡᠤᠭᠡᠳ ᠴᠤ᠌ ᠪᠤᠢ᠃
   ᠭᠤᠸᠠᠡᠭ ᠱᠠᠨ ᠰᠢᠶᠠᠨ᠎ᠤ ᠨᠢᠭᠡᠨ ᠬᠤᠪᠢ ᠵᠢᠨ ᠰᠤᠷᠭ᠋ᠠᠭᠤᠯᠢ᠎ᠳᠤ ᠰᠸ ᠮᠠ ᠭᠤᠸᠠᠡᠭ ᠭᠡᠳᠡᠭ ᠲᠤᠮᠤ ᠴᠤ᠌ ᠪᠢᠰᠢ᠂ ᠵᠢᠭ᠋ᠠᠯ ᠴᠤ᠌ ᠪᠢᠰᠢ᠂ ᠳᠤᠮᠳᠠ ᠵᠢᠨ ᠨᠠᠰᠤᠨ᠎ᠤ ᠬᠡᠤᠭᠡᠳ ᠰᠤᠷᠳᠠᠭ ᠪᠠᠢ᠌ᠵᠠᠢ᠃ ᠲᠡᠳᠡᠨ᠎ᠤ ᠬᠢᠴᠢᠶᠡᠯ᠎ᠤᠨ ᠭᠡᠷ᠎ᠤᠨ ᠬᠢᠨᠢ ᠠᠷᠤ ᠦᠪᠦᠷ᠎ᠲᠤ ᠪᠦᠷ ᠬᠦᠷᠢᠶ᠎ᠠ᠎ᠲᠠᠢ᠃ ᠬᠦᠷᠢᠶᠠᠨ᠎ᠳᠤ᠎ᠨᠢ ᠤᠶᠠᠡᠭᠭ᠋ᠠᠳᠤ ᠮᠤᠳᠤ ᠤᠷᠭᠤᠭ᠋ᠠᠰᠤᠲᠠᠢ᠂ ᠪᠠᠰᠠ ᠪᠤᠲᠠ ᠪᠤᠳᠠ ᠤᠷᠭᠤᠮᠠᠯ᠎ᠲᠠᠢ᠂  ᠠᠷᠵᠠᠭ᠋ᠠᠷ ᠪᠤᠷᠵᠠᠭ᠋ᠠᠷ ᠴᠢᠯᠠᠭᠤᠳ ᠵᠶ᠋ᠠᠷ ᠪᠦᠲᠦᠭᠰᠡᠨ ᠵᠤᠬᠢᠶᠠᠮᠠᠯ ᠠᠭᠤᠯᠨ᠎ᠲᠠᠢ᠃ ᠶᠠᠭᠤᠲᠠᠢ ᠴᠤ᠌ ᠬᠡᠤᠭᠡᠳ ᠨᠢᠭᠤᠯᠴᠠᠨ ᠲᠤᠭᠯᠠᠬᠤ᠎ᠳᠤ ᠯᠠ ᠳᠤᠬᠢᠲᠠᠢ ᠭᠠᠵᠠᠷ ᠪᠠᠢ᠌ᠭᠰᠠᠨ ᠳ᠋ᠠ᠃
   ᠭᠡᠪᠡᠴᠦ ᠪᠠᠭᠰᠢ᠎ᠨᠢ ᠭᠡᠤᠭᠡᠳ᠎ᠢ ᠬᠦᠯ ᠭᠠᠷ ᠵᠶ᠋ᠠᠨ ᠬᠤᠭᠤᠯᠬᠤ᠎ᠠᠴᠠ ᠪᠤᠯᠭᠤᠮᠵᠢᠯᠠᠨ ᠬᠢᠴᠢᠶᠡᠯ᠎ᠤᠨ ᠭᠡᠷ᠎ᠤᠨ ᠡᠮᠦᠨᠡᠬᠦᠷ ᠬᠤᠢ᠌ᠭᠤᠷ ᠬᠦᠶᠦᠯᠴᠠᠨ᠂ ᠡᠡᠳᠡ ᠲᠡᠡᠳᠡ ᠨᠢᠭᠤᠯᠴᠠᠨ ᠲᠤᠭᠯᠠᠬᠤ ᠵᠢ ᠲᠠᠰᠤ ᠬᠤᠷᠢᠭᠯᠠᠳᠠᠭ ᠪᠠᠢ᠌ᠪᠠ᠃
   ᠲᠡᠷᠨ ᠦᠳᠡ ᠵᠢᠨ ᠬᠤᠢ᠌ᠨ᠎ᠠ ᠰᠤᠷᠭ᠋ᠠᠭᠤᠯᠢ ᠲᠠᠷᠬᠠᠮᠠᠭᠴᠠ ᠪᠠᠭᠰᠢ᠎ᠨᠢ ᠶᠠᠮᠠᠷ ᠨᠢᠭᠡᠨ ᠶᠠᠭ᠋ᠠᠷᠠᠯᠲᠠᠢ ᠶᠠᠪᠤᠳᠠᠯ ᠲᠠᠭ᠋ᠠᠷᠠᠭᠰᠠᠨ ᠵᠶ᠋ᠠᠷ ᠰᠤᠷᠤᠭᠴᠢᠳ᠎ᠠᠴᠠ᠎ᠪᠠᠨ ᠤᠷᠢᠳ ᠵᠶ᠋ᠠᠷ ᠶᠠᠪᠤᠵᠤ ᠤᠳᠪᠠ᠃ ᠪᠠᠭᠰᠢ᠎ᠨᠢ ᠶᠠᠪᠤᠮᠠᠭᠴᠠ ᠰᠸ ᠮᠠ ᠭᠤᠸᠠᠡᠭ ᠪᠤᠰᠤᠳ ᠬᠠᠨᠢᠲᠠᠳ᠎ᠲᠠᠢ᠎ᠪᠠᠨ ᠬᠠᠮᠳᠤ ᠰᠤᠷᠭ᠋ᠠᠭᠤᠯᠢ ᠵᠢᠨ ᠵᠶ᠋ᠠᠨ ᠬᠦᠷᠢᠶᠠᠨ᠎ᠳᠤ ᠳᠤᠷ᠎ᠠ᠎ᠪᠠᠷ ᠵᠶ᠋ᠠᠨ ᠲᠤᠭᠯᠠᠵᠤ ᠡᠬᠢᠯᠡᠪᠡ᠃
  ᠪᠠᠬᠠᠨ ᠲᠤᠭᠯᠠᠭᠰᠠᠨ᠎ᠤ ᠳᠠᠷᠠᠭ᠎ᠠ ᠨᠢᠭᠤᠯᠴᠠᠵᠤ ᠨᠠᠭ᠋ᠠᠳᠬᠤ ᠭᠡᠵᠤ ᠨᠢᠭᠡ᠎ᠨᠢ ᠰᠠᠨᠠᠭᠤᠯᠪᠠ᠃ ᠤᠯᠠᠨ ᠵᠶ᠋ᠠᠷ ᠵᠶ᠋ᠠᠨ᠄
  《ᠤᠤᠬᠠᠢ᠂ ᠪᠤᠯᠤᠨ᠎ᠠ᠂ ᠪᠤᠯᠤᠨ᠎ᠠ》 ᠭᠡᠵᠡᠭᠡᠪᠡ᠃
  ᠬᠠᠢ᠌ᠴᠢ᠂ ᠯᠠᠡᠭᠲᠤᠤ᠂ ᠪᠦᠰ ᠁
  ᠳᠡᠢ᠌ᠯᠦᠭᠳᠡᠭᠰᠡᠨ᠎ᠨᠢ ᠡᠷᠢᠵᠦ᠂ ᠳᠡᠢ᠌ᠯᠦᠭᠰᠡᠨ᠎ᠨᠢ ᠨᠢᠭᠤᠬᠤ ᠪᠤᠯᠤᠯ᠎ᠠ᠃
  ᠬᠠᠮᠢᠶᠠᠷᠬᠤ ᠬᠦᠮᠦᠨ ᠠᠯᠠᠭ᠎ᠠ ᠪᠤᠯᠴᠢᠬᠠᠭᠰᠠᠨ ᠬᠤᠢ᠌ᠨ᠎ᠠ ᠬᠠᠮᠢᠭ᠎ᠠ ᠳᠤᠷᠠᠲᠠᠢ ᠪᠠᠢ᠌ᠪᠠᠯ ᠬᠠᠮᠢᠭ᠎ᠠ ᠨᠢᠭᠤᠭᠳᠠᠵᠤ ᠪᠤᠯᠤᠨ᠎ᠠ ᠰᠢᠤ ᠳ᠋ᠠ᠃
  ᠲᠠᠭᠲᠠᠭ ᠪᠡᠶ᠎ᠡ᠎ᠲᠠᠢ ᠠᠯᠢᠶ᠎ᠠ ᠬᠦᠦ ᠪᠦᠡᠭ ᠪᠦᠡᠭ ᠬᠦᠶᠦᠭᠰᠡᠭᠡᠷ ᠪᠦᠳᠦᠬᠦᠨ ᠭᠡᠭᠴᠢ ᠤᠰᠤᠨ ᠭᠠᠡᠭ᠎ᠤᠨ ᠲᠡᠷᠭᠡᠳᠡ ᠤᠴᠢᠪᠠ᠃
  ᠤᠤᠬᠠᠢ᠂ ᠤᠰᠤᠨ ᠭᠠᠡᠭ ᠲᠤᠲᠤᠷ᠎ᠠ ᠤᠷᠤᠵᠤ ᠨᠢᠭᠤᠭᠳᠠᠶ᠎ᠠ᠂ ᠪᠠᠢ᠌ᠵᠨ᠂ ᠲᠡᠭᠡᠪᠡᠯ ᠭᠡᠨ᠎ᠨᠢ ᠴᠤ᠌ ᠨᠠᠮ᠎ᠠ ᠵᠢ ᠡᠷᠢᠵᠦ ᠤᠯᠬᠤ ᠦᠭᠡᠢ ᠪᠤᠯᠤᠨ᠎ᠠ᠃
  ᠠᠯᠢᠶ᠎ᠠ ᠬᠦᠦ ᠡᠢ᠌ᠨ ᠬᠦ᠌ ᠪᠤᠳᠤᠭ᠋ᠠᠳ ᠵᠤᠬᠢᠶᠠᠮᠠᠯ ᠠᠭᠤᠯᠠ᠎ᠪᠠᠷ ᠳᠠᠮᠵᠢᠨ ᠳᠡᠭᠡᠭᠰᠢ ᠮᠠᠴᠤᠨ ᠭᠠᠷᠤᠭ᠋ᠠᠳ ᠤᠰᠤᠨ ᠭᠠᠡᠭ᠎ᠢ ᠦᠡᠭᠭᠡᠢ᠌ᠨ ᠦᠵᠡᠬᠦ᠎ᠳᠤ ᠲᠤᠲᠤᠷ᠎ᠠ᠎ᠨᠢ ᠳᠦᠪ ᠳᠦᠬᠦᠷᠡᠡᠭ ᠤᠰᠤ ᠮᠡᠯᠮᠡᠯᠵᠡᠵᠦ ᠪᠠᠢ᠌ᠯ᠎ᠠ᠃
  ᠡᠨᠡ ᠦᠶ᠎ᠡ᠎ᠳᠤ ᠬᠠᠮᠢᠭ᠎ᠠ ᠨᠢᠭᠡᠳᠡᠭᠡ ᠨᠢᠭᠤᠭᠳᠠᠵᠤ ᠠᠮᠵᠢᠭᠰᠠᠨ ᠬᠡᠤᠭᠡᠳ ᠪᠤᠰᠤᠳ᠎ᠠᠴᠠ᠎ᠪᠠᠨ ᠤᠷᠢᠳᠠᠵᠤ᠄
  《ᠡᠷᠢ ᠡ!》 ᠭᠡᠵᠤ ᠪᠠᠷᠬᠢᠷᠠᠪᠠ᠃
  ᠨᠦᠬᠦᠭᠡ ᠲᠠᠯ᠎ᠠ ᠵᠢᠨ ᠬᠡᠤᠭᠡᠳ ᠴᠠᠭ᠋ᠠᠨ᠎ᠠ᠎ᠠᠴᠠ ᠬᠦᠶᠦᠯᠴᠡᠨ ᠢᠷᠡᠪᠡ᠃
  ᠠᠯᠢᠶ᠎ᠠ ᠬᠦᠦ ᠦᠭᠡᠷ᠎ᠡ ᠭᠠᠵᠠᠷ ᠨᠢᠭᠤᠭᠳᠠᠵᠤ ᠠᠮᠵᠢᠬᠤ ᠦᠭᠡᠢ ᠪᠤᠯᠵᠠᠢ᠃
  ᠠᠯᠢᠶ᠎ᠠ ᠬᠦᠦ ᠤᠰᠤᠨ ᠭᠠᠡᠭ᠎ᠤᠨ ᠢᠷᠮᠡᠭ ᠳᠡᠭᠡᠷ᠎ᠡ ᠭᠠᠷᠴᠦ ᠵᠤᠭᠰᠤᠭ᠋ᠠᠳ᠂ ᠬᠦᠶᠦᠯᠴᠡᠨ ᠢᠷᠡᠬᠦ ᠨᠦᠬᠦᠭᠡ ᠲᠠᠯ᠎ᠠ ᠵᠢᠨ ᠭᠡᠤᠭᠡᠳ ᠵᠦᠭ᠄
  《ᠪᠢ ᠡᠡᠳᠡ ᠪᠠᠢ᠌ᠨ᠎ᠠ᠂ ᠪᠢ ᠡᠡᠳᠡ ᠪᠠᠢ᠌ᠨ᠎ᠠ᠃ ᠲᠠᠨᠤᠰ ᠴᠢᠳᠠᠯ᠎ᠲᠠᠢ ᠪᠠᠢ᠌ᠪᠠᠯ ᠳᠡᠭᠡᠭᠰᠢ᠎ᠪᠠᠨ ᠭᠠᠷᠴᠦ ᠢᠷᠡᠭᠡᠳ ᠨᠠᠮ᠎ᠠ ᠵᠢ ᠪᠠᠷᠢᠵᠦ ᠠᠪᠤᠭ᠋ᠠᠴᠢ ᠳ᠋ᠠ》 ᠭᠡᠵᠤ ᠪᠠᠷᠬᠢᠷᠠᠪᠠ᠃
  ᠰᠸ ᠮᠠ ᠭᠤᠸᠠᠡᠭ ᠲᠦᠷᠦᠬᠦᠲᠡᠢ ᠨᠦᠬᠦᠭᠡ ᠲᠠᠯ᠎ᠠ ᠵᠢᠨ ᠬᠡᠤᠭᠡᠳ ᠤᠰᠤᠨ ᠭᠠᠡᠭ᠎ᠤᠨ ᠲᠡᠷᠭᠡᠳᠡ ᠬᠦᠶᠦᠯᠴᠡᠨ ᠢᠷᠡᠭᠡᠳ᠄
  《ᠬᠦᠱ᠌ᠢ᠂ ᠬᠤᠷᠳᠤᠨ ᠪᠠᠭᠤᠵᠤ ᠢᠷ᠎ᠡ᠂ ᠬᠦᠯ ᠠᠯᠳᠠᠪᠠᠯ ᠭᠠᠡᠭ᠎ᠲᠠᠢ ᠤᠰᠤᠨ᠎ᠳᠤ ᠤᠨᠠᠨ᠎ᠠ᠂ ᠶᠠᠮᠠᠷ ᠬᠡᠨᠡᠨ ᠶᠤᠮ ᠪᠤᠢ》 ᠭᠡᠵᠤ ᠰᠠᠨᠠᠭᠤᠯᠪᠠ᠃ ᠭᠠᠡᠭ ᠲᠤᠲᠤᠷ᠎ᠠ ᠤᠰᠤ᠎ᠲᠠᠢ ᠭᠡᠭᠴᠢ ᠵᠢ ᠵᠠᠷᠢᠮ ᠬᠡᠤᠭᠡᠳ᠎ᠨᠢ ᠮᠡᠳᠡᠳᠡᠭ ᠶᠤᠮ ᠪᠠᠢ᠌ᠨ᠎ᠠ᠃
  ᠠᠯᠢᠶ᠎ᠠ ᠬᠦᠦ ᠬᠠᠷᠢᠨ ᠦᠰᠢᠶᠡᠷᠭᠡᠬᠦ ᠮᠡᠳᠦ ᠬᠡᠯᠨ᠎ᠪᠠᠨ ᠪᠤᠯᠲᠠᠯᠵᠠᠭᠤᠯᠤᠨ ᠲᠦᠷᠰᠦ ᠦᠬᠡᠢ᠌ᠳᠡᠵᠦ᠂ ᠭᠠᠡᠭ᠎ᠤᠨ ᠢᠷᠮᠡᠭ ᠳᠡᠭᠡᠬᠦᠷ ᠨᠠᠭ᠋ᠠᠰᠢ ᠴᠠᠭ᠋ᠠᠰᠢ ᠠᠯᠬᠤᠯᠠᠨ  《ᠡᠷᠳᠡᠮ》 ᠵᠶ᠋ᠠᠨ ᠭᠠᠢ᠌ᠬᠠᠭᠤᠯᠪᠠ᠃
  《ᠪᠢᠲᠡᠭᠡᠢ ᠲᠡᠨᠡᠭᠯᠨ᠂ ᠱᠠᠯᠠᠪᠬᠠᠨ ᠪᠠᠭᠤᠵᠤ ᠢᠷᠡᠭᠡᠴᠢ᠃》
  《ᠬᠢᠴᠢᠶᠨ᠂ ᠬᠦᠯ ᠠᠯᠳᠠᠪᠠᠯ ᠨᠢᠭᠡ ᠪᠤᠯ ᠭᠠᠡᠭ᠎ᠲᠠᠢ ᠤᠰᠤᠨ᠎ᠳᠤ ᠤᠨᠠᠨ᠎ᠠ᠂ ᠡᠰᠡᠬᠦᠯ᠎ᠡ ᠭᠠᠵᠠᠷ ᠤᠨᠠᠵᠤ ᠪᠦᠡᠲᠦᠭᠦᠷ ᠲᠤᠯᠤᠭ᠋ᠠᠢ᠎ᠪᠠᠨ ᠬᠠᠭ᠋ᠠᠯᠤᠨ᠎ᠠ᠃》
  ᠳᠤᠤᠷᠠᠬᠢ ᠬᠡᠤᠭᠡᠳ ᠭᠡᠴᠢᠨᠡᠭᠡᠨ ᠰᠠᠨᠠᠭᠤᠯᠤᠭᠰᠠᠨ ᠪᠤᠯᠪᠠᠴᠦ ᠲᠠᠭᠳᠠᠭ ᠬᠡᠤᠭᠡᠳ ᠲᠡᠳᠡᠨ᠎ᠤ ᠦᠭᠡ ᠵᠢ ᠴᠢᠬᠢᠨ ᠨᠠᠮᠠᠭ᠋ᠠᠨ᠎ᠳᠤ᠎ᠪᠠᠨ ᠴᠤ᠌ ᠨᠠᠭ᠋ᠠᠯᠳᠤᠭᠤᠯᠤᠭ᠎ᠠ ᠦᠭᠡᠢ᠂ ᠬᠠᠷᠢᠨ ᠤᠯᠠᠮ ᠬᠦᠭᠡᠷᠴᠦ ᠤᠰᠤᠨ ᠭᠠᠡᠭ᠎ᠤᠨ ᠢᠷᠮᠡᠭ ᠳᠡᠭᠡᠷ᠎ᠡ 《ᠲᠡᠭᠡᠰ ᠳᠡᠭᠡᠰ》᠎ᠬᠢᠨ ᠦᠰᠦᠷᠬᠢᠯᠡᠨ᠎ᠡ᠃
  《ᠫᠦᠯᠦᠡᠭ!》
  ᠬᠡᠨᠡᠤᠡᠲᠡ ᠠᠯᠢᠶ᠎ᠠ ᠬᠦᠦ ᠬᠦᠯ ᠠᠯᠲᠠᠨ ᠭᠠᠡᠭ᠎ᠲᠠᠢ ᠤᠰᠤᠨ᠎ᠳᠤ ᠤᠨᠠᠴᠢᠬᠠᠪᠠ᠃
  《ᠫᠦᠯ ᠬᠤᠸᠠᠯ ᠁ ᠫᠦᠯ ᠬᠤᠸᠠᠯ ᠁》
  ᠠᠯᠢᠶ᠎ᠠ ᠬᠦᠦ ᠭᠠᠡᠭ᠎ᠲᠠᠢ ᠤᠰᠤᠨ᠎ᠳᠤ ᠳᠡᠯᠴᠢᠯᠡᠨ ᠭᠠᠷ ᠬᠦᠯ ᠵᠶ᠋ᠠᠨ ᠰᠠᠷᠪᠠᠯᠵᠠᠭᠤᠯᠬᠤ ᠵᠢᠨ ᠬᠠᠮᠳᠤ᠄
  《ᠠ᠊ ᠁ ᠠᠮᠢ ᠁ ᠠᠪᠤᠷᠨ ᠁》 ᠭᠡᠵᠤ ᠪᠠᠷᠬᠢᠷᠠᠨ᠎ᠠ᠃
  ᠳᠤᠤᠷᠠᠬᠢ ᠬᠡᠤᠭᠡᠳ ᠶᠠᠭᠤ ᠶᠠᠭ᠋ᠠᠬᠢᠬᠤ᠎ᠪᠠᠨ ᠤᠯ ᠶᠠᠳᠠᠨ ᠳᠡᠮᠡᠢ ᠯᠠ ᠠᠮᠨ᠎ᠪᠠᠨ ᠠᠡᠭᠭ᠋ᠠᠢ᠌ᠯᠭ᠋ᠠᠨ ᠨᠢᠳᠦ᠎ᠪᠠᠨ ᠪᠦᠯᠲᠡᠯᠵᠡᠬᠦᠯᠦᠨ᠎ᠡ᠃ 
  ᠠᠯᠢᠶ᠎ᠠ ᠬᠦᠦ ᠭᠠᠡᠭ᠎ᠲᠠᠢ ᠤᠰᠤᠨ᠎ᠳᠤ ᠴᠢᠨᠡᠭᠡ ᠮᠡᠳᠡᠨ ᠰᠠᠷᠪᠠᠯᠵᠠᠵᠤ ᠬᠠᠶᠨ ᠲᠡᠭᠳᠡᠨ ᠬᠠᠶᠨ ᠵᠢᠪᠦᠨ᠎ᠡ᠃
  ᠡᠨᠡ ᠬᠦ᠌ ᠵᠠᠡᠭᠬᠢᠯᠠᠭ᠎ᠠ ᠵᠢᠨ ᠦᠶ᠎ᠡ᠎ᠳᠤ ᠰᠸ ᠮᠠ ᠭᠤᠸᠠᠡᠭ ᠠᠶᠤᠵᠤ ᠪᠠᠯᠢᠳᠠᠯ ᠦᠭᠡᠢ ᠠᠯᠢᠶ᠎ᠠ ᠬᠠᠨᠢᠲᠠᠨ ᠵᠶ᠋ᠠᠨ ᠠᠪᠤᠷᠠᠬᠤ ᠠᠷᠭ᠎ᠠ ᠪᠤᠳᠤᠵᠤ ᠭᠠᠷᠪᠠ᠃
  ᠤᠤᠬᠠᠢ᠂ ᠠᠷᠭ᠎ᠠ ᠪᠤᠳᠤᠵᠤ ᠤᠯᠤᠭᠰᠠᠨ!
  ᠰᠸ ᠮᠠ ᠭᠤᠸᠠᠡᠭ ᠬᠢᠯᠠᠰ ᠬᠤᠷᠳᠤ᠎ᠪᠠᠷ ᠤᠴᠢᠵᠦ ᠡᠪᠡᠰᠦᠨ  ᠳᠤᠮᠳᠠᠬᠢ ᠴᠢᠯᠠᠭᠤ ᠵᠢ ᠲᠡᠪᠡᠷᠢᠨ ᠠᠪᠴᠢᠷᠠᠭ᠋ᠠᠳ ᠬᠤᠶᠠᠷ ᠭᠠᠷ ᠵᠶ᠋ᠠᠷ ᠵᠶ᠋ᠠᠨ ᠳᠡᠭᠡᠷ᠎ᠡ ᠡᠷᠬᠦᠨ ᠭᠠᠡᠭ ᠦᠭᠡᠳᠡ ᠴᠢᠨᠡᠭᠡ ᠮᠡᠳᠡᠨ ᠪᠠᠯᠪᠠᠪᠠ᠃
  《ᠫᠦᠡᠭ ᠁ ᠫᠢᠷᠠᠡᠭ ᠁》
  ᠪᠦᠳᠦᠬᠦᠨ ᠤᠰᠤᠨ ᠭᠠᠡᠭ ᠳᠤᠤᠭᠤᠷ ᠵᠶ᠋ᠠᠨ ᠴᠦᠮᠦᠷᠡᠵᠦ᠂ ᠲᠤᠲᠤᠷᠠᠬᠢ ᠤᠰᠤ᠎ᠨᠢ 《ᠬᠤᠸᠠᠷ》᠎ᠬᠢᠨ ᠤᠷᠤᠰᠤᠨ ᠭᠠᠷᠴᠦ ᠢᠷᠡᠪᠡ᠃
  ᠲᠦᠳᠡᠭᠡᠨ ᠵᠠᠭᠤᠷ᠎ᠠ ᠭᠠᠡᠭ ᠲᠤᠲᠤᠷᠠᠬᠢ ᠤᠰᠤ ᠪᠦᠬᠦᠨ ᠵᠶ᠋ᠠᠷ ᠵᠶ᠋ᠠᠨ ᠤᠷᠤᠰᠤᠨ ᠭᠠᠷᠴᠠᠢ᠃
  ᠰᠸ ᠮᠠ ᠭᠤᠸᠠᠡᠭ ᠨᠠᠷ ᠤᠰᠤᠨ ᠭᠠᠡᠭ᠎ᠤᠨ ᠪᠦᠳᠦᠬᠦᠨ ᠤᠡᠭᠭᠤᠷᠬᠠᠢ᠎ᠪᠠᠷ ᠲᠤᠲᠤᠭᠰᠢ ᠱᠠᠭ᠋ᠠᠢ᠌ᠬᠤ᠎ᠳᠤ ᠬᠤᠪᠴᠠᠰᠤ ᠬᠤᠨᠠᠷ᠎ᠨᠢ ᠱᠠᠯ ᠨᠤᠷᠤᠭᠰᠠᠨ ᠠᠯᠢᠶ᠎ᠠ ᠬᠦᠦ ᠭᠠᠡᠭ᠎ᠤᠨ ᠢᠷᠤᠭ᠋ᠠᠷ᠎ᠲᠤ ᠠᠮᠢ᠎ᠲᠠᠢ ᠠᠮᠢ ᠦᠭᠡᠢ ᠨᠠᠪᠲᠠᠢ᠌ᠨ ᠰᠠᠭᠤᠬᠤ ᠬᠠᠷᠠᠭᠳᠠᠪᠠ᠃
  ᠲᠡᠳᠡ ᠲᠠᠲᠠᠬᠤ᠎ᠨᠢ ᠲᠠᠲᠠᠵᠤ ᠲᠦᠰᠢᠬᠦ᠎ᠨᠢ ᠲᠦᠰᠢᠨ ᠠᠯᠢᠶ᠎ᠠ ᠬᠦᠦ ᠵᠢ ᠤᠰᠤᠨ ᠭᠠᠡᠭ᠎ᠠᠴᠠ ᠭᠠᠷᠭ᠋ᠠᠵᠠᠢ᠃ ᠠᠯᠢᠶ᠎ᠠ ᠬᠦᠦ 《ᠸᠠᠳ》᠎ᠬᠢᠨ ᠭᠡᠳᠦᠨ ᠠᠮᠨ ᠤᠰᠤ ᠪᠦᠭᠡᠯᠵᠢᠭᠡᠳ ᠠᠷᠠᠢ ᠬᠢᠵᠦ ᠠᠮᠢᠰᠬᠤᠯ᠎ᠨᠢ ᠲᠡᠭᠰᠢᠷᠡᠪᠡ᠃
  ᠠᠯᠢᠶ᠎ᠠ ᠬᠦᠦ ᠠᠮᠢ ᠨᠠᠰᠤᠨ᠎ᠤ ᠠᠶᠤᠯ᠎ᠠᠴᠠ ᠮᠤᠯᠲᠤᠷᠠᠭᠰᠠᠨ᠎ᠳᠤ ᠪᠦᠬᠦᠳᠡᠭᠡᠷ ᠠᠯᠠᠭ᠎ᠠ ᠲᠠᠰᠢᠨ ᠤᠤᠬᠠᠢ᠌ᠯᠠᠵᠠᠭ᠋ᠠᠪᠠ᠃
  ᠡᠨᠡ ᠦᠶ᠎ᠡ᠎ᠳᠤ ᠤᠢ᠌ᠷ᠎ᠠ ᠬᠠᠪᠢ ᠵᠢᠨ ᠲᠤᠮᠤᠴᠤᠤᠯ ᠬᠦᠶᠦᠯᠴᠡᠨ ᠢᠷᠡᠵᠠᠢ᠃
  ᠲᠡᠳᠡ ᠪᠦᠷ ᠰᠸ ᠮᠠ ᠭᠤᠸᠠᠡᠭ᠎ᠢ ᠰᠡᠷᠭᠦᠯᠡᠡᠭ ᠮᠦᠷᠲᠡᠭᠡᠨ ᠵᠤᠷᠢᠭᠲᠠᠢ ᠬᠡᠤᠭᠡᠳ ᠪᠠᠢ᠌ᠨ᠎ᠠ ᠳ᠋ᠠ  ᠭᠡᠮᠡᠨ  ᠱᠠᠭᠰᠢᠷᠠᠵᠠᠭ᠋ᠠᠪᠠ᠃



ᠣᠷᠴᠢᠭᠤᠯᠤᠭᠴᠢ ᠵᠢᠨ ᠬᠠᠶᠢᠭ᠄  ᠨᠠᠢ᠍ᠮᠠᠨ ᠬᠤᠰᠢᠭᠤᠨ᠎ᠤ ᠰᠤᠶᠤᠯ᠎ᠤᠨ  ᠣᠷᠳᠤᠨ

 

ᠢᠷᠡᠯᠲᠡ᠄ ᠦᠪᠤᠷ ᠮᠤᠡᠭᠭᠤᠯ᠎ᠤᠨ 《ᠨᠡᠢ᠌ᠬᠡᠮ》 ᠰᠡᠳᠬᠦᠯ
          
ᠬᠠᠮᠢᠶ᠎ᠡ ᠪᠦᠬᠦᠢ ᠰᠣᠨᠢᠨ
ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ 2023 ᠣᠨ᠎ᠤ ᠨᠡᠢ᠌ᠭᠡᠮ᠎ᠤᠨ ᠠᠵᠢᠯ᠎ᠤᠨ ᠲᠢᠩᠬᠢᠮ ᠎ᠤᠨ ᠬᠣᠭᠣᠷᠣᠨᠳᠣᠬᠢ ᠬᠣᠯᠪᠤᠭ᠋ᠠᠲᠤ ᠬᠤᠷᠠᠯ ᠬᠥᠬᠡᠬᠣᠲᠠ᠎ᠳᠤ ᠬᠤᠷᠠᠯᠳᠤᠪᠠ
ᠴᠢ ᠪᠠᠲᠤ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠶᠠᠪᠤᠳᠠᠯ᠎ᠤᠨ ᠲᠢᠩᠬᠢᠮ᠎ᠤᠨ ᠭᠣᠣᠯ ᠰᠡᠳᠦᠪᠲᠦ ᠬᠥᠮᠦᠵᠢᠯ᠎ᠤᠨ ᠠᠵᠢᠯ᠎ᠢ ᠪᠠᠢ᠌ᠴᠠᠭ᠋ᠠᠨ ᠰᠤᠳᠤᠯᠵᠤ ᠵᠢᠭ᠋ᠠᠨ ᠵᠢᠯᠤᠭᠤᠳᠪᠠ
ᠲᠢᠡᠭᠭᠢᠮ᠎ᠤᠨ ᠤᠳᠤᠷᠢᠳᠤᠯᠭ᠎ᠠ ᠪᠠᠢ᠌ᠴᠠᠭ᠋ᠠᠨ ᠰᠤᠳᠤᠯᠬᠤ ᠳᠤᠭᠤᠢ᠌ᠯᠠᠩ᠎ᠢ ᠳᠠᠭ᠋ᠠᠭᠤᠯᠤᠨ ᠭᠤᠸᠠᠩᠳᠦ᠋ᠩ ᠮᠤᠵᠢ᠎ᠳᠤ ᠨᠠᠰᠤᠵᠢᠯ᠎ᠤᠨ ᠠᠰᠠᠷᠠᠮᠵᠢ ᠵᠢᠨ ᠦᠢ᠍ᠯᠡᠴᠢᠯᠡᠭᠡᠨ᠎ᠤ ᠠᠵᠢᠯ᠎ᠢ ᠪᠠᠢ᠌ᠴᠠᠭ᠋ᠠᠨ ᠰᠤᠳᠤᠯᠪᠠ
ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠶᠠᠪᠤᠳᠠᠯ᠎ᠤᠨ ᠲᠢᠩᠬᠢᠮ᠎ᠤᠨ᠎ᠬᠢᠨ 《ᠦᠵᠡᠯ ᠰᠠᠨᠠᠭ᠎ᠠ ᠵᠢ ᠰᠤᠷᠤᠯᠴᠠᠬᠤ᠂ ᠨᠠᠮᠴᠢ ᠴᠢᠨᠠᠷ᠎ᠢ ᠴᠢᠩᠭ᠋ᠠᠳᠬᠠᠬᠤ᠂ ᠦᠢ᠍ᠯᠡᠳᠦᠯᠭᠡ ᠵᠢ ᠴᠢᠬᠤᠯᠠᠴᠢᠯᠠᠬᠤ᠂ ᠰᠢᠨ᠎ᠡ ᠭᠠᠪᠢᠶ᠎ᠠ ᠪᠠᠢ᠌ᠭᠤᠯᠬᠤ 》 ᠲᠢᠩᠬᠢᠮ᠎ᠤᠨ ᠰᠢᠰᠲ᠋ᠧᠮ᠎ᠤᠨ 《〈7 · 1〉᠎ᠢ ᠤᠬᠳᠤᠬᠤ》 ᠲᠡᠷᠢᠭᠦᠨ᠎ᠤ ᠬᠠᠮᠲᠤ ᠨᠡᠢ᠌ᠲᠡ᠂ ᠰᠢᠯᠢᠳᠡᠭ ᠬᠤᠪᠢ ᠬᠥᠮᠥᠨ᠂ 《ᠬᠣᠶᠠᠷ ᠰᠢᠯᠢᠳᠡᠭ ᠨᠢᠭᠡ ᠲᠡᠷᠢᠭᠦᠨ 》᠎ᠢ ᠬᠥᠬᠢᠭᠦᠯᠦᠨ ᠰᠠᠢ᠌ᠰᠢᠶᠠᠬᠤ ᠪᠠ ᠨᠠᠮ᠎ᠤᠨ ᠤᠳᠤᠷᠢᠳᠬᠤ ᠳᠤᠭᠤᠢ᠌ᠯᠠᠩ᠎ᠤᠨ ᠱᠦᠵᠢ ᠨᠠᠮ᠎ᠤᠨ ᠬᠢᠴᠢᠶᠡᠯ ᠵᠢᠭ᠋ᠠᠬᠤ ᠠᠵᠢᠯᠯᠠᠭ᠎ᠠ ᠥᠷᠨᠢᠭᠦᠯᠪᠡ
ᠥᠪᠡᠷᠲᠡᠭᠡᠨ ᠵᠠᠰᠠᠬᠤ ᠣᠷᠣᠨ᠎ᠤ ᠡᠷᠡᠭᠦᠯᠵᠢᠯ᠎ᠤᠨ ᠲᠤᠰᠠᠯᠠᠬᠤ ᠪᠠᠭ᠋ᠠᠵᠢ ᠵᠢᠨ ᠲᠥᠪ᠎ᠤᠨ᠎ᠬᠢᠨ 《ᠰᠡᠳᠬᠢᠯ ᠵᠶ᠋ᠡᠨ ᠨᠢᠭᠡᠳᠬᠡᠨ ᠰᠦᠭ ᠰᠦᠨᠡᠰᠦ ᠵᠢ ᠱᠤᠭᠤᠵᠤ᠂ ᠦᠨᠳᠦᠰᠦ ᠵᠢ ᠪᠠᠲᠤᠳᠬᠠᠨ ᠦᠨᠡᠨᠴᠢ ᠰᠢᠳᠤᠷᠭᠤ᠂ ᠪᠣᠳᠠᠲᠠᠢ᠎ᠪᠠᠷ ᠠᠵᠢᠯᠯᠠᠵᠤ ᠬᠠᠷᠢᠭᠤᠴᠠᠯᠭ᠎ᠠ᠎ᠪᠠᠨ ᠢᠯᠡᠷᠡᠭᠦᠯᠬᠦ》 ᠭᠣᠣᠯ ᠰᠡᠳᠦᠪᠲᠦ ᠨᠠᠮ᠎ᠤᠨ ᠡᠳᠦᠷ᠎ᠤᠨ ᠠᠵᠢᠯᠯᠠᠭ᠎ᠠ ᠥᠷᠨᠢᠭᠦᠯᠪᠡ
 
            