ᠪᠤᠷᠤᠨᠤᠳ ᠲᠠᠢ᠍ᠢ᠍ᠴᠢᠨ ᠵᠤᠬᠢᠶᠠᠪᠠ
ᠮᠠᠨ᠎ᠤ ᠬᠦᠲᠡᠭᠡ᠎ᠳᠤ ᠠᠢ᠍ᠢ᠍ᠯ ᠬᠤᠲᠠ᠎ᠪᠠᠨ ᠰᠠᠬᠢᠭᠤᠯᠬᠤ ᠬᠤᠲᠠᠴᠢ ᠨᠤᠬᠠᠢ᠂ ᠠᠪᠠ ᠰᠢᠪᠠᠭᠤᠨ᠎ᠳᠤ ᠠᠪᠴᠤ ᠶᠠᠪᠤᠬᠤ ᠠᠪᠠ ᠵᠢᠨ ᠨᠤᠬᠠᠢ ᠭᠡᠵᠦ ᠲᠡᠵᠢᠭᠡᠲᠡᠭ ᠶᠤᠮ᠃ ᠨᠠᠮ᠎ᠠ ᠵᠢ ᠪᠠᠭ᠎ᠠ᠎ᠳᠤ ᠮᠠᠨ᠎ᠤ᠎ᠬᠢᠨ ᠨᠢᠭᠡ ᠴᠠᠭ᠋ᠠᠨ ᠨᠤᠬᠠᠢ᠂ ᠦᠨᠡᠰᠦᠨ ᠬᠦᠬᠡ ᠦᠰᠦᠲᠡᠢ ᠨᠢᠭᠡ ᠬᠦᠭᠰᠢᠨ ᠮᠤᠤᠷ ᠲᠡᠵᠢᠭᠡᠲᠡᠭ ᠪᠠᠢ᠍ᠢ᠍ᠬᠰᠠᠨᠢ ᠰᠠᠨᠠᠵᠤ ᠪᠠᠢ᠍ᠢ᠍ᠨ᠎ᠠ᠃ ᠨᠢᠭᠡ ᠰᠠᠢ᠍ᠢ᠍ᠨ᠎ᠨᠢ ᠮᠠᠨ᠎ᠤ ᠲᠡᠷᠡ ᠨᠤᠬᠠᠢ ᠭᠡᠵᠦ ᠵᠠᠭᠤᠲᠠᠭ ᠨᠤᠬᠠᠢ ᠪᠢᠰᠢ᠂ ᠲᠠᠨᠢᠯ ᠪᠤᠰᠤ ᠬᠦᠮᠦᠨ ᠢᠷᠡᠪᠡᠯ ᠠᠯᠪᠠ ᠵᠢᠨ ᠲᠡᠲᠦᠢ ᠬᠤᠴᠠᠭ᠋ᠠᠳ ᠯᠡ ᠦᠨᠭᠭᠡᠷᠡᠲᠡᠭ᠃ ᠮᠤᠤᠷ ᠪᠤᠯ ᠬᠤᠯᠤᠭ᠋ᠠᠨ᠎ᠠ ᠰᠠᠢ᠍ᠢ᠍ᠨ ᠪᠠᠷᠢᠨ᠎ᠠ᠃ ᠨᠤᠬᠠᠢ ᠬᠠᠰᠢᠶ᠎ᠠ ᠬᠤᠷᠢᠶᠠᠨ ᠤ ᠠ᠋ᠭᠡᠪᠦᠷᠲᠤ ᠬᠡᠪᠲᠡᠬᠦ᠎ᠪᠠᠷ ᠵᠶ᠋ᠠᠨ ᠬᠡᠪᠲᠡᠨ᠎ᠡ᠃ ᠮᠤᠤᠷ ᠬᠤᠯᠤᠭ᠋ᠠᠨ᠎ᠠ ᠪᠠᠷᠢᠬᠤ᠎ᠪᠠᠷ ᠵᠶ᠋ᠠᠨ ᠪᠠᠷᠢᠨ᠎ᠠ᠂ ᠪᠢ ᠪᠠᠭ᠎ᠠ ᠳᠤ᠎ᠪᠠᠨ ᠴᠤ᠌ ᠭᠡᠳ ᠲᠡᠭᠡᠵᠦ ᠨᠤᠬᠠᠢ ᠮᠤᠤᠷ᠎ᠲᠠᠢ ᠨᠤᠤᠷᠠᠯᠳᠤᠭ᠋ᠠᠳ ᠪᠠᠢ᠍ᠢ᠍ᠲᠠᠭ ᠦᠭᠡᠢ᠃ ᠨᠡᠩ ᠴᠤ᠌ ᠠᠨᠭ᠌ᠬ᠎ᠠ ᠲᠤᠮᠲᠠᠳᠤ᠎ᠳᠤ ᠤᠷᠤᠵᠤ ᠰᠤᠷᠭ᠋ᠠᠭᠤᠯᠢ ᠲᠡᠪᠰᠢᠭᠡᠳ ᠶᠠᠪᠤᠬᠰᠠᠨ ᠬᠤᠢ᠍ᠢ᠍ᠨ᠎ᠠ᠂ ᠨᠤᠬᠠᠢ᠂ ᠮᠤᠤᠷ ᠬᠡᠵᠢᠶ᠎ᠡ ᠠᠯᠠᠭ᠎ᠠ ᠪᠤᠯᠤᠬᠰᠠᠨ᠎ᠢ ᠴᠤ᠌ ᠠᠨᠭ᠌ᠵᠠᠭ᠋ᠠᠷᠠᠬᠰᠠᠨ ᠦᠭᠡᠢ᠃
ᠤᠳᠤ ᠵᠢᠨ ᠬᠤᠲᠠ ᠵᠢᠨ ᠬᠦᠮᠦᠰ ᠨᠤᠬᠠᠢ᠂ ᠮᠤᠤᠷ ᠭᠡᠬᠦ ᠮᠡᠲᠦ ᠵᠢᠨ ᠠ᠋ᠨᠭ᠌ᠭᠦᠷᠡᠢ ᠠᠮᠢᠲᠠᠳ ᠲᠡᠵᠢᠭᠡᠭᠰᠡᠳ ᠵᠦᠨᠭᠳᠡᠭᠡᠨ᠂ ᠭᠠᠲᠠᠭ᠋ᠠᠳᠤ ᠵᠢᠨ ᠵᠠᠷᠢᠮ᠎ᠨᠢ ᠮᠤᠭ᠋ᠠᠢ᠂ ᠮᠡᠯᠡᠬᠡᠢ ᠵᠢ ᠬᠦᠷᠲᠡᠯ᠎ᠡ ᠠ᠋ᠨᠭ᠌ᠭᠦᠷᠡᠢ᠍ᠢ᠍ᠯᠡᠵᠦ ᠲᠡᠵᠢᠭᠡᠲᠡᠭ ᠶᠤᠮ ᠭᠡᠨ᠎ᠡ᠃ ᠫᠢ᠂ ᠫᠢ᠂ ᠪᠤᠯᠠᠢ᠂ ᠪᠦᠦ ᠦᠵᠡᠭᠲᠡ ᠴᠠᠭ᠋ᠠᠰᠢ᠎ᠪᠠᠨ! ᠪᠢ ᠭᠡᠲᠡᠭ ᠬᠦᠮᠦᠨ ᠶᠡᠬᠡ ᠤᠯᠲᠤᠢ ᠬᠦᠮᠦᠨ᠂ ᠶᠠᠭ᠋ᠠᠬᠢᠬᠰᠠᠨ ᠬᠤᠸᠠᠷ ᠴᠡᠴᠡᠭ ᠲᠡᠵᠢᠭᠡᠬᠦ᠂ ᠵᠢᠭ᠋ᠠᠰᠤ ᠵᠢᠷᠠᠭ᠋ᠠᠬᠠᠢ ᠲᠡᠵᠢᠭᠡᠬᠦ᠂ ᠨᠡᠩ ᠢᠯᠠᠨᠭ᠌ᠭᠤᠶ᠎ᠠ ᠮᠤᠤᠷ ᠨᠤᠬᠠᠢ ᠲᠡᠵᠢᠭᠡᠬᠦ ᠰᠤᠨᠢᠷᠬᠠᠯ ᠪᠠᠢ᠍ᠢ᠍ᠬᠤ ᠦᠭᠡᠢ᠃ ᠭᠡᠲᠡᠯ᠎ᠡ ᠰᠡᠬᠦᠯ᠎ᠤᠨ ᠵᠢᠯ᠎ᠤᠳ᠎ᠲᠤ 《ᠰᠠᠨᠠᠭ᠋ᠠᠴᠢᠯᠠᠭ᠎ᠠ ᠪᠤᠰᠤ》᠎ᠪᠠᠷ ᠮᠤᠤᠷ᠂ ᠨᠤᠬᠠᠢ ᠲᠡᠵᠢᠭᠡᠭᠰᠡᠨ ᠦᠯᠢᠭᠡᠷ᠎ᠲᠠᠢ᠃
ᠲᠡᠭᠡᠷ᠎ᠡ ᠵᠠᠭᠤᠨ᠎ᠤ ᠨᠠᠶᠠᠭ᠋ᠠᠳ ᠤᠨ᠎ᠤ ᠠ᠋ᠬᠢ᠎ᠪᠠᠷ ᠪᠢ ᠠᠵᠢᠯ ᠠᠯᠪᠠ᠎ᠪᠠᠷ ᠤᠯᠠᠭ᠋ᠠᠬᠠᠲᠠ ᠬᠤᠲᠠ᠎ᠳᠤ ᠨᠡᠬᠦᠵᠦ ᠢᠷᠡᠭᠡᠳ ᠠᠮᠢᠲᠤᠷᠠᠵᠤ ᠪᠠᠢ᠍ᠢ᠍ᠬᠰᠠᠨ ᠶᠤᠮ᠃ ᠮᠢᠨᠤ ᠬᠤᠶᠠᠷ ᠬᠦᠦ ᠪᠠᠭ᠎ᠠ ᠰᠤᠷᠭ᠋ᠠᠭᠤᠯᠢ᠎ᠳᠤ ᠰᠤᠷᠤᠯᠴᠠᠵᠤ ᠪᠠᠢ᠍ᠢ᠍ᠯ᠎ᠠ᠃ ᠨᠢᠭᠡ ᠤᠲᠠᠭ᠎ᠠ ᠪᠢ ᠬᠦᠲᠡᠭᠡ ᠪᠠᠭᠤᠭ᠋ᠠᠳ ᠬᠠᠷᠢᠵᠤ ᠢᠷᠡᠬᠦ᠎ᠳᠤ᠂ ᠲᠡᠷᠡ ᠬᠤᠶᠠᠭᠤᠯᠠ᠎ᠪᠠᠨ ᠲᠤᠩ ᠴᠤ᠌ ᠬᠦᠭᠡᠷᠦᠬᠦᠨ ᠨᠢᠭᠡ ᠠᠯᠠᠭ ᠮᠤᠤᠷ᠎ᠤᠨ ᠵᠤᠯᠵᠠᠭ᠎ᠠ ᠠᠪᠴᠢᠷᠠᠭ᠋ᠠᠳ ᠪᠠᠢ᠍ᠢ᠍ᠵᠠᠢ᠂ ᠵᠠᠪᠠᠯ ᠲᠡᠵᠢᠭᠡᠬᠦ ᠶᠤᠮ ᠭᠡᠨ᠎ᠡ᠃ ᠬᠡᠦᠬᠡᠳ ᠭᠡᠵᠦ ᠵᠢᠵᠢᠭ ᠠᠮᠢᠲᠠᠨ᠎ᠳᠤ ᠲᠤᠷᠠᠲᠠᠢ᠂ ᠪᠢ ᠬᠡᠳᠦᠢ᠍ᠢ᠍ᠪᠡᠷ ᠲᠤᠷ᠎ᠠ ᠦᠭᠡᠢ ᠪᠤᠯᠪᠠᠴᠤ ᠠᠷᠭ᠎ᠠ ᠦᠭᠡᠢ ᠵᠦᠪᠰᠢᠶᠡᠷᠡᠪᠡ᠃ ᠲᠡᠷᠡ ᠦᠶᠡᠰ᠎ᠲᠤ ᠪᠢᠲᠡ ᠠᠰᠠᠷ᠎ᠤᠨ ᠨᠢᠭᠡᠲᠦᠭᠡᠷ ᠲᠠᠪᠬᠤᠷᠯᠢᠭ᠎ᠲᠤ ᠰᠠᠭᠤᠵᠤ ᠪᠠᠢ᠍ᠢ᠍ᠬᠰᠠᠨ ᠪᠤᠯᠬᠤᠷ᠂ ᠬᠠᠭ᠋ᠠᠯᠭ᠋ᠠᠨ ᠳᠤ᠎ᠪᠠᠨ ᠮᠤᠤᠷ᠎ᠤᠨ ᠤᠷᠤᠵᠤ ᠭᠠᠷᠬᠤ ᠨᠦᠭᠡ ᠴᠤᠭᠤᠯᠤᠭ᠋ᠠᠳ ᠦᠭᠪᠡᠯ ᠪᠤᠯᠴᠢᠬᠠᠨ᠎ᠠ᠂ ᠮᠤᠤᠷ ᠭᠡᠲᠡᠭ ᠠᠮᠢᠲᠠᠨ 《ᠡᠵᠡᠨ ᠵᠶ᠋ᠠᠨ ᠲᠠᠨᠢᠬᠤ ᠦᠭᠡᠢ᠂ ᠭᠡᠷ ᠵᠶ᠋ᠠᠨ ᠲᠠᠨᠢᠲᠠᠭ》 ᠭᠡᠲᠡᠭ ᠶᠤᠮ᠃ ᠮᠤᠤᠷ ᠠ᠋ᠲᠦᠷ ᠴᠤ᠌ ᠭᠡᠰᠡᠨ᠂ ᠰᠦᠨᠢ ᠴᠤ᠌ ᠭᠡᠰᠡᠨ ᠪᠢᠴᠢᠬᠠᠨ ᠨᠦᠬᠡ᠎ᠪᠠᠷ ᠵᠶ᠋ᠠᠨ ᠭᠠᠷᠴᠤ ᠶᠠᠪᠤᠭ᠋ᠠᠳ ᠲᠤᠷ᠎ᠠ᠎ᠪᠠᠷ ᠵᠶ᠋ᠠᠨ ᠬᠠᠮᠢᠭ᠎ᠠ ᠬᠠᠮᠢᠭ᠋ᠠᠭᠤᠷ ᠶᠠᠪᠤᠲᠠᠭᠢ ᠪᠤᠤ ᠮᠡᠲᠡ᠂ ᠶᠠᠭᠤ ᠴᠤ᠌ ᠭᠡᠰᠡᠨ ᠲᠤᠭᠤᠷᠢᠵᠤ ᠲᠤᠭᠤᠷᠢᠭ᠋ᠠᠳ ᠬᠠᠷᠢᠭ᠋ᠠᠳ ᠢᠷᠡᠴᠢᠬᠡᠨ᠎ᠡ᠃ ᠨᠢᠭᠡ ᠰᠠᠢ᠍ᠢ᠍ᠨ᠎ᠨᠢ ᠮᠤᠤᠷ ᠭᠡᠰᠡᠨ ᠠᠮᠢᠲᠠᠨ ᠬᠤᠪᠢ᠎ᠪᠠᠨ ᠬᠦᠭᠡᠭᠡᠳ ᠶᠠᠪᠤᠨ᠎ᠠ᠂ ᠢᠲᠡᠵᠦ ᠤᠤᠭᠤᠬᠤ᠎ᠨᠢ ᠲᠦᠬᠦᠮ᠂ ᠲᠡᠵᠢᠭᠡᠬᠦ᠎ᠳᠤ ᠠᠮᠠᠷᠬᠠᠨ᠃ ᠲᠡᠷᠡ ᠦᠶᠡᠰ᠎ᠲᠤ ᠶᠠᠭ᠋ᠠᠬᠢᠬᠰᠠᠨ 《ᠮᠤᠤᠷ᠎ᠤᠨ ᠬᠤᠭᠤᠯᠠ》 ᠭᠡᠵᠦ ᠬᠤᠲᠠᠯᠳᠤᠲᠠᠭ ᠦᠭᠡᠢ᠂ ᠦᠯᠡᠲᠡᠵᠦ ᠲᠤᠰᠤᠬᠰᠠᠨ ᠪᠤᠲᠠᠭ᠎ᠠ ᠨᠤᠭᠤᠭ᠎ᠠ ᠵᠢᠨ ᠰᠢᠪᠬᠠᠷᠠᠤᠪᠠᠨ ᠴᠡᠷ᠎ᠡ ᠲᠤᠲᠤᠷ᠎ᠠ᠎ᠨᠢ ᠬᠢᠭᠡᠳ ᠦᠭᠪᠡᠯ ᠪᠤᠯᠤᠭ᠎ᠠ᠃ ᠬᠤᠶᠠᠷ ᠬᠦᠦ ᠰᠤᠷᠭ᠋ᠠᠭᠤᠯᠢ᠎ᠠᠴᠠ᠎ᠪᠠᠨ ᠲᠠᠷᠠᠵᠤ ᠢᠷᠡᠪᠡᠯ ᠮᠤᠤᠷ ᠵᠶ᠋ᠠᠷ ᠵᠶ᠋ᠠᠨ ᠵᠢᠭ᠋ᠠᠬᠠᠨ ᠲᠤᠭᠯᠠᠵᠤ ᠵᠤᠭ᠎ᠠ ᠪᠤᠯᠭ᠋ᠠᠨ᠎ᠠ᠃
ᠢᠨᠭᠭᠢᠭᠡᠳ ᠯᠡ ᠵᠢᠯ ᠢᠯᠡᠬᠦᠦ ᠬᠤᠶᠠᠷ ᠵᠢᠯ ᠪᠤᠯᠤᠬᠰᠠᠨ ᠶᠤᠮ ᠳ᠋ᠠ᠃ ᠭᠡᠨᠡᠳᠲᠡ ᠨᠢᠭᠡ 《ᠬᠡᠷᠡᠭ》 ᠭᠠᠷᠪᠠ᠃ ᠨᠢᠭᠡ ᠰᠦᠨᠢ ᠪᠢᠯᠡ᠂ ᠬᠦᠮᠦᠰ ᠪᠦᠷ ᠨᠤᠢ᠍ᠢ᠍ᠷ ᠲᠤ᠎ᠪᠠᠨ ᠲᠤᠬ᠍ᠵᠢᠷᠠᠵᠤ ᠪᠠᠢ᠍ᠢ᠍ᠬᠰᠠᠨ ᠦᠶᠡᠰ ᠰᠢᠷ᠎ᠠ ᠠᠯᠠᠭ ᠮᠤᠤᠷ ᠭᠡᠨᠡᠳᠲᠠ ᠬᠠᠴᠢᠨ ᠮᠠᠭᠤᠬᠠᠢ ᠲᠠᠭᠤᠨ᠎ᠳᠤ ᠰᠤᠴᠢᠨ ᠰᠡᠷᠡᠭᠡᠳ ᠦᠵᠡᠭᠰᠡᠨ ᠴᠢᠨᠢ᠂ ᠪᠢᠴᠢᠬᠠᠨ ᠠᠯᠠᠬ ᠮᠤᠤᠷ ᠠ᠋ᠬᠦᠷᠠᠴᠠᠪᠠᠨ ᠭᠠᠷᠴᠤ ᠢᠷᠡᠨ ᠬᠦᠰᠡᠷ᠎ᠲᠤ ᠤᠷᠪᠠᠵᠤ ᠬᠦᠷᠪᠡᠨ ᠪᠦᠭᠡᠯᠵᠢᠵᠤ ᠴᠠᠢ᠌ᠯᠵᠠᠭ᠋ᠠᠳ ᠰᠦᠢ᠍ᠳ ᠪᠤᠯᠪᠠ᠃ ᠠ᠋ᠨᠡ ᠶᠠᠭ᠋ᠠᠬᠢᠴᠢᠪᠠ? ᠪᠢᠲᠡᠨ᠎ᠤ ᠦᠵᠡᠬᠦ᠎ᠪᠠᠷ᠂ ᠠ᠋ᠨᠡ ᠮᠤᠤᠷ ᠯᠠᠪᠲᠠᠢ ᠬᠤᠤᠷ᠎ᠠ ᠢᠲᠡᠭᠰᠡᠨ ᠬᠤᠯᠤᠭ᠋ᠠᠨ᠎ᠠ ᠵᠢ ᠪᠠᠷᠢᠵᠤ ᠢᠲᠡᠭᠡᠳ ᠦᠪᠡᠰᠦᠪᠡᠨ ᠬᠤᠤᠷᠠᠲᠠᠬᠲᠠᠬᠰᠠᠨ ᠪᠠᠢ᠍ᠢ᠍ᠨ᠎ᠠ᠃ ᠪᠢᠲᠠ ᠮᠤᠤᠷ᠎ᠤᠨ ᠠᠲᠠᠪᠠᠯᠵᠠᠵᠤ ᠲᠠᠲᠠᠪᠠᠯᠵᠠᠬᠤ ᠵᠢ ᠬᠠᠷᠠᠭ᠋ᠠᠳ ᠠᠷᠭ᠎ᠠ᠎ᠪᠠᠨ ᠪᠠᠷᠠᠵᠤ ᠠᠯᠠᠭ᠎ᠠ᠎ᠪᠠᠨ ᠮᠠᠭ᠋ᠠᠵᠢᠪᠠ᠃ ᠰᠦᠨᠢ ᠲᠤᠮᠲᠠ ᠶᠤᠮ ᠪᠢᠯᠡ᠂ ᠮᠦᠨ ᠲᠡᠭᠡᠭᠡᠳ ᠲᠡᠷᠡ ᠦᠶᠡᠰ᠎ᠲᠤ ᠠ᠋ᠨᠭ᠌ᠬᠦᠷᠠᠢ ᠠᠮᠢᠲᠠᠨ᠎ᠤ ᠠ᠋ᠮᠨᠡᠯᠭᠡ ᠮᠡᠮᠨᠡᠯᠭᠡ ᠭᠡᠵᠦ ᠪᠠᠢ᠍ᠢ᠍ᠬᠤ ᠦᠭᠡᠢ᠂ ᠲᠡᠭᠡᠵᠦ ᠬᠠᠷᠠᠵᠤ ᠪᠠᠢ᠍ᠢ᠍ᠬᠰᠠᠭ᠋ᠠᠷ ᠮᠤᠤᠷ ᠵᠶ᠋ᠠᠨ ᠦᠬᠦᠭᠦᠯᠵᠡᠢ᠃ 《ᠰᠠᠨᠠᠴᠢᠬᠠᠪᠠᠯ ᠰᠠᠮᠵᠠ ᠪᠠᠰᠠ ᠰᠠᠢ᠍ᠢ᠍ᠬᠠᠨ ᠶᠤᠮ》 ᠭᠡᠲᠡᠭ᠂ ᠬᠤᠶᠠᠷ ᠵᠢᠯ ᠲᠡᠵᠢᠭᠡᠭᠰᠡᠨ ᠠᠮᠢᠲᠠᠨ ᠶᠤᠮ᠂ ᠬᠠᠢ᠍ᠢ᠍ᠷ᠎ᠠ᠎ᠲᠠᠢ ᠪᠤᠯᠴᠢᠬᠠᠬᠰᠠᠨ ᠪᠠᠢ᠍ᠢ᠍ᠨ᠎ᠠ᠂ ᠲᠤᠲᠤᠷ᠎ᠠ ᠬᠠᠴᠢᠨ ᠡᠪ ᠦᠭᠡᠢ ᠪᠤᠯᠪᠠ᠂ ᠨᠡᠩ ᠴᠤ᠌ ᠬᠤᠶᠠᠷ ᠬᠦᠦ ᠮᠢᠨᠢ ᠪᠦᠷ ᠨᠢᠲᠤᠨ ᠨᠢᠯᠪᠤᠰᠤ ᠤᠷᠤᠰᠤᠭᠤᠯᠤᠬᠰᠠᠨ ᠪᠢᠯᠡ᠃ ᠮᠠᠷᠭ᠋ᠠᠰᠢ᠎ᠨᠢ ᠶᠠᠭ ᠰᠠᠶ᠋ᠢᠬᠠᠨ ᠭᠠᠷᠠᠭ᠎ᠤᠨ ᠠ᠋ᠲᠦᠷ ᠲᠠᠭ᠋ᠠᠷᠠᠬᠰᠠᠨ ᠲᠤᠯᠠ ᠨᠦᠬᠦᠭᠡ ᠮᠤᠤᠷ ᠵᠶ᠋ᠠᠨ ᠵᠢᠭ᠋ᠠᠬᠠᠨ ᠴᠠᠭ᠋ᠠᠰᠤᠨ ᠬᠠᠢ᠍ᠢ᠍ᠷᠴᠠᠭ᠎ᠲᠤ ᠬᠠᠢ᠍ᠢ᠍ᠷᠴᠠᠬᠯᠠᠨ ᠲᠤᠭᠤᠢ ᠳᠤ᠎ᠪᠠᠨ ᠠᠴᠢᠭ᠋ᠠᠳ ᠬᠤᠶᠠᠷ ᠬᠦᠦ᠎ᠲᠠᠢ᠎ᠪᠠᠨ ᠭᠤᠷᠪᠠᠭᠤᠯᠠ ᠬᠤᠲᠠ ᠵᠢᠨ ᠠ᠋ᠮᠦᠨᠡᠲᠡᠢ ᠠᠭᠤᠯᠠ ᠵᠢᠨ ᠤᠭᠲᠤ ᠮᠤᠳᠤ᠎ᠲᠠᠢ ᠭᠠᠵᠠᠷ ᠨᠦᠬᠡ ᠤᠬᠤᠵᠤ ᠪᠤᠯᠠᠰᠢᠯᠠᠵᠤ ᠤᠷᠬᠢᠯ᠎ᠠ᠃ ᠶᠠᠭᠤ ᠴᠤ᠌ ᠭᠡᠰᠡᠨ ᠪᠠᠰᠠ ᠨᠢᠭᠡ ᠠᠮᠢ ᠪᠢᠰᠢ ᠤᠤ ᠳ᠋ᠠ᠃
ᠬᠠᠷᠢᠵᠤ ᠢᠷᠡᠭᠡᠳ ᠬᠡᠨ᠎ᠨᠢ ᠴᠤ᠌ ᠦᠭᠡ ᠲᠠᠭᠤ ᠦᠭᠡᠢ ᠲᠦᠩᠰᠦᠭᠡᠷ᠃ 《ᠠ᠋ᠨᠡ ᠬᠠᠷᠢᠨ ᠠᠮᠠᠷ ᠦᠭᠡᠢ᠃ ᠬᠤᠵᠢᠮ ᠲᠠᠬᠢᠵᠤ ᠲᠠᠬᠢᠵᠤ ᠠ᠋ᠯᠲᠡᠪ ᠠᠮᠢᠲᠠᠨ᠎ᠢ ᠪᠢᠲᠡᠬᠢ ᠲᠡᠵᠢᠭᠡ!》 ᠭᠡᠵᠦ ᠪᠢ ᠬᠡᠦᠬᠡᠳ᠎ᠲᠤ ᠶᠤᠮ ᠰᠢᠭ᠂ ᠪᠡᠶ᠎ᠡ᠎ᠳᠤ᠎ᠪᠠᠨ ᠴᠤ᠌ ᠶᠤᠮ ᠰᠢᠭ ᠬᠡᠯᠡᠪᠡ᠃ ᠲᠡᠬᠦᠨ᠎ᠠᠴᠠ ᠬᠤᠢ᠍ᠢ᠍ᠰᠢ᠂ ᠠᠷᠪᠠᠭ᠋ᠠᠳ ᠵᠢᠯ ᠮᠤᠤᠷ ᠨᠤᠬᠠᠢ ᠭᠡᠵᠦ ᠲᠡᠵᠢᠭᠡᠭᠰᠡᠨ ᠦᠭᠡᠢ ᠰᠠᠨᠠᠭ᠎ᠠ ᠨᠢᠭᠡ ᠠᠮᠠᠷ᠃
ᠳᠡᠭᠡᠷ᠎ᠡ ᠵᠠᠭᠤᠨ᠎ᠤ ᠨᠠᠶᠠᠭ᠋ᠠᠳ ᠤᠨ᠎ᠤ ᠰᠡᠬᠦᠯᠴᠢ᠎ᠪᠠᠷ ᠪᠢᠲᠡ ᠭᠡᠷ ᠵᠶ᠋ᠠᠷ ᠵᠶ᠋ᠠᠨ ᠬᠦᠬᠡᠬᠤᠲᠠ᠎ᠳᠤ ᠨᠡᠬᠦᠵᠦ ᠢᠷᠡᠭᠰᠡᠨ ᠶᠤᠮ᠃ ᠳᠡᠭᠡᠷ᠎ᠡ ᠵᠠᠭᠤᠨ᠎ᠤ ᠶᠡᠷᠡᠨ ᠬᠡᠲᠦᠨ ᠤᠨ᠎ᠤ ᠦᠶ᠎ᠡ᠎ᠪᠠᠷ᠂ ᠮᠢᠨᠤ ᠶᠡᠬᠡ ᠬᠦᠦ ᠭᠡᠨᠡᠳᠲᠡ ᠨᠢᠭᠡ ᠠ᠋ᠲᠦᠷ ᠵᠢᠭ᠋ᠠᠬᠠᠨ 《ᠪᠡᠭᠡᠵᠢᠩ ᠪᠠᠭ᠋ᠠᠯ》᠎ᠤᠨ ᠭᠦᠯᠦᠭᠡ ᠵᠢ ᠠᠪᠤᠭ᠋ᠠᠳ ᠢᠷᠡᠵᠠᠢ᠂ ᠪᠢ ᠬᠠᠷᠠᠮᠠᠬ᠍ᠴᠠ ᠠᠭᠤᠷᠯᠠᠭ᠋ᠠᠳ᠄ 《ᠮᠤᠤᠷ᠂ ᠨᠤᠬᠠᠢ ᠠ᠋ᠨᠡ ᠲᠡᠷᠡ ᠵᠢ ᠪᠢᠲᠡᠬᠢ ᠲᠡᠵᠢᠭᠡ ᠭᠡᠰᠡᠨ ᠪᠢᠰᠢ ᠦᠦ?》 ᠭᠡᠵᠦ ᠲᠠᠭᠤ ᠭᠠᠷᠤᠯ᠎ᠠ᠃ ᠪᠢᠴᠢᠬᠠᠨ ᠭᠦᠯᠦᠭᠡ ᠵᠢ ᠠᠵᠢᠪᠠᠯ ᠦᠪᠴᠢ ᠪᠡᠶ᠎ᠡ ᠰᠢᠷᠠᠪᠳᠤᠷ ᠦᠨᠭᠭᠡ ᠵᠢᠨ ᠰᠠᠬᠰᠠᠭ᠋ᠠᠷ ᠦᠰᠦ᠎ᠲᠠᠢ᠂ ᠬᠤᠨᠭ᠌ᠰᠢᠶᠠᠷᠨᠢ ᠦᠨᠡᠬᠡ ᠰᠢᠭ ᠵᠢᠭ᠋ᠠᠬᠠᠨ ᠱᠤᠪᠤᠭᠤᠷ᠂ ᠲᠤᠮᠤ ᠬᠤᠶᠠᠷ ᠨᠢᠲᠤ᠎ᠨᠢ ᠭᠢᠯᠠᠯᠵᠠᠭ᠋ᠠᠳ ᠲᠤᠩ ᠬᠦᠭᠡᠷᠦᠬᠦᠨ᠂ ᠪᠤᠤ ᠲᠡᠵᠢᠭᠡ ᠭᠡᠵᠦ ᠲᠠᠭᠤ ᠭᠠᠷᠤᠬᠰᠠᠨ ᠪᠤᠯᠪᠠᠴᠤ ᠲᠤᠲᠤᠷ᠎ᠠ᠎ᠪᠠᠨ ᠬᠠᠷᠢᠨ ᠰᠡᠮᠬᠡᠨ ᠲᠤᠭᠤᠴᠢᠬᠠᠪᠠ᠃ ᠪᠢᠴᠢᠬᠠᠨ ᠬᠦᠯᠦᠭᠡ ᠮᠠᠰᠢ ᠴᠤᠪᠤᠭᠤᠯᠢᠭ ᠲᠡᠭᠵᠢᠨ᠂ ᠬᠦᠲᠡᠯᠵᠤ ᠪᠠᠷᠢᠬᠤ᠎ᠨᠢ ᠪᠤᠰᠢᠭᠤ ᠲᠦᠷᠭᠡᠨ᠃ ᠲᠡᠭᠡᠭᠡᠳ 《ᠨᠢᠰᠭᠡ》 ᠭᠡᠰᠡᠨ ᠨᠡᠷ᠎ᠡ ᠦᠭᠬᠦ᠎ᠪᠠᠷ ᠪᠤᠯᠵᠤ᠂ ᠴᠢᠬᠢᠨᠠᠴᠠᠨᠢ ᠲᠡᠯᠲᠡᠢ᠍ᠢ᠍ᠲᠡᠯᠡ ᠲᠠᠲᠠᠵᠤ ᠲᠡᠭᠡᠭᠰᠢ ᠠ᠋ᠷᠬᠦᠵᠦ ᠪᠠᠢ᠍ᠢ᠍ᠭ᠋ᠠᠳ᠄ 《ᠨᠢᠰᠭᠡ᠂ ᠨᠢᠰᠭᠡ᠂ ᠨᠢᠰᠭᠡ》 ᠭᠡᠵᠦ ᠭᠤᠷᠪᠠᠨᠲᠠ ᠲᠠᠭᠤᠲᠠᠯ᠎ᠠ᠃ ᠲᠡᠭᠡᠪᠡᠯ ᠨᠤᠬᠠᠢ ᠨᠡᠷ᠎ᠡ᠎ᠪᠠᠨ ᠴᠡᠭᠡᠵᠢᠯᠡᠴᠢᠬᠡᠲᠡᠭ ᠶᠤᠮ ᠭᠡᠨ᠎ᠡ᠃ ᠶᠠᠭᠤ ᠴᠤ᠌ ᠭᠡᠰᠡᠨ 《ᠨᠢᠰᠭᠡ》 《ᠨᠢᠰᠭᠡ》 ᠭᠡᠵᠦ ᠲᠠᠭᠤᠲᠠᠭᠰᠠᠭ᠋ᠠᠷ ᠪᠠᠢ᠍ᠢ᠍ᠲᠠᠯᠠ ᠨᠡᠷ᠎ᠡ᠎ᠪᠠᠨ ᠮᠡᠲᠡᠬᠦ ᠪᠤᠯᠪᠠ᠂ ᠨᠡᠷ᠎ᠡ᠎ᠪᠠᠷ᠎ᠨᠢ ᠲᠠᠭᠤᠲᠠᠬᠤ᠎ᠳᠤ ᠯᠡ ᠦᠬᠡᠲᠡ᠎ᠠᠴᠠ ᠭᠦᠶᠦᠭᠡᠳ ᠢᠷᠡᠨ᠎ᠡ᠃ ᠪᠢᠴᠢᠬᠠᠨ ᠨᠤᠬᠠᠢ ᠶᠡᠬᠡ ᠶᠠᠭᠤᠮ᠎ᠠ ᠮᠡᠲᠡᠨ᠎ᠡ᠂ ᠬᠡᠨ ᠲᠡᠬᠦᠨ᠎ᠳᠤ ᠰᠠᠢ᠍ᠢ᠍ᠨ᠎ᠢ ᠲᠡᠷᠡ ᠮᠡᠲᠡᠨ᠎ᠡ᠃ ᠮᠠᠨ᠎ᠤ ᠬᠦᠮᠦᠨ ᠲᠡᠬᠦᠨ᠎ᠢ ᠲᠡᠵᠢᠭᠡᠨ᠎ᠡ᠂ ᠤᠬᠢᠶᠠᠨ᠎ᠠ᠂ ᠠᠷᠠᠴᠢᠯᠠᠵᠤ ᠲᠤᠲᠤᠮᠲᠠᠨᠠ᠂ ᠭᠠᠷᠬᠤ᠎ᠳᠤ᠎ᠪᠠᠨ ᠲᠡᠪᠡᠷᠢᠭᠡᠳ ᠭᠠᠷᠬᠤ ᠪᠤᠶᠤ ᠲᠠᠭ᠋ᠠᠭᠤᠯᠤᠭ᠋ᠠᠳ ᠭᠠᠷᠤᠨ᠎ᠠ᠂ ᠲᠡᠭᠡᠬᠦ᠎ᠳᠡᠭᠡᠨ ᠠ᠋ᠨᠡ ᠠᠮᠢᠲᠠᠨ ᠶᠡᠷᠦ᠎ᠨᠢ ᠲᠡᠬᠦᠨ᠎ᠢ ᠰᠠᠯᠤᠯ ᠦᠭᠡᠢ ᠲᠠᠭ᠋ᠠᠵᠤ ᠶᠠᠨᠭ᠌ᠵᠤ᠎ᠪᠠᠷ ᠠᠯᠢᠶᠠᠯᠠᠵᠤ 《ᠪᠢᠯᠲᠠᠤᠴᠢᠯᠠᠨᠠ》᠃ ᠨᠤᠬᠠᠢ ᠵᠢᠨ ᠠᠮᠢᠲᠤ ᠪᠤᠲᠠᠰ᠎ᠤᠨ ᠴᠠᠭ᠎ᠤᠨ ᠣᠨᠣᠪᠴᠢᠲᠠᠢ ᠭᠡᠲᠡᠭ ᠢ ᠶᠠᠭ᠋ᠠᠬᠢᠨ᠎ᠠ᠃ ᠦᠷᠯᠦᠭᠡ ᠴᠠᠭ᠎ᠨᠢ ᠪᠤᠯᠤᠮᠠᠬ᠍ᠴᠠ ᠲᠡᠷᠡ ᠭᠤᠲᠤᠮᠵᠢᠨᠤ 《ᠠ᠋ᠬᠦᠷ》᠎ᠠᠴᠠ᠎ᠪᠠᠨ ᠭᠠᠷᠴᠤ ᠢᠷᠡᠭᠡᠳ ᠮᠠᠨ᠎ᠤ ᠤᠨᠲᠠᠬᠤ ᠦᠷᠦᠭᠡᠨ᠎ᠳᠤ ᠤᠷᠤᠵᠤ ᠢᠷᠡᠭᠡᠳ ᠬᠦᠨᠵᠢᠯᠡ᠎ᠠᠴᠠ ᠵᠠᠭᠤᠵᠤ ᠴᠢᠨᠭ᠌ᠭ᠋ᠠᠭ᠋ᠠᠵᠤ ᠲᠠᠲᠠᠭ᠋ᠠᠳ ᠰᠦᠢ᠍ᠳ ᠪᠤᠯᠤᠨ᠎ᠠ᠃ ᠪᠢᠲᠡ ᠵᠤᠷᠢᠭᠤᠲᠠ ᠤᠨᠲᠠᠬᠰᠠᠨ ᠵᠶ᠋ᠠᠷ ᠤᠪᠯᠠᠵᠤ ᠤᠷᠤᠨ᠎ᠠᠴᠠ᠎ᠪᠠᠨ ᠪᠤᠰᠬᠤ ᠦᠭᠡᠢ ᠪᠤᠯ ᠤᠷᠤᠨ ᠲᠡᠭᠡᠷ᠎ᠡ ᠦᠰᠦᠷᠴᠦ ᠭᠠᠷᠴᠤ ᠢᠷᠡᠭᠡᠳ ᠨᠢᠭᠤᠷ ᠴᠢᠷᠠᠢ ᠵᠢ ᠦᠨᠦᠷᠯᠡᠵᠤ ᠲᠤᠯᠢᠶᠠᠭ᠋ᠠᠳ᠂ ᠠ᠋ᠰᠡᠬᠦᠯ᠎ᠡ ᠭᠢᠨᠭᠰᠢᠨ ᠬᠤᠴᠠᠵᠤ ᠡᠵᠡᠨ ᠵᠶ᠋ᠠᠨ ᠪᠤᠰᠬᠤ ᠦᠭᠡᠢ ᠪᠤᠯ ᠪᠠᠢ᠍ᠢ᠍ᠬᠤ ᠦᠭᠡᠢ᠃ ᠦᠲᠡ᠂ ᠤᠷᠤᠢ ᠮᠠᠨ᠎ᠤ ᠬᠦᠮᠦᠨ ᠠᠵᠢᠯ᠎ᠠᠴᠠ ᠪᠠᠭᠤᠭ᠋ᠠᠳ ᠬᠠᠷᠢᠵᠤ ᠢᠷᠡᠬᠦ ᠴᠠᠭ᠎ᠢ ᠶᠠᠭ᠋ᠠᠬᠢᠵᠤ ᠮᠡᠲᠡᠲᠡᠭᠢ ᠪᠤᠤ ᠮᠡᠲᠡ᠂ ᠴᠤᠨᠭ᠌ᠬᠤᠨ ᠲᠠᠢ᠌ᠰᠠᠨ᠎ᠤ ᠲᠡᠭᠡᠷ᠎ᠡ ᠭᠠᠷᠴᠤ ᠰᠠᠭᠤᠭ᠋ᠠᠳ ᠲᠤᠷᠤᠬᠰᠢ ᠠᠵᠢᠬᠯᠠᠵᠤ ᠰᠠᠭᠤᠬᠤ᠎ᠨᠢ ᠲᠡᠷᠡ᠂ ᠮᠠᠨ᠎ᠤ ᠬᠦᠮᠦᠨ ᠲᠤᠭᠤᠢ᠎ᠪᠠᠨ ᠤᠨᠤᠭ᠋ᠠᠳ ᠠᠰᠠᠷ᠎ᠢ ᠤᠷᠢᠶᠠᠭ᠋ᠠᠳ ᠤᠷᠤᠵᠤ ᠢᠷᠡᠬᠦ ᠵᠢ ᠬᠠᠷᠠᠮᠠᠬ᠍ᠴᠠ ᠭᠡᠷ᠎ᠤᠨ ᠬᠠᠭ᠋ᠠᠯᠭ᠋ᠠᠨ᠎ᠳᠤ ᠬᠦᠷᠦᠭᠡᠳ ᠬᠤᠴᠠᠭ᠋ᠠᠳ ᠠᠮᠠᠷᠠᠭᠤᠯᠬᠤ ᠦᠭᠡᠢ᠂ ᠬᠠᠭ᠋ᠠᠯᠭ᠎ᠠ ᠨᠡᠬᠡᠬᠡᠭᠡᠳ ᠦᠭᠭᠦᠮᠡᠭᠴᠡ ᠠᠰᠠᠷ᠎ᠤᠨ ᠱᠠᠳᠤ᠎ᠪᠠᠷ ᠬᠦᠶᠦᠵᠦ ᠪᠠᠭᠤᠭ᠋ᠠᠳ ᠡᠵᠡᠨ ᠵᠶ᠋ᠠᠨ ᠤᠬᠲᠤᠨ ᠠᠪᠴᠤ ᠪᠠᠶᠠᠷᠲᠠᠢ᠎ᠨᠢ ᠠᠷᠭ᠎ᠠ ᠦᠭᠡᠢ᠃ ᠨᠢᠭᠡ ᠤᠲᠠᠭ᠎ᠠ ᠮᠠᠨ᠎ᠤ ᠬᠦᠮᠦᠨ ᠨᠤᠬᠠᠢ᠎ᠪᠠᠨ ᠲᠠᠭ᠋ᠠᠭᠤᠯᠵᠤ ᠭᠠᠷᠤᠭ᠋ᠠᠳ ᠰᠠᠨᠠᠮᠰᠠᠷ ᠦᠭᠡᠢ ᠭᠡᠭᠡᠴᠢᠬᠡᠭᠡᠳ ᠰᠦᠨᠡᠰᠦ᠎ᠪᠠᠨ ᠭᠡᠭᠡᠭᠰᠡᠨ ᠰᠢᠭ ᠬᠡᠲᠦᠨ ᠠ᠋ᠲᠦᠷ ᠵᠤᠪᠠᠵᠠᠢ᠃ ᠭᠠᠲᠠᠭ᠎ᠠ ᠨᠤᠬᠠᠢ ᠬᠤᠴᠠᠬᠤ ᠵᠢ ᠤᠯᠵᠤ ᠰᠤᠨᠤᠰᠮᠠᠬ᠍ᠴᠠ ᠴᠤᠨᠭ᠌ᠬᠤ᠎ᠪᠠᠷ ᠠᠵᠢᠬᠯᠠᠵᠤ ᠬᠠᠷᠠᠨ᠎ᠠ᠃ ᠬᠡᠲᠦᠨ ᠠ᠋ᠲᠦᠷ᠎ᠤᠨ ᠰᠡᠬᠦᠯᠡᠷ᠂ ᠪᠠᠷᠠᠭᠤᠨ ᠬᠤᠷᠢᠶᠠᠨ᠎ᠤ ᠨᠢᠭᠡ ᠠᠢ᠍ᠢ᠍ᠯ᠎ᠤᠨ᠎ᠬᠢ ᠮᠠᠨ᠎ᠤ ᠨᠤᠬᠠᠢ ᠵᠢ ᠤᠯᠵᠤ ᠠᠪᠤᠭ᠋ᠠᠳ ᠪᠠᠢ᠍ᠢ᠍ᠬᠤ ᠴᠢᠮᠡᠭᠡ ᠵᠢ ᠬᠦᠷᠰᠢ ᠵᠢᠨ ᠬᠡᠦᠬᠡᠳ ᠬᠡᠯᠡᠵᠦ ᠦᠭᠪᠡ᠃ ᠤᠴᠢᠭ᠋ᠠᠳ ᠦᠵᠡᠬᠦᠯᠡᠷ ᠲᠡᠷᠡ ᠠᠢ᠍ᠢ᠍ᠯ᠎ᠤᠨ ᠪᠦᠲᠦᠬᠦᠨ ᠲᠡᠭᠡᠰᠦ᠎ᠪᠠᠷ ᠬᠦᠵᠦᠬᠦᠨᠠᠴᠠᠨᠢ ᠤᠶᠠᠴᠢᠬᠠᠭ᠋ᠠᠳ ᠰᠢᠨᠭᠭᠡᠨ ᠪᠤᠲᠠᠭ᠎ᠠ᠎ᠪᠠᠷ ᠲᠡᠵᠢᠭᠡᠵᠦ ᠪᠠᠢ᠍ᠢ᠍ᠪᠠ᠃ ᠪᠢ ᠲᠠᠪᠢᠨ ᠲᠦᠬᠦᠷᠢᠭ ᠭᠠᠷᠭ᠋ᠠᠵᠤ ᠲᠠᠯᠠᠷᠬᠠᠬᠤ ᠰᠡᠳᠬᠢᠯ ᠵᠶ᠋ᠠᠨ ᠢᠯᠡᠳᠭᠡᠶ᠎ᠡ ᠭᠡᠬᠦᠯᠡᠷ᠂ ᠲᠡᠷᠡ ᠠᠢ᠍ᠢ᠍ᠯ᠎ᠤᠨ ᠡᠵᠡᠨ ᠠᠪᠤᠬᠰᠠᠨ ᠦᠭᠡᠢ᠃
ᠬᠤᠵᠢᠮ᠎ᠨᠢ ᠪᠤᠯᠤᠭ᠋ᠠᠳ᠂ ᠬᠦᠬᠡᠬᠤᠲᠠ ᠵᠢᠨ ᠬᠢᠨᠢ ᠨᠤᠬᠠᠢ ᠲᠡᠵᠢᠭᠡᠬᠦ ᠬᠠᠮᠢᠶᠠᠷᠤᠯᠲᠠ ᠵᠢ ᠴᠢᠨᠭ᠌ᠭ᠋ᠠᠳᠬᠠᠬᠤ ᠪᠢᠴᠢᠭ ᠮᠠᠲᠸᠷᠢᠶᠠᠯ ᠭᠠᠷᠭ᠋ᠠᠵᠤ᠂ 《ᠨᠤᠬᠠᠢ ᠲᠡᠵᠢᠭᠡᠬᠦ ᠦᠨᠡᠮᠯᠡᠬᠦ》 ᠬᠢᠯᠭᠡᠬᠦ ᠶᠤᠮ ᠭᠡᠨ᠎ᠡ᠂ ᠬᠢᠵᠢᠭ᠎ᠤᠨ ᠲᠠᠷᠢᠯᠭ᠎ᠠ ᠬᠢᠯᠭᠡᠬᠦ ᠶᠤᠮ ᠭᠡᠨ᠎ᠡ ᠭᠡᠳ ᠪᠤᠲᠤᠵᠤ ᠦᠵᠡᠪᠡᠯ ᠵᠢᠯ᠎ᠳᠤ ᠬᠡᠲᠦᠨ ᠮᠢᠨᠭ᠌ᠭ᠋ᠠᠨ ᠲᠦᠬᠦᠷᠢᠭ᠎ᠤᠨ ᠵᠠᠷᠤᠲᠠᠯ ᠭᠠᠷᠤᠨ᠎ᠠ᠃ ᠴᠠᠯᠢᠩ ᠵᠶ᠋ᠠᠨ ᠲᠦᠰᠢᠵᠤ ᠠᠮᠢᠲᠤᠷᠠᠵᠤ ᠪᠠᠢ᠍ᠢ᠍ᠭ᠎ᠠ ᠤᠯᠤᠰ᠎ᠲᠤ ᠬᠡᠲᠦᠨ ᠮᠢᠨᠭ᠌ᠭ᠋ᠠᠨ ᠲᠦᠬᠦᠷᠢᠭ ᠴᠢᠨᠢ ᠪᠠᠭ᠎ᠠ ᠵᠤᠭᠤᠰ ᠪᠢᠰᠢ᠃ ᠪᠤᠯᠢᠶ᠎ᠠ! ᠨᠤᠬᠠᠢ ᠲᠡᠵᠢᠭᠡᠬᠦ᠎ᠪᠠᠨ ᠪᠤᠯᠢᠶ᠎ᠠ! ᠭᠡᠳ ᠵᠤᠷᠢᠭ ᠰᠢᠭᠤᠳᠴᠤ ᠬᠠᠢ᠍ᠢ᠍ᠷ᠎ᠠ᠎ᠲᠠᠢ ᠨᠤᠬᠠᠢ᠎ᠪᠠᠨ ᠰᠢᠯᠢᠨᠭ᠌ᠬᠤᠲᠠ ᠵᠢᠨ ᠨᠠᠢ᠌ᠵᠠᠳᠤᠪᠠᠨ ᠬᠦᠷᠭᠡᠵᠦ ᠦᠭᠭᠦᠭᠰᠡᠨ ᠪᠢᠯᠡ᠃ ᠵᠢᠯ᠎ᠤᠨ ᠬᠢᠨᠢ ᠲᠠᠷᠠᠭ᠎ᠠ᠂ ᠪᠢ ᠠ᠋ᠬᠡᠨᠡᠷᠲᠠᠢᠪᠠᠨ ᠬᠤᠶᠠᠭᠤᠯᠠ ᠰᠢᠯᠢᠨᠭ᠌ᠬᠤᠲᠠᠳᠤ ᠭᠦᠷᠦᠭᠡᠳ ᠨᠠᠢ᠌ᠵᠠ ᠵᠢᠨ᠎ᠳᠤ᠎ᠪᠠᠨ ᠠᠢ᠍ᠢ᠍ᠯᠴᠢᠯᠠᠵᠤ ᠤᠴᠢᠬᠰᠠᠨ ᠶᠤᠮ᠃ ᠨᠤᠬᠠᠢ ᠮᠠᠨᠢ ᠮᠠᠨ᠎ᠤ ᠲᠠᠭᠤ ᠵᠢ ᠰᠤᠨᠤᠰᠮᠠᠬ᠍ᠴᠠ ᠲᠠᠨᠢᠴᠢᠬᠠᠵᠤ᠂ ᠰᠡᠬᠦᠯ ᠵᠶ᠋ᠠᠨ ᠰᠢᠷᠪᠠᠯᠵᠠᠭᠤᠯᠤᠨ ᠭᠦᠶᠦᠵᠦ ᠢᠷᠡᠭᠡᠳ ᠦᠨᠦᠷᠯᠡᠵᠦ ᠨᠢᠭᠡ ᠦᠵᠡᠨ᠎ᠡ᠂ ᠦᠮᠦᠲᠦᠨ ᠰᠢᠷᠬᠤᠨᠠᠭ᠎ᠠᠴᠠ ᠵᠠᠭᠤᠵᠤ ᠨᠢᠭᠡ ᠦᠵᠡᠨ᠎ᠡ᠂ ᠴᠢᠨᠭᠭᠢᠭᠡᠳ ᠯᠡ ᠭᠡᠷ ᠲᠤᠲᠤᠷ᠎ᠠ ᠨᠠᠭ᠋ᠠᠰᠢ ᠴᠠᠭ᠋ᠠᠰᠢ ᠤᠮ ᠲᠤᠮ ᠦᠭᠡᠢ ᠲᠤᠭᠯᠠᠵᠤ ᠬᠦᠶᠦᠬᠦ᠎ᠨᠢ ᠡ᠃ ᠶᠡᠬᠡ ᠵᠤᠬᠢᠶᠠᠯᠴᠢ ᠾᠤᠢ᠍ᠢ᠍ᠭᠤ᠋᠄ 《ᠨᠤᠬᠠᠢ ᠭᠡᠲᠡᠭ ᠠᠳᠤᠭᠤᠰᠤ ᠰᠡᠬᠦᠯ ᠵᠶ᠋ᠠᠷ ᠵᠶ᠋ᠠᠨ ᠢᠨᠢᠶᠡᠮᠰᠦᠭᠯᠡᠵᠦ ᠬᠡᠯᠡ᠎ᠪᠠᠷ ᠵᠶ᠋ᠠᠨ ᠬᠦᠯᠦᠰᠦ᠎ᠪᠠᠨ ᠰᠡᠪᠬᠢᠭᠡᠨᠡ》 ᠭᠡᠵᠦ ᠬᠡᠯᠡᠵᠦ ᠦᠨᠭᠭᠡᠷᠡᠭᠰᠡᠨ᠃ ᠰᠡᠬᠦᠯ ᠵᠶ᠋ᠠᠷ ᠵᠶ᠋ᠠᠨ ᠢᠨᠢᠶᠡᠨ᠎ᠡ ᠭᠡᠲᠡᠭ᠎ᠨᠢ ᠰᠡᠬᠦᠯ ᠵᠶ᠋ᠠᠨ ᠰᠢᠷᠪᠠᠯᠵᠠᠭᠤᠯᠵᠤ ᠪᠠᠶᠠᠷᠯᠠᠬᠰᠠᠨ ᠰᠡᠳᠬᠢᠯ ᠵᠶ᠋ᠠᠨ ᠢᠯᠡᠳᠭᠡᠵᠦ ᠪᠠᠢ᠍ᠢ᠍ᠵᠤ ᠲᠠᠭ᠋ᠠᠷᠠᠨ᠎ᠠ᠂ ᠦᠭᠡ ᠬᠡᠯᠡᠵᠦ ᠴᠢᠲᠠᠲᠠᠭ ᠦᠭᠡᠢ ᠠᠮᠢᠲᠠᠨ ᠯᠠ ᠶᠤᠮ ᠬᠤᠢ᠍ᠢ᠍ᠨ᠎ᠠ ᠦᠭᠡᠷ᠎ᠡ ᠶᠠᠭ᠋ᠠᠬᠢᠨ᠎ᠠ ᠪᠤᠢ᠃ ᠮᠡᠨ᠎ᠤ ᠬᠦᠮᠦᠨ ᠨᠤᠬᠠᠢ᠎ᠪᠠᠨ ᠲᠡᠪᠷᠢᠵᠤ ᠠᠪᠤᠭ᠋ᠠᠳ ᠡᠪᠦᠷ ᠲᠡᠭᠡᠷ᠎ᠡ᠎ᠪᠠᠨ ᠠᠪᠴᠤ ᠰᠠᠭᠤᠯᠭ᠋ᠠᠬᠤ᠎ᠳᠤ ᠦᠭᠡᠲᠡᠠᠴᠠᠨᠢ ᠬᠠᠷᠠᠭ᠋ᠠᠳ ᠪᠦᠲᠦᠬᠦᠨ ᠨᠢᠲᠤᠨᠠᠴᠠᠪᠠᠨ ᠨᠢᠯᠪᠤᠰᠤ ᠪᠦᠮᠪᠦᠷᠢᠬᠦᠯᠵᠦ ᠪᠠᠢ᠍ᠢ᠍ᠯ᠎ᠠ᠃
ᠨᠤᠬᠠᠢ ᠭᠡᠲᠡᠭ ᠠᠮᠢᠲᠠᠨ ᠡᠵᠡᠨ᠎ᠳᠤ᠎ᠪᠠᠨ ᠠ᠋ᠢ᠍ᠢ᠍ᠮᠦ ᠯᠡ ᠠᠮᠠᠷᠠᠭ᠃ ᠲᠡᠲᠡᠨᠤᠬᠢᠠᠴᠠ ᠪᠢᠲᠠ ᠨᠤᠬᠠᠢ᠎ᠠᠴᠠ ᠨᠢᠭᠤᠵᠤ ᠪᠠᠢ᠍ᠢ᠍ᠭ᠋ᠠᠳ ᠭᠠᠷᠴᠤ ᠢᠷᠡᠭᠰᠡᠨ ᠪᠢᠯᠡ᠃ 《ᠪᠢ ᠨᠤᠬᠠᠢ᠎ᠪᠠᠨ ᠲᠡᠪᠡᠷᠢᠵᠤ ᠠᠪᠤᠭ᠋ᠠᠳ ᠭᠠᠷᠴᠤ ᠢᠷᠡᠶ᠎ᠡ ᠭᠡᠵᠦ ᠰᠠᠨᠠᠬᠰᠠᠨ》 ᠭᠡᠵᠦ ᠠ᠋ᠬᠡᠨᠡᠷ ᠮᠢᠨᠢ ᠵᠠᠮ ᠳᠤ᠎ᠪᠠᠨ ᠬᠡᠯᠡᠵᠦ ᠪᠠᠢ᠍ᠢ᠍ᠪᠠ᠃ ᠭᠡᠪᠡᠴᠦ 《ᠲᠠᠬᠢᠭ᠋ᠠᠳ ᠲᠠᠬᠢᠭ᠋ᠠᠳ ᠨᠤᠬᠠᠢ ᠲᠡᠵᠢᠭᠡᠬᠦ᠎ᠪᠠᠨ ᠪᠤᠯᠢᠶ᠎ᠠ》 ᠭᠡᠵᠦ ᠲᠦᠷᠦᠬᠦᠦ ᠠᠮᠠ ᠠᠯᠲᠠᠬᠰᠠᠨ ᠤᠴᠢᠷ ᠪᠠᠢ᠍ᠢ᠍ᠬᠤ ᠶᠤᠮ ᠴᠢᠨᠢ᠃
《ᠤᠴᠢᠬᠤ ᠦᠭᠡᠢ ᠭᠡᠰᠡᠨ ᠭᠠᠵᠠᠷ ᠭᠤᠷᠪᠠ ᠤᠴᠢᠨ᠎ᠠ᠂ ᠤᠷᠤᠬᠤ ᠦᠭᠡᠢ ᠭᠡᠰᠡᠨ ᠠ᠋ᠬᠦᠲᠡᠨᠳᠤ ᠭᠤᠷᠪᠠ ᠤᠷᠤᠨ᠎ᠠ》 ᠭᠡᠰᠡᠨ ᠦᠭᠡ ᠪᠠᠢ᠍ᠢ᠍ᠲᠠᠭ᠃ ᠨᠤᠬᠠᠢ ᠲᠡᠵᠢᠭᠡᠬᠦ᠎ᠪᠠᠨ ᠪᠤᠯᠢᠨ᠎ᠠ! ᠭᠡᠵᠦ ᠪᠢᠲᠡ ᠪᠠᠰᠠ ᠬᠡᠯᠡᠵᠦ ᠦᠨᠭᠭᠡᠷᠡᠭᠰᠡᠨ ᠪᠤᠯᠪᠠᠴᠤ᠂ ᠬᠤᠢ᠍ᠢ᠍ᠨ᠎ᠠ᠎ᠨᠢ 《ᠬᠡᠯᠡᠭᠰᠡᠨ ᠵᠶ᠋ᠠᠨ ᠮᠡᠯᠵᠢᠵᠤ᠂ ᠬᠡᠭᠡᠷᠡᠭᠰᠡᠨ ᠵᠶ᠋ᠠᠨ ᠵᠠᠯᠬᠢᠬᠰᠠᠨ》 ᠶᠠᠪᠤᠲᠠᠯ ᠠ᠋ᠬᠦᠰᠪᠡ᠃ ᠪᠠᠰᠠ ᠠᠷᠪᠠᠨ ᠬᠡᠲᠦᠨ ᠵᠢᠯ ᠦᠨᠭᠭᠡᠷᠡᠭᠡᠳ ᠮᠢᠨᠤ ᠤᠮᠪᠤᠯᠤ ᠦᠬᠢᠨ ᠭᠡᠲᠡᠭ ᠨᠢᠭᠡ ᠶᠠᠭᠤᠮ᠎ᠠ ᠦᠰᠦᠭᠡᠳ ᠭᠠᠷᠤᠭ᠋ᠠᠳ ᠢᠷᠡᠯ᠎ᠡ᠃ ᠪᠠᠰᠠ ᠯᠠ ᠮᠤᠤᠷ ᠨᠤᠬᠠᠢ᠎ᠳᠤ ᠠᠷᠭ᠎ᠠ ᠦᠭᠡᠢ ᠲᠤᠷᠠᠲᠠᠢ ᠠᠮᠢᠲᠠᠨ᠃ ᠠ᠋ᠬᠢᠯᠡᠭᠡᠳ ᠮᠤᠤᠷ ᠨᠤᠬᠠᠢ ᠲᠡᠵᠢᠭᠡᠨ᠎ᠡ ᠭᠡᠬᠦᠯᠡᠷ ᠠ᠋ᠮᠡᠭᠡ᠎ᠨᠢ ᠶᠡᠷᠦ᠎ᠨᠢ ᠵᠦᠪᠰᠢᠶᠡᠷᠡᠭᠰᠡᠨ ᠦᠭᠡᠢ᠃ ᠲᠦᠷᠦᠬᠦᠦ᠎ᠨᠢ ᠮᠤᠤᠷ᠂ ᠨᠤᠬᠠᠢ ᠲᠡᠵᠢᠭᠡᠵᠦ ᠦᠬᠦᠭᠦᠯᠦᠭᠰᠡᠨ ᠪᠤᠶᠤ ᠠᠯᠲᠠᠵᠤ ᠭᠡᠭᠡᠭᠡᠭᠰᠡᠨ᠂ ᠬᠦᠮᠦᠨ᠎ᠳᠤ ᠦᠭᠭᠦᠭᠰᠡᠨ ᠮᠡᠲᠦ ᠵᠢᠨ ᠭᠠᠰᠢᠭᠤᠨ ᠦᠨᠭᠭᠡᠷᠭᠡᠯᠲᠡᠲᠠᠢ ᠪᠤᠯᠬᠤᠷ᠂ ᠮᠠᠨ᠎ᠤ ᠬᠦᠮᠦᠨ᠎ᠤ ᠵᠢᠷᠦᠬᠡᠨ᠎ᠳᠤᠨᠢ ᠰᠢᠷ᠎ᠠ ᠤᠰᠤ ᠲᠤᠨᠵᠠᠢ᠃ ᠮᠠᠨ᠎ᠤ ᠶᠡᠬᠡ ᠬᠦᠦ ᠭᠡᠵᠦ ᠬᠡᠷᠡᠭ᠎ᠲᠤ ᠲᠤᠷᠠᠲᠠᠢ ᠠᠮᠢᠲᠠᠨ ᠪᠠᠢ᠍ᠢ᠍ᠲᠠᠭ᠃ 《ᠨᠤᠬᠠᠢ ᠲᠡᠵᠢᠭᠡᠨ᠎ᠡ》 ᠭᠡᠳ ᠦᠬᠢᠨ᠎ᠨᠢ ᠴᠢᠬᠢᠨ᠎ᠤ ᠬᠤᠨᠭ᠌ᠬᠤ ᠪᠤᠯᠤᠭ᠋ᠠᠳ ᠪᠠᠢ᠍ᠢ᠍ᠬᠤᠯᠠᠷ᠂ 《ᠲᠠᠢ᠍ᠢ᠍ᠳᠢ》 ᠭᠡᠬᠦ ᠤᠲᠤᠮ᠎ᠤᠨ ᠮᠠᠰᠢ ᠦᠨ᠎ᠡ᠎ᠲᠠᠢ ᠭᠦᠯᠦᠭᠡ ᠠᠪᠤᠭ᠋ᠠᠳ ᠦᠭᠴᠢᠬᠡᠪᠡ᠃ ᠨᠢᠭᠡ ᠤᠲᠠᠭ᠎ᠠ ᠤᠮᠪᠤᠯᠤ ᠮᠢᠨᠢ ᠪᠢᠴᠢᠬᠠᠨ 《ᠲᠠᠢ᠍ᠢ᠍ᠳᠢ》᠎ᠪᠠᠨ ᠬᠦᠲᠦᠯᠦᠭᠡᠳ ᠮᠠᠨ᠎ᠤ᠎ᠳᠤ ᠬᠦᠷᠦᠭᠡᠳ ᠢᠷᠡᠭᠰᠡᠨ᠎ᠳᠤ᠂ ᠠ᠋ᠮᠡᠭᠡ᠎ᠨᠢ ᠦᠵᠡᠮᠡᠭᠴᠡ ᠠᠭᠤᠷᠯᠠᠵᠤ 《ᠬᠦᠢ ᠲᠦᠢ》᠎ᠨᠢ ᠠᠯᠲᠠᠷᠠᠭ᠋ᠠᠳ ᠭᠡᠷ ᠲᠤ᠎ᠪᠠᠨ ᠤᠷᠤᠭᠤᠯᠤᠬᠰᠠᠨ ᠦᠭᠡᠢ᠃ ᠲᠡᠬᠦᠨ᠎ᠠᠴᠠ ᠬᠤᠢ᠍ᠢ᠍ᠰᠢ ᠬᠡᠲᠦᠨ ᠵᠢᠯ ᠪᠤᠯᠲᠠᠯ᠎ᠠ ᠤᠮᠪᠤᠯᠤ ᠮᠠᠨᠢ 《ᠲᠠᠢ᠍ᠢ᠍ᠳᠢ》 ᠵᠢ ᠮᠠᠨ᠎ᠤ ᠳᠤ ᠲᠠᠭ᠋ᠠᠭᠤᠯᠵᠤ ᠢᠷᠡᠬᠦ ᠵᠢ ᠵᠤᠷᠢᠬᠯᠠᠭᠡ ᠦᠭᠡᠢ᠃
ᠤᠲᠠᠯ ᠦᠭᠡᠢ᠂ ᠠ᠋ᠬᠡᠨᠡᠷᠲᠠᠢᠪᠠᠨ ᠪᠢᠲᠠ ᠬᠤᠶᠠᠭᠤᠯᠠ ᠠᠷᠤ ᠠᠷᠤ᠎ᠠᠴᠠ᠎ᠪᠠᠨ ᠠᠵᠢᠯ᠎ᠠᠴᠠ᠎ᠪᠠᠨ ᠲᠠᠷᠬᠠᠯᠠᠬᠲᠠᠵᠤ ᠲᠡᠳᠬᠦᠪᠦᠷᠢ᠎ᠳᠤ ᠭᠠᠷᠤᠯ᠎ᠠ᠃ ᠤᠮᠪᠤᠯᠤ ᠮᠢᠨᠢ ᠴᠤ᠌ ᠲᠤᠮᠲᠠᠳᠤ ᠰᠤᠷᠭ᠋ᠠᠭᠤᠯᠢ᠎ᠳᠤ ᠲᠡᠪᠰᠢᠭᠡᠳ ᠰᠤᠷᠤᠯᠭ᠎ᠠ ᠵᠢᠨ ᠲᠠᠷᠤᠭ᠋ᠠᠰᠤ ᠬᠦᠨᠲᠦ᠂ ᠲᠠᠰᠬᠠᠯ ᠲᠠᠭ᠋ᠠᠭ᠋ᠠᠯᠭ᠋ᠠᠪᠤᠷᠢ ᠠᠷᠪᠢᠨ᠂ ᠨᠤᠬᠠᠢ᠎ᠪᠠᠷ ᠲᠤᠬᠯᠠᠬᠤ ᠵᠠᠪ ᠴᠢᠯᠦᠭᠡ ᠬᠤᠮᠰᠠ᠃ 《ᠡᠪᠦᠭᠡ ᠠ᠋ᠮᠡᠭᠡ ᠠᠵᠢᠯ᠎ᠠᠴᠠ᠎ᠪᠠᠨ ᠠᠮᠠᠷᠠᠭ᠋ᠠᠳ ᠲᠠᠨᠭ᠌ᠴᠤ ᠠ᠋ᠯᠡᠢ ᠬᠤᠯᠠᠢ ᠰᠠᠨᠠᠬᠲᠠᠵᠤ ᠪᠠᠢ᠍ᠢ᠍ᠬᠤ ᠪᠠᠢ᠍ᠢ᠍ᠯᠬᠦᠢ᠃ ᠲᠠ ᠬᠤᠶᠠᠭᠤᠯᠠ ᠵᠢᠨ ᠰᠡᠳᠬᠢᠯ᠎ᠢ ᠠᠷᠭ᠋ᠠᠲᠠᠶᠠ》 ᠭᠡᠰᠡᠨ ᠰᠠᠢ᠍ᠢ᠍ᠬᠠᠨ ᠨᠡᠷ᠎ᠡ᠎ᠪᠠᠷ ᠤᠮᠪᠤᠯᠤ ᠮᠠᠨᠢ ᠨᠦᠬᠦᠭᠡ 《ᠲᠠᠢ᠍ᠢ᠍ᠳᠢ》᠎ᠪᠠᠨ ᠠᠪᠴᠢᠷᠠᠵᠤ ᠦᠭᠭᠦᠭᠰᠡᠨ᠎ᠳᠤ᠂ ᠮᠠᠨ᠎ᠤ ᠬᠦᠮᠦᠨ ᠴᠤ᠌ ᠲᠠᠲᠠᠭ᠋ᠠᠯᠵᠠᠵᠤ ᠴᠢᠲᠠᠬᠰᠠᠨ ᠦᠭᠡᠢ᠃ ᠬᠡᠯᠡᠪᠡᠴᠤ 《ᠲᠠᠢ᠍ᠢ᠍ᠳᠢ》 ᠭᠡᠵᠦ ᠲᠤᠩ ᠬᠦᠭᠡᠷᠦᠬᠦᠨ ᠠᠮᠢᠲᠠᠨ᠂ ᠮᠠᠰᠢ ᠨᠤᠮᠤᠬᠠᠨ᠂ ᠠ᠋ᠨᠲᠡ ᠲᠡᠨᠲᠡ ᠲᠦᠢ᠍ᠳᠳᠡᠭ ᠦᠭᠡᠢ᠂ ᠬᠡᠷᠡᠭ ᠵᠤᠷᠢᠭ ᠭᠠᠷᠭ᠋ᠠᠲᠠᠬ ᠦᠭᠡᠢ᠂ ᠬᠠᠮᠤᠭ᠎ᠤᠨ ᠰᠠᠢ᠍ᠢ᠍ᠨ᠎ᠨᠢ ᠭᠡᠪᠡᠯ ᠭᠡᠷ᠎ᠲᠤ ᠪᠠᠭ᠋ᠠᠵᠤ ᠰᠢᠭᠡᠲᠡᠭ ᠦᠭᠡᠢ᠂ ᠴᠠᠭ᠎ᠨᠢ ᠪᠤᠯᠪᠠᠯ ᠭᠦᠶᠦᠵᠦ ᠢᠷᠡᠭᠡᠳ ᠬᠦᠯ ᠭᠠᠷ᠎ᠠᠴᠠ ᠴᠢᠨᠢ ᠲᠠᠲᠠᠵᠤ ᠴᠢᠨᠭ᠌ᠭ᠋ᠠᠭ᠋ᠠᠳ ᠭᠠᠷᠬᠤ ᠭᠡᠰᠡᠨ ᠰᠠᠨᠠᠭ᠎ᠠ᠎ᠪᠠᠨ ᠢᠯᠡᠳᠭᠡᠨ᠎ᠡ᠂ ᠨᠤᠬᠠᠢ ᠨᠠᠶᠠᠨ ᠬᠡᠲᠦᠨ ᠲᠠᠩ ᠦᠭᠡ ᠵᠢ ᠮᠡᠲᠡᠨ᠎ᠡ ᠭᠡᠵᠦ ᠠᠯᠢ ᠨᠢᠭᠡ ᠨᠤᠮ᠎ᠳᠤ ᠪᠢᠴᠢᠭᠰᠡᠨᠢ ᠪᠢ ᠤᠨᠭ᠌ᠰᠢᠬᠰᠠᠨ᠃ ᠮᠠᠨ᠎ᠤ 《ᠲᠠᠢ᠍ᠢ᠍ᠳᠢ》 ᠴᠤᠬᠤᠮ ᠲᠡᠲᠦᠢ ᠲᠠᠩ ᠦᠭᠡ ᠮᠡᠲᠡᠲᠡᠭ ᠠ᠋ᠰᠡᠬᠦ ᠵᠢ ᠪᠢ ᠰᠢᠨᠵᠢᠯᠡᠭᠡ ᠬᠢᠵᠦ ᠴᠢᠲᠠᠬᠤ ᠦᠭᠡᠢ᠂ ᠭᠡᠪᠡᠴᠦ ᠢᠲᠡᠵᠦ ᠤᠤᠭᠤᠬᠤ᠂ ᠭᠠᠷᠴᠤ ᠤᠷᠤᠬᠤ ᠭᠡᠬᠦ ᠮᠡᠲᠦ ᠵᠢᠨ ᠲᠤᠬᠢᠶᠠᠨ᠎ᠤ ᠦᠭᠡ ᠵᠢ ᠨᠡᠯᠢᠶᠡᠳ ᠮᠡᠲᠡᠨ᠎ᠡ᠃ ᠬᠦᠲᠦᠯᠦᠭᠡᠳ ᠭᠠᠷᠤᠶ᠎ᠠ ᠭᠡᠳ ᠲᠡᠭᠡᠰᠦ ᠵᠢ᠎ᠨᠢ ᠠᠪᠤᠭ᠋ᠠᠳ ᠢᠷᠡᠬᠦ᠎ᠳᠤ ᠲᠡᠷᠭᠡᠲᠡ ᠢᠷᠡᠭᠡᠳ ᠵᠤᠬᠰᠤᠵᠤ ᠦᠭᠲᠡᠭ; ᠭᠠᠲᠠᠨ᠎ᠠ᠎ᠠᠴᠠ ᠤᠷᠤᠵᠤ ᠢᠷᠡᠭᠡᠳ ᠬᠦᠯ᠎ᠢ᠎ᠨᠢ ᠤᠬᠢᠶᠠᠵᠤ ᠵᠦᠯᠬᠦᠵᠦ ᠦᠭᠭᠦᠶ᠎ᠡ ᠭᠡᠬᠦ᠎ᠳᠤ ᠤᠬᠢᠶᠠᠯᠭ᠎ᠠ ᠵᠢᠨ ᠦᠷᠦᠭᠡᠨ᠎ᠳᠤ ᠲᠠᠭ᠋ᠠᠵᠤ ᠤᠷᠤᠲᠠᠭ᠃ ᠨᠢᠭᠡ ᠮᠠᠭᠤ᠎ᠨᠢ 《ᠬᠤᠪᠳᠤᠭ》᠎ᠨᠢ ᠬᠡᠴᠡᠬᠦᠦ᠂ ᠬᠦᠮᠦᠨ᠎ᠤ ᠶᠠᠭᠤᠮ᠎ᠠ ᠢᠲᠡᠬᠦ ᠵᠢ ᠬᠠᠷᠠᠮᠠᠬ᠍ᠴᠠ ᠭᠦᠶᠦᠭᠡᠳ ᠢᠷᠡᠨ᠎ᠡ᠂ ᠢᠲᠡᠰᠢᠨ᠎ᠳᠤ ᠲᠤᠷᠠᠯᠠᠵᠤ ᠭᠤᠷᠢᠯᠠᠬᠰᠠᠨ ᠲᠡᠷᠡ ᠬᠠᠷᠠᠴᠠ ᠵᠢ᠎ᠨᠢ ᠦᠵᠡᠪᠡᠯ ᠶᠠᠭ ᠲᠡᠰᠬᠦ ᠦᠭᠡᠢ᠂ 《ᠠᠳᠢᠰ》 ᠲᠡᠲᠦᠢ ᠦᠭᠴᠦ ᠢᠲᠡᠬᠦᠯᠦᠨᠡ᠃ 《ᠬᠦᠮᠦᠨ᠎ᠤ ᠢᠲᠡᠲᠡᠭ ᠬᠤᠭᠤᠯᠠ ᠦᠭᠴᠦ ᠢᠲᠡᠬᠦᠯᠦᠭᠡᠳ ᠨᠤᠬᠠᠢ ᠵᠢ ᠲᠠᠷᠭᠤᠯᠠᠭᠤᠯᠴᠢᠬᠠᠯᠠ》 ᠭᠡᠵᠦ ᠤᠮᠪᠤᠯᠤ ᠬᠠᠶᠠ ᠨᠢᠭᠡ ᠭᠢᠯᠠᠰᠤᠭᠤᠯᠵᠤ ᠢᠷᠡᠭᠡᠳ 《ᠲᠤᠨᠭ᠌ᠭᠤᠲᠤᠯᠭᠠ》 ᠲᠠᠯᠪᠢᠭ᠋ᠠᠳ ᠶᠠᠪᠤᠨ᠎ᠠ᠃ ᠤᠳᠤ ᠬᠤᠲᠠ᠎ᠳᠤ ᠠ᠋ᠨᠭ᠌ᠬᠦᠷᠡᠢ ᠠᠮᠢᠲᠠᠨ ᠲᠡᠵᠢᠭᠡᠬᠦ᠎ᠳᠤ ᠵᠠᠷᠤᠲᠠᠯ ᠶᠡᠬᠡ ᠤᠷᠤᠨ᠎ᠠ᠂ ᠨᠤᠬᠠᠢ ᠲᠡᠵᠢᠭᠡᠬᠦ ᠲᠤᠰᠬᠠᠢ ᠬᠤᠭᠤᠯᠠ ᠬᠦᠨᠡᠰᠦ ᠵᠠᠬᠢᠶᠠᠯᠠᠵᠤ ᠠᠪᠤᠨ᠎ᠠ᠂ ᠦᠰᠦ᠎ᠨᠢ ᠤᠷᠭᠤᠪᠠᠯ ᠲᠤᠰᠬᠠᠢ ᠲᠡᠯᠭᠡᠭᠦᠷ᠎ᠲᠤ ᠤᠴᠢᠵᠤ ᠤᠬᠢᠶᠠᠯᠭ᠋ᠠᠨᠠ᠂ ᠦᠰᠦ ᠵᠢ᠎ᠨᠢ ᠶᠠᠨᠭ᠌ᠵᠤᠯᠠᠨᠠ᠂ ᠪᠠᠭ᠎ᠠ ᠰᠠᠭ᠎ᠠ ᠭᠡᠮᠨᠡᠪᠡᠯ 《ᠠ᠋ᠨᠭ᠌ᠬᠦᠷᠡᠢ ᠠᠮᠢᠲᠠᠨ᠎ᠤ ᠠ᠋ᠮᠨᠡᠯᠭᠡ》᠎ᠳᠤ ᠠᠪᠠᠴᠢᠵᠤ ᠲᠠᠷᠢᠯᠭ᠎ᠠ ᠵᠠᠰᠠᠯᠭ᠎ᠠ ᠬᠢᠯᠭᠡᠨ᠎ᠡ᠃ ᠪᠠᠭ᠎ᠠ ᠴᠤ᠌ ᠦᠭᠡᠢ ᠮᠦᠨᠭᠭᠦ ᠲᠦᠬᠦᠷᠢᠭ ᠤᠷᠤᠨ᠎ᠠ᠃ ᠭᠡᠪᠡᠴᠦ ᠶᠠᠭ᠋ᠠᠬᠢᠨᠠᠮ? ᠬᠡᠲᠦᠨ ᠵᠢᠯ ᠲᠡᠵᠢᠭᠡᠭᠡᠳ ᠨᠢᠭᠡᠨᠲᠡ ᠲᠠᠰᠴᠢᠬᠠᠬᠰᠠᠨ ᠬᠤᠢ᠍ᠢ᠍ᠨ᠎ᠠ ᠠᠷᠭ᠎ᠠ ᠦᠭᠡᠢ᠂ ᠤᠳᠤ ᠠᠪᠤᠭ᠋ᠠᠳ ᠶᠠᠪᠤᠬᠤ ᠭᠡᠬᠦᠯᠡᠷ ᠪᠦᠷ ᠦᠭᠴᠦ ᠶᠠᠪᠤᠭᠤᠯᠬᠤ ᠲᠤᠷ᠎ᠠ ᠦᠭᠡᠢ ᠪᠤᠯᠪᠠ᠃ ᠠ᠋ᠨᠭ᠌ᠬᠦᠷᠡᠢ ᠠᠮᠢᠲᠠᠨ ᠲᠡᠵᠢᠭᠡᠬᠦ᠎ᠨᠢ ᠬᠦᠮᠦᠰ᠎ᠲᠤ᠂ ᠢᠯᠠᠨᠭ᠌ᠭᠤᠶ᠎ᠠ ᠭᠡᠷ᠎ᠤᠨ ᠮᠤᠬᠤᠷ ᠵᠶ᠋ᠠᠨ ᠰᠠᠬᠢᠵᠤ ᠰᠠᠭᠤᠬᠰᠠᠨ ᠨᠠᠰᠤᠲᠠᠢ᠍ᠢ᠍ᠴᠤᠳᠲᠤ ᠶᠡᠬᠡ ᠰᠠᠢ᠍ᠢ᠍ᠨ ᠶᠤᠮ ᠭᠡᠵᠦ᠂ ᠤᠷᠮ᠎ᠠ ᠵᠤᠷᠢᠭ᠎ᠢ᠎ᠨᠢ ᠰᠡᠷᠬᠦᠭᠡᠨ᠎ᠡ᠂ ᠤᠢ᠍ᠢ᠍ᠳᠬᠠᠢ ᠭᠠᠨᠭ᠌ᠰᠠᠷᠠᠯᠢ ᠨᠢ ᠲᠠᠢ᠍ᠢ᠍ᠯᠤᠨ᠎ᠠ᠂ ᠤᠶᠠᠨ ᠰᠠᠨᠠᠭ᠋ᠠᠨ᠎ᠤ ᠬᠠᠨᠢ ᠪᠤᠯᠤᠨ᠎ᠠ ᠭᠡᠵᠦ ᠨᠤᠮ᠎ᠳᠤ ᠪᠢᠴᠢᠭᠰᠡᠨᠢ ᠪᠢ ᠤᠨᠭ᠌ᠰᠢᠬᠰᠠᠨ᠃ ᠤᠲᠤ ᠪᠢ ᠠ᠋ᠬᠦᠨ᠎ᠢ ᠮᠡᠰᠢ ᠦᠨᠡᠮᠰᠢᠬᠦ ᠪᠤᠯᠪᠠ᠃ ᠵᠠᠷᠢᠮ᠎ᠳᠤ᠎ᠪᠠᠨ ᠬᠤᠭ᠎ᠤᠨ ᠰᠠᠪᠠ ᠵᠢ ᠠᠭᠤᠳᠠᠯᠤᠭ᠋ᠠᠳ᠂ ᠬᠤᠷᠤᠳ ᠠᠭ᠋ᠠᠷᠤᠤᠯᠢ ᠬᠤᠯᠠᠭᠤᠭ᠋ᠠᠳ 《ᠠᠯᠲᠠᠭ᠎ᠠ》 ᠭᠠᠷᠭ᠋ᠠᠴᠢᠬᠠᠪᠠᠴᠤ᠂ ᠵᠢᠭ᠋ᠠᠬᠠᠨ ᠠᠭᠤᠷᠯᠠᠵᠤ ᠵᠠᠨᠭ᠌ᠨᠠᠬᠤᠠᠴᠠ ᠪᠢᠰᠢ᠂ ᠶᠡᠷᠦ᠎ᠨᠢ ᠵᠤᠲᠤᠵᠤ ᠴᠤᠬᠢᠲᠠᠭ ᠦᠭᠡᠢ᠃ ᠰᠠᠶ᠋ᠢ ᠠᠪᠤᠭ᠋ᠠᠳ ᠢᠷᠡᠬᠦ᠎ᠳᠤ ᠨᠢᠲᠤᠷᠭ᠋ᠠᠨ ᠬᠢᠷᠢ ᠵᠢᠵᠢᠭ ᠠᠮᠢᠲᠠᠨ ᠪᠠᠢ᠍ᠢ᠍ᠬᠰᠠᠨ ᠶᠤᠮ᠂ ᠮᠠᠨᠤᠰ᠎ᠲᠤ ᠠᠷᠪᠠᠨ ᠬᠡᠲᠦᠨ ᠵᠢᠯ ᠬᠠᠨᠢ ᠪᠤᠯᠵᠤ ᠠᠮᠢᠲᠤᠷᠠᠬᠤ ᠬᠤᠪᠢ ᠢᠷᠦᠭᠡᠯ᠎ᠲᠠᠢ ᠠᠮᠢᠲᠠᠨ ᠰᠢᠦ᠂ ᠬᠦᠭᠡᠷᠦᠬᠦᠢ!
ᠵᠤᠬᠢᠶᠠᠭᠴᠢ ᠵᠢᠨ ᠬᠠᠶᠢᠭ᠄ ᠦᠪᠦᠷ ᠮᠣᠩᠭᠣᠯ᠎ᠤᠨ ᠡᠳᠦᠷ᠎ᠤᠨ ᠰᠣᠨᠢᠨ᠎ᠤ ᠬᠣᠷᠢᠶ᠎ᠠ