ᠲᠠᠪᠤᠳᠤᠭ᠋ᠠᠷ ᠤᠳᠠᠭ᠋ᠠᠨ᠎ᠤ ᠪᠦᠬᠦ ᠤᠯᠤᠰ᠎ᠤᠨ ᠠᠵᠤ ᠠᠬᠤᠢ ᠵᠢᠨ ᠨᠡᠢ᠌ᠳᠡᠮ ᠪᠠᠢ᠌ᠴᠠᠭ᠋ᠠᠯᠲᠠ ᠵᠢᠨ ᠠᠷᠠᠳ᠎ᠤᠨ ᠶᠠᠪᠤᠳᠠᠯ᠎ᠤᠨ ᠬᠦᠷᠢᠶ᠎ᠡ ᠴᠠᠷᠠᠭ᠎ᠠ᠎ᠳᠤ᠎ᠬᠢ ᠨᠡᠢ᠌ᠳᠡᠮ᠎ᠤᠨ ᠪᠠᠢ᠌ᠴᠠᠭ᠋ᠠᠯᠲᠠ ᠵᠢᠨ ᠠᠵᠢᠯ᠎ᠤᠨ ᠡᠬᠦᠷᠬᠡ ᠵᠢ ᠰᠠᠢ᠌ᠳᠤᠷ ᠪᠡᠶᠡᠯᠡᠭᠦᠯᠬᠦ ᠵᠢᠨ ᠲᠦᠯᠤᠬᠡ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠶᠠᠪᠤᠳᠠᠯ᠎ᠤᠨ ᠲᠢᠩᠬᠢᠮ᠎ᠤᠨ᠎ᠬᠢᠨ ᠰᠢ ᠵᠢᠨ ᠫᠢᠩ᠎ᠤᠨ ᠰᠢᠨ᠎ᠡ ᠴᠠᠭ ᠦᠶ᠎ᠡ ᠵᠢᠨ ᠳᠤᠮᠳᠠᠳᠤ ᠤᠯᠤᠰ᠎ᠤᠨ ᠣᠨᠴᠠᠯᠢᠭ᠎ᠲᠠᠢ ᠨᠡᠢ᠌ᠭᠡᠮ ᠵᠢᠷᠤᠮ᠎ᠤᠨ ᠦᠵᠡᠯ ᠰᠠᠨᠠᠭ᠎ᠠ᠎ᠪᠠᠷ ᠵᠢᠯᠣᠭᠣᠳᠤᠯᠭ᠎ᠠ ᠪᠣᠯᠭ᠋ᠠᠵᠤ᠂ ᠨᠠᠮ᠎ᠤᠨ ᠬᠣᠷᠢᠳᠤᠭ᠋ᠠᠷ ᠶᠡᠬᠡ ᠬᠤᠷᠠᠯ᠎ᠤᠨ ᠵᠣᠷᠢᠭ ᠰᠠᠨᠠᠭ᠎ᠠ ᠵᠢ ᠭᠦᠨᠵᠡᠭᠡᠢ ᠰᠤᠷᠤᠯᠴᠠᠨ ᠲᠤᠭᠤᠰᠢᠯᠠᠭᠤᠯᠵᠤ᠂ ᠨᠠᠮ᠎ᠤᠨ ᠲᠥᠪ ᠬᠣᠷᠢᠶ᠎ᠠ᠂ ᠲᠥᠷᠥ ᠵᠢᠨ ᠶᠠᠪᠤᠳᠠᠯ᠎ᠤᠨ ᠬᠣᠷᠢᠶ᠎ᠠ᠂ ᠦᠪᠤᠷ ᠮᠤᠡᠭᠭᠤᠯ᠎ᠤᠨ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ᠂ ᠵᠠᠰᠠᠭ᠎ᠤᠨ ᠣᠷᠳᠣᠨ᠂ ᠥᠪᠡᠷᠲᠡᠭᠡᠨ ᠵᠠᠰᠠᠬᠤ ᠣᠷᠣᠨ᠎ᠤ ᠠᠵᠤ ᠠᠬᠤᠢ ᠵᠢᠨ ᠨᠡᠢ᠌ᠳᠡᠮ᠎ᠤᠨ ᠪᠠᠢ᠌ᠴᠠᠭ᠋ᠠᠯᠳᠠ ᠵᠢᠨ ᠠᠯᠪᠠᠨ ᠬᠡᠷ᠎ᠤᠨ ᠰᠢᠢ᠍ᠳᠪᠦᠷᠢᠲᠦ ᠪᠣᠳᠣᠯᠭ᠎ᠠ ᠵᠢᠨ ᠪᠠᠢ᠌ᠷᠢᠯᠠᠭᠤᠯᠤᠯᠲᠠ ᠵᠢ ᠬᠢᠨᠠᠮᠠᠭ᠋ᠠᠢ ᠨᠠᠢ᠌ᠳᠠᠪᠤᠷᠢᠵᠢᠭᠤᠯᠤᠨ᠂ ᠬᠠᠤᠯᠢ ᠶᠣᠰᠣᠭ᠋ᠠᠷ ᠨᠡᠢ᠌ᠳᠡᠮ ᠪᠠᠢ᠌ᠴᠠᠭ᠋ᠠᠬᠤ᠂ ᠰᠢᠨᠵᠢᠯᠡᠬᠦ ᠤᠬᠠᠭ᠋ᠠᠨᠴᠢ᠎ᠪᠠᠷ ᠨᠡᠢ᠌ᠳᠡᠮ ᠪᠠᠢ᠌ᠴᠠᠭ᠋ᠠᠬᠤ᠂ ᠠᠷᠠᠳ᠎ᠤᠨ ᠲᠥᠯᠥᠭᠡ ᠨᠡᠢ᠌ᠳᠡᠮ ᠪᠠᠢ᠌ᠴᠠᠭ᠋ᠠᠬᠤ᠂ ᠦᠨᠡᠨ᠎ᠠᠴᠠ ᠵᠥᠪ᠎ᠢ ᠡᠷᠢᠬᠦ ᠵᠢ ᠪᠠᠷᠢᠮᠳᠠᠯᠠᠪᠠ᠃ ᠰᠠᠯᠠᠭ᠎ᠠ ᠮᠥᠴᠢᠷ᠎ᠤᠨ᠎ᠬᠢᠨ᠎ᠤ ᠡᠭᠦᠷᠭᠡ ᠬᠠᠷᠢᠭᠤᠴᠠᠯᠭ᠎ᠠ ᠵᠢᠨ ᠠᠵᠢᠯ᠎ᠤᠨ ᠬᠤᠪᠢᠶᠠᠷᠢᠯᠠᠯ᠎ᠢ ᠦᠨᠳᠦᠰᠦᠯᠡᠨ᠂ ᠬᠦᠴᠦ᠎ᠪᠠᠨ ᠬᠠᠮᠲᠤᠳᠬᠠᠨ ᠨᠢᠭᠲᠠ ᠬᠠᠮᠵᠢᠯᠴᠠᠵᠤ᠂ ᠨᠡᠢ᠌ᠳᠡᠮ᠎ᠤᠨ ᠪᠠᠢ᠌ᠴᠠᠭ᠋ᠠᠯᠲᠠ ᠵᠢᠨ ᠤᠬᠠᠭᠤᠯᠤᠨ ᠳᠠᠢ᠌ᠴᠢᠯᠠᠬᠤ ᠪᠠ ᠵᠣᠬᠢᠶᠠᠨ ᠪᠠᠢ᠌ᠭᠤᠯᠤᠨ ᠬᠡᠷᠡᠭᠵᠢᠭᠦᠯᠬᠦ ᠡᠯ᠎ᠡ ᠠᠵᠢᠯ᠎ᠢ ᠬᠢᠨᠠᠮᠠᠭ᠋ᠠᠢ ᠰᠠᠢ᠌ᠲᠤᠷ ᠬᠢᠵᠦ᠂ ᠲᠠᠪᠤᠳᠤᠭ᠋ᠠᠷ ᠤᠳᠠᠭ᠋ᠠᠨ᠎ᠤ ᠪᠥᠬᠥ ᠤᠯᠤᠰ᠎ᠤᠨ ᠠᠵᠤ ᠠᠬᠤᠢ ᠵᠢᠨ ᠨᠡᠢ᠌ᠳᠡᠮ ᠪᠠᠢ᠌ᠴᠠᠭ᠋ᠠᠯᠲᠠ ᠵᠢᠨ ᠠᠷᠠᠳ᠎ᠤᠨ ᠶᠠᠪᠤᠳᠠᠯ᠎ᠤᠨ ᠬᠦᠷᠢᠶ᠎ᠡ ᠴᠠᠷᠠᠭ᠎ᠠ᠎ᠳᠤ᠎ᠬᠢ ᠨᠡᠢ᠌ᠳᠡᠮ ᠪᠠᠢ᠌ᠴᠠᠭ᠋ᠠᠯᠲᠠ ᠵᠢᠨ ᠠᠵᠢᠯ᠎ᠤᠨ ᠡᠭᠦᠷᠭᠡ ᠵᠢ ᠲᠡᠭᠦᠰ ᠠᠮᠵᠢᠯᠲᠠ᠎ᠲᠠᠢ ᠪᠡᠶᠡᠯᠡᠭᠦᠯᠬᠦ ᠵᠢ ᠪᠠᠳᠤᠯᠠᠪᠠ᠃
ᠨᠢᠭᠡ᠂ ᠲᠠᠪᠤᠳᠤᠭ᠋ᠠᠷ ᠤᠳᠠᠭ᠋ᠠᠨ᠎ᠤ ᠪᠥᠬᠥ ᠤᠯᠤᠰ᠎ᠤᠨ ᠠᠵᠤ ᠠᠬᠤᠢ ᠵᠢᠨ ᠨᠡᠢ᠌ᠳᠡᠮ ᠪᠠᠢ᠌ᠴᠠᠭ᠋ᠠᠯᠲᠠ ᠵᠢᠨ ᠠᠷᠠᠳ᠎ᠤᠨ ᠶᠠᠪᠤᠳᠠᠯ ᠤᠨ ᠬᠦᠷᠢᠶ᠎ᠡ ᠴᠠᠷᠠᠭ᠎ᠠ᠎ᠳᠤ᠎ᠬᠢ ᠡᠯ᠎ᠡ ᠵᠦᠢ᠍ᠯ`ᠤᠨ ᠡᠭᠦᠷᠭᠡ ᠵᠢ ᠵᠣᠬᠢᠶᠠᠨ ᠪᠠᠢ᠌ᠭᠤᠯᠤᠨ ᠬᠡᠷᠡᠭᠵᠢᠭᠦᠯᠬᠦ ᠵᠢ ᠪᠠᠲᠤᠲᠠᠢ ᠠᠬᠢᠭᠤᠯᠪᠠ
ᠲᠢᠩᠬᠢᠮ᠎ᠤᠨ ᠠᠯᠪᠠᠨ ᠰᠦᠯᠵᠢᠶ᠎ᠡ᠂ ᠰᠠᠯᠠᠭ᠎ᠠ ᠮᠥᠴᠢᠷ᠎ᠤᠨ ᠸᠢᠴᠠᠲ ᠲᠠᠪᠴᠠᠡᠭ᠂ ᠨᠡᠢ᠌ᠭᠡᠮ᠎ᠤᠨ ᠵᠣᠬᠢᠶᠠᠨ ᠪᠠᠢ᠌ᠭᠤᠯᠤᠯᠲᠠ ᠵᠢᠨ ᠵᠠᠰᠠᠭ᠎ᠤᠨ ᠶᠠᠪᠤᠳᠠᠯ᠎ᠤᠨ ᠦᠢ᠍ᠯᠡᠴᠢᠯᠡᠭᠡᠨ᠎ᠤ ᠲᠠᠪᠴᠠᠩ ᠵᠡᠷᠭᠡ ᠵᠠᠭᠤᠴᠢᠯᠠᠭᠤᠷ᠎ᠢ ᠭᠦᠢ᠍ᠴᠡᠳ ᠠᠰᠢᠭᠯᠠᠨ ᠨᠡᠢ᠌ᠳᠡᠮ᠎ᠤᠨ ᠪᠠᠢ᠌ᠴᠠᠭ᠋ᠠᠯᠲᠠ ᠵᠢᠨ ᠠᠵᠢᠯ᠎ᠤᠨ ᠤᠬᠠᠭᠤᠯᠭ᠎ᠠ ᠳᠠᠢ᠌ᠴᠢᠯᠠᠯᠲᠠ ᠵᠢ ᠥᠷᠨᠢᠭᠦᠯᠵᠦ᠂ ᠠᠷᠠᠳ᠎ᠤᠨ ᠶᠠᠪᠤᠳᠠᠯ᠎ᠤᠨ ᠰᠠᠯᠠᠭ᠎ᠠ ᠮᠥᠴᠢᠷ᠎ᠤᠨ ᠳᠡᠩᠰᠡᠯᠡᠨ ᠲᠡᠮᠳᠡᠭᠯᠡᠭᠰᠡᠨ ᠪᠠ ᠬᠠᠮᠢᠶᠠᠷᠴᠤ ᠪᠠᠢ᠌ᠭ᠎ᠠ ᠡᠯ᠎ᠡ ᠲᠥᠷᠥᠯ᠎ᠤᠨ ᠪᠠᠢ᠌ᠭᠤᠯᠤᠮᠵᠢ ᠵᠢ ᠵᠢᠯᠤᠭᠣᠳᠴᠤ ᠪᠠᠢ᠌ᠭ᠋ᠠᠳ ᠠᠵᠤ ᠠᠬᠤᠢ ᠵᠢᠨ ᠨᠡᠢ᠌ᠳᠡᠮ᠎ᠤᠨ ᠪᠠᠢ᠌ᠴᠠᠭ᠋ᠠᠯᠲᠠ ᠵᠢᠨ ᠴᠢᠬᠤᠯᠠ ᠠᠴᠢ ᠬᠣᠯᠪᠣᠭᠳᠠᠯ ᠪᠠ ᠦᠢ᠍ᠯᠡᠳᠦᠯ᠎ᠢ ᠭᠦᠢ᠍ᠴᠡᠳ ᠲᠠᠨᠢᠭᠤᠯᠵᠤ᠂ ᠨᠡᠢ᠌ᠳᠡᠮ᠎ᠤᠨ ᠪᠠᠢ᠌ᠴᠠᠭ᠋ᠠᠯᠲᠠ᠎ᠳᠤ ᠬᠠᠤᠯᠢ ᠶᠣᠰᠣᠭ᠋ᠠᠷ ᠣᠷᠣᠯᠴᠠᠭᠤᠯᠪᠠ᠃ ᠨᠡᠢ᠌ᠭᠡᠮ᠎ᠤᠨ ᠵᠣᠬᠢᠶᠠᠨ ᠪᠠᠢ᠌ᠭᠤᠯᠤᠯᠲᠠ᠂ ᠥᠪᠡᠷᠲᠡᠭᠡᠨ ᠵᠠᠰᠠᠬᠤ ᠵᠣᠬᠢᠶᠠᠨ ᠪᠠᠢ᠌ᠭᠤᠯᠤᠯᠲᠠ ᠵᠢᠨ ᠨᠡᠷᠡᠰ᠎ᠤᠨ ᠵᠢᠭᠰᠠᠭ᠋ᠠᠯᠲᠠ ᠵᠢᠨ ᠮᠠᠲ᠋ᠧᠷᠢᠶᠠᠯ᠎ᠢ ᠥᠪᠡᠷᠲᠡᠭᠡᠨ ᠵᠠᠰᠠᠬᠤ ᠣᠷᠣᠨ᠎ᠤ ᠠᠵᠤ ᠠᠬᠤᠢ ᠵᠢᠨ ᠨᠡᠢ᠌ᠳᠡᠮ᠎ᠤᠨ ᠪᠠᠢ᠌ᠴᠠᠭ᠋ᠠᠯᠳᠠ ᠵᠢᠨ ᠠᠯᠪᠠᠨ ᠭᠡᠷ᠎ᠲᠤ ᠴᠠᠭ ᠲᠤᠬᠠᠢᠳᠤᠨᠢ ᠬᠦᠷᠭᠡᠭᠰᠡᠨ᠎ᠤ ᠲᠤᠳᠤᠷ᠎ᠠ ᠰᠠᠭᠤᠷᠢ ᠮᠥᠩᠭᠥᠨ᠎ᠤ ᠨᠡᠢ᠌ᠭᠡᠮᠯᠢᠭ᠎ᠤᠨ ᠲᠣᠭ᠎ᠠ ᠪᠠᠷᠢᠮᠲᠠ 185᠂ ᠠᠷᠠᠳ᠎ᠠᠴᠠ ᠡᠷᠭᠢᠯᠡᠭᠰᠡᠨ ᠠᠵᠤ ᠠᠬᠤᠢ᠌ᠯᠠᠯ᠎ᠤᠨ ᠪᠤᠰᠤ ᠲᠣᠭ᠎ᠠ ᠪᠠᠷᠢᠮᠲᠠ 9081᠂ ᠨᠡᠢ᠌ᠭᠡᠮ᠎ᠤᠨ ᠪᠦᠯᠬᠦᠮ᠎ᠤᠨ ᠲᠣᠭ᠎ᠠ ᠪᠠᠷᠢᠮᠲᠠ 7656᠂ ᠥᠪᠡᠷᠲᠡᠭᠡᠨ ᠵᠠᠰᠠᠬᠤ ᠵᠣᠬᠢᠶᠠᠨ ᠪᠠᠢ᠌ᠭᠤᠯᠤᠯᠲᠠ ᠵᠢᠨ ᠲᠣᠭ᠎ᠠ ᠪᠠᠷᠢᠮᠲᠠ 13734 ᠪᠣᠶ᠃ ᠲᠣᠭ᠎ᠠ ᠪᠠᠷᠢᠮᠲᠠ ᠵᠢᠨ ᠭᠦᠢ᠍ᠴᠡᠳᠬᠡᠯ ᠲᠣᠭ᠎ᠠ ᠵᠢᠨ ᠵᠦᠢ᠍ᠯᠡᠰ᠎ᠲᠤ᠄ ᠨᠢᠭᠡᠳᠦᠯᠲᠡᠢ ᠨᠡᠢ᠌ᠭᠡᠮ᠎ᠤᠨ ᠢᠲᠡᠭᠡᠮᠵᠢ ᠵᠢᠨ ᠣᠷᠣᠯᠠᠬᠤ ᠨᠣᠮᠧᠷ᠂ ᠨᠢᠬᠡᠴᠢ ᠵᠢᠨ ᠨᠡᠷᠡᠢ᠌ᠳᠦᠯ᠂ ᠬᠠᠤᠯᠢ᠎ᠪᠠᠷ ᠲᠣᠭᠲᠠᠭ᠋ᠠᠭᠰᠠᠨ ᠲᠥᠯᠥᠭᠡᠯᠡᠭᠴᠢ (ᠬᠠᠷᠢᠭᠤᠴᠠᠯᠭ᠋ᠠᠲᠠᠨ)᠂ ᠨᠠᠷᠢᠨ ᠬᠠᠶᠢᠭ᠂ ᠣᠷᠣᠨ ᠬᠤᠪᠢᠶᠠᠷᠢᠯᠠᠯ᠎ᠤᠨ ᠨᠣᠮᠧᠷ᠂ ᠰᠢᠤᠳᠠᠨ᠎ᠤ ᠳ᠋ᠤᠭ᠋ᠠᠷ᠂ ᠬᠠᠷᠢᠯᠴᠠᠬᠤ ᠳ᠋ᠢᠶᠠᠩᠬᠤᠸᠠ᠂ ᠭᠣᠣᠯ ᠪᠣᠯᠬᠤ ᠲᠤᠬᠠᠢ᠌ᠯᠠᠭᠰᠠᠨ ᠠᠵᠢᠯ᠎ᠤᠨ ᠠᠵᠢᠯᠯᠠᠭ᠎ᠠ᠂ ᠠᠵᠢᠯ ᠲᠥᠷᠥᠯ᠎ᠤᠨ ᠨᠣᠮᠧᠷ᠂ ᠪᠠᠢ᠌ᠭᠤᠯᠤᠭᠳᠠᠭᠰᠠᠨ ᠡᠳᠦᠷ᠂ ᠪᠠᠢ᠌ᠭᠤᠯᠤᠮᠵᠢ ᠵᠢᠨ ᠲᠥᠷᠥᠯ ᠬᠡᠯᠪᠡᠷᠢ᠂ ᠣᠨ᠎ᠤ ᠮᠡᠳᠡᠭᠦᠯᠦᠯᠲᠡ ᠵᠢᠨ ᠪᠠᠢ᠌ᠳᠠᠯ ᠪᠠᠭᠲᠠᠨ᠎ᠠ᠃ ᠨᠡᠢ᠌ᠳᠡᠮ ᠪᠠᠢ᠌ᠴᠠᠭ᠋ᠠᠯᠲᠠ ᠵᠢᠨ ᠳᠠᠩᠰᠠᠯᠠᠬᠤ ᠱᠠᠲᠤᠨ᠎ᠤ ᠡᠯ᠎ᠡ ᠵᠦᠢ᠍ᠯ᠎ᠤᠨ ᠠᠵᠢᠯ᠎ᠢ ᠢᠳᠡᠪᠬᠢᠲᠡᠢ᠎ᠪᠠᠷ ᠬᠠᠮᠵᠢᠯᠴᠠᠨ ᠰᠠᠢ᠌ᠲᠤᠷ ᠬᠢᠵᠦ᠂ ᠨᠡᠢ᠌ᠳᠡᠮ ᠪᠠᠢ᠌ᠴᠠᠭ᠋ᠠᠯᠲᠠ ᠵᠢᠨ ᠦᠷ᠎ᠡ ᠳ᠋ᠦᠩ ᠬᠢᠭᠡᠳ ᠠᠷᠠᠳ᠎ᠤᠨ ᠶᠠᠪᠤᠳᠠᠯ᠎ᠤᠨ ᠰᠠᠯᠠᠭ᠎ᠠ ᠮᠥᠴᠢᠷ᠎ᠤᠨ ᠬᠠᠩᠭ᠋ᠠᠭᠰᠠᠨ ᠵᠠᠰᠠᠭ ᠵᠠᠬᠢᠷᠭ᠋ᠠᠨ᠎ᠤ ᠲᠡᠮᠳᠡᠭᠯᠡᠯ᠎ᠤᠨ ᠮᠠᠲ᠋ᠧᠷᠢᠶᠠᠯ᠎ᠤᠨ ᠵᠥᠷᠢᠶ᠎ᠡ ᠵᠢᠨ ᠲᠣᠭ᠎ᠠ ᠪᠠᠷᠢᠮᠲᠠ ᠵᠢ ᠤᠩᠰᠢᠨ ᠵᠠᠳᠠᠯᠬᠤ ᠠᠵᠢᠯ᠎ᠢ ᠰᠠᠢ᠌ᠲᠤᠷ ᠬᠢᠪᠡ᠃
ᠬᠣᠶᠠᠷ᠂ ᠲᠠᠪᠤᠳᠤᠭ᠋ᠠᠷ ᠤᠳᠠᠭ᠋ᠠᠨ᠎ᠤ ᠪᠥᠬᠥ ᠤᠯᠤᠰ᠎ᠤᠨ ᠠᠵᠤ ᠠᠬᠤᠢ ᠵᠢᠨ ᠨᠡᠢ᠌ᠳᠡᠮ᠎ᠤᠨ ᠪᠠᠢ᠌ᠴᠠᠭ᠋ᠠᠯᠲᠠ ᠵᠢᠨ ᠠᠷᠠᠳ᠎ᠤᠨ ᠶᠠᠪᠤᠳᠠᠯ᠎ᠤᠨ ᠬᠦᠷᠢᠶ᠎ᠡ ᠴᠠᠷᠠᠭ᠎ᠠ᠎ᠳᠤ᠎ᠬᠢ ᠲᠣᠭ᠎ᠠ ᠪᠠᠷᠢᠮᠲᠠ ᠵᠢᠨ ᠶᠠᠰᠤ ᠴᠢᠨᠠᠷ ᠪᠠ ᠠᠶᠤᠯ ᠦᠬᠡᠢ ᠵᠢ ᠪᠠᠳᠤᠯᠠᠪᠠ
《ᠪᠥᠬᠥᠳᠡ ᠨᠠᠢ᠌ᠷᠠᠮᠳᠠᠬᠤ ᠳᠤᠮᠳᠠᠳᠤ ᠠᠷᠠᠳ ᠤᠯᠤᠰ᠎ᠤᠨ ᠲᠣᠭ᠎ᠠ ᠪᠦᠷᠢᠳᠬᠡᠯ᠎ᠤᠨ ᠬᠠᠤᠯᠢ》 《ᠪᠥᠬᠥᠳᠡ ᠨᠠᠢ᠌ᠷᠠᠮᠳᠠᠬᠤ ᠳᠤᠮᠳᠠᠳᠤ ᠠᠷᠠᠳ ᠤᠯᠤᠰ᠎ᠤᠨ ᠲᠣᠭ᠎ᠠ ᠪᠦᠷᠢᠳᠬᠡᠯ᠎ᠤᠨ ᠬᠠᠤᠯᠢ ᠵᠢ ᠬᠡᠷᠡᠭᠵᠢᠭᠦᠯᠬᠦ ᠳᠦᠷᠢᠮ》 ᠪᠣᠯᠣᠨ 《ᠪᠥᠬᠥ ᠤᠯᠤᠰ᠎ᠤᠨ ᠠᠵᠤ ᠠᠬᠤᠢ ᠵᠢᠨ ᠨᠡᠢ᠌ᠳᠡᠮ ᠪᠠᠢ᠌ᠴᠠᠭ᠋ᠠᠯᠲᠠ ᠵᠢᠨ ᠳᠦᠷᠢᠮ》᠎ᠤᠨ ᠲᠣᠭᠲᠠᠭ᠋ᠠᠯ᠎ᠢ ᠴᠢᠩᠭ᠎ᠠ ᠵᠢᠷᠤᠮᠯᠠᠨ ᠨᠡᠢ᠌ᠳᠡᠮ᠎ᠤᠨ ᠪᠠᠢ᠌ᠴᠠᠭ᠋ᠠᠯᠲᠠ ᠵᠢᠨ ᠡᠯ᠎ᠡ ᠵᠦᠢ᠍ᠯ᠎ᠤᠨ ᠠᠵᠢᠯ᠎ᠢ ᠥᠷᠨᠢᠭᠦᠯᠵᠦ᠂ ᠨᠡᠢ᠌ᠳᠡᠮ᠎ᠤᠨ ᠪᠠᠢ᠌ᠴᠠᠭ᠋ᠠᠯᠲᠠ ᠵᠢᠨ ᠲᠣᠭ᠎ᠠ ᠪᠠᠷᠢᠮᠲᠠ ᠵᠢᠨ ᠶᠠᠰᠤ ᠴᠢᠨᠠᠷ᠎ᠤᠨ ᠬᠤᠷᠢᠭ᠎ᠢ ᠴᠢᠩᠭ᠎ᠠ ᠰᠠᠬᠢᠵᠤ᠂ ᠲᠣᠭ᠎ᠠ ᠪᠦᠷᠢᠳᠬᠡᠯ᠎ᠤᠨ ᠬᠠᠭᠤᠷᠮᠠᠭ ᠵᠶ᠋ᠠᠷ ᠵᠣᠬᠢᠶᠠᠬᠤ ᠵᠢ ᠦᠨᠡᠨ ᠬᠦ᠌ ᠰᠡᠷᠭᠡᠢ᠌ᠯᠡᠬᠦ ᠪᠠ ᠵᠠᠯᠬᠠᠭ᠋ᠠᠨ ᠰᠢᠢ᠍ᠳᠬᠡᠵᠤ᠂ ᠨᠡᠢ᠌ᠳᠡᠮ᠎ᠤᠨ ᠪᠠᠢ᠌ᠴᠠᠭ᠋ᠠᠯᠲᠠ ᠵᠢᠨ ᠲᠣᠭ᠎ᠠ ᠪᠠᠷᠢᠮᠲᠠ ᠵᠢᠨ ᠦᠨᠡᠨ ᠪᠣᠳᠠᠲᠠᠢ ᠣᠨᠣᠪᠴᠢᠲᠠᠶ᠂ ᠪᠦᠷᠢᠨ ᠪᠦᠲᠦᠨ ᠢᠲᠡᠭᠡᠮᠵᠢᠲᠡᠢ ᠪᠠᠢ᠌ᠬᠤ ᠵᠢ ᠪᠠᠳᠤᠯᠠᠵᠤ ᠴᠢᠳᠠᠪᠠ᠃ ᠤᠯᠤᠰ᠎ᠤᠨ ᠶᠡᠷᠦᠩᠬᠡᠢ ᠴᠣᠭᠴᠠ ᠵᠢᠨ ᠠᠮᠤᠷ ᠲᠦᠪᠰᠢᠨ᠎ᠤ ᠦᠵᠡᠯᠲᠡ ᠵᠢ ᠪᠠᠲᠤ ᠪᠡᠬᠢ ᠪᠤᠢ ᠪᠣᠯᠭ᠋ᠠᠨ᠂ ᠤᠯᠤᠰ᠎ᠤᠨ ᠠᠮᠤᠷ ᠲᠦᠪᠰᠢᠨ ᠪᠠ ᠤᠯᠠᠨ ᠨᠡᠢ᠍ᠢ᠍ᠳᠡ ᠵᠢᠨ ᠠᠰᠢᠭ ᠲᠤᠰᠠ ᠵᠢ ᠬᠠᠮᠠᠭ᠋ᠠᠯᠠᠬᠤ ᠵᠢ ᠨᠡᠢ᠌ᠳᠡᠮ᠎ᠤᠨ ᠪᠠᠢ᠌ᠴᠠᠭ᠋ᠠᠯᠲᠠ ᠵᠢᠨ ᠠᠵᠢᠯ᠎ᠤᠨ ᠡᠯ᠎ᠡ ᠲᠠᠯ᠎ᠠ᠎ᠳᠤ ᠲᠤᠭᠤᠰᠢᠯᠠᠭᠤᠯᠵᠤ᠂ ᠲᠣᠭ᠎ᠠ ᠪᠠᠷᠢᠮᠲᠠ ᠵᠢᠨ ᠠᠶᠤᠯ ᠦᠬᠡᠢ ᠵᠢ ᠦᠨᠡᠨ ᠬᠦ᠌ ᠪᠠᠳᠤᠯᠠᠪᠠ᠃
ᠨᠡᠢ᠌ᠳᠡᠮ ᠪᠠᠢ᠌ᠴᠠᠭ᠋ᠠᠬᠤ ᠶᠠᠪᠤᠴᠠ᠎ᠳᠤ ᠨᠢᠬᠡᠴᠢ ᠵᠢᠨ ᠪᠠᠢ᠌ᠴᠠᠭ᠋ᠠᠬᠤ ᠱᠠᠲᠤ ᠦᠶ᠎ᠡ ᠵᠢᠨ ᠬᠡᠷ᠎ᠲᠤ᠎ᠨᠢ ᠬᠦᠷᠴᠤ ᠪᠠᠢ᠌ᠴᠠᠭ᠋ᠠᠬᠤ᠂ ᠨᠢᠬᠡᠴᠢ᠎ᠨᠢ ᠬᠢᠨᠠᠨ ᠬᠠᠷᠭᠤᠭᠤᠯᠬᠤ ᠪᠠ ᠮᠠᠭ᠋ᠠᠳᠯᠠᠨ ᠲᠣᠭᠲᠠᠭ᠋ᠠᠬᠤ᠂ ᠰᠡᠵᠢᠭᠲᠡᠢ ᠵᠦᠢ᠍ᠯ᠎ᠢ ᠪᠠᠢ᠌ᠴᠠᠭ᠋ᠠᠨ ᠲᠤᠳᠠᠭᠤ ᠵᠦᠢ᠍ᠯ᠎ᠢ ᠨᠥᠬᠥᠪᠦᠷᠢᠯᠡᠬᠦ᠂ ᠦᠷ᠎ᠡ ᠳ᠋ᠦᠩ᠎ᠢ ᠬᠠᠷᠢᠭᠤ ᠲᠤᠰᠬᠠᠬᠤ ᠵᠡᠷᠭᠡ ᠠᠵᠢᠯ᠎ᠳᠤ ᠭᠦᠨᠵᠡᠭᠡᠢ ᠤᠷᠤᠯᠴᠠᠵᠤ᠂ ᠨᠠᠮ ᠪᠠ ᠲᠥᠷᠥ ᠵᠢᠨ ᠪᠠᠢ᠌ᠭᠤᠯᠤᠮᠵᠢ ᠵᠢᠨ ᠥᠭᠡᠷᠡᠴᠢᠯᠡᠯᠲᠡ ᠵᠢᠨ ᠵᠦᠢ᠍ᠯᠡᠰ᠎ᠲᠤ ᠬᠣᠯᠪᠣᠭᠳᠠᠭᠰᠠᠨ ᠪᠠᠢ᠌ᠪᠠᠯ ᠨᠢᠭᠡᠳᠦᠯᠲᠡᠢ ᠲᠥᠯᠥᠪᠯᠡᠨ ᠵᠣᠬᠢᠴᠠᠭᠤᠯᠬᠤ ᠵᠢ ᠢᠳᠡᠪᠬᠢᠲᠡᠢ ᠴᠢᠩᠭ᠋ᠠᠳᠬᠠᠵᠤ᠂ ᠡᠯ᠎ᠡ ᠠᠵᠢᠯ᠎ᠤᠨ ᠤᠷᠤᠭᠰᠢᠲᠠᠢ ᠶᠠᠪᠤᠭᠳᠠᠬᠤ ᠵᠢ ᠪᠠᠳᠤᠯᠠᠬᠰᠠᠨ ᠪᠠᠢ᠌ᠨ᠎ᠠ᠃