ᠵᠸᠡᠭ ᠾᠧ ᠪᠠ ᠲᠠᠯᠠᠢ ᠶᠢᠨ ᠲᠣᠷᠭᠠᠨ ᠤ ᠵᠠᠮ ︵ᠬᠤᠶᠠᠷ︶
ᠨᠡᠶᠢᠲᠡᠯᠡᠭᠰᠡᠨ ᠴᠠᠭ᠄
2021/10/8
ᠵᠸᠡᠭ ᠾᠧ ᠪᠠ ᠲᠠᠯᠠᠢ ᠶᠢᠨ ᠲᠣᠷᠭᠠᠨ ᠤ ᠵᠠᠮ ︵ᠬᠤᠶᠠᠷ︶      ᠳ᠋ᠠᠨᠽᠠᠨ ᠵᠣᠬᠢᠶᠠᠪᠠ         ᠪᠣᠯᠪᠠᠰᠣᠨ ᠤ ᠠᠶᠠᠯᠠᠯ   ᠵᠸᠡᠭ ᠾᠧ ᠪᠣᠯ ᠲᠡᠯᠡᠬᠡᠢ ᠶᠢᠨ ᠲᠠᠯᠠᠢ ᠶᠢᠨ ᠠᠶᠠᠯᠠᠯ ᠤᠨ ᠲᠡᠣᠬᠡᠨ ᠳᠠᠬᠢ ᠲᠣᠮᠣ ᠬᠦᠰᠢᠶ᠎ᠡ᠂ ᠲᠡᠯᠡᠬᠡᠢ ᠪᠠᠷ ᠢᠶᠠᠨ ᠮᠡᠳᠡᠷᠡᠬᠦ ᠲᠠᠯᠠᠢ ᠶᠢᠨ ᠠᠪᠣᠷᠭᠤ ᠬᠦᠮᠦᠨ᠂ ᠬᠦᠮᠦᠨ ᠲᠦᠷᠣᠯᠬᠢᠳᠡᠨ ᠤ ᠨᠦᠬᠦᠷᠯᠡᠯ ᠳᠤ ᠨᠠᠰᠣ᠂ ᠪᠡᠶ᠎ᠡ ᠪᠠᠨ ᠵᠣᠷᠢᠭᠤᠯᠣᠬᠰᠠᠨ ᠠᠭᠤᠣ ᠬᠦᠮᠦᠨ ᠪᠦᠯᠦᠬᠡ᠃ ᠡᠸᠦ᠋ᠷᠣᠫᠠ ᠶᠢᠨ ᠭᠤᠷᠪᠠᠨ ᠲᠠᠯᠠᠢ ᠶᠢᠨ ᠠᠶᠠᠯᠠᠯᠴᠢᠨ ᠲᠠᠢ ᠬᠠᠷᠢᠴᠠᠭᠤᠯᠬᠤ ᠦᠭᠡᠢ ᠪᠣᠯ ᠮᠡᠳᠡᠬᠦ ᠦᠭᠡᠢ᠂ ᠬᠠᠷᠢᠴᠠᠭᠤᠯᠪᠠᠯ ᠨᠢᠳᠣ ᠪᠦᠯᠳᠣ ᠰᠣᠴᠢᠬᠤ ᠠᠵᠣᠭᠤ᠃ ᠴᠠᠭ ᠤᠨ ᠬᠤᠪᠢ ᠳᠤ ᠵᠸᠡᠭ ᠾᠧ 1405 ᠣᠨ ᠳᠤ ᠠᠩᠬ᠎ᠠ ᠣᠳᠠᠭ᠎ᠠ ᠠᠲᠯᠠᠨᠲ ᠲᠠᠯᠠᠢ ᠪᠠᠷ ᠠᠹᠧᠷᠢᠺᠠ ᠳᠤ ᠬᠦᠷᠦᠭᠰᠡᠨ  ᠨᠢ ᠢᠲ᠋ᠠᠯᠢ ᠶᠢᠨ ᠺᠣᠯᠣᠮᠪᠦ ᠠᠲᠯᠠᠨᠲ ᠲᠠᠯᠠᠢ ᠶᠢ ᠬᠦᠨᠳᠡᠯᠡᠨ ᠲᠣᠭᠤᠯᠵᠣ᠂ ᠠᠮᠧᠷᠢᠺᠠ ᠲᠢᠪ ᠢ ᠢᠯᠡᠷᠡᠬᠦᠯᠦᠭᠰᠡᠨ ᠠᠴᠠ 87 ᠵᠢᠯ ᠡᠷᠳᠡ᠂ ᠫᠣᠷᠲ᠋ᠣᠭᠠᠯ ᠤᠨ ᠳ᠋᠊ · ᠭᠠᠮᠨ ᠰᠠᠶᠢᠨ ᠢᠳᠡᠬᠡᠯᠳᠣ ᠬᠤᠰᠢᠭᠤ ᠶᠢ ᠣᠷᠢᠶᠠᠵᠣ ᠡᠨᠡᠳᠭᠡᠭ ᠲᠤ ᠬᠦᠷᠦᠭᠰᠡᠨ ᠠᠴᠠ 92 ᠵᠢᠯ ᠡᠷᠳᠡ᠂ ᠫᠣᠷᠲ᠋ᠣᠭᠠᠯ ᠤᠨ ᠮᠠᠵᠧᠯᠧᠨ ᠪᠦᠮᠪᠦᠷᠴᠡᠭ ᠢ ᠲᠣᠭᠤᠷᠢᠵᠣ ᠠᠶᠠᠯᠠᠬᠰᠠᠨ ᠠᠴᠠ 116 ᠵᠢᠯ ᠡᠷᠳᠡ ᠠᠪᠠᠢ᠃ ᠬᠡᠪᠴᠢᠶ᠎ᠡ ᠶᠢᠨ ᠬᠤᠪᠢ ᠳᠤ ᠵᠸᠡᠭ ᠾᠧ ᠣᠳᠠᠭ᠎ᠠ ᠪᠣᠯᠭᠠᠨ ᠠᠲᠯᠠᠨᠲ ᠲᠠᠯᠠᠢ ᠪᠠᠷ ᠠᠶᠠᠯᠠᠬᠤ ᠳᠤ 260 ᠭᠠᠷᠣᠢ ᠣᠡᠭᠭᠤᠴᠨ᠂ 27000 ᠰᠢᠬᠠᠮ ᠬᠦᠮᠦᠨ ᠲᠠᠢ᠂ ᠺᠣᠯᠣᠮᠪᠦ ᠠᠩᠬ᠎ᠠ ᠠᠶᠠᠯᠠᠬᠤ ᠳᠤ 3 ᠣᠡᠭᠭᠤᠴᠨ᠂ 90 ᠬᠦᠮᠦᠨ ᠲᠠᠢ᠂ ᠳ᠋᠊ · ᠭᠠᠮᠨ ᠠᠩᠬ᠎ᠠ ᠠᠶᠠᠯᠠᠬᠤ ᠳᠤ 4 ᠣᠡᠭᠭᠤᠴᠨ᠂ 170 ᠬᠦᠮᠦᠨ ᠲᠠᠢ᠂  ᠮᠠᠵᠧᠯᠧᠨ ᠲᠡᠯᠡᠬᠡᠢ ᠶᠢᠨ ᠪᠦᠮᠪᠦᠷᠴᠡᠭ ᠢ ᠲᠣᠭᠤᠷᠢᠵᠣ ᠠᠶᠠᠯᠠᠬᠤ ᠳᠤ 5 ᠤᠩᠭᠤᠴᠨ᠂ 265 ᠬᠦᠮᠦᠨ ᠲᠠᠢ ᠪᠦᠯᠣᠬᠡ᠃ ᠵᠠᠮᠨᠠᠬᠰᠠᠨ ᠵᠠᠮ ᠤᠨ ᠬᠤᠪᠢ ᠳᠤ ᠵᠸᠡᠭ ᠾᠧ ᠵᠡᠬᠦᠨ ᠡᠮᠦᠨᠡᠳᠣ ᠠᠽᠢᠶ᠎ᠠ᠂ ᠪᠠᠷᠠᠭᠤᠨ ᠠᠽᠢᠶ᠎ᠠ ᠪᠠᠷ ᠵᠡᠬᠦᠨ ᠠᠹᠧᠷᠢᠺᠠ ᠳᠤ ᠬᠦᠷᠴᠡᠢ᠂ ᠺᠣᠯᠣᠮᠪᠤ ᠠᠲᠯᠠᠨᠲ ᠲᠠᠯᠠᠢ ᠶᠢ ᠲᠣᠭᠤᠯᠣᠨ ᠲᠣᠮᠳᠠᠳᠣ ᠠᠮᠧᠷᠢᠺᠠ ᠲᠢᠪ ᠲᠤ ᠯᠨ ᠬᠦᠷᠪᠡ᠂ ᠳ᠋᠊ · ᠭᠠᠮᠨ ᠠᠹᠧᠷᠢᠺᠠ ᠪᠠᠷ ᠡᠨᠡᠳᠭᠡᠭ ᠲᠤ ᠬᠦᠷᠴᠡᠢ᠂ ᠮᠠᠵᠧᠯᠧᠨ ᠨᠢᠬᠡ ᠯᠨ ᠣᠳᠠᠭ᠎ᠠ ᠲᠠᠯᠡᠬᠡᠢ ᠶᠢᠨ ᠪᠦᠮᠪᠦᠷᠴᠡᠭ ᠢ ᠲᠣᠭᠤᠷᠢᠵᠣ ᠠᠶᠠᠯᠠᠭᠠᠳ ᠹᠢᠯᠢᠫᠢᠨ ᠣᠯᠣᠰ ᠲᠤ ᠬᠦᠷᠴᠣ᠂ ᠲᠣᠬᠠᠢ ᠶᠢᠨ ᠨᠣᠳᠤᠭ ᠤᠨ ᠪᠣᠯᠢᠶᠠᠯᠳᠣᠭᠠᠨ ᠳᠤ ᠣᠷᠣᠯᠴᠠᠬᠰᠠᠨ ᠤ ᠡᠷᠬᠡ ᠪᠠᠷ ᠠᠷᠠᠯ ᠤᠨ ᠰᠠᠭᠤᠭᠠᠯᠢ ᠳᠤ ᠠᠯᠠᠬᠳᠠᠯᠤᠭ᠎ᠠ᠃ ᠵᠸᠡᠭ ᠾᠧ 28 ᠵᠢᠯ ᠳᠤ 7 ᠣᠳᠠᠭ᠎ᠠ᠂ 10 ᠲᠦᠮᠡᠨ ᠺᠢᠯᠣᠮᠧᠲᠷ ᠪᠠᠶᠢᠵᠣ᠂ ᠲᠡᠯᠡᠬᠡᠢ ᠶᠢᠨ ᠪᠦᠮᠪᠦᠷᠴᠡᠭ ᠢ ᠭᠤᠷᠪᠠ ᠣᠷᠢᠶᠠᠬᠰᠠᠨ  ᠠᠴᠠ ᠪᠠᠰᠨ ᠢᠯᠡᠬᠦᠣ᠃ ᠵᠸᠡᠭ ᠾᠧ ᠶᠢᠨ ᠲᠠᠯᠠᠢ ᠶᠢᠨ ᠠᠶᠠᠯᠠᠯ ᠡᠮᠦᠨᠡᠳᠣ ᠲᠠᠯᠠᠢ ᠶᠢᠨ ᠠᠷᠠᠯ ᠣᠯᠳᠣᠷᠢᠭ ᠤᠨ ᠭᠤᠣᠯ ᠣᠯᠣᠰ ᠲᠡᠳᠦᠢ ᠦᠭᠡᠢ᠂ ᠠᠹᠧᠷᠢᠺᠠ ᠲᠢᠪ ᠤᠨ ᠵᠡᠬᠦᠨ ᠡᠷᠬᠢ ᠬᠦᠷᠴᠣ᠂ 30 ᠢᠯᠡᠬᠦᠣ ᠣᠯᠣᠰ ᠢᠶᠠᠷ ᠶᠠᠪᠣᠪᠠᠢ᠃ ᠵᠸᠡᠭ ᠾᠧ ᠶᠢᠨ ᠴᠠᠭ ᠦᠶ᠎ᠡ ᠳᠤ ᠺᠣᠫᠧᠷᠨᠢᠺ ᠤᠨ ︽ᠨᠠᠷᠨ ᠪᠠᠷ ᠲᠦᠪ ᠪᠣᠯᠭᠠᠬᠤ ᠰᠣᠷᠭᠠᠯ︾ ᠠᠯᠠᠭ᠎ᠠ ᠂ ᠲᠡᠯᠡᠬᠡᠢ ᠶᠢᠨ ᠪᠦᠮᠪᠦᠷᠴᠡᠭ ᠤᠨ ᠵᠠᠬᠪᠣᠷ ᠴᠦ ᠠᠯᠠᠭ᠎ᠠ᠂ ᠣᠷᠳᠣᠷᠢᠭ ᠦᠷᠬᠡᠷᠢᠭ ᠢ ᠬᠡᠮᠵᠢᠬᠦ ᠠᠷᠭ᠎ᠠ ᠶᠢ ᠨᠡᠩ ᠬᠡᠯᠡᠬᠦ ᠶᠠᠭᠤᠨ︖ ᠵᠸᠡᠭ ᠾᠧ ᠶᠢᠨ ᠣᠡᠭᠭᠤᠴᠠᠳᠣ ᠠᠩᠭᠢ ᠭᠠᠵᠠᠷ ᠵᠦᠢ ᠶᠢᠨ ᠲᠠᠯᠠᠢ ᠶᠢᠨ ᠠᠶᠠᠯᠠᠯ᠂ ᠣᠳᠣᠨ ᠣᠷᠣᠨ ᠤ ᠲᠠᠯᠠᠢ ᠶᠢᠨ ᠠᠶᠠᠯᠠᠯ᠂ ᠵᠦᠭᠯᠡᠬᠦᠷ᠂ ᠠᠶᠠᠯᠠᠯ ᠤᠨ ᠵᠠᠮ ᠢᠶᠠᠨ ᠬᠡᠮᠵᠢᠬᠦ ᠵᠡᠷᠬᠡ ᠮᠡᠷᠬᠡᠵᠢᠯ ᠢ ᠣᠶᠠᠯᠳᠣᠭᠤᠯᠣᠨ ᠬᠦᠮᠦᠨ ᠲᠦᠷᠣᠯᠬᠢᠳᠡᠨ ᠤ ᠲᠠᠯᠠᠢ ᠶᠢᠨ ᠠᠶᠠᠯᠠᠯ ᠤᠨ ᠮᠡᠷᠬᠡᠵᠢᠯ ᠢ ᠰᠢᠨ᠎ᠡ ᠣᠷᠬᠢᠯ ᠳᠤ ᠬᠦᠷᠭᠡᠭᠰᠡᠨ ᠲᠡᠳᠣᠢ ᠦᠭᠡᠢ ᠲᠡᠯᠡᠬᠡᠢ ᠲᠡᠬᠡᠷᠡᠬᠢ ᠬᠠᠮᠤᠭ ᠡᠷᠳᠡᠨ ᠤ ᠲᠠᠯᠠᠢ ᠶᠢᠨ ᠠᠶᠠᠯᠠᠯ ᠤᠨ ᠵᠢᠷᠤᠭ ᠪᠣᠯᠬᠤ ︽ᠵᠸᠡᠭ ᠾᠧ ᠶᠢᠨ ᠲᠠᠯᠠᠢ ᠶᠢᠨ ᠠᠶᠠᠯᠠᠯ  ᠤᠨ ᠵᠢᠷᠤᠭ︾ ᠢ ᠵᠢᠷᠣᠪᠠᠢ᠃ ᠡᠨᠡ ᠪᠣᠯ ᠮᠠᠨ ᠤ ᠣᠯᠣᠰ ᠤᠨ ᠬᠠᠮᠤᠭ ᠡᠷᠳᠡᠨ ᠤ ᠲᠠᠯᠠᠢ ᠶᠢᠨ ᠵᠢᠷᠤᠭ᠂ ᠲᠡᠯᠡᠬᠡᠢ  ᠶᠢᠨ ᠬᠡᠪᠴᠢᠶ᠎ᠡ ᠠᠴᠠ ᠶᠠᠷᠢᠬᠤ ᠳᠤ ᠴᠦ ᠲᠡᠯᠡᠬᠡᠢ ᠶᠢᠨ ᠠᠩᠬᠠᠳᠠᠬᠴᠢ ᠲᠠᠯᠠᠢ ᠶᠢᠨ ᠵᠢᠷᠤᠭ ᠤᠨ ᠴᠣᠬᠯᠠᠷᠠᠯ ᠬᠡᠭᠳᠡᠬᠦ ᠬᠤᠯᠯᠠᠨᠳ᠋ ᠣᠯᠣᠰ ᠤᠨ ᠸᠡᠭᠨᠧᠷ ᠤᠨ ︽ᠲᠠᠯᠠᠢ ᠶᠢᠨ ᠠᠶᠠᠯᠠᠯ ᠤᠨ ᠬᠡᠬᠡᠨ ᠲᠣᠯᠢ︾ ᠠᠴᠠ ᠬᠡᠴᠢᠨᠡᠨ ᠵᠢᠯ ᠡᠷᠳᠡ ᠪᠠᠶᠢᠵᠣ᠂ ᠲᠡᠯᠡᠬᠡᠢ ᠶᠢᠨ ᠭᠠᠵᠠᠷ ᠤᠨ ᠵᠢᠷᠤᠭ ᠤᠨ ᠬᠦᠭᠵᠢᠯᠳᠡ ᠳᠤ ᠬᠡᠷᠡᠯ ᠰᠠᠴᠣᠷᠠᠩᠭᠤᠢ ᠪᠠᠶᠢᠷᠢ ᠶᠢ ᠡᠵᠡᠯᠡᠬᠦ ᠪᠦᠯᠦᠬᠡ᠃  ᠡᠮᠦᠨ᠎ᠡ ᠲᠣᠷᠠᠳᠣᠬᠰᠠᠨ ᠡᠸᠦ᠋ᠷᠣᠫᠠ ᠶᠢᠨ ᠭᠤᠷᠪᠠᠨ ᠲᠠᠯᠠᠢ ᠶᠢᠨ ᠠᠶᠠᠯᠠᠯᠴᠢᠨ ᠤ ᠠᠵᠢᠯᠯᠠᠭ᠎ᠠ ᠶᠢ ᠬᠠᠮᠳᠣ ᠳᠤᠨᠢ ︽ᠭᠠᠵᠠᠷ ᠵᠦᠢ ᠶᠢᠨ ᠲᠣᠮᠣ ᠢᠯᠡᠷᠡᠬᠦᠯᠣᠯ︾ ᠭᠡᠵᠤ ᠬᠡᠯᠡᠳᠡᠭ᠃ ᠭᠠᠵᠠᠷ ᠵᠦᠢ ᠶᠢᠨ ᠢᠯᠡᠷᠡᠬᠦᠯᠦᠯᠳᠡ ᠪᠠᠷ ᠲᠠᠮᠵᠢᠨ ᠪᠠᠷᠠᠭᠤᠨ ᠡᠸᠦ᠋ᠷᠣᠫᠠ ᠶᠢᠨ ᠣᠯᠣᠰ ᠤᠳ ᠭᠠᠳᠠᠭᠠᠳᠣ ᠠᠴᠠ ᠶᠡᠭᠡ ᠬᠡᠮᠵᠢᠶᠡᠨ ᠤ ᠡᠳ᠋ ᠪᠠᠶᠠᠯᠢᠭ ᠪᠠ ᠬᠠᠷ᠎ᠠ ᠠᠰᠢᠭ ᠣᠯᠪᠠ᠃ ᠢᠰᠫᠠᠨᠢ ᠶᠢᠨ ᠺᠣᠯᠣᠨᠢᠴᠢᠯᠠᠬᠴᠢᠳ ᠯᠠᠲ᠋ᠢᠨ ᠠᠮᠧᠷᠢᠺᠠ ᠲᠢᠪ ᠢ 3 ᠵᠠᠭᠤᠨ ᠡᠵᠡᠷᠬᠡᠵᠣ᠂ ᠣᠣᠭᠠᠯ ᠢᠷᠬᠡᠳ  ᠢ ᠬᠠᠷᠬᠢᠰ ᠬᠡᠷᠴᠡᠬᠡᠢ᠂ ᠬᠠᠷ᠎ᠠ ᠬᠤᠣᠷᠠᠳᠠᠢ ᠪᠠᠷ ᠬᠦᠨᠦᠬᠡᠬᠦ ᠪᠠ ᠪᠣᠭᠤᠯᠴᠢᠯᠠᠵᠣ᠂ 2500 ᠲᠦᠮᠡᠨ ᠢᠨᠳᠢᠶᠠᠨᠴᠣᠳ  ᠢ ᠬᠤᠷᠣᠭᠠᠵᠣ᠂ 250 ᠲᠦᠮᠡᠨ ᠺᠢᠯᠦᠭᠷᠠᠮ ᠰᠢᠵᠢᠷ ᠠᠯᠳᠠ ᠪᠠ ᠳ᠋ᠦᠡᠭᠰᠢᠭᠤᠷ ᠲᠣᠨ ᠮᠦᠡᠭᠭᠦ ᠲᠣᠨᠣᠪᠠᠢ᠃ ᠫᠣᠷᠲ᠋ᠦ᠋ᠭᠠᠯ ᠤᠨ ᠺᠣᠯᠣᠨᠢᠴᠢᠠᠯᠬᠴᠢᠳ ᠪᠷᠠᠽᠢᠯ ᠠᠴᠠ 6 ᠳ᠋ᠦᠡᠭᠰᠢᠭᠤᠷ ᠳ᠋ᠣᠯᠯᠠᠷ ᠤᠨ ᠰᠢᠵᠢᠷ ᠠᠯᠳᠠ ᠪᠠ 3 ᠳ᠋ᠦᠡᠭᠰᠢᠭᠤᠷ ᠳ᠋ᠣᠯᠯᠠᠷ ᠤᠨ ᠠᠯᠠᠮᠠᠰ ᠠᠪᠠᠴᠢᠵᠠᠢ᠃ 15 ᠳ᠋ᠣᠭᠠᠷ ᠵᠠᠭᠤᠨ ᠤ ᠲᠣᠮᠳᠠᠴᠢ ᠳᠤ ᠫᠣᠷᠲ᠋ᠦ᠋ᠭᠠᠯᠴᠣᠳ ᠠᠹᠧᠷᠢᠺᠠ ᠲᠢᠪ ᠤᠨ ᠪᠠᠷᠠᠭᠤᠨ ᠲᠠᠯᠠᠢ ᠶᠢᠨ ᠡᠷᠬᠢ ᠠᠴᠠ ᠪᠣᠭᠤᠯᠴᠣᠳ ᠢ ᠪᠣᠯᠢᠶᠠᠬᠤ ᠪᠠ ᠬᠤᠳᠠᠯᠳᠣᠨ ᠠᠪᠴᠣ ᠣᠯᠣᠰ ᠲᠠᠭᠠᠨ ᠠᠪᠠᠴᠢᠵᠣ ᠠᠷᠠᠯᠵᠢᠶᠠᠯᠠᠨ᠂ ᠴᠦᠬᠡᠨᠭᠭᠢ ᠨᠢ ᠪᠠᠶᠠᠨ ᠠᠶᠢᠯ ᠳᠤ ᠵᠠᠷᠣᠴᠠᠯᠠᠬᠳᠠᠨ᠂ ᠣᠯᠠᠩᠭᠢ ᠨᠢ ᠠᠲᠯᠠᠨᠲ ᠲᠠᠯᠠᠢ ᠶᠢᠨ ᠡᠵᠡᠯᠡᠭᠳᠡᠭᠰᠡᠨ ᠠᠷᠠᠯ ᠬᠤᠶᠢᠭ ᠢᠶᠠᠷ ᠠᠭᠤᠷᠬᠠᠢ ᠨᠡᠬᠡᠬᠡᠬᠦ᠂ ᠲᠠᠷᠢᠵᠣ ᠠᠷᠠᠴᠢᠯᠠᠬᠤ ᠵᠡᠷᠬᠡ ᠬᠠᠷ᠎ᠠ ᠠᠵᠢᠯ ᠳᠤ ᠪᠠᠷᠢᠬᠳᠠᠪᠠ᠃ ᠠᠹᠧᠷᠢᠺᠠ᠂ ᠯᠠᠲ᠋ᠢᠨ ᠠᠮᠧᠷᠢᠺᠠ ᠲᠢᠪ ᠲᠤ ᠪᠠᠷᠠᠭᠤᠨ ᠡᠸᠦ᠋ᠷᠣᠫᠠᠴᠣᠳ ᠰᠣᠬᠤᠷ ᠵᠣᠭᠤᠰᠣᠨ ᠤ ᠦᠨ᠎ᠡ ᠦᠭᠡᠢ ᠰᠢᠯ ᠪᠦᠮᠪᠦᠭᠡ᠂ ᠲᠣᠯᠢ᠂ ᠬᠦᠨᠵᠢᠬᠦᠷ᠂ ᠲᠣᠪᠴᠢ ᠵᠡᠷᠬᠡ ᠪᠠᠷ ᠲᠡᠨᠳᠡᠬᠢ ᠦᠨ᠎ᠡ ᠪᠡᠨ᠎ᠡ  ᠲᠠᠢ ᠬᠢᠷᠢᠰ ᠤᠨ ᠡᠪᠡᠷ᠂ ᠵᠠᠭᠠᠨ ᠤ ᠰᠣᠶᠤᠭ᠎ᠠ᠂ ᠰᠢᠵᠢᠷ ᠠᠯᠳᠠ᠂ ᠮᠦᠡᠭᠭᠦ᠂ ᠪᠣᠭᠤᠯᠴᠣᠳ ᠢ ᠰᠣᠯᠢᠳᠠᠭ᠂ ᠢᠡᠭᠭᠢᠵᠣ ᠠᠳᠠᠯᠢ ᠪᠣᠰᠣ ᠦᠨ᠎ᠡ ᠲᠠᠢ ᠪᠣᠳᠠᠰ ᠤᠨ ᠰᠣᠯᠢᠯᠴᠠᠭ᠎ᠠ ᠲᠣᠮᠳᠠ ᠠᠴᠠ ᠬᠠᠷ᠎ᠠ ᠠᠰᠢᠭ ᠣᠯᠬᠤ ᠨᠢ ᠣᠳᠣ  ᠶᠢᠨ ᠦᠬᠡ ᠪᠠᠷ ᠬᠡᠯᠡᠪᠡᠯ ᠬᠦᠮᠦᠨ ᠴᠢᠨᠠᠷ ᠢᠶᠠᠨ ᠠᠯᠳᠠᠬᠰᠠᠨ ᠬᠤᠳᠠᠯᠳᠣᠭᠠᠨ ᠤ ᠮᠡᠬᠡᠯᠡᠯ ᠪᠠᠶᠢᠯᠤᠭ᠎ᠠ᠃  ᠲᠡᠯᠡᠬᠡᠢ ᠲᠡᠬᠡᠷ᠎ᠡ ᠲᠠᠯᠠᠢ ᠶᠢᠨ ᠠᠶᠠᠯᠠᠯ ᠢ ᠶᠡᠷᠣ ᠨᠢ ᠪᠠᠷᠳᠠᠭ᠎ᠠ ᠰᠢᠨᠵᠢᠯᠡᠬᠦ᠂ ᠡᠷᠬᠡᠰᠢᠶᠡᠬᠦ᠂ ᠪᠣᠯᠢᠶᠠᠨ ᠲᠡᠬᠡᠷᠡᠮᠳᠡᠬᠦ  ᠲᠠᠢ ᠬᠤᠯᠪᠣᠵᠣ ᠶᠠᠷᠢᠳᠠᠭ᠂ ᠬᠡᠳᠡᠯ᠎ᠡ ᠵᠸᠡᠭ ᠾᠧ ᠶᠢᠨ ᠲᠠᠯᠠᠢ ᠶᠢᠨ ᠠᠶᠠᠯᠠᠯ ᠨᠢ ᠪᠠᠯᠠᠮᠠᠳ ᠡᠷᠭᠡᠰᠢᠶᠡᠯ᠂ ᠪᠣᠯᠢᠶᠠᠨ ᠲᠡᠬᠡᠷᠡᠮᠳᠡᠯᠬᠡ ᠪᠢᠰᠢ ᠮᠦᠷᠳᠡᠬᠡᠨ ᠴᠢᠰᠣᠳᠣ ᠲᠠᠮᠣᠯᠠᠯ ᠪᠠ ᠠᠯᠠᠯᠭ᠎ᠠ ᠬᠢᠳᠣᠯᠭ᠎ᠠ ᠴᠦ ᠠᠯᠠᠭ᠎ᠠ ᠶᠤᠮ᠃ ᠪᠣᠰᠣᠳ ᠤᠨ ᠡᠳ᠋ ᠬᠦᠷᠣᠩᠭᠡ ᠶᠢ ᠶᠡᠷᠣ ᠠᠴᠠ ᠲᠡᠬᠡᠷᠡᠮᠳᠡᠭᠡ ᠦᠭᠡᠢ᠂ ᠪᠣᠰᠣᠳ ᠣᠯᠣᠰ ᠤᠨ ᠨᠣᠳᠤᠭ ᠲᠡᠪᠢᠰᠬᠡᠷ ᠢ ᠰᠦᠬᠦᠮ ᠲᠡᠳᠣᠢ ᠡᠵᠡᠯᠡᠭᠡ ᠦᠭᠡᠢ᠂ ᠬᠡᠮ ᠦᠭᠡᠢ ᠢᠷᠬᠡᠳ ᠢ ᠦᠰᠣᠨ ᠲᠡᠳᠣᠢ ᠬᠦᠨᠦᠬᠡᠬᠡ ᠦᠭᠡᠢ ᠶᠤᠮ᠃ 15 ᠳ᠋ᠣᠭᠠᠷ ᠵᠠᠭᠤᠨ ᠤ ᠲᠣᠮᠳᠠᠳᠣ ᠣᠯᠣᠰ ᠨᠣᠳᠤᠭ ᠲᠡᠪᠢᠰᠬᠡᠷ ᠦᠷᠬᠡᠨ ᠠᠭᠤᠳᠠᠮ᠂ ᠬᠦᠮᠦᠨ ᠪᠦᠯᠢ ᠣᠯᠠᠨ᠂ ᠣᠯᠣᠰ ᠬᠦᠴᠦᠷᠭᠡᠭ᠂ ᠠᠽᠢᠶ᠎ᠠ ᠲᠢᠪ ᠢ ᠪᠠᠶᠢᠴᠢᠬ᠎ᠠ᠂ ᠪᠦᠬᠦ ᠲᠡᠯᠡᠬᠡᠢ ᠳᠤ ᠴᠦ ᠭᠠᠷ ᠤᠨ ᠲᠠᠪᠣᠨ ᠬᠤᠷᠣᠭᠤᠨ ᠳᠤ ᠪᠠᠭᠳᠠᠬᠤ ᠣᠯᠣᠰ ᠪᠠᠶᠢᠯ᠎ᠠ᠃ ᠭᠠᠳᠠᠭᠠᠳᠣ ᠠᠴᠠ ᠰᠢᠨ᠎ᠡ ᠭᠠᠵᠠᠷ ᠰᠢᠷᠣᠢ ᠣᠯᠬᠤ᠂ ᠬᠢᠯᠢ ᠬᠢᠵᠠᠭᠠᠷ ᠢᠶᠠᠨ ᠦᠷᠬᠡᠳᠬᠡᠬᠦ ᠱᠠᠭᠠᠷᠳᠠᠯᠭ᠎ᠠ ᠠᠯᠠᠭ᠎ᠠ᠂ ᠨᠡᠩ ᠴᠦ ᠠᠯᠣᠰ ᠬᠤᠯᠨ ᠲᠠᠯᠠᠢ ᠲᠠᠮᠵᠢᠨ ᠰᠢᠵᠢᠷ ᠠᠯᠳᠠ᠂ ᠴᠠᠭᠠᠨ ᠮᠦᠡᠭᠭᠦ ᠡᠷᠢᠬᠦ ᠱᠠᠭᠠᠷᠳᠠᠯᠭ᠎ᠠ ᠦᠭᠡᠢ᠃ ᠮᠢᠩ ᠣᠯᠣᠰ ᠵᠸᠡᠭ ᠾᠧ ᠶᠢ ᠠᠲᠯᠠᠨᠲ ᠲᠠᠯᠠᠢ ᠳᠤ ᠲᠣᠮᠢᠯᠠᠬᠰᠠᠨ ᠤ ᠣᠭ ᠵᠣᠷᠢᠯᠭ᠎ᠠ ᠪᠣᠯ ᠲᠡᠯᠡᠬᠡᠢ ᠶᠢᠨ ᠡᠯ᠎ᠡ ᠣᠯᠣᠰ ᠯᠤᠭ᠎ᠠ ᠡᠩᠭᠡ ᠲᠠᠶᠢᠪᠤᠡᠭ᠂ ᠨᠦᠬᠦᠷᠰᠡᠭ ᠢᠶᠠᠷ ᠨᠦᠬᠦᠷᠯᠡᠯ ᠢᠶᠠᠨ ᠪᠠᠳᠣᠳᠬᠠᠵᠣ᠂ ᠨᠡᠭᠡᠬᠡᠭᠳᠡᠭᠡ ᠦᠭᠡᠢ ᠭᠠᠳᠠᠭᠠᠳᠣ ᠠᠷᠠᠯᠵᠢᠶ᠎ᠠ ᠶᠢ ᠨᠡᠪᠳᠡᠷᠡᠬᠦᠯᠵᠣ᠂ ᠰᠣᠶᠣᠯ ᠢᠶᠠᠨ ᠰᠣᠯᠢᠯᠴᠠᠬᠤ᠂ ᠲᠡᠭᠷᠢ ᠶᠢ ᠰᠢᠨᠵᠢᠵᠣ ᠭᠠᠵᠠᠷ ᠢ ᠬᠡᠮᠵᠢᠨ ᠲᠠᠯᠠᠢ ᠶᠢᠨ ᠵᠢᠷᠤᠭ ᠵᠢᠷᠣᠬᠤ᠂ ᠣᠡᠭᠭᠤᠴᠨ ᠦᠢᠯᠡᠳᠣᠨ ᠲᠠᠯᠠᠢ ᠪᠠᠷ ᠠᠶᠠᠯᠠᠵᠣ ᠰᠢᠨᠵᠢᠯᠡᠬᠦ ᠮᠡᠷᠬᠡᠵᠢᠯ ᠢ ᠣᠯᠠᠮᠵᠢᠯᠠᠬᠤ ᠶᠢᠨ ᠲᠠᠭᠠᠣ ᠬᠠᠷᠢᠯᠴᠠᠨ ᠰᠣᠷᠣᠯᠴᠠᠬᠤ ᠶᠠᠪᠣᠳᠠᠯ ᠪᠣᠯᠣᠨ᠎ᠠ᠃  ᠮᠢᠩ ᠣᠯᠣᠰ ᠤᠨ ᠡᠬᠢᠨ ᠤ ᠦᠶ᠎ᠡ ᠳᠤ ᠭᠤᠷᠪᠠᠨ ᠬᠠᠭᠠᠨ ᠰᠣᠯᠢᠬᠳᠠᠬᠠᠰᠠᠨ ᠶᠤᠮ᠂ ᠵᠣ᠋ ᠶᠣᠸᠠᠨ ᠵᠠᠩ ᠤᠨ ᠲᠣᠬᠳᠠᠭᠠᠬᠰᠠᠨ ᠡᠩᠭᠡ ᠲᠠᠶᠢᠪᠤᠡᠭ ᠭᠠᠳᠠᠭᠠᠳᠣ ᠬᠠᠷᠢᠯᠴᠠᠭᠠᠨ ᠤ ᠪᠣᠳᠣᠯᠭ᠎ᠠ ᠨᠢ ᠦᠨᠢᠳᠡ ᠪᠠᠶᠠᠰᠬᠤᠯᠠᠩᠳᠣ ᠪᠠ ᠡᠷᠳᠡᠮ ᠢ ᠲᠡᠯᠬᠡᠷᠡᠬᠦᠯᠬᠦᠢ ᠬᠠᠭᠠᠨ ᠤ ᠦᠶ᠎ᠡ ᠳᠤ ᠣᠯᠠᠮᠵᠢᠯᠠᠬᠳᠠᠨ ᠬᠦᠭᠵᠢᠪᠡ᠃ ᠶᠡᠭᠡ ᠰᠦᠷᠳᠣ ᠶᠢᠨ ᠬᠤᠶᠠᠳᠣᠭᠠᠷ ᠣᠨ ︵1369︶ ᠣᠨ ᠳᠤ ᠵᠣ᠋ ᠶᠣᠸᠠᠨ ᠵᠠᠩ ︽ ᠬᠠᠭᠠᠨ ᠣᠷᠢᠳᠠᠰ ᠤᠨ ᠰᠣᠷᠭᠠᠯ︾ ᠳᠠᠭᠠᠨ ᠡᠯ᠎ᠡ ᠣᠯᠣᠰ ᠤᠨ ᠠᠷᠠᠳ ᠲᠦᠮᠡᠨ ᠲᠠᠢ ᠡᠩᠭᠡ ᠲᠠᠶᠢᠪᠤᠡᠭ ᠣᠷᠣᠰᠢᠬᠤ ᠪᠣᠳᠣᠯᠭ᠎ᠠ ᠶᠢ ᠭᠠᠳᠠᠭᠠᠳᠣ ᠬᠠᠷᠢᠯᠴᠠᠭᠠᠨ ᠤ ᠰᠠᠭᠤᠷᠢ ᠲᠦᠷᠣ  ᠶᠢᠨ ᠪᠣᠳᠣᠯᠭ᠎ᠠ ᠪᠣᠯᠭᠠᠨ ︽ᠮᠡᠬᠦᠰ ᠪᠢ ᠪᠠᠷ ᠬᠤᠶᠢᠴᠢ ᠦᠶ᠎ᠡ ᠶᠢᠨ ᠬᠦᠪᠡᠬᠦᠨ ᠠᠴᠢᠨᠠᠷ ᠲᠣᠮᠳᠠᠳᠣ ᠣᠯᠣᠰ ᠤᠨ ᠪᠠᠶᠠᠨ ᠬᠦᠴᠦᠷᠭᠡᠭ ᠲᠤᠷ ᠡᠷᠳᠣᠨ᠂ ᠲᠦᠷ ᠵᠠᠭᠤᠷ᠎ᠠ ᠶᠢᠨ ᠴᠡᠷᠢᠭ ᠲᠠᠶᠢᠨ ᠤ ᠭᠠᠪᠢᠶ᠎ᠠ ᠠᠯᠳᠠᠷ ᠲᠤᠷ ᠰᠢᠨᠣᠬᠠᠶᠢᠷᠠᠵᠣ ᠂ ᠲᠠᠶᠢᠰᠣᠨ ᠠᠯᠠᠭ᠎ᠠ ᠠᠳᠠᠯ᠎ᠠ ᠴᠡᠷᠢᠭ ᠬᠦᠳᠡᠯᠬᠡᠨ᠂ ᠣᠯᠣᠰ ᠢᠷᠬᠡᠨ ᠢ ᠵᠣᠪᠠᠯᠠᠩ ᠬᠦᠨᠦᠬᠡᠯ ᠳᠤᠷ ᠲᠣᠯᠭᠠᠷᠠᠭᠤᠯᠬᠤ ᠪᠣᠯᠣᠭᠤᠵᠠᠢ ᠬᠡᠮᠡᠨ ᠡᠬᠡᠨᠡᠭᠳᠡ ᠡᠮᠢᠶᠡᠵᠣ ᠪᠠᠶᠢᠯᠤᠭ᠎ᠠ᠃ ᠡᠶᠢᠨ ᠮᠡᠳᠣ ᠬᠡᠷᠡᠭ ᠦᠢᠯᠨ ᠶᠢ ᠬᠡᠷᠬᠢᠪᠡᠴᠣ ᠦᠯᠣ ᠵᠦᠪᠰᠢᠶᠡᠮᠣᠢ ᠬᠡᠮᠡᠬᠦᠨ ᠢ ᠪᠠᠳᠣ ᠴᠡᠬᠡᠵᠢᠯᠡᠭᠳᠣᠨ︾ ᠬᠡᠮᠡᠪᠡᠢ᠃ ᠡᠬᠦᠨ ᠤ ᠬᠠᠮᠳᠣ ᠲᠣᠮᠳᠠᠳᠣ ᠣᠯᠣᠰ ᠪᠠ ᠬᠠᠵᠠᠭᠤ ᠬᠠᠪᠢ ᠶᠢᠨ 15 ᠣᠯᠣᠰ ᠢ ᠨᠦᠬᠦᠷᠰᠡᠭ ᠬᠦᠷᠰᠢ ᠪᠣᠯᠭᠠᠵᠣ᠂ ᠦᠯᠣ ᠲᠠᠶᠢᠯᠠᠬᠤ ᠣᠯᠣᠰ ᠬᠡᠮᠡᠯᠣᠬᠡ᠃ ᠵᠣ᠋ ᠳ᠋ᠢ ︽ᠵᠢᠩ ᠨᠠᠨ ᠤ ᠪᠠᠶᠢᠯᠳᠣᠭᠠᠨ︾ ᠢᠶᠠᠷ ᠲᠠᠮᠵᠢᠨ ᠣᠳᠬ᠎ᠠ ᠬᠦᠭᠵᠢᠩᠭᠦᠢ ᠶᠢᠨ ᠲᠦᠷᠪᠡᠳᠣᠬᠡᠷ ᠣᠨ ︵1402︶ ᠳᠤ ᠬᠠᠭᠠᠨ ᠰᠠᠭᠤᠷᠢᠨ ᠳᠤ ᠰᠠᠭᠤᠵᠣ᠂ ᠲᠠᠷᠠᠭ᠎ᠠ ᠵᠢᠯ ᠨᠢ ᠣᠨ ᠤ ᠴᠣᠯᠨ ᠪᠠᠨ ᠦᠨᠢᠳᠡ ᠪᠠᠶᠠᠰᠬᠤᠯᠠᠩᠳᠣ ᠬᠡᠮᠡᠵᠣ᠂ ︽ᠲᠦᠷᠪᠡᠨ ᠵᠦᠭ ᠤᠨ ᠬᠠᠷᠢᠴᠣᠳ ᠡᠶᠡᠳᠡᠪᠡᠰᠣ᠂ ᠲᠣᠮᠳᠠᠳᠣ ᠣᠯᠣᠰ ᠠᠮᠣᠭᠤᠯᠠᠩ ᠪᠣᠯᠣᠮᠣᠢ︾᠂ ︽ᠡᠶᠢᠨ ᠬᠦ ᠲᠣᠳᠣᠭᠠᠳᠣ ᠳᠤᠷ ᠲᠣᠳᠣᠷᠠᠳᠣ ᠣᠷᠣᠨ ᠢᠶᠠᠨ ᠲᠣᠬᠳᠠᠭᠠᠵᠣ ᠠᠮᠣᠷᠵᠢᠭᠤᠯᠣᠨ᠂ ᠭᠠᠳᠠᠭᠠᠳᠣ ᠳᠤᠷ ᠲᠦᠷᠪᠡᠨ ᠵᠦᠭ  ᠤᠨ ᠬᠠᠷᠢᠴᠣᠳ ᠢ ᠢᠯᠪᠢᠨ ᠲᠣᠬᠤᠨᠢᠭᠤᠯᠵᠣ᠂ ᠢᠵᠢᠯᠢᠰᠢᠨ ᠣᠷᠣᠰᠢᠵᠣ ᠲᠡᠭᠰᠢ ᠪᠠᠷ ᠬᠠᠨᠳᠣᠨ᠂ ᠬᠤᠳᠠᠯᠨ ᠪᠦᠬᠦᠳᠡᠬᠡᠷ ᠴᠡᠴᠡᠭᠯᠡᠨ ᠬᠦᠭᠵᠢᠰᠣᠬᠡᠢ︾ ᠬᠡᠮᠡᠬᠦᠢ ᠭᠠᠳᠠᠭᠠᠳᠣ ᠲᠠᠢ ᠶᠠᠪᠣᠯᠴᠠᠬᠤ ᠨᠦᠬᠦᠷᠰᠡᠭ ᠪᠣᠳᠣᠯᠭ᠎ᠠ ᠲᠣᠷᠠᠳᠪᠠᠢ ᠃ ᠵᠸᠡᠭ ᠾᠧ ᠠᠲᠯᠠᠨᠲ ᠲᠠᠯᠠᠢ ᠪᠠᠷ ᠠᠶᠠᠯᠠᠬᠰᠠᠨ ᠨᠢ ︽ᠡᠵᠡᠨ ᠬᠦᠮᠦᠨ ᠪᠠᠷ ᠲᠡᠭᠷᠢ ᠶᠢᠨ ᠲᠣᠣᠷᠠᠬᠢᠨ ᠢ ᠡᠵᠡᠮᠳᠡᠬᠦᠢ ᠠᠨᠣ ᠡᠨᠡᠷᠢᠯ ᠢᠪᠡᠬᠡᠬᠦ ᠦᠷᠣᠰᠢᠶᠡᠯ ᠦᠭᠯᠢᠬᠡᠬᠦᠢ ᠳᠤᠷ ᠠᠮᠣᠢ︾᠂ ︽ᠦᠨᠣᠴᠢᠨ ᠭᠠᠭᠴᠨ ᠶᠢ ᠲᠠᠷᠣᠯᠠᠬᠤ ᠶᠢ ᠴᠡᠬᠡᠷᠯᠡᠨ᠂ ᠦᠬᠡᠶᠢᠬᠦᠣ ᠪᠠᠭᠤᠷᠠᠢ ᠶᠢ ᠲᠣᠷᠣᠮᠵᠢᠯᠠᠬᠤ ᠶᠢ ᠲᠡᠪᠴᠢᠵᠣ᠂ ᠲᠠᠶᠢᠪᠤᠡᠭ ᠴᠠᠭ ᠤᠨ ᠪᠣᠶᠠᠨ  ᠢ ᠬᠠᠮᠳᠣᠳᠠ ᠡᠳ᠋ᠯᠡᠰᠣᠬᠡᠢ︾ ᠬᠡᠮᠡᠬᠦ ᠲᠡᠭᠷᠢ ᠶᠢᠨ ᠵᠠᠷᠯᠢᠭ ᠢ ᠵᠢᠷᠣᠮᠯᠠᠪᠠ᠂ ᠡᠨᠡ ᠲᠡᠭᠷᠢ ᠶᠢᠨ ᠵᠠᠷᠯᠢᠭ ᠤᠨ ᠰᠡᠷᠡᠮᠵᠢ  ᠶᠢᠨ ᠵᠠᠭᠠᠭ ᠲᠠᠯᠠᠢ ᠶᠢᠨ ᠠᠶᠠᠯᠠᠯ ᠤᠨ ᠪᠦᠬᠦ ᠶᠠᠪᠣᠴᠨ ᠳᠤ ᠲᠣᠣᠱᠯᠠᠬᠳᠠᠬᠰᠠᠨ ᠪᠣᠯᠬᠤ ᠠᠴᠠ ᠣᠡᠭᠭᠤᠴᠠᠳᠣ ᠠᠩᠭᠢ ᠬᠦᠷᠦᠭᠰᠡᠨ ᠭᠠᠵᠠᠷ ᠪᠣᠯᠭᠠᠨ ᠳᠤ ᠲᠣᠬᠠᠢ ᠶᠢᠨ ᠨᠣᠳᠤᠭ ᠤᠨ ᠬᠢᠨ ᠤ ᠴᠢᠩ ᠰᠡᠳᠬᠢᠯ ᠤᠨ ᠬᠠᠮᠤᠭ ᠡᠷᠬᠢᠮ ᠬᠦᠨᠳᠣᠳᠬᠡᠯ ᠢ ᠣᠯᠪᠠᠢ᠃   1409 ᠣᠨ ᠤ 12 ᠰᠠᠷ᠎ᠠ ᠳᠤ ᠵᠸᠡᠭ ᠾᠧ ᠠᠲᠯᠠᠨᠲ ᠲᠠᠯᠠᠢ ᠪᠠᠷ ᠲᠣᠯᠣᠭᠠᠨᠳᠠ ᠠᠶᠠᠯᠠᠬᠤ ᠳᠤ ᠵᠠᠪᠠᠯ ᠬᠦᠷᠬᠦ ᠶᠣᠰᠣᠳᠠᠢ ᠸᠧᠶᠧᠲᠨᠠᠮ ᠤᠨ ᠬᠦᠢ ᠷᠧᠨ ᠭᠠᠷᠠᠮ ᠤᠨ ᠬᠢᠨ ᠵᠸᠡᠭ ᠾᠧ ᠶᠢᠨ ᠣᠡᠭᠭᠤᠴᠠᠳᠣ ᠠᠩᠭᠢ ᠲᠠᠬᠢᠨ ᠬᠦᠷᠴᠣ ᠢᠷᠡᠭᠰᠡᠨ ᠳᠤ ᠠᠬᠠᠯᠠᠬᠴᠢ ᠨᠢ ᠭᠤᠷᠪᠠᠨ ᠰᠠᠭᠤᠳᠠᠯᠳᠣ ᠠᠯᠳᠠᠨ ᠴᠡᠴᠡᠭ ᠤᠨ ᠲᠢᠳᠢᠮ ᠵᠡᠬᠦᠵᠣ᠂ ᠣᠯᠠᠭᠠᠨ ᠨᠣᠭᠤᠭᠠᠨ ᠲᠣᠷᠭ᠎ᠠ ᠲᠣᠷᠳᠣᠩ ᠲᠣᠬᠤᠬᠰᠠᠨ ᠵᠠᠭᠠᠨ ᠣᠨᠣᠵᠣ᠂ ᠠᠷᠣ ᠦᠪᠣᠷ ᠠᠴᠠ ᠪᠠᠨ ᠬᠦᠷᠢᠶᠡᠯᠡᠬᠦᠯᠵᠣ ᠲᠡᠬᠦᠷᠬᠡ ᠶᠢᠨ ᠭᠠᠳᠠᠨ᠎ᠠ ᠠᠴᠠ ᠲᠣᠰᠴᠣ ᠠᠪᠣᠬᠰᠠᠨ ᠪᠦᠬᠡᠳ ᠫᠠᠨ ᠭᠠᠵᠠᠷ ᠤᠨ 500 ᠰᠢᠬᠠᠮ ᠴᠡᠷᠢᠭ ᠬᠤᠷᠴᠨ ᠬᠢᠳᠤᠭ᠎ᠠ᠂ ᠭᠠᠯ ᠫᠣᠣ ᠡᠷᠬᠦᠯᠴᠡᠨ᠂ ᠨᠣᠳᠤᠭ ᠤᠨ ᠪᠦᠵᠢᠭ ᠪᠦᠵᠢᠭᠯᠡᠨ᠂ ᠮᠣᠳᠣᠨ ᠬᠡᠨᠭᠭᠡᠷᠬᠡ ᠲᠡᠯᠡᠳᠴᠣ᠂ ᠨᠠᠷᠬᠢᠯ  ᠤᠨ ᠪᠢᠰᠬᠢᠬᠦᠷ ᠦᠯᠢᠶᠡᠨ᠂ ᠪᠠᠶᠠᠷ ᠤᠨ ᠲᠠᠯᠠᠢ ᠴᠠᠯᠬᠢᠯᠠᠪᠠᠢ᠃ ᠵᠸᠡᠭ ᠾᠧ ᠶᠢ ᠦᠵᠡᠬᠡᠳ ᠠᠬᠠᠯᠠᠬᠴᠢ ᠨᠢ ᠵᠠᠭᠠᠨ  ᠠᠴᠠ ᠪᠠᠨ ᠪᠠᠭᠤᠵᠣ ᠡᠪᠦᠳᠦᠭ ᠨᠣᠭᠤᠯᠣᠨ ᠠᠮᠣᠷ ᠠᠰᠠᠭᠤᠵᠣ᠂ ᠬᠦᠰᠡᠷ ᠡᠯᠢᠬᠡᠳᠡᠨ ᠲᠡᠭᠷᠢ ᠶᠢᠨ ᠢᠪᠡᠬᠡᠯ ᠳᠤᠷ ᠲᠠᠯᠠᠷᠬᠠᠪᠠᠢ᠃   1412 ᠣᠨ᠂ ᠦᠨᠢᠳᠡ ᠪᠠᠶᠠᠰᠬᠤᠯᠠᠩᠳᠣ ᠶᠢᠨ ᠠᠷᠪᠠᠳᠣᠭᠠᠷ ᠣᠨ ᠳᠤ ᠵᠸᠡᠭ ᠾᠧ ᠶᠢᠨ ᠣᠡᠭᠭᠤᠴᠠᠳᠣ ᠠᠩᠭᠢ ᠡᠨᠡᠳᠭᠡᠭ ᠲᠠᠯᠠᠢ ᠶᠢᠨ ᠪᠠᠷᠠᠭᠤᠨ ᠡᠷᠬᠢ ᠶᠢᠨ ᠪᠠᠶᠠᠨ ᠲᠠᠩᠰᠤᠭ ᠨᠦᠬᠦᠷᠰᠡᠭ ᠣᠯᠣᠰ ᠭᠧᠯᠨ ᠳᠤ ᠬᠦᠷᠪᠡᠯ ᠣᠯᠣᠰ ᠤᠨ ᠸᠠᠩ ᠨᠢ ᠡᠳ᠋ ᠡᠷᠳᠡᠨᠢᠰ ᠤᠨ ᠣᠡᠭᠭᠤᠴᠨ ᠣᠳᠠᠬᠤ ᠦᠭᠡᠢ ᠢᠷᠡᠬᠦ ᠶᠢ ᠰᠣᠨᠣᠰᠣᠭᠠᠳ ᠣᠪᠣᠭ ᠤᠨ ᠲᠦᠷᠣᠬᠦᠣ ᠪᠠᠨ ᠲᠣᠮᠢᠯᠠᠵᠣ᠂ ᠬᠡᠬᠡᠨᠴᠢᠷ ᠵᠠᠰᠠᠵᠣ ᠴᠢᠮᠡᠵᠠᠭᠠᠨ᠂ ᠮᠣᠷᠢᠳᠣ ᠡᠩᠨᠡᠭᠡ ᠪᠠᠷ ᠲᠠᠯᠠᠢ ᠶᠢᠨ ᠭᠠᠷᠠᠮ ᠳᠤ ᠢᠷᠡᠵᠣ ᠲᠣᠮᠳᠠᠳᠣ ᠣᠯᠣᠰ ᠤᠨ ᠡᠷᠬᠢᠮ ᠵᠣᠴᠢᠳ ᠢ ᠣᠬᠳᠣᠬᠰᠠᠨ ᠠᠵᠣᠭᠤ᠃ ᠨᠡᠶᠢᠰᠯᠡᠯ ᠬᠤᠳᠠᠨ ᠤ ᠸᠠᠩ ᠤᠨ ᠣᠷᠳᠣᠨ ᠳᠤ ᠬᠦᠷᠪᠡᠯ ᠂ ᠣᠯᠣᠰ ᠤᠨ ᠸᠠᠩ ᠪᠠᠷ ᠬᠢᠴᠢᠶᠡᠩᠭᠦᠶᠢᠯᠡᠨ ᠬᠦᠨᠳᠣᠯᠡᠵᠣ ᠮᠦᠷᠬᠦᠨ᠂ ᠵᠠᠷᠯᠢᠭ ᠤᠨ ᠪᠢᠴᠢᠭ ᠢ ᠲᠣᠰᠣᠭᠠᠳ᠂ ᠭᠠᠵᠠᠷ ᠲᠡᠪᠡᠷᠢᠨ ᠰᠦᠬᠦᠳᠴᠣ᠂ ᠭᠠᠯ ᠮᠠᠩᠨᠠᠢ ᠪᠠᠨ ᠭᠠᠵᠠᠷ ᠨᠠᠭᠠᠨ᠂ ᠲᠠᠬᠢᠨᠳᠠ ᠮᠦᠷᠬᠦᠵᠣ ᠬᠠᠭᠠᠨ ᠳᠤᠷ ᠲᠠᠯᠠᠷᠬᠠᠵᠣ ᠪᠠᠶᠢᠯᠤᠭ᠎ᠠ᠃ ᠵᠸᠡᠭ ᠾᠧ ᠬᠠᠭᠠᠨ ᠤ ᠬᠡᠰᠢᠭ ᠢ ᠤᠡᠭᠰᠢᠵᠣ ᠲᠠᠭᠤᠰᠣᠬᠰᠠᠨ ᠤ ᠲᠠᠷᠠᠭ᠎ᠠ᠂ ᠲᠣᠬᠠᠢ ᠶᠢᠨ ᠨᠣᠳᠤᠭ  ᠤᠨ ᠵᠠᠩᠰᠢᠯ ᠢᠶᠠᠷ ᠣᠷᠳᠣᠨ ᠤ ᠭᠠᠵᠠᠷ᠎ᠠ ᠬᠡᠪᠢᠰ ᠲᠡᠪᠢᠰᠴᠣ᠂ ᠮᠠᠨ ᠤ ᠲᠡᠭᠷᠢ ᠶᠢᠨ ᠡᠯᠴᠢ ᠶᠢ  ᠬᠦᠨᠳᠣᠯᠡᠨ ᠬᠦᠯᠢᠶᠡᠨ ᠠᠪᠴᠣ᠂ ᠮᠠᠨ ᠤ ᠵᠠᠩᠵᠣᠨ ᠴᠡᠷᠢᠭ ᠢ ᠬᠤᠷᠢᠮᠯᠠᠨ ᠵᠣᠴᠢᠯᠠᠵᠣ᠂ ᠶᠣᠰᠣᠯᠠᠯ ᠠᠨᠣ ᠲᠣᠩ ᠬᠦᠨᠳᠣ ᠪᠠᠶᠢᠯᠤᠭ᠎ᠠ᠃    ᠵᠸᠡᠭ ᠾᠧ ᠶᠢᠨ ᠲᠠᠯᠠᠢ ᠶᠢᠨ ᠠᠶᠠᠯᠠᠯ ᠤᠨ ᠣᠷᠢᠶᠠᠯᠠᠭ᠎ᠠ ᠲᠣᠣᠷ᠎ᠠ ᠲᠣᠮᠳᠠᠳᠣ ᠣᠯᠣᠰ ᠤᠨ ᠭᠠᠳᠠᠭᠠᠳᠣ ᠳᠠᠬᠢ ᠨᠡᠷ᠎ᠡ ᠬᠦᠨᠳᠣ ᠲᠠᠰᠣᠷᠠᠯ ᠦᠭᠡᠢ ᠮᠠᠨᠳᠣᠨ᠂ ᠲᠡᠯᠡᠬᠡᠢ ᠳ᠋ᠠᠬᠢᠨ ᠳᠤ ︽ᠲᠣᠮᠳᠠᠳᠣ ᠣᠯᠣᠰ ᠤᠨ ᠬᠠᠯᠠᠭᠤᠷᠠᠯ︾ ᠤᠨ ᠲᠠᠪᠠᠯᠭᠠᠨ ᠪᠣᠰᠴᠣ᠂ ᠣᠡᠭᠭᠤᠴᠠᠳᠣ ᠠᠩᠭᠢ ᠬᠦᠷᠦᠭᠰᠡᠨ ᠣᠯᠣᠰ ᠪᠠ ᠭᠠᠵᠠᠷ ᠣᠷᠣᠨ ᠪᠣᠯᠭᠠᠨ ᠪᠠᠷᠤᠭ ᠯᠨ ᠪᠦᠷ ᠡᠯᠴᠢ ᠲᠣᠮᠢᠯᠠᠵᠣ ᠲᠣᠮᠳᠠᠳᠣ ᠣᠯᠣᠰ ᠲᠤ ᠠᠯᠪᠠ ᠪᠠᠷᠢᠵᠠᠢ᠃ ᠪᠦᠷᠢᠨ ᠪᠣᠰᠣ ᠪᠦᠷᠢᠳᠬᠡᠯ ᠢ ᠦᠨᠳᠣᠰᠣᠯᠡᠪᠡᠯ ᠦᠨᠢᠳᠡ ᠪᠠᠶᠠᠰᠬᠤᠯᠠᠩᠳᠣ᠂ ᠡᠷᠳᠡᠮ ᠢ ᠲᠡᠯᠬᠡᠷᠡᠬᠦᠯᠬᠦᠢ ᠣᠨ ᠤ ᠦᠶ᠎ᠡ ᠳᠤ ᠠᠽᠢᠶ᠎ᠠ᠂ ᠠᠹᠧᠷᠢᠺᠠ ᠶᠢᠨ 60 ᠢᠯᠡᠬᠦᠣ ᠣᠯᠣᠰ ᠲᠣᠮᠳᠠᠳᠣ ᠣᠯᠣᠰ ᠲᠤ ᠠᠯᠪᠠ ᠪᠠᠷᠢᠬᠰᠠᠨ ᠪᠣᠶᠣ ᠠᠶᠢᠯᠴᠢᠯᠠᠵᠠᠢ᠂ ᠡᠬᠦᠨ ᠳᠤ 20 ᠰᠢᠬᠠᠮ ᠣᠯᠣᠰ ᠤᠨ ᠸᠠᠩ ᠪᠠᠭᠳᠠᠵᠣ ᠪᠣᠢ᠂ 1411 ᠣᠨ ᠳᠤ ᠮᠠᠯᠠᠺᠠ ᠣᠯᠣᠰ ᠸᠠᠩ ᠪᠠᠶᠢᠮᠢᠰᠣᠷᠨ 540 ᠭᠠᠷᠣᠢ ᠬᠦᠮᠦᠨ ᠲᠠᠢ ᠮᠣᠨᠳᠠᠭ ᠪᠦᠯᠬᠦᠮ ᠲᠠᠭᠠᠭᠤᠯᠵᠣ ᠲᠣᠮᠳᠠᠳᠣ ᠣᠯᠣᠰ ᠲᠤ ᠠᠶᠢᠯᠴᠢᠯᠠᠷ᠎ᠠ ᠢᠷᠡᠪᠡ᠃ 1417 ᠣᠨ ᠳᠤ ᠰᠦᠯᠦᠯᠰ ᠣᠯᠣᠰ ᠳ᠋ᠦᠡᠭ ᠸᠠᠩ᠂ ᠱᠢ ᠸᠠᠩ᠂ ᠲᠦᠡᠭ ᠸᠠᠩ 340 ᠢᠯᠡᠬᠦᠣ ᠬᠦᠮᠦᠨ ᠲᠠᠢ ᠲᠣᠮᠣ ᠪᠦᠯᠬᠦᠮ ᠲᠠᠭᠠᠭᠤᠯᠵᠣ ᠲᠠᠯᠠᠢ ᠶᠢᠨ ᠵᠠᠮ ᠢᠶᠠᠷ ᠠᠶᠢᠯᠴᠢᠯᠠᠵᠣ ᠢᠷᠡᠪᠡ᠃1423 ᠣᠨ ᠳᠤ ᠵᠸᠡᠭ ᠾᠧ ᠰᠡᠬᠦᠯᠴᠢ ᠶᠢᠨ ᠣᠳᠠᠭ᠎ᠠ ᠠᠲᠯᠠᠨᠲ ᠲᠠᠯᠠᠢ ᠳᠤ ᠠᠶᠠᠯᠠᠭᠠᠳ ᠪᠤᠴᠠᠵᠣ ᠢᠷᠡᠬᠦ ᠦᠶ᠎ᠡ ᠳᠤ ᠵᠡᠬᠦᠨ ᠡᠮᠦᠨᠡᠳᠣ ᠠᠽᠢᠶ᠎ᠠ᠂ ᠡᠮᠦᠨᠡᠳᠣ ᠠᠽᠢᠶ᠎ᠠ᠂ ᠵᠡᠬᠦᠨ ᠠᠹᠧᠷᠢᠺᠠ ᠶᠢᠨ ᠡᠷᠬᠢ ᠲᠠᠭᠠᠣ ᠳᠠᠬᠢ 16 ᠣᠯᠣᠰ 1200 ᠢᠯᠡᠬᠦᠣ ᠬᠦᠮᠦᠨ ᠲᠠᠢ ᠡᠯᠴᠢ ᠲᠣᠮᠢᠯᠠᠵᠣ᠂ ᠲᠣᠮᠳᠠᠳᠣ ᠣᠯᠣᠰ ᠲᠤ ᠠᠯᠪᠠ ᠪᠠᠷᠢᠨ᠂ ︽ᠲᠦᠷᠪᠡᠨ ᠲᠠᠯ᠎ᠠ ᠶᠢᠨ ᠣᠯᠠᠨ ᠣᠯᠣᠰ᠂ ᠶᠢᠰᠣᠨ ᠬᠠᠷᠢ ᠨᠠᠢᠮᠠᠨ ᠨᠠᠩᠭᠢᠶᠠᠳ︾ ᠬᠠᠭᠠᠨ ᠳᠤ ᠢᠷᠡᠵᠣ ᠪᠠᠷᠠᠭᠠᠯᠬᠠᠨ᠂ ᠡᠩᠭᠡ ᠲᠠᠶᠢᠪᠤᠡᠭ ᠭᠠᠳᠠᠭᠠᠳᠣ ᠬᠠᠷᠢᠯᠴᠠᠭᠠᠨ ᠤ ᠬᠠᠯᠠᠭᠤᠨ ᠦᠷᠨᠢᠯᠳᠡ ᠶᠢ ᠣᠷᠬᠢᠯ ᠳᠤᠨᠢ ᠬᠦᠷᠬᠡᠪᠡᠢ᠃ ᠡᠨᠡ ᠪᠠᠶᠢᠳᠠᠯ ᠨᠢ ᠲᠣᠬᠠᠢ ᠶᠢᠨ ᠦᠶ᠎ᠡ ᠶᠢᠨ ᠲᠡᠯᠡᠬᠡᠢ ᠳ᠋ᠠᠬᠢᠨ  ᠳᠤ ᠬᠤᠶᠠᠷ ᠦᠭᠡᠢ ᠪᠦᠬᠡᠳ ᠲᠡᠯᠡᠬᠡᠢ ᠶᠢᠨ ᠡᠷᠳᠡᠨ ᠤ ᠲᠡᠣᠬᠡᠨ ᠳᠤ ᠴᠦ ᠬᠤᠪᠣᠷ ᠲᠣᠬᠢᠶᠠᠯᠳᠣᠬᠤ ᠠᠵᠢ᠃    ᠵᠸᠡᠭ ᠾᠧ ᠲᠣᠯᠤᠭ᠎ᠠ ᠣᠳᠠᠭ᠎ᠠ ᠠᠲᠯᠠᠨᠲ ᠶᠢᠨ ᠲᠠᠯᠠᠢ ᠪᠠᠷ ᠠᠶᠠᠯᠠᠵᠣ᠂ ᠠᠽᠢᠶ᠎ᠠ᠂ ᠠᠹᠧᠷᠢᠺᠠ ᠶᠢᠨ 30 ᠢᠯᠡᠬᠦᠣ ᠣᠯᠣᠰ ᠲᠤ ᠬᠦᠷᠦᠭᠰᠡᠨ ᠭᠤᠣᠯ ᠠᠶᠠᠯᠠᠯ ᠤᠨ ᠱᠣᠭᠤᠮ ᠨᠢ 40 ᠢᠯᠡᠬᠦᠣ ᠪᠣᠢ ᠶᠤᠮ᠂ ᠡᠳᠡᠬᠡᠷ ᠠᠶᠠᠯᠠᠯ  ᠤᠨ ᠱᠣᠭᠤᠮ ᠨᠢ ᠬᠦᠨᠳᠡᠯᠡᠨ ᠭᠤᠯᠳᠣ ᠰᠦᠯᠵᠢᠯᠳᠦᠭᠰᠡᠨ ᠵᠠᠮ ᠬᠠᠷᠢᠯᠴᠠᠭᠠᠨ ᠤ ᠭᠠᠷᠠᠮ᠂ ᠭᠠᠳᠠᠭᠠᠳᠣ ᠠᠷᠠᠯᠵᠢᠶᠠᠨ ᠤ ᠲᠦᠪ ᠢ ᠪᠦᠷᠢᠯᠳᠣᠬᠦᠯᠵᠡᠢ᠃ ᠵᠸᠡᠭ ᠾᠧ ᠶᠢᠨ ᠣᠡᠭᠭᠤᠴᠠᠳᠣ ᠠᠩᠭᠢ ᠲᠣᠬᠠᠢ ᠶᠢᠨ ᠦᠶ᠎ᠡ ᠶᠢᠨ ᠰᠢᠨᠵᠢᠯᠡᠬᠦ ᠣᠬᠠᠭᠠᠨ ᠤ ᠠᠭᠤᠯᠬᠤᠨ ᠬᠠᠮᠤᠭ ᠦᠨᠳᠣᠷ᠂ ᠬᠠᠮᠤᠭ ᠲᠠᠪᠰᠢᠬᠰᠠᠨ ᠲᠠᠷᠢᠶᠠᠯᠠᠩ ᠤᠨ ᠪᠦᠳᠦᠭᠡᠭᠳᠡᠬᠦᠨ ᠪᠠ ᠭᠠᠷ ᠦᠢᠯᠡᠳᠬᠡᠯ ᠤᠨ ᠪᠦᠳᠦᠭᠡᠭᠳᠡᠬᠦᠨ ᠢ ᠠᠪᠴᠣ ᠶᠠᠪᠣᠬᠰᠠᠨ ᠶᠤᠮ᠃ ᠭᠠᠳᠠᠭᠠᠳᠣ ᠠᠷᠠᠯᠵᠢᠶᠠᠨ ᠤ ᠬᠡᠯᠪᠡᠷᠢ ᠨᠢ ᠪᠣᠳᠠᠰ ᠢ ᠪᠣᠳᠠᠰ ᠢᠶᠠᠷ ᠰᠣᠯᠢᠬᠤ ᠪᠣᠳᠠᠰ ᠤᠨ ᠰᠣᠯᠢᠯᠴᠠᠭ᠎ᠠ᠂ ᠬᠡᠨ ᠠᠯᠢᠨ ᠳᠠᠭᠠᠨ ᠪᠡᠯᠡᠭᠯᠡᠬᠦ ᠠᠯᠪᠠᠨ ᠤ ᠲᠠᠯ᠎ᠠ ᠶᠢᠨ ᠠᠷᠠᠯᠵᠢᠶ᠎ᠠ  ᠠᠴᠠ ᠭᠠᠳᠠᠨ᠎ᠠ ᠣᠯᠣᠰ ᠬᠤᠭᠤᠷᠣᠨᠳᠣ ᠶᠢᠨ ᠠᠯᠪᠠ ᠪᠠᠷᠢᠴᠠ ᠶᠢᠨ ᠠᠷᠠᠯᠵᠢᠶ᠎ᠠ ᠪᠠᠭᠳᠠᠬᠤ ᠪᠦᠯᠦᠬᠡ᠃ ᠵᠸᠡᠭ ᠾᠧ ᠠᠯᠣᠰ ᠲᠠᠯᠠᠢ ᠪᠠᠷ ᠠᠶᠠᠯᠠᠬᠤ ᠳᠠᠭᠠᠨ ᠨᠣᠶᠠᠷᠬᠠᠬᠴᠢ ᠠᠩᠬᠢ ᠶᠢᠨ ᠬᠡᠷᠡᠭᠯᠡᠳᠡᠭ ᠬᠡᠬᠡᠨᠴᠢᠷ ᠡᠳ᠋ ᠶᠢ ᠯᠨ ᠠᠪᠴᠢᠷᠠᠭ᠎ᠠ ᠦᠭᠡᠢ᠂ ᠪᠠᠰᠨ ᠣᠯᠠᠨ ᠨᠡᠶᠢᠳᠡ ᠶᠢᠨ ᠡᠳᠣᠷ ᠲᠣᠳᠣᠮ ᠤᠨ ᠬᠡᠷᠡᠭᠯᠡᠬᠡᠨ ᠤ ᠪᠠᠷᠠᠭ᠎ᠠ ᠲᠠᠸᠠᠷ ᠢ ᠣᠷᠣᠭᠤᠯᠵᠣ ᠢᠷᠡᠬᠦ  ᠶᠢᠨ ᠬᠠᠮᠳᠣ ᠲᠠᠯᠠᠢ ᠲᠡᠬᠡᠷᠡᠬᠢ ᠡᠯ᠎ᠡ ᠣᠯᠣᠰ ᠲᠤ ᠲᠣᠮᠳᠠᠳᠣ ᠣᠯᠣᠰ ᠤᠨ ᠪᠠᠷᠠᠭ᠎ᠠ ᠶᠢ ᠶᠡᠭᠡ ᠪᠠᠷ ᠬᠠᠨᠭ᠍ᠭᠠᠬᠰᠠᠨ ᠶᠤᠮ ᠃ ᠮᠢᠩ ᠣᠯᠣᠰ ᠤᠨ ᠦᠶ᠎ᠡ ᠳᠤ ᠲᠣᠮᠳᠠᠳᠣ ᠣᠯᠣᠰ ᠨᠢ ᠵᠡᠬᠦᠨ ᠡᠮᠦᠨᠡᠳᠣ ᠠᠽᠢᠶ᠎ᠠ ᠶᠢᠨ ᠬᠠᠮᠤᠭ ᠲᠣᠮᠣ ᠠᠷᠠᠯᠵᠢᠶᠠᠨ  ᠤ ᠬᠠᠨᠢ ᠪᠣᠯᠵᠣ᠂ ᠭᠠᠳᠠᠭᠠᠳᠣ ᠠᠷᠠᠯᠵᠢᠶᠠᠨ ᠤ ᠨᠣᠷᠮ᠎ᠠ ᠨᠢ ᠵᠢᠯ ᠳᠤ 100 ᠲᠦᠮᠡᠨ ᠯᠠᠩ ᠮᠦᠡᠭᠭᠦ ᠬᠦᠷᠴᠣ ᠪᠠᠶᠢᠯ᠎ᠠ ᠂ ᠡᠨᠡ ᠲᠤᠭ᠎ᠠ ᠪᠣᠯ ᠵᠡᠬᠦᠨ ᠡᠮᠦᠨᠡᠳᠣ ᠠᠽᠢᠶ᠎ᠠ ᠶᠢᠨ ᠭᠠᠳᠠᠭᠠᠳᠣ ᠠᠷᠠᠯᠵᠢᠶᠠᠨ ᠤ ᠶᠡᠷᠣᠩᠭᠡᠢ ᠲᠤᠭ᠎ᠠ ᠲᠠᠢ ᠲᠡᠩᠴᠡᠬᠦ ᠶᠤᠮ᠃   ᠵᠸᠡᠭ ᠾᠧ ᠠᠲᠯᠠᠨᠲ ᠲᠠᠯᠠᠢ ᠪᠠᠷ ᠲᠣᠯᠣᠭᠠᠨᠳᠠ ᠠᠶᠠᠯᠠᠬᠤ ᠳᠠᠭᠠᠨ ᠲᠣᠮᠳᠠᠳᠣ ᠣᠯᠣᠰ ᠪᠠ ᠲᠡᠯᠡᠬᠡᠢ ᠶᠢᠨ 30 ᠢᠯᠡᠬᠦᠣ ᠣᠯᠣᠰ ᠲᠠᠢ ᠪᠣᠯᠪᠠᠰᠣᠨ ᠢ ᠣᠯᠠᠮᠵᠢᠯᠠᠬᠤ ᠪᠠ ᠰᠣᠶᠣᠯ ᠤᠨ ᠰᠣᠯᠢᠯᠴᠠᠭᠠᠨ ᠤ ᠬᠦᠬᠦᠷᠬᠡ ᠶᠢ ᠪᠠᠶᠢᠭᠤᠯᠵᠣ᠂ ᠲᠣᠮᠳᠠᠳᠣ ᠣᠯᠣᠰ ᠤᠨ ᠦᠷᠬᠡᠨ ᠲᠡᠯᠬᠡᠷ ᠬᠦᠨ ᠬᠦᠨᠵᠡᠬᠡᠢ ᠰᠣᠶᠣᠯ ᠢ ᠵᠡᠬᠦᠨ ᠡᠮᠦᠨᠡᠳᠣ ᠠᠽᠢᠶ᠎ᠠ᠂ ᠡᠮᠦᠨᠡᠳᠣ ᠠᠽᠢᠶ᠎ᠠ᠂ ᠴᠢᠨᠠᠬᠰᠢᠯᠠᠭᠠᠳ ᠠᠹᠧᠷᠢᠺᠡ ᠲᠢᠪ ᠤᠨ ᠲᠡᠳᠡᠭᠡᠷ ᠠᠯᠣᠰ ᠭᠠᠵᠠᠷ ᠢᠶᠠᠷ ᠣᠯᠠᠮᠵᠢᠯᠠᠪᠠ᠃ ᠱᠠᠭᠠᠵᠠᠩ ᠬᠡᠷᠡᠭᠰᠡᠯ ᠪᠣᠯ ᠲᠣᠮᠳᠠᠳᠣ ᠶᠢᠨ ᠰᠣᠶᠣᠯ ᠤᠨ ᠦᠡᠭᠭᠡ ᠬᠢᠯᠪᠠᠭ᠎ᠠ ᠶᠢ ᠶᠡᠷᠣᠩᠭᠡᠶᠢᠯᠡᠨ ᠢᠯᠡᠷᠡᠬᠦᠯᠦᠭᠰᠡᠨ ᠪᠣᠳᠠᠰ ᠤᠨ ᠠᠴᠢᠶᠠᠯᠠᠪᠣᠷᠢ ᠪᠣᠯᠬᠤ ᠶᠤᠮ᠂ ᠱᠠᠭᠠᠵᠠᠩ ᠬᠡᠷᠡᠭᠰᠡᠯ ᠵᠡᠬᠦᠨ ᠡᠮᠦᠨᠡᠳᠣ ᠠᠽᠢᠶ᠎ᠠ᠂ ᠵᠡᠬᠦᠨ ᠠᠽᠢᠶ᠎ᠠ ᠳᠤ ᠬᠦᠷᠦᠭᠰᠡᠨ ᠨᠢ ᠰᠣᠶᠣᠯ ᠤᠨ ᠢᠯᠡᠷᠡᠬᠦᠯᠬᠦ ᠬᠡᠯᠪᠡᠷᠢ ᠪᠠ ᠣᠷᠠᠯᠢᠭ ᠤᠨ ᠰᠡᠳᠬᠢᠮᠵᠢ ᠶᠢ ᠣᠯᠠᠮᠵᠢᠯᠠᠬᠰᠠᠨ ᠬᠡᠷᠡᠭ ᠪᠦᠯᠦᠬᠡ᠃ ᠬᠦᠬᠡ ᠱᠠᠭᠠᠵᠠᠩ ᠠᠶᠠᠭ᠎ᠠ ᠫᠢᠯᠨ ᠠᠷᠠᠳ ᠤᠨ ᠲᠣᠮᠳᠠ ᠬᠠᠷᠢᠯᠴᠠᠨ ᠬᠦᠷᠬᠡᠬᠦ ᠪᠡᠯᠡᠭ ᠪᠣᠯᠵᠣ᠂ ᠨᠦᠬᠦᠷᠯᠡᠯ ᠢ ᠢᠯᠡᠳᠬᠡᠳᠡᠭ᠃ ᠬᠦᠬᠡ ᠱᠠᠭᠠᠵᠡᠩ ᠯᠣᠩᠬᠤ ᠬᠤᠨᠳᠠᠭ᠎ᠠ ᠨᠢ ᠪᠠᠶᠠᠨ ᠠᠶᠢᠯ ᠤᠨ ᠣᠷᠠᠯᠢᠭ ᠤᠨ ᠲᠠᠪᠢᠯᠭ᠎ᠠ ᠪᠣᠯᠵᠣ ᠪᠠᠶᠠᠨ ᠡᠷᠬᠢᠮ ᠤᠨ ᠪᠡᠯᠬᠡᠳᠡᠯ ᠪᠣᠯᠪᠠᠢ᠃ ᠬᠦᠬᠡ ᠱᠠᠭᠠᠵᠠᠩ ᠲᠣᠮᠣ ᠪᠣᠳᠣᠩ᠂ ᠲᠣᠮᠣ ᠫᠢᠯᠨ ᠨᠢ ᠸᠠᠩ ᠨᠣᠶᠠᠳ ᠤᠨ ᠬᠡᠬᠡᠨᠴᠢᠷ ᠣᠷᠳᠣ ᠬᠠᠷᠰᠢ ᠶᠢᠨ ᠵᠠᠰᠠᠯ ᠪᠣᠯᠵᠣ᠂ ᠨᠡᠷ᠎ᠡ ᠬᠦᠨᠳᠣ ᠪᠠ ᠰᠦᠷ ᠬᠡᠷᠡᠯ ᠤᠨ ᠪᠡᠯᠬᠡᠳᠡᠯ ᠪᠣᠯᠣᠯᠤᠭ᠎ᠠ᠃ ᠱᠠᠭᠠᠵᠠᠩ ᠬᠡᠷᠡᠭᠰᠡᠯ  ᠤᠨ ᠣᠷᠠᠯᠢᠭ ᠤᠨ ᠬᠡᠪ ᠨᠠᠮᠪᠠ ᠨᠢ ᠲᠣᠮᠳᠠᠳᠣ ᠣᠯᠣᠰ ᠤᠨ ᠱᠠᠭᠠᠵᠠᠩ ᠬᠡᠷᠡᠭᠰᠡᠯ ᠢ ᠪᠣᠷᠬᠠᠨ ᠱᠠᠰᠢᠨ ᠤ ᠣᠯᠣᠰ ᠤᠳ  ᠤᠨ ᠰᠦᠮ᠎ᠡ ᠬᠡᠶᠢᠳ ᠢᠶᠠᠨ ᠲᠠᠬᠢᠬᠤ᠂ ᠬᠠᠭᠠᠨ ᠤᠨ ᠲᠦᠷᠣᠯ ᠰᠠᠳᠣᠨ ᠣᠯᠣᠰ ᠤᠨ ᠣᠬᠰᠠᠭ᠎ᠠ ᠲᠦᠷᠣᠯ ᠤᠨ ᠲᠠᠭᠠᠭᠤᠯᠵᠣ ᠣᠷᠣᠰᠢᠭᠤᠯᠬᠤ ᠪᠣᠳᠠᠰ᠂ ᠬᠠᠷ᠎ᠠ ᠪᠣᠷᠣᠴᠣᠣᠯ ᠤᠨ ᠡᠳᠣᠷ ᠲᠣᠳᠣᠮ ᠵᠠᠷᠣᠬᠤ ᠠᠮᠢᠨᠳᠠᠢ ᠪᠣᠯᠵᠠᠢ᠃ ᠲᠣᠷᠭ᠎ᠠ ᠪᠣᠯ ᠲᠣᠮᠳᠠᠳᠣ ᠣᠯᠣᠰ ᠤᠨ ᠪᠣᠯᠪᠠᠰᠣᠨ ᠤ ᠪᠡᠯᠬᠡ ᠲᠡᠮᠳᠡᠭ ᠶᠤᠮ᠂ ᠬᠤᠷᠴᠨ ᠰᠠᠶᠢᠬᠠᠨ ᠦᠡᠭᠭᠡ ᠪᠣᠳᠤᠭ᠂ ᠡᠷᠢᠶᠠᠨ ᠮᠠᠷᠢᠶᠠᠨ ᠵᠢᠷᠤᠭ ᠲᠦᠷᠰᠣ ᠨᠢ ᠵᠡᠬᠦᠨ ᠡᠮᠦᠨᠡᠳᠣ ᠠᠽᠢᠶ᠎ᠠ᠂ ᠡᠮᠦᠨᠡᠳᠣ ᠠᠽᠢᠶ᠎ᠠ ᠶᠢᠨ ᠲᠣᠯᠠᠭᠠᠨ ᠠᠭᠤᠷ ᠠᠮᠢᠰᠬᠤᠯ ᠳᠤ ᠶᠠᠭ ᠦᠭᠡᠢ ᠵᠣᠬᠢᠷᠠᠨ᠎ᠠ᠃ ᠵᠸᠡᠭ ᠾᠧ ᠶᠢᠨ ᠣᠡᠭᠭᠤᠴᠠᠳᠣ ᠠᠩᠭᠢ ᠨᠢ ᠪᠠᠰᠨ ᠡᠨᠡᠷᠢᠨ ᠲᠦᠬᠡᠬᠡᠬᠦ᠂ ᠡᠷᠬᠢᠮᠯᠡᠨ ᠪᠡᠯᠡᠭᠯᠡᠬᠦ ᠠᠷᠠᠯᠵᠢᠶ᠎ᠠ ᠵᠡᠷᠬᠡ ᠬᠡᠯᠪᠡᠷᠢ ᠪᠠᠷ ᠲᠣᠮᠳᠠᠳᠣ ᠣᠯᠣᠰ ᠤᠨ ᠶᠡᠭᠡ ᠬᠡᠮᠵᠢᠶᠡᠨ ᠤ ᠭᠠᠣᠯᠢᠨ ᠵᠣᠭᠤᠰ ᠢ ᠵᠡᠬᠦᠨ ᠡᠮᠦᠨᠡᠳᠣ ᠠᠽᠢᠶ᠎ᠠ ᠶᠢᠨ ᠡᠯ᠎ᠡ ᠣᠯᠣᠰ ᠲᠤ ᠭᠠᠷᠭᠠᠵᠣ᠂ ᠡᠳᠡᠬᠡᠷ ᠭᠠᠵᠠᠷ ᠣᠷᠣᠨ ᠤ ᠲᠠᠷᠢᠶᠠᠯᠠᠩ᠂ ᠭᠠᠷ ᠦᠢᠯᠡᠳᠬᠡᠯ ᠪᠠ ᠬᠤᠳᠠᠯᠳᠣᠭᠠᠨ ᠤ ᠬᠦᠭᠵᠢᠯᠳᠡ ᠶᠢ ᠠᠬᠢᠭᠤᠯᠪᠠ᠃ ᠲᠣᠮᠳᠠᠳᠣ ᠣᠯᠣᠰ ᠤᠨ ᠭᠠᠷᠭᠠᠬᠰᠠᠨ ᠮᠦᠡᠭᠭᠦᠨ ᠬᠦᠢᠯᠬᠡᠬᠡᠨ ᠤ ᠲᠦᠷᠢᠮ ᠨᠢ ᠵᠡᠬᠦᠨ ᠡᠮᠦᠨᠡᠳᠣ ᠠᠽᠢᠶ᠎ᠠ ᠳᠤ ᠬᠡᠳᠣᠨ ᠵᠠᠭᠤᠨ ᠲᠠᠮᠵᠢᠨ ᠬᠡᠷᠡᠭᠯᠡᠭᠳᠡᠭᠰᠡᠭᠡᠷ ᠢᠷᠡᠯᠦᠬᠡ᠃   ᠲᠣᠮᠳᠠᠳᠣ ᠣᠯᠣᠰ ᠤᠨ ᠨᠡᠬᠡᠭᠡᠭᠰᠡᠨ ᠲᠠᠯᠠᠢ ᠶᠢᠨ ᠲᠣᠷᠭᠠᠨ ᠤ ᠵᠠᠮ ᠬᠠᠭᠤᠷᠠᠢ ᠶᠢᠨ ᠲᠣᠷᠭᠠᠨ ᠤ ᠵᠠᠮ ᠠᠴᠠ 81 ᠵᠢᠯ ᠡᠷᠳᠡ᠂ ᠠᠯᠢ ᠡᠷᠳᠡ 2200 ᠵᠢᠯ ᠤᠨ ᠡᠮᠦᠨ᠎ᠡ ᠲᠠᠯᠠᠢ ᠲᠠᠩᠭᠢᠰ ᠪᠣᠯ ᠲᠡᠯᠡᠬᠡᠢ ᠳ᠋ᠠᠬᠢᠨ ᠲᠠᠢ ᠬᠠᠷᠢᠯᠴᠠᠬᠤ ᠬᠠᠮᠤᠭ ᠲᠦᠬᠦᠮ ᠵᠠᠮ ᠬᠡᠳᠡᠭ ᠢ ᠲᠡᠭᠡᠳᠦᠰ ᠮᠢᠨᠢ ᠮᠡᠳᠡᠴᠢᠬᠡᠭᠰᠡᠨ ᠶᠤᠮ᠃ ᠵᠸᠡᠭ ᠾᠧ ᠠᠲᠯᠠᠨᠲ ᠲᠠᠯᠠᠢ ᠪᠠᠷ ᠲᠣᠯᠣᠭᠠᠨᠳᠠ ᠠᠶᠠᠯᠠᠬᠰᠠᠨ ᠠᠭᠤᠣ ᠦᠢᠯᠡᠰ ᠪᠠ ᠰᠦᠷ ᠦᠵᠡᠬᠦᠯᠦᠭᠰᠡᠨ ᠶᠠᠪᠣᠳᠠᠯ ᠨᠢ ᠲᠣᠮᠳᠠᠳᠣ ᠣᠯᠣᠰ ᠢ ᠲᠠᠯᠠᠢ ᠲᠠᠩᠬᠢᠰ ᠤᠨ ᠲᠣᠮᠣ ᠣᠯᠣᠰ ᠪᠣᠯᠭᠠᠨ᠂ ᠶᠠᠫᠣᠨ ᠠᠴᠠ ᠠᠹᠧᠷᠢᠺᠠ ᠲᠢᠪ ᠤᠨ ᠵᠡᠬᠦᠨ ᠡᠷᠬᠢ ᠬᠦᠷᠬᠦ ᠲᠠᠯᠠᠢ ᠶᠢᠨ ᠡᠷᠬᠡ  ᠶᠢ ᠣᠯᠵᠣ᠂ ᠲᠣᠮᠳᠠᠳᠣ ᠣᠯᠣᠰ ᠤᠨ ᠲᠠᠯᠠᠢ ᠶᠢᠨ ᠠᠶᠠᠯᠠᠯ ᠤᠨ ᠦᠢᠯᠡᠰ ᠢ ᠣᠷᠬᠢᠯ ᠳᠤᠨᠢ ᠬᠦᠷᠬᠡᠪᠡᠢ᠃ ᠵᠸᠡᠭ ᠾᠧ ᠲᠡᠷᠨ ᠦᠶ᠎ᠡ ᠳᠤ ᠲᠠᠯᠠᠢ ᠲᠠᠩᠭᠢᠰ ᠪᠣᠯ ᠮᠣᠨᠳᠠᠭ ᠲᠣᠮᠣ ᠪᠠᠶᠢᠭᠠᠯᠢᠯᠢᠭ ᠡᠷᠳᠡᠨᠢᠰ ᠤᠨ ᠬᠦᠮᠦᠷᠬᠡ᠂ ᠬᠦᠮᠦᠨ ᠲᠦᠷᠣᠯᠬᠢᠳᠡᠨ ᠤ ᠪᠣᠯᠪᠠᠰᠣᠨ ᠤ ᠦᠯᠦᠬᠡᠢ᠂ ᠲᠠᠯᠠᠢ ᠲᠠᠩᠭᠢᠰ ᠢ ᠡᠵᠡᠮᠰᠢᠴᠢᠬᠡᠪᠡᠯ ᠠᠷᠠᠳ ᠢᠶᠠᠨ ᠠᠮᠣᠭᠤᠯᠵᠣ᠂ ᠣᠯᠣᠰ ᠢᠶᠠᠨ ᠲᠣᠬᠳᠠᠪᠣᠷᠢᠵᠢᠭᠤᠯᠵᠣ᠂ ᠬᠠᠨᠳᠣᠬᠰᠠᠨ ᠵᠦᠭ ᠲᠤ ᠲᠠᠶᠢᠰᠣᠨ ᠦᠭᠡᠢ ᠲᠠᠯᠠᠢ ᠶᠢᠨ ᠴᠡᠷᠢᠭ ᠤᠨ ᠣᠡᠭᠭᠤᠴᠠᠳᠣ ᠴᠡᠷᠢᠭ ᠪᠣᠯ ᠲᠠᠯᠠᠢ ᠲᠠᠩᠭᠢᠰ ᠢ ᠡᠵᠡᠮᠰᠢᠬᠦ ᠰᠠᠭᠤᠷᠢ ᠬᠡᠳᠡᠭ ᠢ ᠮᠡᠳᠡᠵᠣ ᠪᠠᠶᠢᠪᠠ᠃ ᠵᠸᠡᠭ ᠾᠧ ᠶᠢᠨ ᠲᠠᠯᠠᠢ ᠶᠢᠨ ᠡᠷᠬᠡ ᠶᠢᠨ ᠦᠵᠡᠯᠳᠡ ᠲᠣᠬᠠᠢ ᠶᠢᠨ ᠦᠶ᠎ᠡ ᠶᠢᠨ ᠨᠣᠶᠠᠷᠬᠠᠬᠴᠢᠳ ᠲᠤ ᠬᠦᠯᠢᠶᠡᠨ ᠵᠦᠪᠰᠢᠶᠡᠷᠡᠭᠳᠡᠭᠰᠡᠨ ᠰᠠᠨ ᠪᠣᠯ ᠲᠡᠯᠡᠬᠡᠢ ᠶᠢᠨ ᠪᠣᠯᠪᠠᠰᠣᠨ ᠤ ᠲᠡᠣᠬᠡ ᠦᠬᠡᠷ᠎ᠡ ᠪᠠᠷ ᠪᠢᠴᠢᠭᠳᠡᠬᠦ ᠪᠦᠯᠦᠬᠡ᠃ ᠬᠠᠷᠠᠮᠰᠠᠯᠳᠠᠢ ᠨᠢ ᠲᠣᠬᠠᠢ  ᠶᠢᠨ ᠦᠶ᠎ᠡ ᠶᠢᠨ ᠨᠣᠶᠠᠷᠬᠠᠬᠴᠢ ᠠᠩᠭᠢ ᠮᠢᠩᠭᠠᠨ ᠵᠢᠯ ᠣᠯᠠᠮᠵᠢᠯᠠᠬᠰᠠᠨ ᠲᠠᠷᠢᠶᠠᠯᠠᠩ ᠢᠶᠠᠷ ᠣᠯᠣᠰ ᠢᠶᠠᠨ ᠪᠠᠶᠢᠭᠤᠯᠬᠤ ᠂ ᠲᠠᠷᠢᠶᠠᠯᠠᠩ ᠨᠡᠬᠡᠮᠡᠯ ᠢᠶᠠᠷ ᠠᠮᠢᠵᠢᠷᠠᠭᠠᠨ ᠤ ᠦᠨᠳᠣᠰᠣ ᠪᠣᠯᠭᠠᠬᠤ᠂ ᠦᠪᠡᠷ ᠢᠶᠠᠨ ᠦᠪᠡᠷ ᠢ ᠪᠠᠨ ᠬᠠᠨᠭ᠍ᠭᠠᠬᠤ᠂ ᠡᠬᠡ ᠭᠠᠵᠠᠷ ᠢᠶᠠᠨ ᠪᠢᠳᠡᠬᠦᠮᠵᠢᠯᠡᠬᠦ ᠡᠬᠡ ᠬᠠᠭᠤᠷᠠᠢ ᠶᠢᠨ ᠦᠵᠡᠯᠳᠡ ᠶᠢ ᠮᠦᠷᠳᠡᠭᠰᠡᠨ ᠢᠶᠠᠷ ᠣᠯᠳᠠᠰᠢ ᠦᠭᠡᠢ ᠵᠠᠪᠰᠢᠶᠠᠨ ᠢ ᠠᠯᠳᠠᠵᠣ ᠣᠷᠬᠢᠯᠤᠭ᠎ᠠ᠃ ᠲᠣᠮᠳᠠᠳᠣ ᠣᠯᠣᠰ ᠰᠠᠶ᠋ᠢᠬᠠᠨ ᠲᠠᠯᠠᠢ ᠲᠠᠩᠭᠢᠰ ᠲᠤ ᠬᠢᠰᠬᠢᠭᠰᠡᠨ ᠬᠦᠯ ᠢᠶᠠᠨ ᠡᠬᠡ ᠬᠠᠭᠤᠷᠠᠢ ᠳᠠᠭᠠᠨ ᠲᠠᠳᠠᠨ ᠠᠪᠠᠴᠢᠵᠣ ᠲᠠᠯᠠᠢ ᠠᠴᠠ ᠨᠢᠭᠤᠷ ᠪᠣᠷᠣᠭᠤᠯᠠᠵᠣ᠂ ᠬᠠᠭᠠᠯᠭ᠎ᠠ ᠪᠠᠨ ᠲᠦᠭᠵᠢᠨ ᠬᠠᠪᠳᠠᠰᠣ ᠲᠠᠪᠠᠭ᠋ᠣ ᠦᠭᠡᠢ᠂ ᠲᠠᠯᠠᠢ ᠶᠢ ᠪᠢᠳᠡᠬᠦᠮᠵᠢᠯᠡᠬᠦ ᠲᠦᠷᠢᠮ ᠬᠡᠷᠡᠭᠵᠢᠬᠦᠯᠵᠣ᠂ ᠵᠸᠡᠭ ᠾᠧ   ᠶᠢᠨ ᠠᠲᠯᠠᠨᠲ ᠲᠠᠯᠠᠢ ᠪᠠᠷ ᠲᠣᠯᠣᠭᠠᠨᠳᠠ ᠠᠶᠠᠯᠠᠬᠰᠠᠨ ᠨᠠᠨᠳᠢᠨ ᠮᠠᠲ᠋ᠧᠷᠢᠶᠠᠯ ᠢ ᠬᠦᠷᠳᠡᠯ᠎ᠡ ᠬᠠᠶᠠᠬᠳᠠᠮᠠᠯ ᠴᠠᠭᠠᠰᠣ ᠪᠣᠯᠭᠠᠵᠣ᠂ ᠭᠠᠯᠳᠠᠵᠣ ᠣᠷᠬᠢᠭᠰᠠᠨ ᠠᠵᠣᠭᠤ᠃
 
ᠢᠷᠡᠯᠲᠡ᠄ ᠡᠬᠡ ᠪᠢᠴᠢᠭ ᠤᠨ ᠢᠷᠡᠯᠳᠡ᠄ ︽ᠤᠳᠬ᠎ᠠ ᠵᠤᠬᠢᠶᠠᠯ ᠰᠤᠨᠢᠨ︾
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号